ᠲᠡᠭᠦᠰ-ᠣᠴᠢᠷ ᠤᠨ ᠨᠠᠮᠨᠠᠨᠰᠦ᠋ᠷᠦᠩ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠰᠠᠶᠢᠨ ᠨᠣᠶᠠᠨ ᠬᠠᠨ ᠨᠠᠮᠨᠠᠨᠰᠦ᠋ᠷᠦᠩ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ
ᠲᠡᠭᠦᠰ-ᠣᠴᠢᠷ ᠤᠨ ᠨᠠᠮᠨᠠᠨᠰᠦ᠋ᠷᠦᠩ

ᠰᠠᠶᠢᠨ ᠨᠣᠶᠠᠨ ᠬᠠᠨ ᠲᠡᠭᠦᠰ-ᠣᠴᠢᠷ ᠤᠨ ᠨᠠᠮᠨᠠᠨᠰᠦ᠋ᠷᠦᠩ (1878 - 1919 ᠣᠨ ᠤ 4 ᠰᠠᠷ᠎ᠠ) ᠨᠢ ᠮᠣᠩᠭᠣᠯ ᠤᠯᠤᠰ ᠍ ᠤᠨ ᠠᠩᠬᠠᠨ ᠤ ᠶᠡᠷᠦᠩᠬᠡᠢ ᠰᠠᠶᠢᠳ ᠪᠠᠶᠢᠪᠠ᠃

ᠪᠠᠭ᠎ᠠ ᠨᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠯᠬ᠎ᠠ ᠶᠢᠨ ᠰᠠᠶᠢᠨ ᠨᠣᠶᠠᠨ ᠬᠠᠨ ᠲᠡᠭᠦᠰ-ᠣᠴᠢᠷ ᠤᠨ ᠨᠠᠮᠨᠠᠨᠰᠦ᠋ᠷᠦᠩ ᠨᠢ ᠣᠳᠣ ᠶᠢᠨ ᠥᠪᠦᠷᠬᠠᠩᠭᠠᠢ ᠠᠶᠢᠮᠠᠭ ᠤᠨ ᠤᠶᠠᠩᠭ᠎ᠠ ᠰᠤᠮᠤ ᠶᠢᠨ ᠨᠤᠲᠤᠭ ᠲᠤ 1878 ᠣᠨ ᠳᠤ ᠲᠥᠷᠦᠵᠢᠭᠡ᠃ 1884 ᠣᠨ ᠳᠤ ᠲᠡᠷᠡ ᠪᠡᠷ ᠪᠡᠶᠢᠰᠡ ᠴᠢᠮᠡᠳᠳᠣᠷᠵᠢᠳᠣᠨᠣᠢ᠂ ᠲᠦᠰᠢᠮᠡᠳ ᠰᠢᠯᠢᠭ ᠨᠠᠷᠠᠲᠠᠢ ᠪᠠᠭᠰᠢ ᠰᠢᠪ ᠦᠨ ᠪᠠᠷᠢᠯᠳᠤᠯᠭ᠎ᠠ ᠪᠠᠨ ᠪᠠᠷᠢᠭᠤᠯᠵᠠᠢ᠃

1896 ᠣᠨ ᠠᠴᠠ ᠨᠠᠰᠤ ᠪᠠᠷᠠᠬᠤ ᠬᠦᠷᠲᠡᠯ᠎ᠡ ᠡᠴᠢᠭᠡ ᠨᠢ ᠪᠣᠯᠬᠤ ᠳᠣᠭᠰᠢᠨ ᠴᠣᠬᠣᠷ ᠨᠣᠶᠠᠨ ᠲᠡᠭᠦᠰ-ᠣᠴᠢᠷ ᠨᠠᠰᠤ ᠬᠠᠯᠢᠭᠰᠠᠨ ᠢᠶᠠᠷ ᠨᠠᠮᠨᠠᠨᠰᠦ᠋ᠷᠦᠩ ᠵᠠᠯᠭᠠᠵᠤ ᠰᠠᠶᠢᠨ ᠨᠣᠶᠠᠨ ᠬᠠᠨ 23 ᠵᠢᠯ ᠰᠠᠭᠤᠭᠰᠠᠨ ᠪᠠᠶᠢᠨ᠎ᠠ᠃ 1900 ᠣᠨ ᠤ ᠣᠷᠴᠢᠮ ᠥᠪᠡᠷ ᠡᠴᠡ ᠪᠡᠨ 7 ᠳᠡᠭᠦᠦ ᠮᠠᠭᠰᠤᠷᠵᠠᠪ ᠢ ᠬᠠᠲᠤᠨ ᠪᠣᠯᠭᠠᠨ ᠠᠪᠴᠤ᠂ ᠪᠠᠲᠤᠰᠦ᠋ᠬᠡ ᠭᠡᠳᠡᠭ ᠬᠦᠦᠲᠡᠢ ᠪᠣᠯᠵᠠᠢ᠃

ᠹᠠᠢᠢᠯ:ᠨᠠᠮᠨᠠᠨᠰᠦ᠋ᠷᠦᠩ᠃jpg
ᠲᠡᠭᠦᠰ-ᠣᠴᠢᠷ ᠤᠨ ᠨᠠᠮᠨᠠᠨᠰᠦ᠋ᠷᠦᠩ

ᠤᠯᠤᠰ ᠲᠥᠷᠥ ᠳᠦ ᠣᠷᠣᠭᠰᠠᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

1911 ᠣᠨ ᠤ ᠬᠠᠪᠤᠷ ᠮᠠᠨᠵᠤ ᠠᠴᠠ ᠲᠤᠰᠠᠭᠠᠷᠯᠠᠬᠤ ᠬᠠᠯᠬ᠎ᠠ ᠶᠢᠨ 4 ᠬᠠᠨ ᠤ ᠨᠡᠷ᠎ᠡ ᠪᠡᠷ ᠬᠠᠭᠠᠨᠲᠤ ᠣᠷᠣᠰ ᠤᠯᠤᠰ ᠠᠴᠠ ᠲᠤᠰᠠᠯᠠᠮᠵᠢ ᠭᠤᠶᠤᠬᠤ ᠪᠢᠴᠢᠭ ᠲᠦ ᠭᠠᠷ ᠤᠨ ᠦᠰᠦᠭ ᠢᠶᠡᠨ ᠵᠢᠷᠤᠭᠰᠠᠨ ᠪᠥᠭᠡᠳ ᠲᠤᠰᠠᠭᠠᠷ ᠲᠣᠭᠲᠠᠨᠢᠭᠰᠠᠨ ᠤ ᠳᠠᠷᠠᠭ᠎ᠠ ᠵᠠᠰᠠᠭ ᠤᠨ ᠭᠠᠵᠠᠷ ᠪᠦᠷᠢᠳᠦᠭᠦᠯᠬᠦ ᠳᠦ ᠰᠢᠳᠠᠷ ᠰᠠᠶᠢᠳ ᠢᠶᠠᠷ ᠲᠣᠮᠢᠯᠠᠭᠳᠠᠭᠰᠠᠨ ᠪᠠᠶᠢᠨ᠎ᠠ᠃ 1912 ᠣᠨ ᠤ 7 ᠰᠠᠷ᠎ᠠ ᠳᠤ ᠪᠦᠭᠦᠳᠡ ᠶᠡᠷᠦᠩᠬᠡᠶᠢᠯᠡᠨ ᠵᠠᠬᠢᠷᠬᠤ ᠰᠠᠶᠢᠳ ᠤᠨ ᠲᠤᠰᠢᠶᠠᠯ ᠪᠤᠢ ᠪᠣᠯᠭᠠᠵᠤ ᠪᠣᠭᠳᠠ ᠬᠠᠭᠠᠨᠲᠤ ᠲᠤᠰᠠᠭᠠᠷ ᠮᠣᠩᠭᠣᠯ ᠤᠯᠤᠰ ᠤᠨ ᠵᠠᠰᠠᠭ ᠤᠨ ᠭᠠᠵᠠᠷ ᠤᠨ ᠠᠩᠬᠠᠨ ᠤ ᠶᠡᠷᠦᠩᠬᠡᠢ ᠰᠠᠶᠢᠳ ᠢᠶᠠᠷ ᠰᠠᠶᠢᠨ ᠨᠣᠶᠠᠨ ᠬᠠᠨ ᠨᠠᠮᠨᠠᠨᠰᠦ᠋ᠷᠦᠩ ᠲᠣᠮᠢᠯᠠᠭᠳᠠᠵᠠᠢ᠃ ᠲᠡᠷᠡ ᠪᠡᠷ 1919 ᠣᠨ ᠤ 4 ᠰᠠᠷ᠎ᠠ ᠳᠤ ᠲᠠᠭᠠᠯᠠᠯ ᠪᠣᠯᠲᠠᠯ᠎ᠠ ᠮᠣᠩᠭᠣᠯ ᠤᠯᠤᠰ ᠤᠨ ᠶᠡᠷᠦᠩᠬᠡᠢ ᠰᠠᠶᠢᠳ ᠢᠶᠠᠷ 7 ᠵᠢᠯ ᠠᠵᠢᠯᠯᠠᠭᠰᠠᠨ᠃

1914 ᠣᠨ ᠳᠤ 2 ᠰᠠᠷ᠎ᠠ ᠳᠤ ᠧᠦ᠋ᠷᠣᠫᠠ ᠶᠢᠨ ᠫᠠᠷᠯᠠᠮᠧᠨᠲ ᠤᠨ ᠵᠢᠱᠢᠭ ᠢᠶᠡᠷ ᠤᠯᠤᠰ ᠤᠨ ᠳᠡᠭᠡᠳᠦ᠂ ᠳ᠋ᠣᠣ ᠳᠤ ᠬᠣᠶᠠᠷ ᠬᠤᠷᠠᠯ ᠢ ᠪᠠᠶᠢᠭᠤᠯᠬᠤ ᠳᠤ ᠨᠠᠮᠨᠠᠨᠰᠦ᠋ᠷᠦᠩ ᠳᠡᠭᠡᠳᠦ ᠬᠤᠷᠠᠯ ᠤᠨ ᠬᠢ ᠨᠢ ᠳᠠᠷᠤᠭ᠎ᠠ ᠪᠣᠯᠤᠭᠰᠠᠨ ᠪᠠᠶᠢᠨ᠎ᠠ᠃

1914 ᠣᠨ ᠤ ᠬᠢᠶᠠᠭᠲᠤ ᠶᠢᠨ ᠭᠡᠷ᠎ᠡᠨᠳ ᠮᠣᠩᠭᠣᠯ ᠤᠯᠤᠰ ᠲᠤᠰᠠᠭᠠᠷ ᠲᠣᠭᠲᠠᠨᠢᠯ ᠢᠶᠠᠨ ᠠᠯᠳᠠᠵᠤ ᠠᠦ᠋ᠲ᠋ᠣᠨᠣᠮᠢᠲᠤ ᠤᠯᠤᠰ ᠪᠣᠯᠤᠭᠰᠠᠨ ᠤ ᠳᠠᠷᠠᠭ᠎ᠠ ᠦᠢᠯᠡ ᠠᠵᠢᠯᠯᠠᠭᠠᠨ ᠤ ᠴᠠᠷ ᠬᠦᠷᠢᠶ᠎ᠡ ᠪᠠᠭᠠᠰᠴᠢ᠂ ᠭᠣᠣᠯ ᠨᠢ ᠭᠠᠳᠠᠭᠠᠳᠤ ᠤᠯᠤᠰ ᠲᠥᠷᠥ ᠶᠢᠨ ᠦᠢᠯᠡ ᠠᠵᠢᠯᠯᠠᠭ᠎ᠠ ᠪᠠᠷᠤᠭ ᠵᠣᠭᠰᠣᠭᠰᠠᠨ ᠬᠡᠳᠦᠢ ᠴᠤ ᠳᠤᠮᠳᠠᠳᠤ ᠢᠷᠭᠡᠨ ᠤᠯᠤᠰ ᠤᠨ ᠵᠠᠰᠠᠭ ᠤᠨ ᠭᠠᠵᠠᠷ ᠠᠴᠠ ᠠᠦ᠋ᠲ᠋ᠣᠨᠣᠮᠢᠲᠤ ᠮᠣᠩᠭᠣᠯ ᠤᠨ ᠡᠷᠬᠡ ᠬᠡᠮᠵᠢᠶ᠎ᠡ᠂ ᠪᠠᠶᠢᠷᠢ ᠰᠠᠭᠤᠷᠢ ᠶᠢ ᠤᠯᠠᠮ ᠬᠤᠮᠢᠬᠤ ᠭᠡᠰᠡᠨ ᠠᠯᠢᠪᠠ ᠠᠯᠬᠤᠮ ᠳᠤ ᠰᠠᠭᠠᠳ ᠬᠣᠷᠢᠭ ᠲᠠᠯᠪᠢᠬᠤ ᠶᠢ ᠴᠢᠳᠠᠬᠤ ᠶᠢᠨ ᠬᠢᠷᠢ ᠪᠡᠷ ᠣᠷᠣᠯᠳᠤᠵᠤ ᠪᠠᠶᠢᠪᠠ᠃

1915-1919 ᠣᠨ ᠨᠤᠭᠤᠳ ᠲᠤ ᠴᠡᠷᠢᠭ ᠦᠨ ᠶᠠᠮᠤᠨ ᠤ ᠰᠠᠶᠢᠳ ᠤᠨ ᠠᠯᠪᠠ ᠶᠢ ᠬᠠᠪᠰᠤᠷᠤᠨ ᠬᠠᠰᠢᠵᠠᠢ᠃ ᠣᠷᠣᠰ ᠤᠯᠤᠰ ᠠᠴᠠ ᠪᠤᠤ ᠵᠡᠪᠰᠡᠭ ᠬᠤᠳᠠᠯᠳᠤᠨ ᠠᠪᠴᠤ ᠤᠷᠳᠤ ᠬᠢᠯᠢ ᠪᠡᠨ ᠬᠠᠮᠠᠭᠠᠯᠠᠵᠤ᠂ ᠬᠢᠲᠠᠳ ᠤᠨ ᠴᠡᠷᠢᠭ ᠴᠥᠮᠥᠷᠡᠬᠦ ᠤᠷᠤᠬᠤ ᠪᠣᠯᠤᠭᠰᠠᠨ ᠢᠶᠠᠷ ᠣᠷᠣᠰ ᠲᠤ ᠴᠡᠷᠢᠭ ᠢᠶᠡᠨ ᠪᠡᠯᠡᠳᠬᠡᠬᠦ ᠭᠡᠷ᠎ᠡ ᠶᠢ ᠪᠠᠶᠢᠭᠤᠯᠤᠭᠰᠠᠨ

1918 ᠣᠨ ᠳᠤ ᠬᠠᠮᠲᠤᠷᠠᠨ ᠵᠢᠳᠬᠦᠭ᠍ᠴᠢ ᠬᠣᠱᠣᠢ ᠴᠢᠨ ᠸᠠᠩ ᠬᠠᠨᠳᠤᠳᠣᠷᠵᠢ (ᠭᠠᠳᠠᠭᠠᠳᠤ ᠶᠠᠮᠤ᠂ 1871-1915), ᠳᠠ ᠯᠠᠮᠠ ᠰᠡᠷᠡᠩᠴᠢᠮᠡᠳ (ᠳᠣᠲᠣᠭᠠᠳᠤ ᠶᠠᠮᠤ᠂ 1869-1914), ᠲᠦᠰᠢᠶᠡᠲᠦ ᠸᠠᠩ ᠴᠠᠭᠳᠠᠷᠵᠠᠪ (ᠰᠠᠩ ᠤᠨ ᠶᠠᠮᠤ᠂ 1880-1922), ᠡᠷᠳᠡᠨᠢ ᠸᠠᠩ ᠨᠠᠮᠰᠠᠷᠠᠢ (??-1920) ᠨᠠᠷ ᠤᠨ ᠵᠡᠷᠭᠡ ᠰᠠᠶᠢᠳ ᠤᠳ ᠬᠢᠲᠠᠳ ᠲᠤ ᠬᠣᠣᠷᠯᠠᠭᠳᠠᠨ ᠬᠠᠷᠠᠮᠰᠠᠯᠲᠠᠢ ᠪᠠᠷ ᠨᠠᠰᠤ ᠪᠠᠷᠵᠢ ᠱᠠᠩᠵᠤᠪ ᠱᠠᠩᠵᠤᠪ ᠪᠠᠳᠮᠠᠳᠣᠷᠵᠢ ᠶᠢᠨ ᠨᠥᠯᠥᠭᠡ ᠶᠡᠬᠡᠰᠴᠢ ᠰᠠᠶᠢᠨ ᠨᠣᠶᠠᠨ ᠬᠠᠨ ᠤ ᠦᠢᠯᠡ ᠠᠵᠢᠯᠯᠠᠭ᠎ᠠ ᠶᠢ ᠪᠣᠭᠣᠭᠳᠠᠭᠤᠯᠵᠤ ᠡᠬᠢᠯᠡᠭᠰᠡᠨ ᠪᠠᠶᠢᠨ᠎ᠠ᠃ ᠱᠠᠩᠵᠤᠪ ᠪᠠᠳᠮᠠᠳᠣᠷᠵᠢ 1912 ᠣᠨ ᠳᠤ ᠱᠠᠰᠢᠨ᠂ ᠲᠥᠷᠥ ᠶᠢᠨ ᠰᠠᠶᠢᠳ ᠪᠠᠶᠢᠭᠰᠠᠨ ᠢᠶᠠᠨ᠂ 1915 ᠣᠨ ᠳᠤ ᠳᠣᠲᠣᠭᠠᠳᠤ ᠬᠡᠷᠡᠭ ᠦᠨ ᠰᠠᠶᠢᠳ᠂ 1919 ᠣᠨ ᠳᠤ ᠨᠠᠮᠨᠠᠨᠰᠦ᠋ᠷᠦᠩ ᠦᠨ ᠳᠠᠷᠠᠭ᠎ᠠ ᠶᠡᠷᠦᠩᠬᠡᠢ ᠰᠠᠶᠢᠳ ᠤᠨ ᠡᠷᠬᠡ ᠶᠢ ᠲᠦᠷᠢ ᠪᠠᠷᠢᠵᠠᠢ᠃

1918 ᠣᠨ ᠤ 8 ᠰᠠᠷ᠎ᠠ ᠳᠤ ᠬᠢᠲᠠᠳ ᠤᠨ ᠴᠡᠷᠢᠭ ᠨᠡᠶᠢᠰᠯᠡᠯ ᠬᠦᠷᠢᠶ᠎ᠡᠨᠳ ᠣᠷᠣᠵᠤ᠂ 1919 ᠣᠨ ᠤ ᠰᠡᠭᠦᠯᠡᠷ ᠨᠡᠶᠢᠰᠯᠡᠯ ᠬᠦᠷᠢᠶ᠎ᠡ ᠶᠢ ᠡᠵᠡᠯᠡᠭᠰᠡᠨ ᠪᠠᠶᠢᠨ᠎ᠠ᠃ 1919 ᠣᠨ ᠤ 4 ᠰᠠᠷ᠎ᠠ ᠳᠤ ᠰᠠᠶᠢᠨ ᠨᠣᠶᠠᠨ ᠬᠠᠨ ᠨᠠᠮᠨᠠᠨᠰᠦ᠋ᠷᠦᠩ ᠮᠥᠨ ᠭᠠᠵᠠᠷ ᠬᠣᠣᠷᠯᠠᠭᠳᠠᠨ 41 ᠨᠠᠰᠤᠨ ᠳᠤ ᠪᠠᠨ ᠨᠠᠰᠤ ᠪᠠᠷᠠᠵᠠᠢ᠃

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠮᠦᠨᠡᠬᠢ
ᠪᠠᠶᠢᠬᠤ ᠦᠭᠡᠢ
ᠮᠣᠩᠭᠣᠯ ᠤᠯᠤᠰ ᠤᠨ ᠶᠡᠷᠦᠩᠬᠡᠢ ᠰᠠᠶᠢᠳ
{{{on}}}
ᠳᠠᠷᠠᠭᠠᠬᠢ
ᠳᠠ ᠯᠠᠮᠠᠭᠣᠨᠴᠣᠭᠵᠠᠯᠼᠠᠨᠠᠭ ᠤᠨ ᠪᠠᠳᠮᠠᠳᠣᠷᠵᠢ

ᠪᠢᠴᠢᠭᠡᠰᠦ