ᠰᠠᠭᠰᠤᠨ ᠪᠥᠮᠪᠥᠭᠡ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠭᠤᠷᠪᠠᠨ ᠣᠨᠣᠭᠣᠨ ᠤ ᠰᠢᠳᠡᠯᠲᠡ

ᠰᠠᠭᠰᠤᠨ ᠪᠥᠮᠪᠥᠭᠡ ᠨᠢ ᠨᠢᠭᠡ ᠲᠥᠷᠥᠯ ᠦᠨ ᠪᠠᠭ ᠤᠨ ᠰᠫᠣᠷᠲ ᠶᠤᠮ᠃ ᠰᠠᠭᠰᠤᠨ ᠪᠥᠮᠪᠥᠭᠡ ᠶᠢᠨ ᠲᠠᠯᠠᠪᠠᠢ ᠳᠤ ᠲᠤᠰ ᠪᠦᠷᠢ 5 ᠬᠦᠮᠦᠨ ᠲᠡᠢ ᠬᠣᠶᠠᠷ ᠪᠠᠭ ᠳᠦᠷᠢᠮ ᠦᠨ ᠳᠠᠭᠠᠤ ᠥᠷᠢᠰᠦᠯᠳᠦᠭᠴᠢ ᠲᠠᠯ᠎ᠠ ᠶᠢᠨ ᠴᠠᠭᠠᠷᠢᠭ ᠲᠤ ᠪᠥᠮᠪᠥᠭᠡ ᠰᠢᠳᠡᠵᠦ ᠡᠰᠡᠪᠡᠯ ᠲᠣᠬᠣᠵᠤ ᠣᠷᠣᠭᠤᠯᠤᠨ ᠣᠨᠣᠭ᠎ᠠ ᠴᠤᠭᠯᠠᠭᠤᠯᠵᠤ᠂ ᠴᠠᠭ ᠳᠠᠭᠤᠰᠬᠤ ᠳᠤ ᠬᠠᠮᠤᠭ ᠤᠨ ᠣᠯᠠᠨ ᠣᠨᠣᠭ᠎ᠠ ᠲᠠᠢ ᠨᠢ ᠬᠣᠵᠢᠳᠠᠭ᠃ ᠳᠡᠯᠡᠬᠡᠢ ᠳᠠᠬᠢᠨ ᠳᠤ ᠥᠷᠭᠡᠨ ᠢᠶᠡᠷ ᠳᠡᠯᠭᠡᠷᠡᠭᠰᠡᠨ᠂ ᠣᠨᠴᠠᠭᠠᠶᠢᠯᠠᠨ ᠶᠡᠬᠡ ᠦᠵᠡᠳᠡᠭ ᠰᠫᠣᠷᠲ ᠤᠳ ᠤᠨ ᠨᠢᠭᠡ ᠨᠢ ᠰᠠᠭᠰᠤᠨ ᠪᠥᠮᠪᠥᠭᠡ ᠪᠣᠯᠤᠨ᠎ᠠ᠃ ᠰᠠᠭᠰᠤᠨ ᠪᠥᠮᠪᠥᠭᠡ ᠶᠢᠨ ᠳᠦᠷᠢᠮ ᠢᠶᠡᠷ 3.05 ᠮᠧᠲ᠋ᠷ ᠦᠨ ᠥᠨᠳᠥᠷ ᠱᠣᠩ ᠤᠨ ᠰᠠᠮᠪᠠᠷ᠎ᠠ ᠳᠤ ᠴᠠᠭᠠᠷᠢᠭ ᠪᠡᠬᠢᠯᠡᠭᠳᠡᠭᠰᠡᠨ ᠪᠠᠶᠢᠬᠤ ᠪᠠᠷ ᠲᠣᠭᠲᠠᠭᠰᠠᠨ᠃ ᠠᠷᠠᠢ ᠣᠶᠢᠷ᠎ᠠ ᠠᠴᠠ ᠪᠥᠮᠪᠥᠭᠡ ᠶᠢ ᠰᠢᠳᠡᠵᠦ ᠣᠷᠣᠭᠤᠯᠪᠠᠯ 2 ᠣᠨᠣᠭ᠎ᠠ᠂ ᠭᠤᠷᠪᠠ ᠶᠢᠨ ᠱᠤᠭᠤᠮ ᠤᠨ ᠠᠷᠤ ᠠᠴᠠ ᠰᠢᠳᠡᠵᠦ ᠣᠷᠣᠭᠤᠯᠪᠠᠯ 3 ᠣᠨᠣᠭ᠎ᠠ ᠶᠢ ᠲᠣᠭᠯᠠᠭᠴᠢ ᠪᠠᠭᠲᠠᠭ᠎ᠠ ᠨᠡᠮᠡᠷᠢᠯᠡᠨ᠎ᠡ᠃ ᠵᠠᠯᠠᠯᠲᠠ᠂ ᠠᠯᠬᠤᠯᠲᠠ᠂ ᠳᠠᠮᠵᠢᠭᠤᠯᠤᠯᠲᠠ ᠵᠡᠷᠭᠡ ᠪᠡᠷ ᠪᠥᠮᠪᠥᠭᠡ ᠶᠢ ᠬᠥᠳᠡᠯᠭᠡᠳᠡᠭ᠃

ᠰᠠᠭᠰᠤᠨ ᠪᠥᠮᠪᠥᠭᠡ ᠶᠢᠨ ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠣᠭᠯᠠᠭᠠᠮ ᠤᠨ ᠡᠨᠡ ᠲᠥᠷᠥᠯ ᠢ ᠰᠡᠳᠦᠵᠦ ᠤᠯᠬᠤ ᠦᠢᠯᠡ ᠠᠵᠢᠯᠯᠠᠭ᠎ᠠ 1891 ᠤᠨ ᠠᠴᠠ ᠡᠬᠢᠯᠡᠭᠰᠡᠨ᠃ ᠠᠮᠧᠷᠢᠺᠠ ᠶᠢᠨ ᠨᠢᠭᠡᠳᠦᠭᠰᠡᠨ ᠤᠯᠤᠰ ᠤᠨ ᠮᠠᠰᠰᠠᠴᠢᠰᠧᠲ᠋ᠰ ᠮᠤᠵᠢ ᠶᠢᠨ ᠰᠫᠷᠢᠩ ᠢᠹᠢᠳ ᠤᠨ ᠵᠠᠯᠠᠭᠤ ᠾᠷᠢᠰᠲ᠋ᠣᠰᠴᠤᠳ ᠤᠨ ᠬᠣᠯᠪᠣᠭᠠᠨ ᠤ ᠺᠣᠯᠯᠧᠵᠢ ᠶᠢᠨ ᠤᠳᠤᠷᠢᠳᠤᠯᠭ᠎ᠠ ᠵᠣᠬᠢᠶᠠᠨ ᠪᠠᠶᠢᠭᠤᠯᠤᠭᠴᠢ ᠭᠡᠰᠢᠭᠦᠳ ᠰᠫᠣᠷᠲ ᠵᠠᠭᠠᠯᠠᠩ ᠳᠤ ᠶᠠᠪᠤᠭᠳᠠᠵᠤ ᠪᠠᠶᠢᠭᠰᠠᠨ ᠪᠡᠶ᠎ᠡ ᠶᠢᠨ ᠶᠡᠷᠦᠩᠬᠡᠢ ᠬᠥᠭᠵᠢᠯ ᠦᠨ ᠳᠠᠰᠬᠠᠯ ᠤᠳ ᠠᠴᠠ ᠲᠦᠷᠭᠡᠨ ᠤᠶᠢᠳᠬᠤ ᠪᠣᠯᠤᠭᠰᠠᠨ᠃ ᠺᠣᠯᠯᠧᠵᠢ ᠶᠢᠨ ᠣᠶᠤᠲᠠᠨ ᠨᠤᠭᠤᠳ ᠨᠠᠮᠤᠷ ᠨᠢ ᠠᠮᠧᠷᠢᠺᠠ ᠬᠥᠯ ᠪᠥᠮᠪᠥᠭᠡ᠂ ᠬᠠᠪᠤᠷ ᠨᠢ ᠬᠥᠩᠭᠡᠨ ᠠᠲᠯᠧᠲ᠋ᠢᠭ᠂ ᠪᠧᠢᠰᠪᠣᠯ ᠢᠶᠠᠷ ᠬᠢᠴᠢᠶᠡᠯᠯᠡᠵᠦ ᠬᠠᠷᠢᠨ ᠡᠪᠦᠯ ᠨᠢ ᠵᠥᠪᠬᠡᠨ ᠵᠠᠭᠠᠯᠠᠩ ᠳᠤ ᠭᠢᠮᠨᠡᠰᠲ᠋ᠢᠺ ᠠᠴᠠ ᠥᠭᠡᠷ᠎ᠡ ᠬᠢᠴᠢᠶᠡᠯᠯᠡᠬᠦ ᠰᠫᠣᠷᠲ ᠤᠨ ᠲᠥᠷᠥᠯ ᠪᠠᠶᠢᠭᠰᠠᠨ ᠦᠭᠡᠢ᠃ ᠡᠶᠢᠮᠦ ᠳᠦ ᠵᠠᠯᠠᠭᠤᠴᠤᠳ ᠤᠨ ᠰᠣᠨᠢᠷᠬᠠᠯ ᠢ ᠲᠠᠲᠠᠬᠤ ᠰᠢᠨ᠎ᠡ ᠵᠦᠢᠯ ᠴᠢᠬᠤᠯᠠ ᠱᠠᠭᠠᠷᠳᠠᠯᠭ᠎ᠠ ᠲᠠᠢ ᠪᠠᠶᠢᠯ᠎ᠠ᠃ ᠲᠤᠰ ᠺᠣᠯᠯᠧᠵᠢ ᠶᠢᠨ ᠪᠡᠶ᠎ᠡ ᠶᠢᠨ ᠲᠠᠮᠢᠷ ᠤᠨ ᠬᠡᠯᠲᠡᠰ ᠦᠨ ᠠᠬᠠᠯᠠᠬᠤ᠂ ᠨᠠᠷᠢᠨ ᠪᠢᠴᠢᠭ ᠦᠨ ᠳᠠᠷᠤᠭ᠎ᠠ ᠳ᠋ᠣᠺᠲ᠋ᠣᠷ ᠯᠶᠦ᠋ᠲ᠋ᠧᠷ ᠬᠧᠯᠰᠢ ᠭᠤᠯᠢᠺ ᠰᠡᠳᠬᠢᠯ ᠰᠤᠳᠤᠯᠤᠯ ᠤᠨ ᠰᠧᠮᠢᠨᠠᠷ ᠳᠡᠭᠡᠷ᠎ᠡ ᠡᠪᠦᠯ ᠦᠨ ᠤᠯᠠᠷᠢᠯ ᠳᠤ ᠪᠢᠲᠡᠭᠦᠦ᠂ ᠬᠢᠮᠡᠯ ᠭᠡᠷᠡᠯᠲᠦᠭᠦᠯᠭᠡ ᠲᠡᠢ ᠵᠠᠭᠠᠯᠠᠩ ᠳᠤ ᠵᠠᠯᠠᠭᠤᠴᠤᠳ ᠤᠨ ᠰᠣᠨᠢᠷᠬᠠᠯ ᠢ ᠲᠠᠲᠠᠬᠤᠶᠢᠴᠠ ᠰᠢᠨ᠎ᠡ ᠲᠣᠭᠯᠠᠭᠠᠮ ᠤᠨ ᠲᠥᠷᠥᠯ ᠢ ᠰᠡᠳᠦᠵᠦ ᠣᠯᠬᠤ ᠶᠢ ᠵᠥᠪᠯᠡᠭᠰᠡᠨ᠃ ᠢᠩᠭᠢᠵᠦ ᠭᠤᠯᠢᠭ ᠤᠨ ᠵᠢᠭᠠᠪᠤᠷᠢ ᠪᠠᠷ ᠪᠡᠶ᠎ᠡ ᠶᠢᠨ ᠲᠠᠮᠢᠷ ᠤᠨ ᠪᠠᠭᠰᠢ ᠳᠵᠧᠮᠰ ᠨᠧᠢᠰᠮᠢᠲ 1891 ᠤᠨ ᠤ ᠡᠪᠦᠯ ᠲᠣᠭᠯᠠᠭᠠᠮ ᠤᠨ ᠰᠢᠨ᠎ᠡ ᠲᠥᠷᠥᠯ ᠢ ᠰᠠᠨᠠᠭᠠᠴᠢᠯᠠᠵᠤ 《ᠰᠠᠭᠰᠤᠨ ᠪᠥᠮᠪᠥᠭᠡ》 ᠍ ᠢ ᠲᠣᠭᠯᠠᠬᠤ ᠳᠤ ᠠᠮᠠᠷᠬᠠᠨ ᠬᠠᠷᠢᠨ ᠰᠠᠶᠢᠨ ᠡᠵᠡᠮᠰᠢᠬᠦ ᠳᠦ ᠬᠡᠴᠡᠭᠦᠦ ᠭᠡᠵᠦ ᠲᠣᠳᠣᠷᠬᠠᠶᠢᠯᠠᠵᠤ ᠪᠠᠶᠢᠴᠠᠢ᠃ ᠳᠵ.ᠨᠧᠢᠰᠮᠢᠲ ᠦᠨ ᠭᠠᠸᠶ᠎ᠠ ᠶᠢ ᠦᠨᠡᠯᠡᠨ ᠰᠫᠷᠢᠩ ᠢᠹᠢᠳ ᠤᠨ ᠺᠣᠯᠯᠧᠵᠢ 1911 ᠤᠨ ᠳᠤ 《ᠪᠡᠶ᠎ᠡ ᠶᠢᠨ ᠲᠠᠮᠢᠷ ᠤᠨ ᠬᠦᠨᠳᠦᠳ ᠮᠠᠰᠲ᠋ᠸᠷ》᠂ 1936 ᠤᠨ ᠳᠤ ᠮᠠᠺ ᠭᠢᠯ ᠤᠨ ᠶᠡᠬᠡ ᠰᠤᠷᠭᠠᠭᠤᠯᠢ 《ᠠᠨᠠᠭᠠᠬᠤ ᠤᠬᠠᠭᠠᠨ ᠤ ᠳ᠋ᠣᠺᠲ᠋ᠣᠷ》 ᠴᠣᠯᠠ ᠪᠠᠷ ᠲᠤᠰ ᠲᠤᠰ ᠱᠠᠩᠨᠠᠭᠰᠠᠨ ᠪᠠᠶᠢᠨ᠎ᠠ᠃ 1968 ᠤᠨ ᠳᠤ ᠰᠫᠷᠢᠩ ᠢᠹᠢᠳ ᠤᠨ ᠺᠣᠯᠯᠧᠵᠢ ᠶᠢᠨ ᠳᠡᠷᠭᠡᠳᠡ ᠵ᠃ ᠨᠧᠢᠰᠮᠢᠲ ᠦᠨ ᠮᠦᠽᠧᠢ ᠶᠢ ᠪᠠᠶᠢᠭᠤᠯᠤᠭᠰᠠᠨ ᠪᠥᠭᠡᠳ ᠬᠣᠵᠢᠮ ᠨᠢ 《ᠰᠠᠭᠰᠤᠨ ᠪᠥᠮᠪᠥᠭᠡ ᠶᠢᠨ ᠠᠯᠳᠠᠷ ᠤᠨ ᠲᠠᠩᠬᠢᠮ》 ᠭᠡᠵᠦ ᠨᠡᠷᠡᠯᠡᠭᠳᠡᠬᠦ ᠪᠣᠯᠤᠭᠰᠠᠨ᠃ ᠢᠩᠭᠢᠵᠦ ᠬᠦᠮᠦᠨ ᠲᠥᠷᠥᠯᠬᠢᠲᠡᠨ ᠳᠦ ᠭᠠᠶᠢᠬᠠᠮᠰᠢᠭᠲᠤ ᠰᠠᠶᠢᠬᠠᠨ ᠲᠣᠭᠯᠠᠭᠠᠮ ᠢ ᠪᠡᠯᠡᠭᠯᠡᠭᠰᠡᠨ ᠡᠨᠡ ᠬᠦᠮᠦᠨ ᠢ ᠮᠥᠩᠬᠡᠵᠢᠭᠦᠯᠦᠨ ᠬᠦᠨᠳᠦᠳᠬᠡᠯ ᠢᠯᠡᠷᠬᠡᠶᠢᠯᠡᠭᠰᠡᠨ ᠶᠤᠮ᠃ ᠵ᠃ ᠨᠧᠢᠰᠮᠢᠲ 1861 ᠤᠨ ᠳᠤ ᠺᠠᠨ ᠳᠤ ᠤᠯᠤᠰ ᠲᠤ ᠲᠥᠷᠦᠭᠡᠳ 1939 ᠤᠨ ᠳᠤ ᠨᠠᠰᠤ ᠪᠠᠷᠠᠭᠰᠠᠨ᠃ ᠮᠡᠳᠡᠭᠡᠵᠢ ᠲᠣᠭᠯᠠᠭᠠᠮ ᠤᠨ ᠰᠢᠨ᠎ᠡ ᠲᠥᠷᠥᠯ ᠢ ᠰᠡᠳᠦᠵᠦ ᠣᠯᠬᠤ ᠶᠢᠨ ᠲᠤᠯᠠᠳᠠ ᠡᠷᠲᠡ ᠳᠡᠭᠡᠷ᠎ᠡ ᠦᠶ᠎ᠡ ᠳᠦ ᠠᠮᠧᠷᠢᠺᠠ ᠲᠢᠪ ᠲᠦ ᠳᠡᠯᠭᠡᠷᠴᠢ ᠪᠠᠶᠢᠭᠰᠠᠨ ᠪᠥᠮᠪᠥᠭᠡ ᠲᠡᠢ ᠲᠣᠭᠯᠠᠭᠠᠮ ᠤᠨ ᠲᠡᠦᠬᠡᠨ ᠮᠡᠳᠡᠭᠡ ᠪᠠᠷᠢᠮᠲᠠ ᠨᠤᠭᠤᠳ ᠢ ᠠᠰᠢᠭᠯᠠᠭᠰᠠᠨ ᠨᠢ ᠣᠶᠢᠯᠠᠭᠠᠮᠵᠢᠲᠠᠢ᠃ ᠵᠢᠱᠢᠶ᠎ᠡ ᠨᠢ ᠣᠳᠣ ᠠᠴᠠ 2000 ᠵᠢᠯ ᠦᠨ ᠲᠡᠷᠲᠡᠭᠡ ᠮᠧᠺᠰᠢᠺ ᠤᠨ ᠨᠤᠲᠤᠭ ᠳᠡᠭᠡᠷ᠎ᠡ ᠠᠮᠢᠳᠤᠷᠠᠵᠤ ᠪᠠᠶᠢᠭᠰᠠᠨ ᠢᠨᠺ ᠮᠠᠶᠢᠶ᠎ᠠ ᠭᠡᠳᠡᠭ ᠣᠪᠤᠭ ᠤᠨ ᠬᠢᠨ 《ᠫᠣᠺ ᠲᠠ ᠫᠣᠺ》 ᠪᠥᠮᠪᠥᠭᠡ ᠲᠡᠢ ᠲᠣᠭᠯᠠᠭᠠᠮ ᠲᠣᠭᠯᠠᠵᠤ ᠪᠠᠶᠢᠴᠠᠢ᠃ ᠲᠣᠭᠯᠠᠭᠠᠮ ᠤᠨ ᠭᠣᠣᠯ ᠵᠣᠷᠢᠯᠭ᠎ᠠ ᠨᠢ ᠡᠭᠴᠡ ᠪᠣᠰᠤᠭ᠎ᠠ ᠬᠠᠨᠠᠨ ᠳᠤ ᠪᠠᠶᠢᠷᠢᠯᠠᠭᠤᠯᠤᠭᠰᠠᠨ ᠴᠢᠯᠠᠭᠤᠨ ᠴᠠᠭᠠᠷᠢᠭ ᠲᠤ ᠪᠥᠮᠪᠥᠭᠡ ᠶᠢ ᠰᠢᠳᠡᠵᠦ ᠤᠷᠤᠭᠤᠯᠬᠤ ᠶᠠᠪᠤᠳᠠᠯ ᠪᠠᠶᠢᠯ᠎ᠠ᠃ ᠮᠥᠨ XVI ᠵᠠᠭᠤᠨ ᠤ ᠦᠶ᠎ᠡ ᠳᠦ ᠠᠴᠲ᠋ᠧᠺ ᠤᠳ 《ᠣᠯᠯᠮᠠᠯᠢᠲ᠋ᠦᠶᠢᠯ》 ᠨᠡᠷ᠎ᠡ ᠲᠡᠢ ᠲᠣᠭᠯᠠᠭᠠᠮ ᠺᠠᠤᠢᠴᠤᠤᠶᠢᠨ ᠪᠥᠮᠪᠥᠭᠡ ᠪᠡᠷ ᠴᠢᠯᠠᠭᠤᠨ ᠴᠠᠭᠠᠷᠢᠭ ᠲᠤ ᠰᠢᠳᠡᠨ ᠲᠣᠭᠯᠠᠵᠤ ᠪᠠᠶᠢᠭᠰᠠᠨ ᠪᠠᠶᠢᠨ᠎ᠠ᠃ ᠳᠵ.ᠨᠧᠢᠰᠮᠢᠲ ᠽᠠᠯ ᠤᠨ ᠲᠠᠭᠲᠤᠨ /ᠪᠠᠯᠺᠣᠨ/ ᠳᠡᠭᠡᠷ᠎ᠡ ᠵᠢᠮᠢᠰᠦᠨ ᠦ 2 ᠰᠠᠭᠰᠤ ᠪᠠᠶᠢᠷᠢᠯᠠᠭᠤᠯᠤᠭᠠᠳ ᠪᠥᠮᠪᠥᠭᠡ ᠰᠢᠳᠡᠭᠦᠯᠳᠡᠭ ᠪᠠᠶᠢᠭᠰᠠᠨ᠃ ᠭᠢᠮᠨᠡᠰᠲ᠋ᠢᠺ ᠦᠨ ᠽᠠᠯᠠᠨ ᠤ ᠲᠠᠭᠲᠤᠨ ᠤ ᠥᠨᠳᠥᠷ 3 ᠮ 05 ᠰᠠᠨᠲ᠋ᠢᠮᠧᠲ᠋ᠷ ᠪᠠᠶᠢᠭᠰᠠᠨ ᠪᠠ ᠡᠨᠡ ᠬᠡᠮᠵᠢᠶ᠎ᠡ ᠣᠳᠣ ᠬᠦᠷᠲᠡᠯ᠎ᠡ ᠰᠠᠭᠰᠤᠨ ᠪᠥᠮᠪᠥᠭᠡ ᠶᠢᠨ ᠴᠠᠭᠠᠷᠢᠭ ᠤᠨ ᠥᠨᠳᠥᠷ ᠪᠣᠯᠤᠨ ᠬᠠᠳᠠᠭᠠᠯᠠᠭᠰᠠᠭᠠᠷ ᠦᠯᠡᠳᠡᠵᠡᠢ᠃ ᠪᠥᠮᠪᠥᠭᠡ ᠶᠢ ᠰᠠᠭᠰᠤᠨ ᠳᠤ ᠰᠢᠳᠡᠵᠦ ᠣᠷᠣᠭᠤᠯᠵᠤ ᠪᠠᠶᠢᠭᠰᠠᠨ ᠤᠴᠢᠷ ᠠᠴᠠ /Basket –ᠰᠠᠭᠰᠤ᠂ ball ᠍ ᠪᠥᠮᠪᠥᠭᠡ/ ᠰᠠᠭᠰᠤᠨ ᠪᠥᠮᠪᠥᠭᠡ ᠨᠡᠷ᠎ᠡ ᠶᠢ ᠣᠯᠵᠠᠢ᠃ ᠵ᠃ ᠨᠧᠢᠰᠮᠢᠲ 1891 ᠤᠨ ᠤ XII ᠰᠠᠷ᠎ᠠ ᠳᠤ ᠰᠢᠨ᠎ᠡ ᠲᠣᠭᠯᠠᠭᠠᠮ ᠤᠨ ᠢᠶᠠᠨ ᠳᠦᠷᠢᠮ ᠢ ᠪᠢᠴᠢᠵᠦ ᠠᠩᠬᠠᠨ ᠤ ᠪᠠᠨ ᠲᠡᠮᠡᠴᠡᠭᠡᠨ ᠢ ᠵᠣᠬᠢᠶᠠᠨ ᠪᠠᠶᠢᠭᠤᠯᠵᠤ 1892 ᠤᠨ ᠳᠤ ᠰᠠᠭᠰᠤᠨ ᠪᠥᠮᠪᠥᠭᠡ ᠶᠢᠨ ᠳᠦᠷᠢᠮ ᠦᠨ ᠨᠣᠮ ᠢᠶᠠᠨ ᠬᠡᠪᠯᠡᠭᠦᠯᠵᠡᠢ᠃ ᠡᠨᠡ ᠳᠦᠷᠢᠮ ᠦᠨ ᠨᠣᠮ ᠨᠢ 13 ᠍ ᠶᠢᠨ ᠵᠦᠢᠯ ᠡᠴᠡ ᠪᠦᠷᠢᠳᠳᠡᠭ ᠪᠥᠭᠡᠳ ᠡᠳᠡᠭᠡᠷ ᠦᠨ ᠶᠡᠬᠡᠩᠬᠢ ᠨᠢ ᠣᠷᠴᠢᠨ ᠦᠶ᠎ᠡ ᠶᠢᠨ ᠰᠠᠭᠰᠤᠨ ᠪᠥᠮᠪᠥᠭᠡ ᠶᠢᠨ ᠳᠦᠷᠮᠡᠨ ᠳᠦ ᠦᠢᠯᠡᠴᠢᠯᠡᠭᠰᠡᠭᠡᠷ ᠪᠠᠶᠢᠨ᠎ᠠ᠃ 1895 ᠤᠨ ᠠᠴᠠ ᠡᠬᠢᠯᠡᠨ ᠴᠠᠭᠠᠷᠢᠭ ᠢ ᠰᠠᠮᠪᠠᠷ᠎ᠠ ᠳᠤ ᠪᠡᠬᠢᠯᠡᠬᠦ ᠪᠣᠯᠤᠭᠰᠠᠨ ᠢᠶᠠᠷ ᠲᠡᠮᠡᠴᠡᠭᠡᠨ ᠦ ᠳᠦᠷᠢᠮ ᠳᠦ ᠪᠠᠭ᠎ᠠ ᠵᠡᠷᠭᠡ ᠥᠭᠡᠷᠡᠴᠢᠯᠡᠯᠲᠡ ᠣᠷᠣᠭᠰᠠᠨ᠃ ᠲᠠᠭᠲᠤᠨ ᠳᠡᠭᠡᠷ᠎ᠡ ᠵᠣᠭᠰᠣᠭᠠᠳ ᠲᠡᠮᠡᠴᠡᠭᠡᠨ ᠦᠵᠡᠵᠦ ᠪᠤᠢ ᠰᠡᠳᠬᠢᠯ ᠦᠨ ᠬᠥᠳᠡᠯᠭᠡᠭᠡᠨᠲᠡᠢ ᠬᠥᠭᠵᠢᠶᠡᠨ ᠳᠡᠮᠵᠢᠭᠴᠢᠳ ᠵᠠᠷᠢᠮ ᠳᠤ ᠪᠠᠨ ᠥᠪᠡᠷ ᠦᠨ ᠢᠶᠡᠨ ᠪᠠᠭ ᠲᠤ ᠲᠤᠰᠠᠯᠠᠬᠤ ᠵᠣᠷᠢᠯᠭ᠎ᠠ ᠪᠠᠷ ᠪᠥᠮᠪᠥᠭᠡ ᠶᠢ ᠪᠠᠷᠢᠵᠤ ᠠᠪᠴᠤ ᠡᠰᠡᠷᠡᠭ ᠪᠠᠭ ᠤᠨ ᠢᠶᠠᠨ ᠴᠠᠭᠠᠷᠢᠭ ᠲᠤ ᠬᠢᠳᠡᠭ ᠪᠠᠶᠢᠭᠰᠠᠨ ᠲᠤᠯᠠ ᠴᠠᠭᠠᠷᠢᠭ ᠢ ᠬᠠᠮᠠᠭᠠᠯᠠᠬᠤ ᠵᠣᠷᠢᠯᠭ᠎ᠠ ᠪᠠᠷ ᠰᠠᠮᠪᠠᠷ᠎ᠠ ᠶᠢ ᠠᠰᠢᠭᠯᠠᠬᠤ ᠪᠣᠯᠵᠠᠢ᠃

 ᠰᠠᠭᠰᠤᠨ ᠪᠥᠮᠪᠥᠭᠡ ᠶᠢᠨ ᠬᠥᠭᠵᠢᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠥᠭᠵᠢᠯ ᠦᠨ ᠶᠠᠪᠤᠴᠠᠯ ᠲᠣᠭᠯᠠᠯᠲᠠ ᠶᠢᠨ ᠳᠦᠷᠢᠮ᠂ ᠲᠣᠨᠣᠭ ᠲᠥᠬᠥᠭᠡᠷᠦᠮᠵᠢ᠂ ᠲᠠᠮᠢᠷᠴᠢᠳ ᠤᠨ ᠬᠤᠪᠴᠠᠰᠤ ᠬᠡᠷᠡᠭᠯᠡᠯ᠂ ᠥᠭᠡᠷᠡᠴᠢᠯᠡᠭᠳᠡᠨ ᠬᠥᠭᠵᠢᠭᠰᠡᠭᠡᠷ ᠢᠷᠡᠵᠡᠢ᠃ 1893 ᠤᠨ ᠳᠤ ᠠᠩᠬ᠎ᠠ ᠲᠣᠷᠣ ᠲᠠᠢ ᠲᠡᠮᠦᠷ ᠴᠠᠭᠠᠷᠢᠭ᠂ 1894 ᠤᠨ ᠳᠤ ᠪᠥᠮᠪᠦᠭᠡᠨ ᠦ ᠲᠣᠭᠣᠷᠢᠭ 76᠂2-81᠂3 ᠰᠠᠨᠲ᠋ᠢᠮᠧᠲ᠋ᠷ ᠬᠡᠮᠵᠢᠶ᠎ᠡ ᠲᠡᠢ ᠪᠣᠯᠤᠭᠰᠠᠨ᠃ 1895 ᠤᠨ ᠳᠤ ᠠᠩᠬ᠎ᠠ 15 ᠹᠦᠲ ᠡᠴᠡ ᠲᠣᠷᠭᠠᠭᠤᠯᠢ ᠶᠢᠨ ᠰᠢᠳᠡᠯᠲᠡ ᠬᠢᠵᠦ ᠡᠬᠢᠯᠡᠭᠰᠡᠨ᠃

〈〉〈ᠬᠥᠭᠵᠢᠯ ᠦᠨ ᠦᠶ᠎ᠡ ᠱᠠᠲᠤ〉〈〉 I ᠦᠶ᠎ᠡ ᠱᠠᠲᠤ 1891-1918 ᠤᠨ᠃ ᠲᠣᠭᠯᠠᠭᠠᠮ ᠤᠨ ᠰᠢᠨ᠎ᠡ ᠲᠥᠷᠥᠯ ᠪᠤᠢ ᠪᠣᠯᠤᠭᠰᠠᠨ᠃ ᠰᠠᠭᠰᠤᠨ ᠪᠥᠮᠪᠥᠭᠡ ᠨᠢ ᠥᠪᠡᠷ ᠦᠨ ᠪᠦᠬᠦᠢ ᠯᠠ ᠣᠨᠴᠠᠯᠢᠭ ᠢᠶᠠᠷ ᠢᠶᠠᠨ ᠢᠯᠭᠠᠷᠠᠨ ᠰᠫᠣᠷᠲ ᠲᠣᠭᠯᠠᠭᠠᠮ ᠤᠨ ᠪᠡᠶ᠎ᠡ ᠪᠡᠨ ᠳᠠᠭᠠᠭᠰᠠᠨ ᠲᠥᠷᠥᠯ ᠪᠣᠯᠵᠤ ᠬᠥᠭᠵᠢᠭᠰᠡᠨ᠃ ᠠᠮᠧᠷᠢᠺᠠ ᠶᠢᠨ ᠨᠢᠭᠡᠳᠦᠭᠰᠡᠨ ᠤᠯᠤᠰ ᠳᠠᠶᠠᠭᠠᠷ ᠲᠦᠷᠭᠡᠨ ᠲᠠᠷᠬᠠᠬᠤ ᠶᠢᠨ ᠵᠡᠷᠭᠡᠴᠡᠭᠡ ᠪᠥᠮᠪᠥᠭᠡ ᠪᠠᠷᠢᠬᠤ᠂ ᠳᠠᠮᠵᠢᠭᠤᠯᠬᠤ᠂ ᠱᠢ ᠳᠦ ᠬᠢ ᠵᠡᠷᠭᠡ ᠲᠧᠭᠨᠢᠭ ᠦᠳ ᠭᠠᠷᠴᠤ ᠢᠷᠡᠭᠰᠡᠨ᠃ ᠲᠠᠺᠲ᠋ᠢᠭ ᠤᠨ ᠬᠤᠪᠢ ᠳᠤ ᠲᠣᠭᠯᠠᠭᠴᠢᠳ ᠢ ᠳᠣᠪᠲᠣᠯᠤᠭᠴᠢ᠂ ᠬᠠᠮᠠᠭᠠᠯᠠᠭᠴᠢ ᠭᠡᠵᠦ ᠠᠩᠭᠢᠯᠠᠬᠤ ᠪᠣᠯᠵᠠᠢ᠃ ᠰᠠᠭᠰᠤᠨ ᠪᠥᠮᠪᠥᠭᠡ ᠨᠢ ᠧᠦ᠋ᠷᠣᠫᠠ᠂ ᠡᠮᠦᠨᠡᠲᠦ ᠠᠮᠧᠷᠢᠺᠠ ᠳᠤ ᠥᠷᠭᠡᠨ ᠳᠡᠯᠭᠡᠷᠴᠢ ᠡᠬᠢᠯᠡᠭᠰᠡᠨ᠃

II ᠦᠶ᠎ᠡ ᠱᠠᠲᠤ 1919-1931 ᠤᠨ᠃ ᠰᠠᠭᠰᠤᠨ ᠪᠥᠮᠪᠥᠭᠡ ᠶᠢᠨ ᠦᠨᠳᠦᠰᠦᠨ ᠦ ᠬᠣᠯᠪᠣᠭ᠎ᠠ ᠳᠤ ᠪᠤᠢ ᠪᠣᠯᠤᠭᠰᠠᠨ᠃ 1927 ᠤᠨ ᠳᠤ ᠵᠧᠨᠧᠦ᠋ᠲ᠋ ᠰᠫᠷᠢᠩ ᠢᠹᠢᠳ ᠤᠨ ᠳ᠋ᠣᠺᠲ᠋ᠣ ᠡᠯᠮᠧᠷ ᠪᠧᠷᠠᠷ ᠢᠶᠠᠷ ᠤᠳᠤᠷᠢᠳᠤᠭᠤᠯᠤᠭᠰᠠᠨ ᠪᠡᠶ᠎ᠡ ᠶᠢᠨ ᠲᠠᠮᠢᠷ ᠤᠨ ᠪᠣᠯᠪᠠᠰᠤᠷᠠᠯ ᠣᠯᠭᠣᠬᠤ ᠰᠤᠷᠭᠠᠭᠤᠯᠢ ᠪᠠᠶᠢᠭᠤᠯᠤᠭᠳᠠᠭᠰᠠᠨ᠃ ᠲᠤᠰ ᠰᠤᠷᠭᠠᠭᠤᠯᠢ ᠶᠢᠨ ᠭᠣᠣᠯ ᠵᠣᠷᠢᠯᠭ᠎ᠠ ᠨᠢ ᠧᠦᠢᠷᠣᠫᠠ ᠪᠣᠯᠤᠨ ᠪᠤᠰᠤᠳ ᠲᠢᠪ ᠦᠳ ᠲᠦ ᠰᠠᠭᠰᠤᠨ ᠪᠥᠮᠪᠥᠭᠡ ᠶᠢ ᠳᠡᠯᠭᠡᠷᠡᠭᠦᠯᠬᠦ ᠶᠠᠪᠤᠳᠠᠯ ᠪᠠᠶᠢᠯ᠎ᠠ᠃ ᠰᠠᠭᠰᠤᠨ ᠪᠥᠮᠪᠥᠭᠡ ᠨᠢ ᠴᠧᠬᠣᠰᠯᠣᠸᠠᠺ᠂ ᠯᠠᠲ᠋ᠸᠢ᠂ ᠡᠰᠲ᠋ᠣᠨᠢ᠂ ᠯᠢᠲ᠋ᠸᠠ᠂ ᠢᠲᠠᠯᠢ᠂ ᠹᠷᠠᠨᠼᠢ ᠵᠡᠷᠭᠡ ᠣᠷᠣᠨ ᠨᠤᠭᠤᠳ ᠲᠤ ᠥᠷᠭᠡᠨ ᠳᠡᠯᠭᠡᠷᠡᠬᠦ ᠶᠢᠨ ᠵᠡᠷᠭᠡᠴᠡᠭᠡ ᠣᠯᠠᠨ ᠤᠯᠤᠰ ᠤᠨ ᠨᠥᠬᠥᠷᠰᠡᠭ ᠠᠭᠤᠯᠵᠠᠯᠲᠠ ᠲᠡᠮᠡᠴᠡᠭᠡᠨ ᠨᠦᠭᠦᠳ ᠵᠣᠬᠢᠶᠠᠭᠳᠠᠬᠤ ᠪᠣᠯᠤᠭᠰᠠᠨ᠃ 1919 ᠤᠨ ᠳᠤ ᠠᠮᠧᠷᠢᠺᠠ᠂ ᠢᠲᠠᠯᠢ᠂ ᠹᠷᠠᠨᠼᠢ ᠶᠢᠨ ᠠᠷᠮᠢ ᠶᠢᠨ ᠰᠢᠭᠰᠢᠭᠡ ᠪᠠᠭ ᠤᠳ ᠤᠨ ᠳᠤᠮᠳᠠ ᠣᠯᠠᠨ ᠤᠯᠤᠰ ᠤᠨ ᠠᠩᠬᠠᠨ ᠤ ᠲᠡᠮᠡᠴᠡᠭᠡᠨ ᠵᠣᠬᠢᠶᠠᠭᠳᠠᠵᠠᠢ᠃

III ᠦᠶ᠎ᠡ ᠱᠠᠲᠤ 1932-1947 ᠤᠨ᠃ ᠰᠠᠭᠰᠤᠨ ᠪᠥᠮᠪᠥᠭᠡ ᠶᠢ ᠳᠡᠯᠡᠬᠡᠢ ᠨᠡᠶᠢᠲᠡ ᠪᠡᠷ ᠬᠥᠭᠵᠢᠭᠦᠯᠬᠦ ᠦᠶ᠎ᠡ᠃ 1932 ᠤᠨ ᠤ VI ᠰᠠᠷ᠎ᠠ ᠶᠢᠨ 18 ᠍ ᠳᠦ ᠰᠠᠭᠰᠤᠨ ᠪᠥᠮᠪᠥᠭᠡ ᠶᠢᠨ ᠲᠡᠦᠬᠡᠨ ᠭᠠᠶᠢᠬᠠᠮᠰᠢᠭᠲᠤ ᠦᠢᠯᠡ ᠶᠠᠪᠤᠳᠠᠯ ᠪᠣᠯᠤᠭᠰᠠᠨ ᠨᠢ ᠣᠯᠠᠨ ᠤᠯᠤᠰ ᠤᠨ ᠰᠠᠭᠰᠤᠨ ᠪᠥᠮᠪᠥᠭᠡ ᠶᠢᠨ ᠬᠣᠯᠪᠣᠭ᠎ᠠ /Federation Internationale de Basketball Amateur/ ᠪᠠᠶᠢᠭᠤᠯᠤᠭᠳᠠᠭᠰᠠᠨ ᠶᠠᠪᠤᠳᠠᠯ ᠶᠤᠮ᠃ 8 ᠣᠷᠣᠨ ᠤ (ᠠᠷᠭᠧᠨᠲ᠋ᠢᠨ᠂ ᠭᠷᠧᠺ᠂ ᠢᠲᠠᠯᠢ᠂ ᠯᠠᠲ᠋ᠸᠢ᠂ ᠫᠣᠷᠲᠤᠭᠠᠯᠢ᠂ ᠷᠣᠮ ᠤᠨ᠂ ᠱᠸᠧᠢᠽᠠᠷᠢ᠂ ᠴᠧᠬᠣᠰᠯᠣᠸᠠᠺ) ᠍ ᠤᠨ ᠦᠨᠳᠦᠰᠦᠨ ᠦ ᠬᠣᠯᠪᠣᠭᠠᠳ ᠤᠨ ᠲᠥᠯᠥᠭᠡᠯᠡᠭᠴᠢᠳ ᠣᠷᠣᠯᠴᠠᠭᠰᠠᠨ ᠣᠯᠠᠨ ᠤᠯᠤᠰ ᠤᠨ ᠪᠠᠭ᠎ᠠ ᠬᠤᠷᠠᠯ ᠢᠶᠠᠷ Federation Internationale de Basketball Amateur ᠍ ᠢ ᠪᠠᠶᠢᠭᠤᠯᠤᠭᠰᠠᠨ ᠲᠤᠬᠠᠢ ᠶᠢ ᠪᠠᠨ ᠰᠠᠨᠠᠯ ᠨᠢᠭᠡᠲᠡᠢ ᠮᠡᠳᠡᠭᠳᠡᠵᠦ ᠠᠯᠪᠠᠨ ᠶᠣᠰᠣᠨ ᠤ ᠪᠠᠨ ᠳᠦᠷᠢᠮ ᠢᠶᠡᠨ ᠪᠠᠲᠤᠯᠠᠭᠰᠠᠨ᠃ 1935 ᠤᠨ ᠳᠤ ᠣᠯᠠᠨ ᠤᠯᠤᠰ ᠤᠨ ᠣᠯᠢᠮᠫ ᠤᠨ ᠬᠣᠷᠢᠶ᠎ᠠ ᠰᠠᠭᠰᠤᠨ ᠪᠥᠮᠪᠥᠭᠡ ᠶᠢᠨ ᠰᠫᠣᠷᠲ ᠢ ᠣᠯᠢᠮᠫ ᠤᠨ ᠲᠥᠷᠥᠯ ᠳᠦ ᠤᠷᠤᠯᠴᠠᠬᠤ ᠰᠢᠢᠳᠪᠦᠷᠢ ᠭᠠᠷᠭᠠᠵᠤ ᠤᠯᠠᠮ ᠢᠶᠠᠷ ᠪᠧᠷᠯᠢᠨ ᠳᠦ ᠪᠣᠯᠤᠭᠰᠠᠨ ᠣᠯᠢᠮᠫ ᠤᠨ XI ᠲᠣᠭᠯᠠᠯᠲᠠᠨ ᠳᠤ 21 ᠣᠷᠣᠨ ᠤ ᠪᠠᠭ ᠲᠠᠮᠢᠷᠴᠢᠳ ᠣᠷᠣᠯᠴᠠᠭᠰᠠᠨ ᠠᠴᠠ ᠠᠮᠧᠷᠢᠺᠠ ᠶᠢᠨ ᠪᠠᠭ ᠠᠪᠤᠷᠭᠤ ᠪᠣᠯᠵᠠᠢ᠃ ᠲᠤᠰ ᠲᠣᠭᠯᠠᠯᠲᠠᠨ ᠳᠤ I ᠳᠵ.ᠨᠧᠢᠰᠮᠢᠲ ᠬᠦᠨᠳᠦᠲᠦ ᠵᠣᠴᠢᠨ ᠢᠶᠠᠷ ᠣᠷᠣᠯᠴᠠᠭᠰᠠᠨ ᠪᠠᠶᠢᠨ᠎ᠠ᠃

IV ᠦᠶ᠎ᠡ ᠱᠠᠲᠤ 1948-1965 ᠤᠨ᠃ ᠲᠧᠭᠨᠢᠭ ᠲᠠᠺᠲ᠋ᠢᠭ ᠤᠨ ᠤᠷ᠎ᠠ ᠴᠢᠳᠠᠪᠤᠷᠢ ᠡᠷᠡᠰ ᠨᠡᠮᠡᠭᠳᠡᠵᠦ ᠰᠣᠨᠢᠷᠬᠠᠭᠴᠢᠳ ᠤᠨ ᠪᠠ ᠮᠡᠷᠭᠡᠵᠢᠯ ᠦᠨ ᠰᠠᠭᠰᠤᠨ ᠪᠥᠮᠪᠥᠭᠡ ᠭᠡᠰᠡᠨ 2 ᠴᠢᠭᠯᠡᠯ᠎ᠡ ᠪᠡᠷ ᠬᠥᠭᠵᠢᠬᠦ ᠪᠣᠯᠤᠭᠰᠠᠨ᠃ ᠲᠣᠭᠯᠠᠭᠴᠢᠳ ᠤᠨ ᠲᠧᠭᠨᠢᠭ᠂ ᠲᠠᠺᠲ᠋ᠢᠭ ᠤᠨ ᠤᠷ᠎ᠠ ᠴᠢᠳᠠᠪᠤᠷᠢ ᠶᠢ ᠣᠭᠴᠣᠮ ᠨᠡᠮᠡᠭᠳᠡᠭᠦᠯᠬᠦ ᠳᠦ ᠳᠣᠣᠷᠠᠬᠢ ᠬᠦᠴᠦᠨ ᠵᠦᠢᠯ ᠦᠳ ᠴᠢᠬᠤᠯᠠ ᠨᠥᠯᠥᠭᠡ ᠦᠵᠡᠭᠦᠯᠦᠭᠰᠡᠨ. • ᠠᠮᠧᠷᠢᠺᠠ ᠳᠤ ᠦᠨᠳᠦᠰᠦᠨ ᠦ ᠰᠠᠭᠰᠤᠨ ᠪᠥᠮᠪᠥᠭᠡ ᠶᠢᠨ ᠬᠣᠯᠪᠣᠭ᠎ᠠ /NBA/ • ᠮᠡᠷᠭᠡᠵᠢᠯ ᠦᠨ ᠺᠯᠤᠶᠢᠪ ᠤᠳ ᠪᠠᠶᠢᠭᠤᠯᠤᠭᠳᠠᠭᠰᠠᠨ • ᠨᠢᠭᠡ ᠭᠠᠷ ᠢᠶᠠᠷ ᠱᠢ ᠳᠦ ᠬᠢ ᠲᠧᠭᠨᠢᠭ ᠥᠷᠭᠡᠨ ᠳᠡᠯᠭᠡᠷᠡᠭᠰᠡᠨ • ᠳᠣᠪᠲᠣᠯᠭᠠᠭ᠎ᠠ ᠶᠢ ᠲᠥᠪ ᠦᠨ ᠲᠣᠭᠯᠠᠭᠴᠢ ᠪᠠᠷ ᠳᠠᠮᠵᠢᠭᠤᠯᠤᠨ ᠶᠠᠪᠤᠭᠤᠯᠬᠤ ᠢᠵᠢ ᠪᠦᠷᠢᠨ ᠲᠣᠭᠯᠠᠯᠲᠠ ᠶᠢᠨ ᠰᠢᠰᠲ᠋ᠧᠮ ᠰᠢᠨ᠎ᠡ ᠪᠡᠷ ᠬᠡᠷᠡᠭᠯᠡᠭᠳᠡᠬᠦ ᠪᠣᠯᠤᠭᠰᠠᠨ᠃

ᠡᠳᠡᠭᠡᠷ ᠨᠢ ᠰᠠᠭᠰᠤᠨ ᠪᠥᠮᠪᠥᠭᠡ ᠶᠢ ᠴᠢᠨᠠᠭᠰᠢᠳᠠ ᠶᠢᠨ ᠬᠥᠭᠵᠢᠯᠳᠦ ᠥᠪᠡᠷᠮᠢᠴᠡ ᠬᠤᠪᠢᠰᠬᠠᠯ ᠪᠣᠯᠤᠭᠰᠠᠨ ᠶᠤᠮ᠃ ᠠᠮᠧᠷᠢᠺᠠ ᠶᠢᠨ ᠳᠠᠰᠬᠠᠯᠵᠢᠭᠤᠯᠤᠭᠴᠢ ᠲ ∙ ᠠᠷᠴᠧᠷ 1948 ᠤᠨ ᠳᠤ ᠠᠩᠬ᠎ᠠ 《ᠮᠢᠨᠢ ᠰᠠᠭᠰᠤᠨ ᠪᠥᠮᠪᠥᠭᠡ》 –ᠡᠶᠢᠭ ᠰᠠᠨᠠᠭᠠᠴᠢᠯᠠᠭᠰᠠᠨ᠃ ᠡᠨᠡ ᠨᠢ ᠵᠥᠪᠬᠡᠨ 8-12 ᠨᠠᠰᠤᠨ ᠤ ᠬᠡᠦᠬᠡᠳ ᠢ ᠰᠠᠭᠰᠤᠨ ᠪᠥᠮᠪᠥᠭᠡ ᠶᠢᠨ ᠰᠫᠣᠷᠲ ᠢᠶᠠᠷ ᠬᠢᠴᠢᠶᠡᠯᠯᠡᠭᠦᠯᠬᠦ ᠵᠣᠷᠢᠯᠭ᠎ᠠ ᠲᠠᠢ ᠭᠠᠷᠴᠤ ᠢᠷᠡᠵᠡᠢ᠃ ᠲᠣᠭᠯᠠᠯᠲᠠ ᠶᠢᠨ ᠳᠦᠷᠢᠮ ᠦᠨ ᠬᠤᠪᠢ ᠳᠤ ᠬᠢᠯᠪᠠᠷᠴᠢᠯᠠᠭᠰᠠᠨ᠂ ᠵᠢᠵᠢᠭ ᠪᠥᠮᠪᠥᠭᠡ ᠲᠡᠢ /67-72 ᠰᠠᠨᠲ᠋ᠢᠮᠧᠲ᠋ᠷ ᠲᠣᠭᠣᠷᠢᠭ ᠲᠠᠢ᠂ ᠵᠢᠩ ᠨᠢ 450-500 ᠭᠷᠦᠶᠢᠫ/᠂ ᠴᠠᠭᠠᠷᠢᠭ ᠤᠨ ᠥᠨᠳᠥᠷ ᠨᠢ 2 ᠮ 60 ᠰᠠᠨᠲ᠋ᠢᠮᠧᠲ᠋ᠷ᠂ ᠰᠠᠮᠪᠠᠷ᠎ᠠ ᠠᠴᠠ ᠲᠣᠷᠭᠠᠭᠤᠯᠢ ᠶᠢᠨ ᠰᠢᠳᠡᠯᠲᠡ ᠶᠢᠨ ᠱᠤᠭᠤᠮ ᠬᠦᠷᠲᠡᠯ᠎ᠡ 4 ᠮ ᠵᠠᠶᠢᠲᠠᠢ ᠠᠵᠢ᠃ 1950 ᠤᠨ ᠳᠤ ᠠᠷᠭᠧᠨᠲ᠋ᠢᠨ ᠳᠤ ᠡᠷᠡᠭᠲᠡᠶᠢᠴᠦᠳ ᠦᠨ᠂ 1953 ᠤᠨ ᠳᠤ ᠴᠢᠯᠢ ᠳᠤ ᠡᠮᠡᠭᠲᠡᠶᠢᠴᠦᠳ ᠦᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠠᠩᠬᠠᠨ ᠤ ᠲᠡᠮᠡᠴᠡᠭᠡᠨ ᠨᠦᠭᠦᠳ ᠵᠣᠬᠢᠶᠠᠭᠳᠠᠵᠤ ᠠᠷᠭᠧᠨᠲ᠋ᠢᠨ /ᠡᠷᠡᠭᠲᠡᠢ/᠂ ᠠᠮᠧᠷᠢᠺᠠ /ᠡᠮᠡᠭᠲᠡᠢ/ ᠪᠠᠭ ᠤᠳ ᠠᠪᠤᠷᠭᠤ ᠪᠣᠯᠵᠤ ᠪᠠᠶᠢᠴᠠᠢ᠃ 1950 ᠤᠨ ᠤ ᠡᠬᠢ ᠪᠡᠷ ᠰᠠᠭᠰᠤᠨ ᠪᠥᠮᠪᠥᠭᠡ ᠳᠦ ᠳᠣᠪᠲᠣᠯᠭ᠎ᠠ ᠵᠣᠩᠬᠢᠯᠠᠬᠤ ᠳᠤ ᠨᠦᠯᠦᠭᠡᠯᠡᠬᠦ ᠬᠦᠴᠦᠨ ᠵᠦᠢᠯ ᠦᠳ ᠭᠠᠷᠤᠭᠰᠠᠨ ᠨᠢ᠄ • ᠳᠣᠪᠲᠣᠯᠭᠠᠨ ᠤ ᠲᠧᠭᠨᠢᠭ ᠲᠠᠺᠲ᠋ᠢᠺ᠂ ᠬᠠᠮᠠᠭᠠᠯᠠᠯᠲᠠ ᠶᠢᠨ ᠲᠧᠭᠨᠢᠭ ᠲᠠᠺᠲ᠋ᠢᠭ ᠠᠴᠠ ᠳᠠᠪᠠᠮᠠᠭᠠᠶᠢᠯᠠᠵᠤ ᠢᠷᠡᠪᠡ. • ᠪᠠᠭ ᠤᠳ ᠲᠤ ᠥᠨᠳᠥᠷ ᠨᠢᠷᠤᠭᠤ ᠲᠠᠢ ᠲᠣᠭᠯᠠᠭᠴᠢᠳ ᠤᠨ ᠡᠵᠡᠯᠡᠬᠦ ᠬᠤᠪᠢ ᠨᠡᠮᠡᠭᠳᠡᠭᠰᠡᠨ 1965 ᠤᠨ ᠳᠤ Federation Internationale de Basketball Amateur –ᠳ ᠳᠡᠯᠡᠬᠡᠢ ᠶᠢᠨ 122 ᠣᠷᠣᠨ ᠭᠡᠰᠢᠭᠦᠨ ᠢᠶᠡᠷ ᠡᠯᠰᠡᠭᠰᠡᠨ ᠪᠠᠶᠢᠯ᠎ᠠ. V ᠦᠶ᠎ᠡ ᠱᠠᠲᠤ 1965 ᠤᠨ ᠠᠴᠠ ᠬᠣᠶᠢᠰᠢᠬᠢ ᠦᠶ᠎ᠡ ᠶᠢ ᠰᠠᠭᠰᠤᠨ ᠪᠥᠮᠪᠥᠭᠡ ᠶᠢᠨ ᠰᠫᠣᠷᠲ ᠥᠪᠡᠷ ᠦᠨ ᠢᠶᠡᠨ ᠡᠮᠦᠨ᠎ᠡ ᠲᠤᠯᠭᠠᠷᠠᠭᠰᠠᠨ ᠠᠰᠠᠭᠤᠳᠠᠯ ᠤᠳ ᠢ ᠳᠠᠪᠠᠨ ᠲᠤᠭᠤᠯᠵᠤ ᠢᠳᠡ ᠬᠥᠭᠵᠢᠯ ᠦᠨ ᠢᠶᠡᠨ ᠵᠠᠮ ᠳᠤ ᠰᠢᠯᠵᠢᠭᠰᠡᠨ ᠳᠦ ᠲᠣᠭᠠᠴᠠᠳᠠᠭ᠃

 ᠮᠣᠩᠭᠣᠯ ᠣᠷᠣᠨ ᠳᠤ ᠰᠠᠭᠰᠤᠨ ᠪᠥᠮᠪᠥᠭᠡ ᠶᠢᠨ ᠰᠫᠣᠷᠲ ᠬᠥᠭᠵᠢᠭᠰᠡᠨ ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

1940 ᠍ ᠊ᠭᠡᠳ ᠤᠨ ᠤ ᠡᠴᠦᠰ ᠢᠶᠡᠷ ᠮᠠᠨ ᠤ ᠣᠷᠣᠨ ᠳᠤ ᠤᠷᠢᠭᠳᠠᠨ ᠢᠷᠡᠵᠦ ᠠᠵᠢᠯᠯᠠᠵᠤ ᠪᠠᠶᠢᠭᠰᠠᠨ ᠵᠥᠪᠯᠡᠯᠲᠦ ᠬᠢᠲᠠᠳ ᠤᠨ ᠮᠡᠷᠭᠡᠵᠢᠯᠲᠡᠨ ᠨᠦᠭᠦᠳ᠂ ᠠᠵᠢᠯᠴᠢᠳ ᠴᠢᠯᠦᠭᠡᠲᠦ ᠴᠠᠭ ᠢᠶᠠᠷ ᠢᠶᠠᠨ ᠰᠠᠭᠰᠤᠨ ᠪᠥᠮᠪᠥᠭᠡ ᠲᠣᠭᠯᠠᠵᠤ ᠲᠡᠳᠡᠨ ᠡᠴᠡ ᠣᠹᠢᠼᠧᠷ ᠤᠨ ᠰᠤᠷᠭᠠᠭᠤᠯᠢ ᠶᠢᠨ ᠰᠣᠨᠣᠰᠤᠭᠴᠢᠳ᠂ ᠵᠠᠷᠢᠮ ᠵᠠᠯᠠᠭᠤᠴᠤᠳ ᠰᠤᠷᠤᠯᠴᠠᠵᠤ ᠪᠠᠶᠢᠭᠰᠠᠨ ᠢᠶᠠᠷ ᠠᠩᠬᠠᠨ ᠤ ᠡᠬᠢ ᠡᠭᠦᠰᠪᠦᠷᠢ ᠨᠢ ᠲᠠᠯᠪᠢᠭᠳᠠᠭᠰᠠᠨ ᠭᠡᠬᠦ ᠪᠣᠯᠪᠠᠴᠤ ᠬᠡᠷᠡᠭᠯᠡᠯ ᠮᠠᠲ᠋ᠧᠷᠢᠶᠠᠯ ᠮᠠᠭᠤ ᠲᠠᠢ᠂ ᠽᠠᠯ ᠲᠠᠯᠠᠪᠠᠢ ᠴᠥᠭᠡᠨ ᠪᠠᠶᠢᠴᠠᠢ᠃ 1946 ᠤᠨ ᠳᠤ ᠶᠠᠪᠤᠭᠳᠠᠭᠰᠠᠨ ᠤᠯᠤᠰ ᠤᠨ ᠠᠩᠬᠠᠳᠤᠭᠠᠷ ᠰᠫᠠᠷᠲ᠋ᠢᠺᠠᠳ᠋ ᠍ ᠲᠤ ᠰᠫᠣᠷᠲ ᠤᠨ ᠰᠠᠶᠢᠨ ᠳᠤᠷ᠎ᠠ ᠶᠢᠨ 《ᠰᠤᠶᠤᠯ》᠂ 《ᠬᠥᠳᠡᠯᠮᠦᠷᠢ》 ᠵᠡᠷᠭᠡ ᠨᠡᠶᠢᠭᠡᠮᠯᠢᠭ ᠦᠳ ᠡᠴᠡ ᠲᠡᠷᠡ ᠦᠶ᠎ᠡ ᠶᠢᠨ ᠸᠣᠯᠧᠢᠪᠣᠯ ᠤᠨ ᠲᠡᠮᠡᠴᠡᠭᠡᠨ ᠳᠦ ᠣᠷᠣᠯᠴᠠᠵᠤ ᠪᠠᠶᠢᠭᠰᠠᠨ ᠲᠠᠮᠢᠷᠴᠢᠳ ᠠᠴᠠ ᠪᠦᠷᠢᠳᠦᠭᠰᠡᠨ ᠪᠠᠭ ᠤᠳ ᠰᠠᠭᠰᠤᠨ ᠪᠥᠮᠪᠥᠭᠡ ᠲᠣᠭᠯᠠᠵᠤ ᠪᠠᠶᠢᠴᠠᠢ᠃ 1954 ᠤᠨ ᠳᠤ ᠤᠯᠤᠰ ᠤᠨ ᠠᠪᠤᠷᠭᠤ ᠰᠢᠯᠭᠠᠷᠠᠭᠤᠯᠬᠤ ᠠᠯᠪᠠᠨ ᠶᠣᠰᠣᠨ ᠤ ᠠᠩᠬᠠᠨ ᠤ ᠲᠡᠮᠡᠴᠡᠭᠡᠨ ᠶᠠᠪᠤᠭᠳᠠᠵᠤ ᠡᠭᠦᠨ ᠳᠦ ᠨᠡᠶᠢᠭᠡᠮᠯᠢᠭ ᠦᠳ ᠦᠨ ᠡᠷᠡᠭᠲᠡᠢ᠂ ᠡᠮᠡᠭᠲᠡᠢ ᠪᠠᠭ ᠤᠳ ᠣᠷᠣᠯᠴᠠᠨ 《ᠰᠤᠶᠤᠯ》 ᠨᠡᠶᠢᠭᠡᠮᠯᠢᠭ ᠦᠨ ᠡᠷᠡᠭᠲᠡᠢ ᠪᠠᠭ ᠠᠪᠤᠷᠭᠤ ᠪᠣᠯᠵᠠᠢ᠃ 1959 ᠤᠨ ᠳᠤ ᠵᠣᠬᠢᠶᠠᠭᠳᠠᠭᠰᠠᠨ ᠮᠣᠩᠭᠣᠯ ᠤᠨ ᠵᠠᠯᠠᠭᠤᠴᠤᠳ ᠣᠶᠤᠲᠠᠨ ᠤ ᠠᠩᠬᠠᠳᠤᠭᠠᠷ ᠶᠡᠬᠡ ᠨᠠᠭᠠᠳᠤᠮ ᠤᠨ ᠲᠡᠮᠡᠴᠡᠭᠡᠨ ᠳᠦ 《ᠮᠣᠩᠭᠣᠯ ᠤᠯᠤᠰ ᠤᠨ ᠶᠡᠬᠡ ᠰᠤᠷᠭᠠᠭᠤᠯᠢ》᠂ 《ᠪᠠᠷᠢᠯᠭᠠᠴᠢᠨ》᠂ 《ᠵᠠᠯᠠᠭᠤᠴᠤᠳ》 ᠪᠠᠭ ᠤᠳ ᠲᠡᠷᠢᠭᠦᠨ ᠪᠠᠶᠢᠷᠢ ᠳᠤ ᠰᠢᠯᠭᠠᠷᠴᠢ ᠪᠠᠶᠢᠴᠠᠢ᠃ 1961 ᠤᠨ ᠤ ᠮᠣᠩᠭᠣᠯ ᠤᠨ ᠪᠦᠬᠦ ᠠᠷᠠᠳ ᠲᠦᠮᠡᠨ ᠦ ᠠᠩᠬᠠᠳᠤᠭᠠᠷ ᠰᠫᠠᠷᠲ᠋ᠢᠺᠠᠳ᠋ ᠍ ᠢᠶᠠᠷ ᠬᠣᠲᠠ ᠬᠥᠳᠡᠭᠡ ᠶᠢᠨ 24 ᠨᠡᠶᠢᠭᠡᠮᠯᠢᠭ᠂ 6 ᠶᠡᠬᠡ ᠳᠡᠭᠡᠳᠦ ᠰᠤᠷᠭᠠᠭᠤᠯᠢ ᠶᠢᠨ ᠡᠷᠡᠭᠲᠡᠢ ᠡᠮᠡᠭᠲᠡᠢ 60 ᠭᠠᠷᠤᠢ ᠪᠠᠭ ᠤᠨ ᠨᠡᠶᠢᠲᠡ 400 ᠍ ᠊ᠭᠠᠳ ᠲᠠᠮᠢᠷᠴᠢᠳ ᠣᠷᠣᠯᠴᠠᠵᠤ ᠬᠣᠲᠠ ᠠᠴᠠ᠂ ᠮᠣᠩᠭᠣᠯ ᠤᠯᠤᠰ ᠤᠨ ᠶᠡᠬᠡ ᠰᠤᠷᠭᠠᠭᠤᠯᠢ ᠤᠨ ᠪᠠᠭ ᠤᠨ ᠠᠬᠠᠯᠠᠭᠴᠢ ᠰ ∙ ᠴᠣᠶᠣᠨ ᠠᠩᠬᠠᠨ ᠤ ᠰᠫᠣᠷᠲ ᠤᠨ ᠮᠠᠰᠲ᠋ᠸᠷ ᠴᠣᠯᠠ ᠬᠦᠷᠲᠡᠭᠰᠡᠨ᠃ 1962 ᠤᠨ ᠳᠤ БНМАУ ᠍ ᠤᠨ ᠰᠠᠭᠰᠤᠨ ᠪᠥᠮᠪᠥᠭᠡ ᠰᠣᠨᠢᠷᠬᠠᠭᠴᠢᠳ ᠤᠨ ᠬᠣᠯᠪᠣᠭ᠎ᠠ ᠶᠢ ᠪᠠᠶᠢᠭᠤᠯᠤᠭᠰᠠᠨ᠃ 1950 ᠍ ᠊ᠭᠠᠳ ᠤᠨ ᠠᠴᠠ ᠠᠷᠠᠳ ᠤᠨ ᠠᠷᠮᠢ ᠶᠢᠨ ᠱᠤᠭᠤᠮ ᠢᠶᠠᠷ ᠮᠠᠨ ᠤ ᠲᠡᠷᠢᠭᠦᠨ ᠦ ᠰᠠᠭᠰᠤᠨ ᠪᠥᠮᠪᠦᠭᠡᠴᠢᠳ ᠬᠢᠲᠠᠳ᠂ ᠵᠥᠪᠯᠡᠯᠲᠦ ᠬᠣᠯᠪᠣᠭᠠᠲᠤ ᠤᠯᠤᠰ᠂ ᠧᠦ᠋ᠷᠣᠫᠠ ᠶᠢᠨ ᠰᠣᠴᠢᠶᠠᠯᠢᠰᠲᠤ ᠣᠷᠣᠨ ᠨᠤᠭᠤᠳ ᠲᠤ ᠣᠴᠢᠵᠤ ᠨᠥᠬᠥᠷᠰᠡᠭ ᠠᠭᠤᠯᠵᠠᠯᠲᠠ ᠲᠡᠮᠡᠴᠡᠭᠡᠨ ᠳᠦ ᠣᠷᠣᠯᠴᠠᠵᠤ ᠥᠪᠡᠷ ᠦᠨ ᠣᠷᠣᠨ ᠳᠤ ᠠᠬ᠎ᠠ ᠳᠡᠭᠦᠦ ᠠᠷᠮᠢ ᠨᠤᠭᠤᠳ ᠤᠨ ᠪᠣᠯᠤᠨ ᠪᠤᠰᠤᠳ ᠪᠠᠭ ᠲᠠᠮᠢᠷᠴᠢᠳ ᠢ ᠤᠷᠢᠵᠤ ᠠᠭᠤᠯᠵᠠᠯᠲᠠ ᠲᠡᠮᠡᠴᠡᠭᠡᠨ ᠵᠣᠬᠢᠶᠠᠳᠠᠭ ᠪᠣᠯᠤᠭᠰᠠᠨ ᠨᠢ ᠲᠠᠮᠢᠷᠴᠢᠳ ᠤᠨ ᠤᠷ᠎ᠠ ᠴᠢᠳᠠᠪᠤᠷᠢ ᠶᠢ ᠳᠡᠭᠡᠭᠰᠢᠯᠡᠭᠦᠯᠬᠦ᠂ ᠵᠠᠯᠠᠭᠤᠴᠤᠳ ᠥᠰᠪᠦᠷᠢ ᠦᠶ᠎ᠡ ᠶᠢᠨ ᠬᠢᠨ ᠢ ᠰᠠᠭᠰᠤᠨ ᠪᠥᠮᠪᠥᠭᠡ ᠶᠢᠨ ᠰᠫᠣᠷᠲ ᠢᠶᠠᠷ ᠰᠢᠮᠡᠳᠦᠨ ᠬᠢᠴᠢᠶᠡᠯᠯᠡᠬᠦ ᠳᠦ ᠶᠡᠬᠡᠬᠡᠨ ᠲᠦᠯᠬᠢᠴᠡ ᠪᠣᠯᠤᠭᠰᠠᠨ ᠶᠤᠮ᠃ ᠮᠠᠨ ᠤ ᠤᠯᠤᠰ ᠤᠨ ᠰᠠᠭᠰᠤᠨ ᠪᠥᠮᠪᠥᠭᠡ ᠶᠢᠨ ᠬᠥᠭᠵᠢᠯᠳᠦ ᠠᠯᠳᠠᠷ ᠨᠡᠶᠢᠭᠡᠮᠯᠢᠭ ᠦᠨ ᠣᠷᠣᠭᠤᠯᠤᠭᠰᠠᠨ ᠬᠤᠪᠢ ᠨᠡᠮᠡᠷᠢ ᠶᠡᠬᠡ ᠪᠢᠯᠡ᠃ 1994 ᠤᠨ ᠳᠤ МСБХ ᠰᠢᠨᠡᠴᠢᠯᠡᠭᠳᠡᠨ ᠵᠣᠬᠢᠶᠠᠨ ᠪᠠᠶᠢᠭᠤᠯᠤᠭᠳᠠᠵᠤ ᠮᠣᠩᠭᠣᠯ ᠤᠨ ᠰᠠᠭᠰᠤᠨ ᠪᠥᠮᠪᠥᠭᠡ ᠶᠢᠨ ᠯᠢᠭ ᠦᠨ ᠲᠡᠮᠡᠴᠡᠭᠡᠨ ᠢ ᠠᠩᠬ᠎ᠠ ᠰᠠᠨᠠᠭᠠᠴᠢᠯᠠᠨ ᠠᠵᠢᠯᠯᠠᠭᠰᠠᠨ᠃ МСБХ ᠨᠢ 2000 ᠤᠨ ᠤ 12 ᠰᠠᠷ᠎ᠠ ᠶᠢᠨ 21 –ᠨᠳ ᠠᠽᠢᠶ᠎ᠠ ᠶᠢᠨ ᠰᠠᠭᠰᠤᠨ ᠪᠥᠮᠪᠥᠭᠡ ᠶᠢᠨ ᠬᠣᠯᠪᠣᠭᠠᠨ ᠤ 44 ᠳᠠᠬᠢ᠂ 12 ᠰᠠᠷ᠎ᠠ ᠶᠢᠨ 29 –ᠨᠳ ᠣᠯᠠᠨ ᠤᠯᠤᠰ ᠤᠨ ᠰᠠᠭᠰᠤᠨ ᠪᠥᠮᠪᠥᠭᠡ ᠶᠢᠨ ᠬᠣᠯᠪᠣᠭᠠᠨ ᠤ 144 ᠳᠠᠬᠢ ᠭᠡᠰᠢᠭᠦᠨ ᠣᠷᠣᠨ ᠢᠶᠠᠷ ᠲᠤᠰ ᠲᠤᠰ ᠡᠯᠰᠡᠭᠰᠡᠨ ᠪᠢᠯᠡ᠃

ᠪᠢᠴᠢᠭᠡᠰᠦ