ᠰᠠᠯᠠᠳᠢᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠰᠠᠯᠠᠳᠢᠨ (ᠰᠠᠯᠠᠾ ᠠᠳ᠋ ᠳ᠋ᠢᠨ ᠶᠦᠰᠦᠹ ᠢᠪᠢᠨ ᠠᠶᠤᠪ) (1138-1193)

ᠰᠠᠯᠠᠳᠢᠨ‍(An-Nasir Salah ad-Din Yusuf ibn Ayyub) (ᠠᠷᠠᠪ ᠬᠡᠯᠡ: صلاح الدين يوسف بن أيوب) ᠨᠢ 1138-1193 ᠤᠨ ᠤ ᠬᠣᠭᠣᠷᠣᠨᠳᠣ ᠠᠮᠢᠳᠤᠷᠠᠵᠤ ᠪᠠᠶᠢᠭᠰᠠᠨ ᠺᠦᠷᠳ᠋ ᠭᠠᠷᠤᠯ ᠲᠠᠢ᠂ ᠶᠸᠵᠠᠫᠲᠰᠢᠷᠢᠢ ᠠ ᠶᠢᠨ ᠡᠵᠡᠨ ᠬᠠᠭᠠᠨ᠂ ᠤᠯᠤᠰ ᠲᠥᠷᠥᠴᠢᠨ᠂ ᠴᠡᠷᠢᠭ ᠦᠨ ᠵᠢᠳᠬᠦᠯᠲᠡᠨ᠂ ᠢᠰᠯᠠᠮ ᠱᠠᠰᠢᠨᠲᠠᠨ ᠪᠢᠯᠡ᠃ ᠲᠡᠷᠡᠪᠡᠷ ᠠᠶᠤᠪᠢᠳ ᠤᠭᠰᠠᠭᠠᠨ(Ayyub) ᠤ ᠬᠠᠭᠠᠨᠲᠤ ᠤᠯᠤᠰ ᠢ ᠦᠨᠳᠦᠰᠦᠯᠡᠭᠴᠢ ᠪᠥᠭᠡᠳ ᠲᠡᠭᠦᠨ ᠦ ᠡᠵᠡᠮᠰᠢᠯ ᠳᠦ ᠶᠸᠵᠠᠫᠲ᠂ ᠰᠢᠷᠢᠶ ᠠ᠂ ᠢᠷᠠᠺᠬᠢᠵᠠᠽ(Hijaz) ᠪᠣᠯᠤᠨ ᠶᠸᠮᠸᠨ ᠣᠷᠣᠵᠤ ᠪᠠᠶᠢᠪᠠ᠃ ᠵᠠᠭᠠᠯᠮᠠᠶᠢᠲᠠᠨ ᠨᠤᠭᠤᠳ ᠤᠨ ᠡᠰᠡᠷᠬᠦ ᠮᠦᠰᠯᠢᠮ ᠨᠤᠭᠤᠳ ᠤᠨ ᠡᠰᠡᠷᠭᠦᠴᠡᠯ ᠢ ᠲᠡᠷᠢᠭᠦᠯᠡᠨ ᠠᠮᠵᠢᠯᠲᠠ ᠲᠠᠢ ᠲᠡᠮᠡᠴᠡᠵᠦ ᠪᠠᠶᠢᠭᠰᠠᠨ ᠢᠶᠠᠷ ᠢᠶᠠᠨ ᠨᠡᠷ᠎ᠡ ᠳᠦ ᠭᠠᠷᠤᠭᠰᠠᠨ ᠪᠥᠭᠡᠳ ᠫᠠᠯᠧᠰᠲ᠋ᠡᠶᠢᠨᠶᠸᠷᠤᠰᠠᠯᠧᠮ(Jerusalem) ᠢ ᠵᠠᠭᠠᠯᠮᠠᠶᠢᠲᠠᠨ(十字軍) ᠨᠤᠭᠤᠳ ᠠᠴᠠ ᠪᠤᠴᠠᠭᠠᠨ ᠠᠪᠤᠭᠰᠠᠨ ᠶᠤᠮ᠃ ᠲᠡᠭᠦᠨ ᠦ ᠠᠯᠳᠠᠷ ᠴᠤᠤ ᠨᠢ ᠠᠷᠠᠪ᠂ ᠺᠦᠷᠳ᠋ ᠲᠡᠳᠦᠢ ᠦᠭᠡᠢ ᠨᠡᠶᠢᠲᠡ ᠠᠷᠠᠪ ᠤᠨ ᠶᠢᠷᠲᠢᠨᠴᠦ ᠳᠤ ᠣᠳᠣ ᠬᠦᠷᠲᠡᠯ᠎ᠡ ᠴᠤᠤᠷᠢᠶᠠᠲᠤᠭᠰᠠᠭᠠᠷ ᠪᠠᠶᠢᠳᠠᠭ᠃ ᠠᠭᠤᠤ᠂ ᠡᠷᠡᠮᠡᠭᠡᠢ ᠳᠠᠶᠢᠴᠢᠨ᠂ ᠤᠬᠠᠭᠠᠯᠢᠭ ᠬᠡᠷᠰᠡᠦ ᠠᠲᠠᠯ᠎ᠠ ᠪᠠᠨ ᠭᠠᠶᠢᠬᠠᠮᠠᠷ ᠡᠩ ᠦᠨ ᠠᠮᠢᠳᠤᠷᠠᠯ ᠲᠠᠢ᠂ ᠡᠶᠡᠯᠳᠡᠭ ᠵᠥᠭᠡᠯᠡᠨ ᠵᠠᠩ ᠠᠷᠠᠨᠰᠢᠨ ᠲᠠᠢ ᠠᠭᠠᠳ ᠲᠡᠭᠦᠨ ᠳᠦ ᠪᠤᠰᠤᠳ ᠢᠰᠯᠠᠮ ᠱᠠᠰᠢᠨᠳᠤ ᠴᠡᠷᠢᠭ ᠦᠨ ᠵᠠᠩᠵᠤᠨ ᠤᠳ ᠠᠴᠠ ᠪᠣᠭᠲᠣᠯᠠᠵᠤ ᠬᠦᠷᠭᠡᠨ ᠥᠭᠭᠦᠭᠰᠡᠨ ᠵᠠᠭᠠᠯᠮᠠᠢ ᠱᠠᠰᠢᠨᠳᠤ ᠪᠦᠰᠡᠭᠦᠶᠢᠴᠦᠳ ᠬᠦᠷᠲᠡᠯ᠎ᠡ ᠰᠡᠳᠬᠢᠯ ᠠᠯᠳᠠᠷᠠᠳᠠᠭ ᠪᠠᠶᠢᠭᠰᠠᠨ ᠭᠡᠵᠦ ᠭᠡᠯᠡᠯᠴᠡᠳᠡᠭ᠃

== ᠤᠭᠰᠠᠭ᠎ᠠ ᠭᠠᠷᠤᠯ ==  ᠶᠸᠵᠠᠫᠲ ᠤᠨ ᠴᠤᠯᠲᠠᠨ᠂ ᠴᠡᠷᠢᠭ ᠦᠨ ᠭᠠᠷᠮᠠᠭᠠᠢ ᠵᠠᠩᠵᠤᠨ᠂ ᠵᠠᠯᠭᠠᠯᠮᠠᠶᠢᠲᠠᠨ ᠨᠤᠭᠤᠳ ᠢ ᠢᠯᠠᠭᠴᠢ᠂ ᠶᠸᠵᠠᠫᠲ ᠢ ᠵᠠᠬᠢᠷᠴᠤ ᠪᠠᠶᠢᠭ᠎ᠠ ᠠᠶᠤᠪᠢᠳ ᠬᠠᠭᠠᠳ ᠤᠨ ᠤᠭᠰᠠᠭ᠎ᠠ ᠶᠢ ᠦᠨᠳᠦᠰᠦᠯᠡᠭᠴᠢ ᠰᠠᠯᠠᠳᠢᠨ ("ᠰᠠᠯᠠᠳᠢᠨ" ᠭᠡᠳᠡᠭ ᠨᠢ ᠠᠷᠠᠪ ᠬᠡᠯᠡᠨ ᠦ "ᠢᠲᠡᠭᠡᠯ ᠦᠨᠡᠮᠰᠢᠯ ᠦᠨ ᠨᠡᠷ᠎ᠡ ᠲᠥᠷᠥ" ᠭᠡᠰᠡᠨ ᠤᠳᠬ᠎ᠠ ᠲᠠᠢ ᠦᠭᠡ) ᠥᠨᠥ ᠶᠢᠨ ᠢᠷᠠᠺ ᠤᠯᠤᠰ ᠲᠤ᠂ ᠰᠢᠷᠢᠶ ᠠ ᠶᠢᠨ ᠠᠯᠳᠠᠷᠲᠤ ᠵᠠᠩᠵᠤᠨ ᠨᠤᠷᠠᠯ ᠳ᠋ᠢᠨ(努尔丁) ᠤ ᠠᠷᠮᠢ ᠶᠢᠨ ᠠᠬᠠᠯᠠᠬᠤ ᠳᠠᠷᠤᠭ᠎ᠠ᠂ ᠺᠦᠷᠳ᠋ ᠦᠨᠳᠦᠰᠦᠲᠡᠨ ᠤ ᠡᠷ᠎ᠡ ᠶᠢᠨ ᠭᠡᠷ ᠪᠦᠯᠢ ᠳᠦ ᠲᠥᠷᠦᠪᠡ᠃ ᠲᠡᠭᠦᠨ ᠦ ᠡᠴᠢᠭᠡ ᠨᠢ ᠷᠤᠮᠠᠨᠢᠶ ᠠ ᠬᠠᠩᠪᠤ ᠯᠠᠮᠠ ᠶᠢᠨ ᠲᠠᠭᠠᠯᠠᠯ ᠢᠶᠠᠷ "ᠲᠡᠷᠡᠰ ᠨᠣᠮᠲᠠᠨ ᠨᠤᠭᠤᠳ ᠠᠴᠠ" ᠪᠤᠷᠬᠠᠨ ᠤ ᠠᠪᠰᠠ ᠶᠢ ᠴᠢᠯᠥᠭᠡᠯᠡᠬᠦ᠂ ᠳᠣᠷᠣᠨ᠎ᠠ ᠵᠦᠭ ᠲᠤ ᠪᠠᠶᠢᠭ᠎ᠠ ᠰᠢᠲᠦᠯᠭᠡ ᠨᠢᠭᠡᠲᠡᠢ ᠬᠦᠮᠦᠰ ᠢ ᠲᠤᠰᠠᠯᠠᠬᠤ ᠤᠷᠢᠶᠠᠨ ᠳᠣᠣᠷ᠎ᠠ ᠠᠷᠢᠭᠤᠨ ᠨᠤᠲᠤᠭ ᠢ ᠪᠤᠯᠢᠶᠠᠨ ᠠᠪᠬᠤ ᠠᠶᠠᠨ ᠳᠠᠶᠢᠨ ᠬᠢᠵᠦ ᠪᠠᠶᠢᠭ᠎ᠠ ᠵᠠᠭᠠᠯᠮᠠᠶᠢᠲᠠᠨ ᠨᠤᠭᠤᠳ ᠲᠠᠢ ᠡᠷᠡᠰ ᠳᠡᠷᠡᠰ ᠦᠵᠡᠯᠴᠡᠵᠦ ᠪᠠᠶᠢᠯ᠎ᠠ᠃ ᠰᠠᠯᠠᠳᠢᠨ ᠵᠠᠯᠠᠭᠤ ᠳᠤ ᠪᠠᠨ ᠰᠢᠷᠢᠶ ᠠ ᠶᠢᠨ ᠨᠡᠶᠢᠰᠯᠡᠯ ᠳ᠋ᠠᠮᠠᠰᠺ ᠬᠣᠳᠠ ᠳᠤ ᠱᠠᠰᠢᠨ ᠤ ᠣᠨᠣᠯ ᠰᠤᠳᠤᠯᠵᠤ᠂ ᠯᠠᠮᠠ ᠪᠣᠯᠬᠤ ᠭᠡᠵᠦ ᠪᠠᠶᠢᠭᠰᠠᠨ ᠪᠣᠯᠪᠠᠴᠤ ᠨᠢᠭᠡ ᠮᠡᠳᠡᠬᠦ ᠳᠤ ᠴᠡᠷᠢᠭ ᠦᠨ ᠬᠡᠷᠡᠭ ᠲᠦ ᠰᠡᠳᠬᠢᠯ ᠢᠶᠡᠨ ᠥᠭᠭᠦᠭᠰᠡᠨ ᠪᠠᠶᠢᠪᠠ᠃ 1164ᠤᠨ ᠳᠤ ᠡᠴᠢᠭᠡ ᠶᠢᠨ ᠢᠶᠡᠨ ᠳᠣᠲᠣᠨᠣ ᠶᠢᠨ ᠬᠠᠮᠲᠤᠷᠠᠨ ᠵᠢᠳᠬᠦᠭ᠍ᠴᠢ ᠶᠢᠨ ᠬᠤᠪᠢ ᠳᠤ ᠶᠸᠵᠢᠫᠲ ᠣᠷᠣᠨ ᠢ ᠵᠠᠭᠠᠯᠮᠠᠶᠢᠲᠠᠨ ᠨᠤᠭᠤᠳ ᠠᠴᠠ ᠴᠢᠯᠦᠭᠡᠯᠡᠬᠦ ᠳᠦ ᠣᠷᠣᠯᠴᠠᠵᠤ ᠡᠴᠢᠭᠡ ᠪᠡᠨ ᠨᠠᠰᠤ ᠪᠠᠷᠠᠭᠰᠠᠨ ᠤ ᠳᠠᠷᠠᠭ᠎ᠠ ᠠᠷᠠᠪ ᠤᠨ ᠴᠡᠷᠢᠭ ᠢ ᠵᠠᠬᠢᠷᠴᠤ᠂ ᠵᠠᠭᠠᠯᠮᠠᠶᠢᠲᠠᠨ ᠨᠤᠭᠤᠳ᠂ ᠠᠷᠢᠭᠤᠨ ᠨᠤᠲᠤᠭ ᠳ᠋ᠠᠬᠢ ᠲᠡᠳᠡᠨ ᠦ ᠬᠠᠮᠰᠠᠭᠠᠲᠠᠨ ᠨᠤᠭᠤᠳ ᠪᠣᠯᠬᠤ ᠡᠳ᠋ᠧᠰ ᠭᠦᠩᠯᠢᠭᠠᠨᠲ᠋ᠢᠬᠤ ᠸᠠᠩᠯᠢᠭᠶᠸᠷᠤᠰᠠᠯᠧᠮ ᠬᠠᠭᠠᠨᠲᠤ ᠤᠯᠤᠰ(耶路撒冷王国)᠂ ᠲᠷᠢᠫᠣᠯᠢ ᠭᠦᠩᠯᠢᠭ ᠤᠨ ᠴᠡᠷᠢᠭ ᠲᠡᠢ ᠳᠠᠶᠢᠲᠤᠵᠤ ᠪᠠᠶᠢᠪᠠ᠃ ᠰᠠᠯᠠᠳᠢᠨ ᠯᠠᠯᠤ ᠶᠢᠨ ᠱᠠᠰᠢᠨᠲᠠᠨ ᠤ ᠠᠷᠮᠢ ᠶᠢᠨ ᠶᠡᠷᠦᠩᠬᠡᠢ ᠺᠣᠮᠠᠨᠲᠠᠯᠠᠭᠴᠢ ᠶᠢᠨ ᠵᠡᠷᠭᠡᠴᠡᠭᠡ ᠠᠷᠠᠪ ᠤᠳ ᠤᠨ ᠡᠵᠡᠯᠡᠭᠰᠡᠨ ᠶᠸᠵᠢᠫᠲ ᠣᠷᠣᠨ ᠢ ᠮᠡᠳᠡᠯ ᠳᠦ ᠪᠡᠨ ᠠᠪᠤᠮᠠᠭᠴᠠ 1174ᠤᠨ ᠳᠤ ᠲᠥᠷᠥ ᠶᠢᠨ ᠡᠷᠭᠢᠯᠲᠡ ᠬᠢᠵᠦ ᠠᠶᠤᠪᠢᠳ ᠦᠨ ᠤᠭᠰᠠᠭ᠎ᠠ ᠶᠢ ᠪᠤᠢ ᠪᠣᠯᠭᠠᠵᠤ᠂ ᠲᠤᠬᠠᠢ ᠶᠢᠨ ᠦᠶ᠎ᠡ ᠶᠢᠨ ᠠᠷᠠᠪ ᠤᠨ ᠶᠢᠷᠲᠢᠨᠴᠦ ᠶᠢᠨ ᠲᠣᠮᠣᠬᠠᠨ ᠤᠯᠤᠰ ᠪᠣᠯᠬᠤ ᠶᠸᠵᠠᠫᠲ ᠤᠨ ᠪᠦᠷᠢᠨ ᠡᠷᠬᠡᠲᠦ ᠰᠤᠯᠲᠠᠨ ᠢᠶᠠᠷ ᠵᠠᠯᠠᠷᠠᠵᠠᠢ᠃

ᠵᠠᠭᠠᠯᠮᠠᠶᠢᠲᠠᠨ ᠨᠤᠭᠤᠳ ᠤᠨ ᠡᠰᠡᠷᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠦᠷᠺ ᠤᠳ ᠠᠶᠠᠨ ᠳᠠᠶᠢᠨ ᠥᠳᠥᠭᠡᠵᠦ ᠰᠢᠷᠢᠢ ᠠ᠂ ᠫᠠᠯᠧᠰᠲ᠋ᠠᠶᠢᠨ᠂ ᠪᠠᠭ᠎ᠠ ᠠᠽᠢᠶ᠎ᠠ ᠶᠢᠨ ᠶᠡᠬᠡᠬᠡᠨ ᠨᠤᠲᠤᠭ ᠢ ᠡᠵᠡᠯᠡᠨ ᠲᠦᠷᠢᠮᠡᠭᠡᠶᠢᠯᠡᠬᠦ ᠳᠦ ᠸᠢᠽᠠᠨᠲ᠋ᠢ ᠶᠢᠨ ᠨᠢᠭᠡᠳᠦᠭᠡᠷ ᠠᠯᠧᠺᠰᠧᠢ ᠬᠠᠭᠠᠨ ᠥᠷᠥᠨᠡᠲᠦ ᠧᠦ᠋ᠷᠣᠫᠠ ᠶᠢᠨ ᠬᠠᠭᠠᠳ ᠲᠤ ᠬᠠᠨᠳᠤᠵᠤ ᠴᠡᠷᠢᠭ ᠦᠨ ᠲᠤᠰᠠᠯᠠᠮᠵᠢ ᠦᠵᠡᠭᠦᠯᠬᠦ ᠶᠢ ᠬᠦᠰᠡᠭᠰᠡᠨ ᠢᠶᠡᠷ ᠵᠠᠭᠠᠯᠮᠠᠶᠢᠲᠠᠨ ᠤ ᠠᠶᠠᠨ ᠳᠠᠶᠢᠨ ᠡᠬᠢᠯᠡᠵᠡᠢ᠃

ᠵᠠᠭᠠᠯᠮᠠᠶᠢᠲᠠᠨ ᠤ ᠠᠩᠬᠠᠳᠤᠭᠠᠷ ᠠᠶᠠᠨ ᠳᠠᠶᠢᠨ ᠨᠢ1096 ᠤᠨ ᠳᠤ ᠡᠬᠢᠯᠡᠵᠦ ᠹᠷᠠᠨᠼᠢᠭᠧᠷᠮᠠᠨ ᠤ ᠴᠡᠷᠢᠭ᠂ ᠡᠮᠦᠨᠡᠲᠦ ᠢᠲ᠋ᠠᠯᠢ ᠶᠢᠨ ᠷᠤᠴᠠᠷᠢ ᠨᠤᠭᠤᠳ ᠬᠠᠮᠲᠤᠷᠠᠨ ᠲᠦᠷᠺ ᠦᠳ ᠲᠤ ᠬᠡᠳᠦ ᠬᠡᠳᠦᠨ ᠤᠳᠠᠭᠠᠨ ᠤ ᠴᠣᠬᠢᠯᠲᠠ ᠥᠭᠴᠦ᠂ ᠣᠶᠢᠷᠠᠬᠢ ᠳᠣᠷᠣᠨᠠᠲᠤ ᠶᠢᠨ ᠬᠠᠷᠢᠶᠠᠲᠤ ᠠᠩᠬᠠᠨ ᠤ ᠤᠯᠤᠰ ᠤᠳ ᠢ ᠪᠠᠶᠢᠭᠤᠯᠵᠤ᠂1099 ᠤᠨ ᠳᠤ ᠶᠸᠷᠤᠰᠠᠯᠧᠮ ᠢ ᠳᠠᠭᠠᠷᠢᠨ ᠡᠵᠡᠯᠡᠵᠡᠢ᠃

1147 ᠤᠨ ᠳᠤ ᠡᠬᠢᠯᠡᠭᠰᠡᠨ ᠵᠠᠭᠠᠯᠮᠠᠶᠢᠲᠠᠨ ᠤ ᠬᠣᠶᠠᠳᠤᠭᠠᠷ ᠠᠶᠠᠨ ᠳᠠᠶᠢᠨ ᠢ ᠹᠷᠠᠨᠼᠢ ᠶᠢᠨ ᠯᠢᠶᠣᠳᠣᠸᠢᠺ VII ᠂ ᠭᠧᠷᠮᠠᠨ ᠤ ᠭᠤᠷᠪᠠᠳᠤᠭᠠᠷ ᠺᠣᠨᠷᠠᠳ ᠬᠠᠭᠠᠳ ᠤᠳᠤᠷᠢᠳᠤᠨ ᠬᠠᠯᠳᠠᠨ ᠢᠷᠡᠬᠦ ᠳᠦ᠂ ᠨᠤᠷᠠᠯ ᠳ᠋ᠢᠨ ᠳ᠋ᠠᠮᠠᠰᠺ ᠬᠣᠲᠠ ᠶᠢ ᠲᠦᠷᠢᠮᠡᠭᠡᠶᠢᠯᠡᠬᠦ ᠪᠡᠷ ᠢᠷᠡᠭᠰᠡᠨ ᠹᠷᠠᠨᠼᠢ ᠶᠢᠨ ᠷᠤᠴᠠᠷᠢ ᠨᠤᠭᠤᠳ ᠤᠨ ᠰᠠᠨᠠᠭᠠᠷᠬᠠᠯ ᠢ ᠲᠠᠰᠤᠯᠵᠠᠢ᠃

ᠰᠠᠯᠠᠳᠢᠨ ᠶᠸᠵᠠᠫᠲ ᠤᠨ ᠰᠤᠯᠲᠠᠨ ᠪᠣᠯᠤᠮᠠᠭᠴᠠ ᠪᠠᠨ ᠲᠥᠷᠥ ᠶᠢᠨ ᠴᠢᠬᠤᠯᠠ ᠠᠯᠪᠠᠨ ᠲᠤᠰᠢᠶᠠᠯ ᠤᠳ ᠲᠤ ᠬᠠᠮᠢᠶᠠᠲᠠᠨ ᠰᠠᠳᠤᠨ᠂ ᠣᠶᠢᠷ᠎ᠠ ᠳᠣᠲᠣᠨᠤ᠂ ᠢᠲᠡᠭᠡᠯ ᠲᠡᠢ ᠠᠨᠳᠠ ᠨᠥᠬᠥᠳ ᠢᠶᠡᠨ ᠲᠣᠮᠢᠯᠠᠵᠤ ᠠᠷᠮᠢ ᠪᠠᠨ ᠭᠣᠣᠯᠳᠠᠭᠤ ᠠᠷᠠᠪ ᠢᠷᠭᠡᠳ ᠢᠶᠡᠷ ᠪᠡᠬᠢᠵᠢᠭᠦᠯᠵᠦ ᠣᠷᠴᠢᠨ ᠦᠶ᠎ᠡ ᠶᠢᠨ ᠤᠰᠤᠨ ᠴᠡᠷᠢᠭ ᠦᠨ ᠬᠤᠯᠪᠤᠭ᠎ ᠠ ᠪᠠᠶᠢᠭᠤᠯᠤᠭᠰᠠᠨ ᠤ ᠳᠠᠷᠠᠭ᠎ᠠ ᠣᠶᠢᠷ᠎ᠠ ᠳᠣᠷᠣᠨᠠᠲᠤ ᠳ᠋ᠠᠬᠢ ᠵᠠᠭᠠᠯᠮᠠᠶᠢᠲᠠᠨ ᠨᠤᠭᠤᠳ ᠤᠨ ᠤᠯᠤᠰ ᠤᠳ ᠤᠷᠤᠭᠤ ᠠᠶᠠᠨ ᠳᠠᠶᠢᠨ ᠳᠤ ᠮᠣᠷᠳᠠᠪᠠ᠃ 12 ᠵᠢᠯ ᠲᠠᠰᠤᠷᠠᠯᠲᠠ ᠦᠭᠡᠢ ᠦᠷᠭᠦᠯᠵᠢᠯᠡᠭᠰᠡᠨ ᠠᠶᠠᠨ ᠳᠠᠶᠢᠨ ᠤ ᠦᠷ᠎ᠡ ᠳ᠋ᠦᠩ ᠳᠦ ᠰᠢᠷᠢᠶ ᠠ᠂ ᠢᠷᠠᠺ ᠢ ᠡᠵᠡᠯᠡᠵᠦ ᠯᠠᠯᠤ ᠶᠢᠨ ᠶᠢᠷᠲᠢᠨᠴᠦ ᠶᠢᠨ ᠬᠦᠯᠢᠶᠡᠨ ᠵᠥᠪᠰᠢᠶᠡᠷᠡᠭᠳᠡᠭᠰᠡᠨ ᠴᠡᠷᠢᠭ ᠦᠨ ᠤᠳᠤᠷᠢᠳᠤᠭᠴᠢ ᠪᠣᠯᠵᠤ ᠣᠶᠢᠷ᠎ᠠ ᠳᠣᠷᠣᠨᠠᠲᠤ ᠳ᠋ᠠᠬᠢ ᠵᠠᠭᠠᠯᠮᠠᠶᠢᠲᠠᠨ ᠤ ᠤᠯᠤᠰ ᠤᠳ ᠢ ᠲᠣᠭᠣᠷᠢᠭᠤᠯᠤᠨ ᠥᠪᠡᠷ ᠦᠨ ᠡᠵᠡᠮᠰᠢᠯ ᠨᠤᠲᠤᠭ ᠪᠤᠢ ᠪᠣᠯᠭᠠᠵᠤ᠂ ᠲᠡᠷᠰᠡᠯᠡᠭᠰᠡᠨ ᠦᠵᠡᠯᠲᠡᠨ ᠨᠦᠭᠦᠳ ᠢ ᠬᠥᠭᠡᠭᠡᠬᠦ ᠪᠡᠨ ᠲᠠᠩᠭᠠᠷᠢᠭᠯᠠᠵᠤ ᠲᠡᠳᠡᠨ ᠳᠦ ᠠᠷᠢᠭᠤᠨ ᠳᠠᠶᠢᠨ ᠵᠠᠷᠯᠠᠪᠠ᠃

1187 ᠤᠨ ᠳᠤ ᠰᠠᠯᠠᠳᠢᠨ ᠰᠤᠯᠲᠠᠨ ᠬᠤᠶᠠᠷ ᠲᠦᠮᠡᠨ ᠴᠡᠷᠢᠭ ᠲᠡᠢ ᠫᠠᠯᠧᠰᠲ᠋ᠠᠶᠢᠨ ᠦ ᠨᠤᠲᠤᠭ ᠲᠤ ᠨᠡᠪᠲᠡᠷᠡᠨ ᠤᠷᠤᠪᠠ᠃ ᠵᠠᠭᠠᠯᠮᠠᠶᠢᠲᠠᠨ ᠤ ᠲᠡᠮᠦᠷ ᠬᠤᠶᠠᠭ ᠳᠠᠭᠤᠯᠠᠭ᠎ᠠ ᠶᠢ ᠨᠡᠪᠲᠡᠯᠳᠡᠭ ᠠᠯᠤᠰ ᠤᠨ ᠵᠠᠶ ᠶᠢᠨ ᠨᠤᠮᠤ ᠰᠤᠮᠤ ᠪᠠᠷ ᠵᠡᠪᠰᠡᠭᠯᠡᠭᠰᠡᠨ ᠠᠷᠠᠪ ᠤᠨ ᠮᠣᠷᠢᠲᠠᠨ ᠴᠡᠷᠢᠭ ᠦᠳ ᠨᠢ ᠳᠠᠪᠰᠢᠯᠲᠠ ᠬᠢᠵᠦ᠂ ᠲᠩᠷᠢ ᠳᠦ ᠱᠤᠩᠭᠢᠨᠠᠬᠤ ᠰᠤᠮᠤ ᠪᠠᠷ ᠳᠠᠶᠢᠰᠤᠨ ᠤ ᠪᠠᠶᠢᠯᠳᠤᠭᠠᠨ ᠤ ᠵᠢᠷᠤᠮ ᠢ ᠡᠪᠳᠡᠵᠦ ᠲᠡᠭᠦᠨ ᠦ ᠠᠷᠤ ᠠᠴᠠ ᠰᠡᠯᠡᠮ᠎ᠡ ᠪᠡᠷ ᠵᠡᠪᠰᠡᠭᠯᠡᠭᠰᠡᠨ ᠮᠣᠷᠢᠲᠠᠨ ᠴᠡᠷᠢᠭ ᠳᠠᠭᠠᠷᠢᠯᠲᠠ ᠳᠤ ᠣᠷᠣᠵᠤ ᠭᠠᠷᠳᠠᠨ ᠲᠤᠯᠤᠭᠠᠨ ᠬᠢᠵᠦ ᠬᠠᠮᠤᠭ ᠤᠨ ᠰᠡᠭᠦᠯ ᠳᠦ ᠨᠢ ᠶᠠᠪᠠᠭᠠᠨ ᠴᠡᠷᠢᠭ ᠪᠠᠶᠢᠯᠳᠤᠭᠠᠨ ᠳᠤ ᠣᠷᠣᠵᠤ ᠳᠠᠶᠢᠰᠤᠨ ᠤ ᠴᠡᠷᠢᠭ ᠢ ᠪᠤᠲᠠ ᠴᠣᠬᠢᠵᠤ ᠳᠠᠭᠤᠰᠬᠠᠬᠤ ᠵᠡᠷᠭᠡ ᠰᠠᠯᠠᠳᠢᠨ ᠠᠷᠠᠪ ᠤᠨ ᠳᠣᠷᠣᠨᠠᠲᠤ ᠨᠤᠲᠤᠭ ᠲᠤ ᠳᠠᠶᠢᠨ ᠬᠢᠬᠦ ᠲᠠᠺᠲ᠋ᠢᠭ ᠤᠨ ᠵᠥᠪ ᠠᠷᠭ᠎ᠠ ᠨᠤᠭᠤᠳ ᠢ ᠰᠣᠩᠭᠣᠵᠤ ᠠᠰᠢᠭᠯᠠᠵᠤ ᠪᠠᠶᠢᠪᠠ᠃ ᠨᠤᠮᠤ ᠰᠤᠮᠤ ᠪᠠᠷ ᠵᠡᠪᠰᠡᠭᠯᠡᠭᠰᠡᠨ ᠮᠣᠷᠢᠲᠠᠨ ᠴᠡᠷᠢᠭ ᠢ ᠳᠠᠪᠰᠢᠯᠲᠠ ᠳᠤ ᠣᠷᠣᠭᠤᠯᠵᠤ ᠲᠡᠳᠡ ᠨᠠᠷ ᠨᠢ ᠵᠣᠷᠢᠭᠤᠳᠠ ᠦᠢᠮᠡᠵᠦ ᠰᠠᠨᠳᠤᠷᠤᠨ ᠤᠬᠤᠷᠢᠨ ᠵᠢᠭᠤᠳᠠᠵᠤ ᠵᠠᠭᠠᠯᠮᠠᠶᠢᠲᠠᠨ ᠨᠤᠭᠤᠳ ᠢ ᠤᠰᠤ ᠦᠭᠡᠢ᠂ ᠴᠥᠯ ᠨᠤᠲᠤᠭ ᠲᠤ ᠠᠷᠤ ᠠᠴᠠ ᠪᠠᠨ "ᠮᠥᠷ ᠮᠥᠰᠬᠢᠭᠦᠯᠦᠨ" ᠳᠠᠭᠠᠭᠤᠯᠵᠤ ᠢᠷᠡᠳᠡᠭ ᠪᠠᠶᠢᠪᠠ᠃

ᠰᠠᠯᠠᠳᠢᠨ 1187 ᠤᠨ ᠤ 7 ᠰᠠᠷ᠎ᠠ ᠶᠢᠨ 4 ᠦ ᠡᠳᠦᠷ᠂ ᠲᠢᠪᠸᠷᠢᠶᠠᠰ ᠨᠠᠭᠤᠷ ᠤᠨ(Lake Tiberias) ᠤᠶᠢᠷᠠᠯᠴᠠᠭ᠎ ᠠ ᠬᠠᠲ᠋ᠲ᠋ᠢᠨ ᠳᠤ ᠵᠠᠭᠠᠯᠮᠠᠶᠢᠲᠠᠨ ᠨᠤᠭᠤᠳ ᠤᠨ ᠴᠡᠷᠢᠭ ᠤᠷᠤᠭᠤ ᠭᠡᠨᠡᠳᠲᠡ ᠳᠠᠭᠠᠷᠢᠵᠤ ᠶᠸᠷᠤᠰᠠᠯᠧᠮ ᠦᠨ ᠬᠠᠭᠠᠨᠲᠤ ᠤᠯᠤᠰ ᠤᠨ ᠬᠤᠶᠠᠷ ᠲᠦᠮᠡᠨ ᠴᠡᠷᠢᠭ ᠦᠨ ᠳᠡᠶᠢᠯᠦᠩᠬᠢ ᠶᠢ ᠬᠦᠢᠰᠦ ᠲᠡᠮᠲᠡᠷᠢᠵᠤ ᠪᠤᠰᠤᠳ ᠢ ᠨᠢ ᠣᠯᠵᠯᠠᠭᠰᠠᠨ ᠤ ᠳᠣᠲᠣᠷ᠎ᠠ ᠵᠠᠭᠠᠯᠮᠠᠶᠢᠲᠠᠨ ᠤ ᠴᠡᠷᠢᠭ ᠦᠨ ᠵᠠᠩᠵᠤᠨ ᠂ ᠶᠸᠷᠤᠰᠠᠯᠧᠮ ᠦᠨ ᠬᠠᠭᠠᠨ ᠪᠠᠶᠢᠪᠠ᠃ ᠰᠠᠯᠠᠳᠢᠨ ᠣᠯᠵᠠᠯᠠᠭᠳᠠᠭᠰᠠᠨ ᠵᠠᠷᠢᠮ ᠬᠦᠮᠦᠨ ᠢ ᠥᠨᠳᠥᠷ ᠦᠨ᠎ᠡ ᠪᠡᠷ ᠪᠤᠴᠠᠭᠠᠨ ᠥᠭᠴᠦ ᠵᠠᠷᠢᠮ ᠢ ᠨᠢ ᠥᠪᠡᠷ ᠦᠨ ᠲᠠᠯ᠎ᠠ ᠶᠢᠨ ᠣᠯᠵᠠᠯᠠᠭᠳᠠᠭᠰᠠᠨ ᠴᠡᠷᠢᠭ ᠢᠶᠡᠷ ᠰᠣᠯᠢᠵᠠᠢ᠃ ᠵᠠᠭᠠᠯᠮᠠᠶᠢᠲᠠᠨ ᠨᠤᠭᠤᠳ ᠠᠰᠤᠷᠤ ᠶᠡᠬᠡ ᠬᠣᠬᠢᠷᠠᠯ ᠠᠮᠰᠠᠭᠰᠠᠨ ᠡᠨᠡ ᠲᠤᠯᠤᠯᠳᠤᠭᠠᠨ "ᠬᠠᠲ᠋ᠲ᠋ᠢᠨ ᠤ ᠬᠢᠳᠤᠯᠭ᠎ᠠ" ᠨᠡᠷ᠎ᠡ ᠪᠡᠷ ᠲᠡᠦᠬᠡᠨ ᠳᠦ ᠣᠷᠣᠭᠰᠠᠨ ᠪᠢᠯᠡ᠃

ᠡᠨᠡ ᠢᠯᠠᠯᠲᠠ ᠶᠢᠨ ᠳᠠᠷᠠᠭ᠎ᠠ ᠯᠠᠯᠤ ᠶᠢᠨ ᠠᠷᠮᠢ (ᠧᠦ᠋ᠷᠣᠫᠠᠴᠤᠳ ᠲᠡᠳᠡᠨ ᠢ ᠰᠠᠷᠠᠼᠢᠨ ᠭᠡᠵᠦ ᠨᠡᠷᠡᠯᠡᠳᠡᠭ ᠪᠠᠶᠢᠪᠠ᠃) ᠠᠺᠷᠠᠶᠠᠹᠹᠠ ᠵᠡᠷᠭᠡ ᠫᠠᠯᠧᠰᠲ᠋ᠠᠶᠢᠨ ᠦ ᠬᠡᠳᠦ ᠬᠡᠳᠦᠨ ᠰᠠᠶᠢᠲᠤᠷ ᠪᠡᠬᠢᠵᠢᠭᠦᠯᠦᠭᠰᠡᠨ ᠴᠠᠶᠢᠵᠠ ᠶᠢ ᠡᠵᠡᠯᠡᠵᠦ "ᠵᠠᠷᠢᠮ ᠴᠡᠷᠢᠭ ᠢᠶᠡᠨ ᠦᠯᠡᠳᠡᠭᠡᠵᠦ ᠠᠮᠪᠠᠨ ᠵᠠᠬᠢᠷᠤᠭᠴᠢ ᠲᠣᠮᠢᠯᠠᠭᠠᠳ ᠴᠢᠨᠠᠭᠰᠢ ᠶᠠᠪᠤᠵᠤ ᠪᠠᠶᠢᠯ᠎ᠠ᠃

ᠬᠠᠲ᠋ᠲ᠋ᠢᠨ ᠤ ᠬᠢᠳᠤᠯᠭ᠎ᠠ ᠶᠢᠨ ᠳᠠᠷᠠᠭ᠎ᠠ ᠵᠢᠷᠦᠬᠡ ᠨᠢ ᠮᠣᠬᠣᠭᠰᠠᠨ ᠵᠠᠭᠠᠯᠮᠠᠶᠢᠲᠠᠨ ᠨᠤᠭᠤᠳ ᠮᠥᠰᠯᠢᠮ᠎ ᠶᠢᠨ ᠠᠷᠮᠢ ᠲᠠᠢ ᠪᠠᠶᠢᠯᠳᠤᠬᠤ ᠠᠴᠠ ᠡᠮᠢᠶᠡᠵᠦ ᠴᠠᠶᠢᠵᠠ ᠤᠳ ᠲᠤ ᠬᠣᠷᠭᠣᠳᠠᠨ ᠰᠠᠭᠤᠵᠤ ᠧᠦ᠋ᠷᠣᠫᠠ ᠶᠢᠨ ᠬᠠᠭᠠᠳ ᠲᠤ ᠬᠠᠨᠳᠤᠵᠤ ᠴᠡᠷᠢᠭ ᠦᠨ ᠲᠤᠰᠠᠯᠠᠯᠴᠠᠭ᠎ᠠ ᠭᠤᠶᠤᠭᠰᠠᠨ ᠢᠶᠠᠷ ᠵᠠᠭᠠᠯᠮᠠᠶᠢᠲᠠᠨ ᠤ ᠭᠤᠷᠪᠠᠳ᠋ᠠᠬᠢ ᠠᠶᠠᠨ ᠳᠠᠶᠢᠨ ᠡᠬᠢᠯᠡᠵᠡᠢ᠃

ᠰᠠᠯᠠᠳᠢᠨ ᠰᠤᠯᠲᠠᠨ 1187 ᠤᠨ ᠤ ᠶᠢᠰᠦᠳᠦᠭᠡᠷ ᠰᠠᠷ᠎ᠠ ᠳᠤ ᠶᠸᠷᠤᠰᠠᠯᠧᠮ ᠬᠣᠲᠠ ᠶᠢ 14 ᠬᠣᠨᠣᠭ ᠪᠦᠰᠡᠯᠡᠯᠲᠡ ᠬᠢᠵᠦ ᠤᠮᠳᠠᠭᠠᠨ ᠤ ᠤᠰᠤ᠂ ᠬᠦᠨᠡᠰᠦᠨ ᠦ ᠵᠦᠢᠯ ᠢᠶᠡᠨ ᠪᠠᠷᠠᠭᠰᠠᠨ ᠵᠠᠭᠠᠯᠮᠠᠶᠢᠲᠠᠨ ᠨᠤᠭᠤᠳ ᠢ ᠪᠠᠭᠤᠯᠭᠠᠨ ᠠᠪᠴᠠᠢ᠃ ᠵᠠᠭᠠᠯᠮᠠᠶᠢᠲᠠᠨ ᠤ ᠠᠩᠬᠠᠳᠤᠭᠠᠷ ᠠᠶᠠᠨ ᠳᠠᠶᠢᠨ ᠤ ᠦᠶ᠎ᠡ ᠳᠦ ᠭᠣᠲ᠋ᠸᠠᠯᠳ᠋ ᠪᠤᠯᠣᠨ᠋ᠰᠺ ᠤᠨ ᠤᠳᠤᠷᠢᠳᠤᠭᠰᠠᠨ ᠷᠤᠴᠠᠷᠢ ᠨᠤᠭᠤᠳ 1099 ᠤᠨ ᠤ 6 ᠰᠠᠷ᠎ᠠ ᠶᠢᠨ 7 ᠍ ᠳᠦ ᠶᠸᠷᠤᠰᠠᠯᠧᠮ ᠬᠣᠲᠠ ᠶᠢ ᠪᠦᠰᠡᠯᠡᠵᠦ ᠳᠠᠷᠠᠭ᠎ᠠ ᠰᠠᠷ᠎ᠠ ᠶᠢᠨ 15 ᠍ ᠳᠦ ᠬᠣᠲᠠ ᠶᠢ ᠡᠵᠡᠯᠡᠵᠦ ᠭᠤᠷᠪᠠ ᠬᠣᠨᠣᠭ ᠤᠨ ᠬᠤᠭᠤᠴᠠᠭᠠᠨ ᠳᠤ ᠢᠰᠯᠠᠮ ᠤᠨ ᠱᠠᠰᠢᠨᠲᠠᠨ 7 ᠲᠦᠮᠡᠳ ᠬᠦᠮᠦᠨ ᠦ ᠠᠮᠢ ᠨᠠᠰᠤ ᠶᠢ ᠪᠦᠷᠢᠯᠭᠡᠭᠰᠡᠨ ᠪᠠᠶᠢᠪᠠ᠃

ᠡᠨᠡ ᠤᠳᠠᠭ᠎ᠠ ᠰᠠᠯᠠᠳᠢᠨ ᠶᠸᠷᠤᠰᠠᠯᠧᠮ ᠬᠣᠲᠠ ᠶᠢ ᠧᠦ᠋ᠷᠣᠫᠠᠴᠤᠳ ᠠᠴᠠ ᠪᠤᠯᠢᠶᠠᠨ ᠠᠪᠤᠭᠰᠠᠨ ᠤ ᠳᠠᠷᠠᠭ᠎ᠠ ᠢᠰᠯᠠᠮ ᠤᠨ ᠵᠠᠰᠠᠭᠯᠠᠯ ᠢ ᠰᠡᠷᠭᠦᠭᠡᠵᠦ ᠬᠠᠷᠢᠨ ᠥᠰᠢᠶ᠎ᠡ ᠠᠪᠬᠤ ᠭᠡᠵᠦ ᠠᠯᠠᠯᠭ᠎ᠠ ᠦᠢᠯᠡᠳᠦᠭᠰᠡᠨ ᠦᠭᠡᠢ᠂ ᠣᠯᠵᠠᠯᠠᠭᠳᠠᠭᠰᠠᠨ ᠵᠠᠭᠠᠯᠮᠠᠶᠢᠲᠠᠨ ᠨᠤᠭᠤᠳ ᠠᠴᠠ ᠲᠡᠭᠦᠨ ᠦ ᠳᠣᠲᠣᠷ᠎ᠠ ᠶᠸᠷᠤᠰᠠᠯᠧᠮ ᠦᠨ ᠭᠠᠸᠢᠲ ᠯᠦᠰᠢᠨᠢᠶᠠᠨ(居伊·吕西尼安) ᠠᠴᠠ ᠢᠰᠯᠠᠮ ᠤᠨ ᠶᠢᠷᠲᠢᠨᠴᠦ ᠶᠢᠨ ᠡᠰᠡᠷᠬᠦ ᠳᠠᠬᠢᠨ ᠬᠡᠵᠢᠶ᠎ᠡ ᠴᠤ ᠭᠠᠷ ᠳᠠᠯᠠᠶᠢᠬᠤ ᠦᠭᠡᠢ ᠭᠡᠰᠡᠨ ᠠᠮᠠᠯᠠᠯᠲᠠ ᠠᠪᠴᠤ ᠳᠥᠴᠢᠨ ᠬᠣᠨᠣᠭ ᠤᠨ ᠬᠤᠭᠤᠴᠠᠭᠠᠨ ᠳᠤ ᠠᠷᠢᠭᠤᠨ ᠬᠣᠲᠠ ᠶᠢ ᠣᠷᠬᠢᠨ ᠭᠠᠷᠬᠤ ᠶᠢ ᠲᠤᠰᠢᠶᠠᠵᠠᠢ᠃

ᠰᠠᠯᠠᠳᠢᠨ ᠳᠠᠷᠠᠭᠠᠯᠠᠨ ᠢᠯᠠᠯᠲᠠ ᠪᠠᠶᠢᠭᠤᠯᠵᠤ 1147-1149 ᠤᠨ ᠨᠤᠭᠤᠳ ᠤᠨ ᠵᠠᠭᠠᠯᠮᠠᠶᠢᠲᠠᠨ ᠤ ᠬᠣᠶᠠᠳᠤᠭᠠᠷ ᠠᠶᠠᠨ ᠳᠠᠶᠢᠨ ᠤ ᠦᠶ᠎ᠡ ᠳᠦ ᠧᠦ᠋ᠷᠣᠫᠠ ᠶᠢᠨ ᠷᠤᠴᠠᠷᠢ ᠨᠤᠭᠤᠳ ᠤᠨ ᠡᠵᠡᠯᠡᠭᠰᠡᠨ ᠨᠤᠲᠤᠭ ᠳᠡᠪᠢᠰᠬᠡᠷ ᠢ ᠪᠠᠷᠤᠭ ᠪᠤᠴᠠᠭᠠᠨ ᠠᠪᠬᠤ ᠳᠤ ᠷᠤᠮᠠ ᠲᠦᠭᠰᠢᠭᠦᠷᠢ ᠵᠠᠷᠯᠠᠵᠤ ᠭᠤᠷᠪᠠᠳ᠋ᠠᠬᠢ ᠠᠶᠠᠨ ᠳᠠᠶᠢᠨ ᠢ ᠡᠬᠢᠯᠡᠪᠡ᠃

ᠠᠩᠭᠯᠢ ᠶᠢᠨ ᠠᠷᠰᠯᠠᠨ ᠵᠢᠷᠦᠬᠡᠳᠤ ᠷᠢᠴᠠᠷᠳ᠋(“狮心王”理查)᠂ ᠭᠧᠷᠮᠠᠨ ᠤ ᠹᠷᠢᠳᠢᠷᠢᠺ ᠨᠢᠭᠡᠳᠦᠭᠡᠷ ᠪᠠᠷᠪᠠᠷᠣᠰ᠂ ᠹᠷᠠᠨᠼᠢ ᠶᠢᠨ ᠹᠢᠯᠢᠫᠫ ᠬᠣᠶᠠᠳᠤᠭᠠᠷ ᠠᠪᠭᠦ᠋ᠰᠲᠦ᠋(菲利普) ᠬᠠᠭᠠᠳ ᠤᠨ ᠤᠳᠤᠷᠢᠳᠤᠭᠰᠠᠨ ᠵᠠᠭᠠᠯᠮᠠᠶᠢᠲᠠᠨ ᠤ ᠴᠡᠷᠢᠭ 1189 ᠤᠨ ᠳᠤ ᠠᠷᠢᠭᠤᠨ ᠨᠤᠲᠤᠭ ᠲᠤ ᠭᠠᠵᠠᠷ ᠤᠨ ᠳᠤᠮᠳᠠᠳᠤ ᠲᠡᠩᠭᠢᠰ ᠦᠨ ᠤᠰᠤᠨ ᠴᠡᠷᠢᠭ ᠦᠨ ᠷᠯᠣᠲ ᠤᠨ ᠳᠡᠮᠵᠢᠯᠭᠡ ᠲᠡᠢ ᠪᠡᠷ ᠬᠥᠯ ᠲᠠᠯᠪᠢᠵᠤ᠂ 1190 ᠤᠨ ᠳᠤ ᠺᠣᠨᠢᠶ᠎ᠠ (ᠢᠺᠣᠨᠢ) ᠬᠣᠲᠠ ᠶᠢ ᠡᠵᠡᠯᠡᠭᠰᠡᠨ ᠦ ᠳᠠᠷᠠᠭ᠎ᠠ ᠭᠧᠷᠮᠠᠨ ᠤ ᠹ᠂ ᠪᠠᠷᠪᠠᠷᠣᠰ ᠬᠠᠭᠠᠨ ᠭᠣᠣᠯ ᠤᠨ ᠤᠰᠤᠨ ᠳᠤ ᠰᠠᠨᠠᠮᠰᠠᠷ ᠦᠭᠡᠢ ᠵᠢᠪᠪᠦᠵᠦ ᠨᠠᠰᠤ ᠪᠠᠷᠠᠨ᠂ ᠤᠳᠤᠷᠢᠳᠤᠭᠴᠢ ᠪᠠᠨ ᠠᠯᠠᠳᠠᠭᠰᠠᠨ ᠲᠡᠭᠦᠨ ᠦ ᠴᠡᠷᠢᠭ ᠲᠠᠷᠬᠠᠵᠤ ᠪᠤᠲᠠᠷᠠᠪᠠ᠃

1191 ᠤᠨ ᠳᠤ ᠠᠩᠭᠯᠢᠴᠤᠳ᠂ ᠹᠷᠠᠨᠼᠢᠴᠤᠳ ᠬᠠᠮᠲᠤᠷᠠᠨ ᠤᠰᠤᠨ ᠪᠣᠭᠣᠮᠲᠠ ᠶᠢᠨ ᠠᠺᠷᠠ (ᠠᠺᠺᠣᠨ) ᠬᠣᠲᠠ ᠶᠢ ᠪᠦᠰᠡᠯᠡᠯᠲᠡ ᠬᠢᠵᠦ ᠬᠣᠶᠠᠷ ᠵᠢᠯ ᠦᠨ ᠳᠠᠷᠠᠭ᠎ᠠ ᠰᠠᠶᠢ ᠨᠢᠭᠡ ᠡᠵᠡᠯᠡᠵᠦ ᠹᠷᠠᠨᠼᠢ ᠶᠢᠨ ᠹᠢᠯᠢᠫᠫ ᠬᠣᠶᠠᠳᠤᠭᠠᠷ ᠠᠪᠭᠦ᠋ᠰᠲᠦ᠋ ᠬᠠᠭᠠᠨ ᠢᠰᠯᠠᠮ ᠤᠨ ᠠᠷᠮᠢ ᠶᠢ ᠢᠯᠠᠭᠴᠢ ᠠᠯᠳᠠᠷ ᠬᠦᠷᠲᠡᠨ ᠨᠤᠲᠤᠭ ᠪᠤᠴᠠᠪᠠ᠃ ᠠᠩᠭᠯᠢ ᠶᠢᠨ ᠠᠷᠰᠯᠠᠨ ᠵᠢᠷᠦᠬᠡᠳᠤ ᠷᠢᠴᠠᠷᠲᠤ᠋ ᠬᠠᠭᠠᠨ ᠤᠰᠤᠨ ᠷᠯᠣᠲ ᠤᠨ ᠳᠡᠮᠵᠢᠯᠭᠡ ᠲᠡᠢ ᠪᠡᠷ 1191 ᠤᠨ ᠳᠤ ᠸᠢᠽᠠᠨᠲ᠋ᠢ ᠶᠢᠨ ᠡᠵᠡᠨᠲᠦ ᠭᠦᠷᠦᠨ ᠡᠴᠡ ᠡᠮᠦᠨ᠎ᠡ ᠨᠢ ᠪᠤᠯᠢᠶᠠᠨ ᠠᠪᠤᠭᠰᠠᠨ ᠪᠠᠶᠢᠭᠰᠠᠨ ᠺᠠᠫᠷᠤᠰ ᠠᠷᠠᠯ ᠢ ᠡᠷᠬᠡᠰᠢᠶᠡᠯ ᠳᠦ ᠪᠡᠨ ᠣᠷᠣᠭᠤᠯᠵᠤ ᠫᠠᠯᠧᠰᠲ᠋ᠠᠶᠢᠨ ᠤᠷᠤᠭᠤ ᠴᠢᠭᠯᠡᠪᠡ᠃

ᠧᠦ᠋ᠷᠣᠫᠠ ᠶᠢᠨ ᠭᠤᠷᠪᠠᠨ ᠬᠦᠴᠦᠷᠬᠡᠭ ᠤᠯᠤᠰ ᠤᠨ ᠬᠠᠭᠠᠨ ᠤ ᠤᠳᠤᠷᠢᠳᠤᠭᠰᠠᠨ ᠴᠡᠷᠢᠭ ᠦᠨ ᠲᠦᠷᠢᠮᠡᠭᠡᠶᠢᠯᠡᠯ ᠳᠦ ᠰᠠᠨᠳᠤᠷᠤᠭᠰᠠᠨ ᠰᠠᠯᠠᠳᠢᠨ ᠪᠣᠭᠣᠨᠢ ᠬᠤᠭᠤᠴᠠᠭᠠᠨ ᠳᠤ ᠲᠣᠮᠣ ᠠᠷᠮᠢ ᠡᠮᠬᠢᠯᠡᠨ ᠪᠠᠶᠢᠭᠤᠯᠵᠤ ᠾᠷᠢᠰᠲ᠋ᠦᠰ ᠱᠠᠰᠢᠨᠲᠠᠨ ᠨᠤᠭᠤᠳ ᠤᠨ ᠡᠰᠡᠷᠬᠦ ᠲᠡᠮᠡᠴᠡᠬᠦ ᠬᠦᠰᠡᠯ ᠲᠡᠢ ᠪᠦᠬᠦ ᠬᠦᠮᠦᠨ ᠢ ᠲᠡᠮᠡᠴᠡᠯ ᠳᠦ ᠤᠷᠢᠶᠠᠯᠠᠨ ᠳᠠᠭᠤᠳᠠᠵᠤ ᠷᠢᠴᠠᠷᠲᠤ᠋ ᠬᠠᠭᠠᠨ ᠤ ᠴᠡᠷᠢᠭ ᠦᠨ ᠥᠭᠡᠳᠡ ᠡᠴᠡ ᠬᠥᠳᠡᠯᠵᠦ ᠬᠡᠳᠦ ᠬᠡᠳᠦᠨ ᠪᠠᠶᠢᠯᠳᠤᠭᠠᠨ ᠳᠤ ᠢᠯᠠᠪᠠ᠃ ᠠᠩᠭᠯᠢ ᠶᠢᠨ ᠬᠠᠭᠠᠨ᠂ ᠶᠸᠵᠢᠫᠲ ᠤᠨ ᠰᠤᠯᠲᠠᠨ ᠤ ᠠᠷᠮᠢ ᠨᠤᠭᠤᠳ ᠤᠨ ᠰᠢᠢᠳᠪᠦᠷᠢᠯᠡᠬᠦ ᠲᠤᠯᠤᠯᠳᠤᠭᠠᠨ 1191 ᠤᠨ ᠤ ᠶᠢᠰᠦᠳᠦᠭᠡᠷ ᠰᠠᠷ᠎ᠠ ᠶᠢᠨ 7 ᠍ ᠳᠦ ᠠᠷᠰᠤᠹ ᠴᠠᠶᠢᠵᠠ ᠤᠨ ᠳᠡᠷᠭᠡᠳᠡ ᠪᠣᠯᠵᠤ᠂ ᠬᠦᠴᠦ ᠪᠡᠷ ᠳᠠᠪᠠᠭᠤ ᠰᠠᠯᠠᠳᠢᠨ ᠨᠤᠮᠤ ᠰᠤᠮᠤ ᠪᠠᠷ ᠵᠡᠪᠰᠡᠭᠯᠡᠭᠰᠡᠨ ᠮᠣᠷᠢᠲᠠᠨ ᠴᠡᠷᠢᠭ ᠢᠶᠡᠨ ᠥᠷᠢᠰᠦᠯᠳᠦᠭᠴᠢ ᠶᠢᠨ ᠢᠶᠡᠨ ᠴᠡᠷᠢᠭ ᠦᠨ ᠬᠣᠶᠠᠷ ᠵᠢᠭᠦᠷ ᠤᠷᠤᠭᠤ ᠳᠠᠪᠰᠢᠯᠲᠠ ᠳᠤ ᠣᠷᠣᠭᠤᠯᠤᠭᠰᠠᠨ ᠴᠤ ᠠᠩᠭᠯᠢ ᠶᠢᠨ ᠴᠡᠷᠢᠭ ᠦᠨ ᠰᠢᠷᠦᠭᠦᠨ ᠡᠰᠡᠷᠭᠦᠴᠡᠯ ᠲᠡᠢ ᠲᠤᠯᠭᠠᠷᠠᠵᠤ ᠤᠬᠤᠷᠢᠵᠠᠢ᠃

ᠠᠷᠢᠭᠤᠨ ᠨᠤᠲᠤᠭ ᠢ ᠡᠵᠡᠩᠨᠡᠬᠦ ᠵᠣᠷᠢᠯᠭ᠎ᠠ ᠪᠦᠬᠦᠢ ᠵᠠᠭᠠᠯᠮᠠᠶᠢᠲᠠᠨ ᠤ ᠭᠤᠷᠪᠠᠳ᠋ᠠᠬᠢ ᠠᠶᠠᠨ ᠳᠠᠶᠢᠨ 1192 ᠤᠨ ᠤ ᠶᠢᠰᠦᠳᠦᠭᠡᠷ ᠰᠠᠷ᠎ᠠ ᠳᠤ ᠠᠩᠭᠯᠢ ᠶᠢᠨ ᠷᠢᠴᠠᠷᠲᠤ᠋ ᠬᠠᠭᠠᠨ᠂ ᠶᠸᠵᠠᠫᠲ ᠤᠨ ᠰᠠᠯᠠᠳᠢᠨ ᠰᠤᠯᠲᠠᠨ ᠨᠠᠷ ᠭᠤᠷᠪᠠᠨ ᠵᠢᠯ ᠦᠨ ᠬᠤᠭᠤᠴᠠᠭ᠎ᠠ ᠲᠠᠢ ᠡᠪᠯᠡᠷᠡᠯ ᠦᠨ ᠭᠡᠷ᠎ᠡ ᠪᠠᠶᠢᠭᠤᠯᠤᠭᠰᠠᠨ ᠢᠶᠠᠷ ᠳᠠᠭᠤᠰᠴᠠᠢ᠃ ᠤᠭ ᠭᠡᠷ᠎ᠡ ᠪᠡᠷ ᠵᠠᠭᠠᠯᠮᠠᠶᠢᠲᠠᠨ ᠨᠤᠭᠤᠳ ᠲᠢᠷ ᠬᠣᠲᠠ ᠠᠴᠠ ᠶᠠᠹᠹᠠ ᠴᠠᠶᠢᠵᠠ ᠬᠦᠷᠲᠡᠯ᠎ᠡ ᠨᠤᠲᠤᠭ ᠢ ᠡᠵᠡᠮᠰᠢᠬᠦ ᠪᠣᠯᠵᠤ ᠾᠷᠢᠰᠲ᠋ᠦᠰ ᠱᠠᠰᠢᠨᠲᠠᠨ ᠨᠤᠭᠤᠳ ᠤᠨ ᠬᠤᠪᠢ ᠳᠤ ᠠᠷᠢᠭᠤᠨ ᠬᠣᠲᠠ ᠪᠣᠯᠬᠤ ᠶᠸᠷᠤᠰᠠᠯᠧᠮ ᠯᠠᠯᠤ ᠶᠢᠨ ᠱᠠᠰᠢᠨᠲᠠᠨ ᠨᠤᠭᠤᠳ ᠤᠨ ᠮᠡᠳᠡᠯ ᠳᠦ ᠦᠯᠡᠳᠡᠭᠰᠡᠨ ᠴᠤ ᠾᠷᠢᠰᠲ᠋ᠦᠰ ᠰᠢᠲᠦᠯᠭᠡ ᠲᠡᠢ ᠠᠶᠠᠯᠠᠭᠴᠢ᠂ ᠬᠤᠳᠠᠯᠳᠤᠭᠠᠴᠢᠳ ᠲᠤᠰ ᠬᠣᠳᠠ ᠳᠤ ᠴᠢᠯᠦᠭᠡᠲᠡᠢ ᠵᠣᠷᠴᠢᠵᠤ ᠪᠠᠶᠢᠬᠤ ᠪᠣᠯᠵᠠᠢ᠃

ᠵᠠᠭᠠᠯᠮᠠᠶᠢᠲᠠᠨ ᠤ ᠳᠥᠷᠪᠡᠳ᠋ᠡᠬᠢ ᠠᠶᠠᠨ ᠳᠠᠶᠢᠨ ᠢ 1202 ᠤᠨ ᠳᠤ ᠷᠤᠮᠠᠨᠢᠶ ᠠ ᠭᠤᠷᠪᠠᠳᠤᠭᠠᠷ ᠢᠨᠨᠣᠺᠧᠨᠲᠡᠢ ᠬᠠᠩᠪᠤ ᠯᠠᠮᠠ ᠥᠳᠥᠭᠡᠵᠡᠢ᠃

ᠠᠮᠢᠳᠤᠷᠠᠯ ᠤᠨ ᠲᠡᠭᠦᠰᠬᠡᠯ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠶᠸᠵᠠᠫᠲ ᠤᠯᠤᠰ ᠤᠨ ᠲᠥᠷᠥ ᠶᠢᠨ ᠰᠦᠯᠳᠡ ᠳᠦ ᠰᠠᠯᠠᠳᠢᠨ ᠤ ᠪᠦᠷᠭᠦᠳ ᠢ ᠳᠦᠷᠰᠦᠯᠡᠭᠰᠡᠨ ᠪᠠᠶᠢᠳᠠᠭ᠃
 ᠶᠸᠵᠠᠫᠲ ᠤᠨ ᠰᠠᠯᠠᠳᠢᠨ ᠰᠤᠯᠲᠠᠨ ᠡᠪᠯᠡᠷᠡᠯ ᠦᠨ ᠭᠡᠷ᠎ᠡ ᠪᠠᠶᠢᠭᠤᠯᠤᠭᠰᠠᠨ ᠤ ᠳᠠᠷᠠᠭ᠎ᠠ ᠬᠡᠦᠬᠡᠳ᠂ ᠵᠠᠯᠠᠭᠤ ᠨᠠᠰᠤ ᠪᠠᠨ ᠥᠩᠭᠡᠷᠡᠭᠡᠭᠰᠡᠨ᠂ ᠬᠠᠯᠠᠭᠤᠨ ᠬᠠᠶᠢᠷ᠎ᠠ ᠲᠠᠢ ᠰᠢᠷᠢᠶ ᠠ ᠶᠢᠨ ᠨᠡᠶᠢᠰᠯᠡᠯ ᠳ᠋ᠠᠮᠤᠰᠺ ᠬᠣᠳᠠ ᠳᠤ ᠪᠤᠴᠠᠨ ᠢᠷᠡᠵᠦ ᠠᠮᠢᠳᠤᠷᠠᠵᠤ ᠪᠠᠶᠢᠭᠠᠳ 1193ᠤᠨ ᠤ ᠭᠤᠷᠪᠠᠳᠤᠭᠠᠷ ᠰᠠᠷ᠎ᠠ ᠶᠢᠨ 4 ᠍ ᠳᠦ ᠴᠡᠴᠡᠷᠡᠭᠡ ᠡᠪᠡᠳᠴᠢᠨ ᠢᠶᠡᠷ ᠨᠠᠰᠤ ᠪᠠᠷᠠᠬᠤ ᠳᠤ ᠲᠡᠭᠦᠨ ᠢ ᠥᠨᠳᠥᠷ ᠬᠦᠨᠳᠦᠳᠬᠡᠯ ᠲᠡᠢ ᠪᠡᠷ ᠣᠷᠣᠰᠢᠭᠤᠯᠵᠤ ᠬᠣᠲᠠ ᠶᠢᠨ ᠲᠥᠪ ᠲᠦ ᠭᠣᠶᠣᠮᠰᠣᠭ ᠪᠤᠩᠬᠤᠨ ᠪᠣᠰᠬᠠᠵᠠᠢ᠃

 ᠶᠸᠵᠢᠫᠲ ᠤᠨ ᠠᠶᠤᠪᠢᠳ ᠰᠤᠯᠲᠠᠨ ᠤ ᠤᠭᠰᠠᠭᠠᠨ ᠢ ᠦᠨᠳᠦᠰᠦᠯᠡᠭᠴᠢ ᠰᠠᠯᠠᠳᠢᠨ ᠵᠠᠭᠠᠯᠮᠠᠶᠢᠲᠠᠨ ᠨᠤᠭᠤᠳ ᠤᠨ ᠡᠰᠡᠷᠬᠦ ᠲᠡᠮᠡᠴᠡᠯ ᠳᠦ ᠣᠶᠢᠷᠠᠬᠢ ᠳᠣᠷᠣᠨᠠᠲᠤ ᠤᠨ ᠢᠰᠯᠠᠮ ᠤᠨ ᠱᠠᠰᠢᠨᠲᠠᠳ ᠢ ᠨᠢᠭᠡᠳᠬᠡᠵᠦ᠂ ᠴᠥᠭᠡᠨ ᠦᠭᠡᠢ ᠲᠣᠮᠣᠬᠠᠨ ᠢᠯᠠᠯᠲᠠ ᠪᠠᠶᠢᠭᠤᠯᠤᠭᠰᠠᠨ ᠴᠡᠷᠢᠭ ᠦᠨ ᠵᠠᠩᠵᠤᠨ ᠪᠣᠯᠤᠨ ᠳᠡᠯᠡᠬᠡᠢ ᠶᠢᠨ ᠲᠡᠦᠬᠡᠨ ᠳᠦ ᠮᠥᠩᠬᠡᠷᠡᠭᠰᠡᠨ ᠶᠤᠮ᠃ ᠲᠡᠭᠦᠨ ᠡᠴᠡ ᠭᠠᠳᠠᠨ᠎ᠠ ᠤᠯᠤᠰ ᠣᠷᠣᠨ ᠢᠶᠠᠨ ᠰᠢᠳᠤᠷᠭᠤ ᠪᠠᠷ ᠤᠳᠤᠷᠢᠳᠥᠵᠤ ᠪᠠᠶᠢᠭᠰᠠᠨ ᠢᠶᠠᠷ ᠬᠠᠷᠢᠶᠠᠲᠤ ᠢᠷᠭᠡᠳ ᠦᠨ ᠢᠶᠡᠨ ᠬᠠᠶᠢᠷ᠎ᠠ ᠬᠦᠨᠳᠦᠳᠬᠡᠯ ᠢ ᠬᠦᠯᠢᠶᠡᠭᠰᠡᠨ ᠲᠥᠷᠥ ᠶᠢᠨ ᠵᠢᠳᠬᠦᠯᠲᠡᠨ ᠪᠠᠶᠢᠪᠠ᠃ ᠲᠡᠭᠦᠨ ᠤ ᠵᠠᠨᠤᠯᠲᠤ ᠳᠠᠶᠢᠰᠤᠨ ᠨᠢ ᠪᠣᠯᠬᠤ ᠵᠠᠭᠠᠯᠮᠠᠶᠢᠲᠠᠨ ᠨᠤᠭᠤᠳ ᠬᠦᠷᠲᠡᠯ᠎ᠡ ᠬᠦᠨᠳᠦᠳᠬᠡᠨ ᠪᠢᠰᠢᠷᠡᠳᠡᠭ ᠪᠠᠶᠢᠵᠠᠢ᠃ ᠳᠠᠶᠢᠨ ᠤ ᠴᠠᠭ ᠲᠤ  ᠷᠤᠴᠠᠷᠢ ᠡᠷ᠎ᠡ ᠰᠢᠭ ᠠᠭᠤᠵᠢᠮ ᠰᠡᠳᠬᠢᠯ ᠲᠡᠢ ᠪᠠᠶᠢᠵᠤ᠂ ᠣᠯᠵᠠᠯᠠᠭᠳᠠᠭᠰᠠᠳ ᠲᠤ ᠡᠨᠡᠷᠢᠩᠭᠦᠢ ᠬᠠᠨᠳᠤᠳᠠᠭ ᠪᠠᠶᠢᠪᠠ᠃ ᠳᠣᠷᠣᠨ᠎ᠠ ᠵᠦᠭ ᠦᠨ ᠵᠠᠷᠢᠮ ᠪᠠᠶᠢᠯᠳᠤᠨ ᠳᠠᠭᠠᠭᠤᠯᠤᠭᠴᠢ ᠰᠢᠭ ᠠᠯᠠᠯᠭ᠎ᠠ ᠲᠠᠯᠠᠯᠠᠭ᠎ᠠ ᠦᠢᠯᠡᠳᠴᠦ ᠪᠠᠶᠢᠭᠰᠠᠨ ᠦᠭᠡᠢ᠂ ᠰᠤᠶᠤᠯ ᠤᠨ ᠦᠨᠡᠲᠦ ᠳᠤᠷᠠᠰᠬᠠᠯ ᠢ ᠰᠦᠢᠳᠬᠡᠵᠦ ᠪᠠᠶᠢᠭ᠎ᠠ ᠦᠭᠡᠢ ᠠᠵᠢ᠃

ᠭᠠᠳᠠᠭᠠᠳᠤ ᠬᠣᠯᠪᠣᠭᠠᠰᠤ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

http://wiki.uhaan.com/index.php?title=ᠰᠠᠯᠠᠳᠢᠨ&oldid=478649》 ᠍  ᠡᠴᠡ ᠠᠪᠤᠭᠰᠠᠨ

ᠪᠢᠴᠢᠭᠡᠰᠦ