ᠰᠠᠬᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠰᠠᠬᠠ ᠣᠷᠣᠨ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ
ᠣᠷᠣᠰ ᠤᠨ ᠬᠣᠯᠪᠣᠭᠠᠨ ᠤ ᠨᠠᠶᠠᠨ ᠭᠤᠷᠪᠠᠨ ᠮᠠᠬᠠᠪᠣᠳ ᠤᠨ ᠨᠢᠭᠡ᠂ ᠬᠠᠷᠢᠶᠠᠲᠤ ᠣᠷᠣᠨ
ᠪᠦᠭᠦᠳᠡ ᠨᠠᠶᠢᠷᠠᠮᠳᠠᠬᠤ ᠰᠠᠬᠠ ᠤᠯᠤᠰ
ᠰᠠᠬᠠ ᠷᠧᠰᠫᠦᠪᠯᠢᠺᠠᠲ᠋ᠠ
ᠷᠧᠰᠫᠦᠪᠯᠢᠺᠠ ᠰᠠᠬᠠ
ᠰᠠᠬᠠ ᠣᠷᠣᠨ / ᠶᠠᠺ ᠲᠤ ᠣᠷᠣᠨ / ᠰᠠᠬᠠ ᠰᠢᠷᠢᠢ ᠠ / ᠶᠠᠺᠦ᠋ᠲ᠋ᠢᠶ᠎ᠠ
ᠰᠦᠯᠳᠡ ᠲᠤᠭ ᠰᠦᠯᠳᠡ ᠲᠡᠮᠳᠡᠭ
ᠰᠦᠯᠳᠡ ᠲᠤᠭ ᠰᠦᠯᠳᠡᠲᠡᠮᠳᠡᠭ
ᠤᠯᠤᠰ ᠣᠷᠣᠨ ᠣᠷᠣᠰ ᠣᠷᠣᠰ (ᠣᠷᠣᠰ ᠬᠣᠯᠪᠣᠭᠠᠨ ᠤ ᠤᠯᠤᠰ)
ᠬᠣᠯᠪᠣᠭᠠᠨ ᠤ ᠲᠣᠭᠣᠷᠢᠭ ᠠᠯᠤᠰ ᠳᠣᠷᠣᠨᠠᠲᠤ ᠶᠢᠨ ХТ
ᠡᠳ᠋ ᠍ ᠦᠨ ᠵᠠᠰᠠᠭ ᠤᠨ ᠪᠥᠰᠡ ᠠᠯᠤᠰ ᠳᠣᠷᠣᠨᠠᠲᠤ ᠶᠢᠨ ЭЗБ
ᠵᠠᠰᠠᠭ ᠵᠠᠬᠢᠷᠭᠠᠨ ᠤ ᠨᠢᠭᠡᠴᠡ ᠪᠦᠭᠦᠳᠡ ᠨᠠᠶᠢᠷᠠᠮᠳᠠᠬᠤ ᠤᠯᠤᠰ
ᠨᠡᠶᠢᠰᠯᠡᠯ ᠶᠠᠺ ᠲᠤᠰᠺ
ᠨᠤᠲᠤᠭ ᠤᠨ ᠬᠤᠪᠢᠶᠠᠷᠢ 36 ᠨᠤᠲᠤᠭ = 2 ᠬᠣᠲᠠ + 34 ᠤᠯᠤᠰ
ᠭᠠᠵᠠᠷ ᠨᠤᠲᠤᠭ 3,083,523 ᠺᠦᠸᠠᠳ᠋ ᠺᠢᠯᠣᠮᠧᠲ᠋ᠷ (1 ᠍ ᠳᠦᠭᠡᠷ ᠲᠣᠮᠣ)
ᠬᠦᠮᠦᠨ ᠠᠮᠠ (2013) 955,580 ᠬᠦᠮᠦᠨ (58 ᠍ ᠳᠦᠭᠡᠷ ᠣᠯᠠᠨ)
ᠨᠢᠭᠲᠠᠴᠠ ᠰᠡᠶᠢᠷᠡᠭ 0.31 ᠬᠦᠮᠦᠨ/км² (81 ᠍ ᠳᠦᠭᠡᠷ ᠰᠢᠭᠢᠭᠦᠦ)
ᠰᠠᠬ᠎ᠠ ᠶᠢᠨ ᠠᠷᠠᠳ ᠲᠦᠮᠡᠨ
ᠰᠠᠬᠠ ᠣᠷᠣᠨ ᠤ ᠬᠢᠨ
ᠰᠠᠬᠠᠭ ᠤᠨ ᠬᠢᠨ (2010)
ᠰᠠᠬᠠ ᠶᠠᠰᠤᠲᠠᠨ (48.7 %)
ᠣᠷᠣᠰ ᠦᠨᠳᠦᠰᠦᠲᠡᠨ (36.9 %)
ᠬᠠᠮᠨᠢᠭᠠᠨ ᠶᠠᠰᠤᠲᠠᠨ (2.2 %)
ᠠᠯᠪᠠᠨ ᠬᠡᠯᠡ ᠪᠢᠴᠢᠭ ᠣᠷᠣᠰᠰᠠᠬᠠ
ᠶᠡᠷᠦᠩᠬᠡᠶᠢᠯᠡᠭᠴᠢ ᠶᠥᠭᠣᠷ ᠪᠣᠷᠢᠰᠪᠠ
ᠬᠠᠤᠯᠢ ᠲᠣᠭᠲᠠᠭᠠᠬᠤ ᠭᠠᠵᠠᠷ «ᠢᠯᠡ ᠲᠦᠮᠡᠨ» (ᠤᠯᠤᠰ ᠤᠨ ᠬᠤᠷᠠᠯ)
ᠲᠡᠦᠬᠡᠨ ᠣᠨ ᠴᠠᠭ 1922-04-27 — ᠵᠥᠪᠯᠡᠯᠲᠦ ᠰᠣᠴᠢᠶᠠᠯᠢᠰᠲᠤ ᠪᠦᠭᠦᠳᠡ ᠨᠠᠶᠢᠷᠠᠮᠳᠠᠬᠤ ᠠᠦ᠋ᠲ᠋ᠣᠨᠣᠮᠢᠲᠤ ᠶᠠᠺ ᠲᠤ ᠤᠯᠤᠰ
1991–1992 — БНСахУ
ᠴᠠᠭ ᠤᠨ ᠪᠥᠰᠡ GMT +10, +11, +12
ᠰᠢᠤᠳᠠᠨ ᠬᠠᠶᠠᠭ 677000–678999
ᠨᠤᠲᠤᠭ ᠤᠨ ᠲᠣᠮᠢᠶ᠎ᠠ 14 / 98 / RU-SA
ᠴᠠᠬᠢᠮ ᠭᠠᠵᠠᠷ sakha.gov.ru
 (ᠣᠷᠣᠰ᠃)  (ᠰᠠᠬᠠ᠃)  (ᠠᠩᠭᠯ᠃)
Sakha Yakutia rep.png
ᠶᠠᠺ ᠲᠤᠴᠤᠳ ᠤᠨ ᠨᠡᠭᠦᠳᠡᠯ

ᠪᠦᠭᠦᠳᠡ ᠨᠠᠶᠢᠷᠠᠮᠳᠠᠬᠤ ᠰᠠᠬᠠ ᠤᠯᠤᠰ, ᠪᠠᠰᠠ ᠶᠠᠺ ᠲᠤ ᠭᠡᠳᠡᠭ ᠢᠶᠡᠷ ᠮᠡᠳᠡᠳᠡᠭ ᠨᠢ (ᠣᠷᠣᠰ ᠶᠢᠡᠷ ᠷᠧᠰᠫᠦᠪᠯᠢᠺᠠ ᠰᠠᠬᠠ ᠪᠣᠯᠤᠨ ᠶᠠᠺᠦ᠋ᠲ᠋ᠢᠶ᠎ᠠ; ᠶᠠᠺ ᠲᠤ᠃ ᠰᠠᠬᠠ ᠷᠧᠰᠫᠦᠪᠯᠢᠺᠠᠲ᠋ᠠ, "ᠰᠠᠬᠠ" ᠭᠡᠳᠡᠭ ᠨᠢ «ᠵᠠᠬ ᠠ» (ᠪᠤᠷ᠃ «ᠵᠠᠬᠠ») ᠭᠡᠬᠦ ᠤᠳᠬ᠎ᠠ ᠪᠠᠶᠢᠵᠤ ᠮᠠᠭᠠᠳ ᠦᠭᠡᠢ) — ᠣᠷᠣᠰ ᠤᠨ ᠬᠣᠯᠪᠣᠭᠠᠨ ᠤ ᠤᠯᠤᠰ ᠍ ᠤᠨ ᠬᠣᠯᠪᠣᠭᠠᠨ ᠤ ᠡᠲᠡᠭᠡᠳ ᠪᠣᠯᠤᠭᠠᠳ ᠪᠦᠭᠦᠳᠡ ᠨᠠᠶᠢᠷᠠᠮᠳᠠᠬᠤ ᠤᠯᠤᠰ. ᠠᠯᠤᠰ ᠳᠣᠷᠣᠨᠠᠲᠤ ᠶᠢᠨ ᠬᠣᠯᠪᠣᠭᠠᠨ ᠤ ᠲᠣᠭᠣᠷᠢᠭ ᠪᠣᠯᠤᠨ ᠠᠯᠤᠰ ᠳᠣᠷᠣᠨᠠᠲᠤ ᠶᠢᠨ ᠡᠳ᠋ ᠍ ᠦᠨ ᠵᠠᠰᠠᠭ ᠤᠨ ᠪᠥᠰᠡ ᠲᠤ ᠪᠠᠭᠠᠳᠤᠨ᠎ᠠ᠃ ᠨᠡᠶᠢᠰᠯᠡᠯ - ᠶᠠᠺ ᠲᠤᠰᠺ.

3,103,200 km2 ᠳᠡᠪᠢᠰᠬᠡᠷ ᠨᠤᠲᠤᠭ ᠲᠠᠢ ᠰᠠᠬᠠ ᠡᠳᠦᠭᠡ ᠣᠷᠣᠰ ᠲᠤ ᠪᠣᠯᠤᠨ ᠳᠡᠯᠡᠬᠡᠢ ᠳᠦ ᠬᠠᠮᠤᠭ ᠤᠨ ᠲᠣᠮᠣ ᠵᠠᠰᠠᠭ ᠵᠠᠬᠢᠷᠭᠠᠨ ᠤ ᠨᠢᠭᠡᠴᠡ ᠭᠡᠳᠡᠭ ᠢᠶᠡᠷ ᠢᠶᠡᠨ ᠣᠨᠴᠠᠭᠠᠶᠢᠷᠠᠨ᠎ᠠ᠃ 2010 ᠣᠨ ᠤ ᠲᠣᠭᠠᠯᠠᠯᠭ᠎ᠠ ᠪᠠᠷ ᠬᠦᠮᠦᠨ ᠠᠮᠠ ᠶᠢᠨ ᠲᠣᠭ᠎ᠠ - 958,528[1]᠃ ᠡᠭᠦᠨ ᠡᠴᠡ 49% (466,492) ᠨᠢ ᠶᠠᠺ ᠲᠤ ᠨᠤᠭᠤᠳ᠂ 37.8% ᠨᠢ ᠣᠷᠣᠰ ᠤᠳ ᠠᠵᠢ᠃ ᠣᠷᠣᠰ ᠬᠡᠯᠡᠨ ᠡᠴᠡ ᠭᠠᠳᠠᠨ᠎ᠠ ᠶᠠᠺ ᠲᠤ ᠬᠡᠯᠡ ᠠᠯᠪᠠᠨ ᠶᠣᠰᠣᠭᠠᠷ ᠬᠡᠷᠡᠭᠯᠡᠭᠳᠡᠨ᠎ᠡ᠃

ᠵᠥᠪᠯᠡᠯᠲᠦ ᠬᠣᠯᠪᠣᠭᠠᠲᠤ ᠤᠯᠤᠰ ᠍ ᠤᠨ ᠵᠥᠪᠯᠡᠯᠲᠦ ᠰᠣᠴᠢᠶᠠᠯᠢᠰᠲᠤ ᠪᠦᠭᠦᠳᠡ ᠨᠠᠶᠢᠷᠠᠮᠳᠠᠬᠤ ᠬᠣᠯᠪᠣᠭᠠᠲᠤ ᠣᠷᠣᠰ ᠤᠯᠤᠰ ᠍ ᠤᠨ ᠪᠦᠷᠢᠯᠳᠦᠬᠦᠨ ᠳᠦ 1922 ᠣᠨ ᠳᠤ "ᠵᠥᠪᠯᠡᠯᠲᠦ ᠰᠣᠴᠢᠶᠠᠯᠢᠰᠲᠤ ᠪᠦᠭᠦᠳᠡ ᠨᠠᠶᠢᠷᠠᠮᠳᠠᠬᠤ ᠠᠦ᠋ᠲ᠋ᠣᠨᠣᠮᠢᠲᠤ ᠶᠠᠺ ᠲᠤ ᠤᠯᠤᠰ" ᠪᠠᠶᠢᠭᠤᠯᠤᠭᠳᠠᠵᠤ ᠪᠠᠶᠢᠪᠠ᠃ ᠵᠥᠪᠯᠡᠯᠲᠦ ᠬᠣᠯᠪᠣᠭᠠᠲᠤ ᠤᠯᠤᠰ ᠤᠨ ᠪᠤᠲᠠᠷᠠᠯ ᠢᠶᠠᠷ ᠣᠷᠣᠰ ᠤᠨ ᠬᠣᠯᠪᠣᠭᠠᠨ ᠤ ᠤᠯᠤᠰ ᠲᠤᠰᠠᠭᠠᠷ ᠲᠣᠭᠲᠠᠨᠢᠬᠤ ᠳᠤ ᠵᠡᠷᠭᠡ ᠳᠡᠭᠡᠭᠰᠢᠯᠡᠵᠦ 1991 ᠣᠨ ᠳᠤ ᠣᠳᠣ ᠶᠢᠨ ᠪᠠᠶᠢᠷᠢ ᠰᠠᠭᠤᠷᠢ᠂ ᠨᠡᠷ᠎ᠡ ᠪᠡᠨ ᠣᠯᠵᠠᠢ᠃

ᠵᠠᠰᠠᠭ ᠵᠠᠬᠢᠷᠭᠠᠨ ᠤ ᠬᠤᠪᠢᠶᠠᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠳᠣ ᠶᠢᠨ ᠪᠠᠶᠢᠳᠠᠯ ᠢᠶᠠᠷ ᠰᠠᠬ᠎ᠠ ᠶᠢᠨ ᠨᠤᠲᠤᠭ ᠳᠡᠪᠢᠰᠬᠡᠷ ᠳᠡᠭᠡᠳᠦ ᠲᠦᠪᠰᠢᠨ ᠳᠦ 32 ᠤᠯᠤᠰ (ᠶᠠᠺ ᠲᠤ᠃ ᠤᠯᠤᠤhᠠ; ᠣᠷᠣᠰ ᠶᠢᠡᠷ ᠷᠠᠶᠣᠨ ᠪᠠ ᠤᠯᠤᠰ), 2 ᠬᠣᠲᠠ ᠶᠢᠨ ᠳᠡᠭᠦᠷᠭᠡ (ᠶᠠᠺ ᠲᠤᠰᠺᠵᠢ ᠲᠠᠢ ᠬᠣᠶᠠᠷ ᠤᠨ) ᠪᠦᠭᠦᠳᠡ 34 ᠨᠢᠭᠡᠴᠡ ᠳᠦ᠂ ᠤᠳᠠᠭᠠᠬᠢ ᠲᠦᠪᠰᠢᠨ ᠳᠦ ᠬᠣᠲᠠ ᠬᠥᠳᠡᠭᠡ ᠶᠢᠨ ᠪᠦᠭᠦᠳᠡ 365 ᠰᠤᠮᠤᠠᠨᠳᠠ (ᠶᠠᠺ ᠲᠤ᠃ ᠨᠡһᠢᠯ ᠡᠺ) ᠬᠤᠪᠢᠶᠠᠭᠳᠠᠵᠤ ᠪᠠᠶᠢᠨ᠎ᠠ᠃

ᠶᠠᠰᠤᠲᠤ ᠳᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠯᠠᠨ ᠬᠡᠯᠡ ᠳᠦ ᠶᠠᠰᠤᠲᠠᠨ ᠢ ᠪᠠᠭᠲᠠᠭᠠᠳᠠᠭ ᠣᠷᠣᠰ ᠤᠯᠤᠰ ᠲᠤ ᠬᠠᠷᠢᠶᠠᠯᠠᠭᠳᠠᠳᠠᠭ ᠲᠤᠯᠠ ᠰᠠᠬᠠᠳᠠ ᠪᠠᠰᠠ ᠣᠯᠠᠨ ᠶᠠᠰᠤᠲᠠᠨ ᠰᠠᠭᠤᠷᠢᠰᠢᠵᠠᠢ᠃ ᠣᠷᠣᠰ ᠤᠳ ᠰᠢᠯᠵᠢᠨ ᠰᠠᠭᠤᠷᠢᠰᠢᠭᠰᠠᠭᠠᠷ 1989 ᠣᠨ ᠭᠡᠬᠦ ᠳᠦ ᠨᠡᠶᠢᠲᠡ ᠬᠦᠮᠦᠨ ᠠᠮᠠ ᠶᠢᠨ 50.3% ᠍ ᠢ ᠡᠵᠡᠯᠡᠵᠦ ᠪᠠᠶᠢᠪᠠ᠃ 1991 ᠣᠨ ᠠᠴᠠ ᠶᠠᠺ ᠲᠤ ᠶᠢᠨ ᠵᠡᠷᠭᠡ ᠳᠡᠭᠡᠭᠰᠢᠯᠡᠭᠰᠡᠨ ᠢᠶᠡᠷ ᠦᠯᠡᠮᠵᠢᠬᠡᠨ ᠣᠷᠣᠰ ᠤᠳ ᠪᠤᠰᠤᠳ ᠭᠠᠵᠠᠷ ᠲᠤ ᠰᠢᠯᠵᠢᠵᠦ ᠡᠵᠡᠯᠡᠬᠦ ᠬᠤᠪᠢ ᠨᠢ ᠪᠠᠭᠤᠷᠠᠵᠠᠢ᠃ 2010 ᠣᠨ ᠤ ᠪᠠᠶᠢᠳᠠᠯ ᠢᠶᠠᠷ ᠶᠠᠺ ᠲᠤ (ᠰᠠᠬᠠ) ᠶᠠᠰᠤᠲᠠᠨ 49,9% ᠍ ᠶᠢ᠂ ᠣᠷᠣᠰ ᠶᠠᠰᠤᠲᠠᠨ 37.8% ᠍ ᠶᠢ ᠡᠵᠡᠯᠡᠵᠦ ᠪᠠᠶᠢᠨ᠎ᠠ᠃

ᠶᠠᠰᠤᠲᠠᠨ ᠤ ᠨᠡᠷ᠎ᠡ 1939[2] 1959[3] 1970[4] 1979[5] 1989[6] 2002[7] 2010[8]
ᠶᠠᠺ ᠲᠤ (ᠰᠠᠬᠠ) 233 273 (56,5 %) 226 053 (46,4 %) 285 749 (43,0 %) 313 917 (36,9 %) 365 236 (33,4 %) 432 290 (45,5 %) 466 492 (49,9 %)
ᠣᠷᠣᠰ 146 741 (35,5 %) 215 328 (44,2 %) 314 308 (47,3 %) 429 588 (50,4 %) 550 263 (50,3 %) 390 671 (41,1 %) 353 649 (37,8 %)
ᠡᠪᠡᠩᠬᠡ 10 432 (2,5 %) 9505 (2,0 %) 9097 (1,4 %) 11 584 (1,4 %) 14 428 (1,3 %) 18 232 (1,9 %) 21 008 (2,2 %)
ᠦᠺᠷᠠᠶᠢᠨ 4229 (1,0 %) 12 182 (2,5 %) 20 253 (3,0 %) 46 326 (5,4 %) 77 114 (7,0 %) 34 633 (3,65 %) 20 341 (2,2 %)
ᠡᠪᠢᠨ 3133 (0,8 %) 3537 (0,7 %) 6471 (1,0 %) 5763 (0,7 %) 8668 (0,8 %) 11 657 (1,2 %) 15 071 (1,6 %)
ᠲᠠᠲ᠋ᠠᠷ 4420 (1,1 %) 5172 (1,1 %) 7678 (1,2 %) 10 976 (1,3 %) 17 478 (1,6 %) 10 768 (1,1 %) 8122 (0,9 %)

2010 ᠣᠨ ᠤ ᠬᠦᠮᠦᠨ ᠠᠮᠠ ᠶᠢᠨ ᠲᠣᠭᠠᠯᠠᠯᠭ᠎ᠠ ᠪᠠᠷ ᠪᠤᠷᠢᠶᠠᠳ (ᠣᠷᠣᠰ ᠬᠣᠯᠪᠣᠭᠠᠨ ᠤ ᠤᠯᠤᠰ ᠶᠢᠨ ᠢᠷᠭᠡᠨ) ᠭᠡᠵᠦ 0.8% ᠪᠤᠶᠤ 7,011 ᠬᠦᠮᠦᠨ᠂ 2002 ᠣᠨ ᠤ ᠲᠣᠭᠠᠯᠠᠯᠭ᠎ᠠ ᠪᠠᠷ ᠮᠣᠩᠭᠣᠯ (ᠮᠣᠩᠭᠣᠯ ᠤᠯᠤᠰ ᠍ ᠤᠨ ᠢᠷᠭᠡᠨ ᠪᠠᠶᠢᠵᠤ ᠮᠡᠳᠡᠨ᠎ᠡ) ᠭᠡᠵᠦ 46 ᠬᠦᠮᠦᠨ ᠲᠤᠰ ᠲᠤᠰ ᠪᠦᠷᠢᠳᠬᠡᠭᠳᠡᠵᠡᠢ᠃

ᠵᠡᠭᠦᠯᠲᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«ᠰᠠᠬᠠ»
http://wiki.uhaan.com/index.php?title=ᠰᠠᠬᠠ&oldid=431348》 ᠍  ᠡᠴᠡ ᠠᠪᠤᠭᠰᠠᠨ

ᠪᠢᠴᠢᠭᠡᠰᠦ