ᠰᠠᠪ 340

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠠᠪᠷᠤᠭᠨᠢ ᠡᠶᠢᠷ ᠰᠡᠷᠸᠢᠰ ᠤᠨ ᠰᠠᠪ 340.
ᠶᠤᠨ ᠠᠲ ᠲᠦ ᠡᠺᠰᠫᠷᠧᠰ ᠰᠠᠪ 340 ᠵᠣᠷᠴᠢᠭᠴᠢ ᠳᠤ ᠪᠠᠨ ᠬᠦᠯᠢᠶᠡᠨ ᠠᠪᠬᠤ ᠳᠤ ᠪᠡᠯᠡᠨ ᠪᠠᠶᠢᠭ᠎ᠠ ᠨᠢ᠃ ᠰᠢᠷᠠᠯᠣᠲᠳᠲᠡᠰᠪᠢᠯᠯᠡ-ᠠᠯᠪᠮᠤᠷᠯᠦᠶ᠎ᠡ ᠨᠢᠰᠬᠦ ᠣᠩᠭᠣᠴᠠᠨ ᠤ ᠪᠠᠭᠤᠳᠠᠯ (CHO), 2005 ᠣᠨ ᠤ 3 ᠍ ᠶᠢᠨ ᠰᠠᠷ᠎ᠠ ᠶᠢᠨ 30.

ᠰᠠᠪ 340Saab 340)ᠨᠢ ᠬᠣᠶᠠᠷ ᠬᠥᠳᠡᠯᠭᠡᠭᠦᠷ ᠲᠡᠢ ᠪᠣᠭᠣᠨᠢ ᠵᠠᠶᠢᠨ ᠤ ᠢᠷᠭᠡᠨ ᠦ ᠲᠡᠭᠡᠭᠡᠪᠦᠷᠢ ᠶᠢᠨ ᠣᠩᠭᠣᠴᠠ ᠪᠥᠭᠡᠳ ᠨᠡᠶᠢᠲᠡ 33 ᠍ ᠠᠴᠠ 37 ᠵᠣᠷᠴᠢᠭᠴᠢ ᠶᠢᠨ ᠰᠠᠭᠤᠳᠠᠯ ᠲᠠᠢ᠃ ᠰᠸᠸᠳᠡᠨ ᠶᠢᠨ ᠰᠠᠪ ᠪᠣᠯᠤᠨ ᠠᠮᠧᠷᠢᠺᠠ ᠶᠢᠨ ᠹᠡᠢᠷᠴᠢᠷᠢᠯᠡᠳ ᠬᠣᠶᠠᠷ ᠣᠩᠭᠣᠴᠠ ᠦᠢᠯᠡᠳᠪᠦᠷᠢᠯᠡᠭᠴᠢ ᠺᠣᠮᠫᠠᠨᠢ 65:35 ᠍ ᠦᠨ ᠬᠠᠷᠢᠴᠠᠭ᠎ᠠ ᠲᠠᠢ ᠪᠠᠷ ᠬᠥᠷᠥᠩᠭᠡ ᠣᠷᠣᠭᠤᠯᠤᠨ ᠵᠣᠬᠢᠶᠠᠨ ᠪᠦᠲᠦᠭᠡᠭᠰᠡᠨ᠃ 1983 ᠣᠨ ᠳᠤ ᠠᠩᠬᠠᠨ ᠤ ᠨᠢᠰᠦᠯᠭᠡ ᠪᠡᠨ ᠬᠢᠵᠦ ᠠᠮᠵᠢᠯᠲᠠ ᠲᠠᠢ ᠪᠣᠯᠤᠭᠰᠠᠨ ᠴᠤ ᠨᠡᠷ᠎ᠡ ᠨᠢ SF340 ᠍ ᠠᠴᠠ 340A ᠪᠣᠯᠵᠤ ᠥᠭᠡᠷᠡᠴᠢᠯᠡᠭᠳᠡᠭᠰᠡᠨ ᠪᠠᠶᠢᠨ᠎ᠠ᠃ ᠲᠡᠭᠦᠨ ᠦ ᠳᠠᠷᠠᠭ᠎ᠠ ᠪᠠᠷ 340B ᠭᠡᠰᠡᠨ ᠳᠠᠷᠤᠭ᠎ᠠ ᠶᠢᠨ ᠵᠠᠭᠪᠤᠷ ᠨᠢ 1989 ᠣᠨ ᠳᠤ ᠭᠠᠷᠤᠭᠰᠠᠨ ᠪᠠᠶᠢᠨ᠎ᠠ᠃ ᠬᠥᠳᠡᠯᠭᠡᠭᠦᠷ ᠦᠨ ᠰᠢᠨᠡᠴᠢᠯᠡᠯ ᠪᠣᠯᠤᠨ ᠳᠠᠯᠠᠪᠴᠢ ᠶᠢᠨ ᠬᠡᠮᠵᠢᠶᠡᠨ ᠳᠦ ᠥᠭᠡᠷᠡᠴᠢᠯᠡᠯᠲᠡ ᠣᠷᠣᠭᠤᠯᠵᠠᠢ᠃ 1995 ᠣᠨ ᠳᠤ ᠳᠠᠬᠢᠨ ᠰᠠᠶᠢᠵᠢᠷᠠᠭᠤᠯᠤᠭᠰᠠᠨ ᠠᠯᠢᠹᠠ ᠪ ᠭᠡᠰᠡᠨ ᠵᠠᠭᠪᠤᠷ ᠢ ᠭᠠᠷᠭᠠᠭᠰᠠᠨ ᠴᠤ᠂ ᠤᠳᠠᠯ ᠦᠭᠡᠢ ᠪᠤᠶᠤ 1999 ᠣᠨ ᠳᠤ ᠲᠤᠰ ᠣᠩᠭᠣᠴᠠᠨ ᠤ ᠦᠢᠯᠡᠳᠪᠦᠷᠢᠯᠡᠯ ᠢ ᠵᠣᠭᠰᠣᠭᠠᠴᠠᠢ᠃ ᠨᠡᠶᠢᠲᠡ 500 ᠭᠠᠷᠤᠢ ᠣᠩᠭᠣᠴᠠ ᠦᠢᠯᠡᠳᠪᠦᠷᠢᠯᠡᠭᠳᠡᠭᠰᠡᠨ ᠠᠵᠢ᠃ ᠮᠥᠨ 340 ᠍ ᠢ ᠵᠣᠷᠴᠢᠭᠴᠢ ᠲᠡᠭᠡᠭᠡᠪᠦᠷᠢᠯᠡᠬᠦ ᠴᠢᠳᠠᠯ ᠢ ᠨᠢ ᠶᠡᠬᠡᠰᠬᠡᠭᠰᠡᠨ ᠰᠠᠪ 2000 ᠪᠠᠰᠠ ᠪᠤᠢ᠃

ᠲᠤᠰ ᠣᠩᠭᠣᠴᠠᠨ ᠤ ᠳᠠᠪᠠᠭᠤ ᠲᠠᠯ᠎ᠠ ᠨᠢ ᠭᠡᠪᠡᠯ ᠶᠡᠷᠦᠳᠡᠭᠡᠨ 1200 ᠮ ᠦᠨ ᠵᠠᠢ ᠳᠤ ᠭᠠᠵᠠᠷ ᠠᠴᠠ ᠬᠥᠷᠴᠢ ᠪᠠᠭᠤᠬᠤ ᠴᠢᠳᠠᠯᠲᠠᠢ ᠭᠡᠨ᠎ᠡ᠃


ᠮᠠᠨ ᠤ ᠤᠯᠤᠰ ᠲᠤ 2006 ᠣᠨ ᠤ 6 ᠍ ᠶᠢᠨ ᠰᠠᠷ᠎ᠠ ᠶᠢᠨ 7 ᠍ ᠳᠦ ᠠᠭᠠᠷ ᠤᠨ ᠲᠡᠭᠡᠭᠡᠪᠦᠷᠢ ᠶᠢᠨ ᠢᠽᠢᠨᠢᠰ ᠡᠢᠷᠪᠡᠢᠰ ᠺᠣᠮᠫᠠᠨᠢ ᠰᠠᠪ 340B ᠍ ᠢ 3 ᠰᠢᠷᠬᠡᠭ ᠢ ᠠᠮᠧᠷᠢᠺᠠ ᠠᠴᠠ ᠣᠷᠣᠭᠤᠯᠵᠤ ᠢᠷᠡᠭᠰᠡᠨ᠃ ᠲᠤᠰ ᠣᠩᠭᠣᠴᠠ ᠨᠤᠭᠤᠳ ᠨᠢ 1992-1995 ᠣᠨ ᠤ ᠵᠠᠭᠪᠤᠷ ᠪᠥᠭᠡᠳ ᠲᠸᠺᠰᠰ ᠮᠤᠵᠢᠢᠳᠡ ᠠᠮᠧᠷᠢᠺᠠᠨ ᠢᠭᠢᠭᠯ (American Eagle) ᠺᠣᠮᠫᠠᠨᠢ ᠳᠤ ᠨᠢᠰᠦᠯᠭᠡ ᠦᠢᠯᠡᠳᠴᠦ ᠪᠠᠶᠢᠴᠠᠢ᠃ ᠳᠣᠲᠣᠭᠠᠳᠤ ᠶᠢᠨ ᠨᠢᠰᠦᠯᠭᠡ ᠳᠦ ᠠᠰᠢᠭᠯᠠᠭᠳᠠᠬᠤ ᠡᠨᠡ ᠣᠩᠭᠣᠴᠠ ᠨᠢ ᠮᠣᠩᠭᠣᠯ ᠤᠨ ᠴᠠᠭ ᠠᠭᠤᠷ ᠲᠤ ᠵᠣᠷᠢᠭᠤᠯᠤᠨ ᠲᠤᠰᠬᠠᠢ ᠲᠣᠨᠣᠭᠯᠠᠯ: FMS, EGPWS, Gravel Kit, Heating System, Stand Alone GPS, ELT ᠵᠡᠷᠭᠡ ᠶᠢ ᠬᠢᠯᠭᠡᠭᠰᠡᠨ ᠭᠡᠨ᠎ᠡ᠃ ᠮᠥᠨ GE CT7-9B ᠮᠠᠷᠺ ᠤᠨ ᠬᠥᠳᠡᠯᠭᠡᠭᠦᠷ ᠲᠡᠢ᠂ Hamilton Sundstrand ᠰᠡᠩᠰᠡ ᠲᠡᠢ᠃ ᠣᠳᠣ ᠡᠳᠡᠭᠡᠷ ᠣᠩᠭᠣᠴᠠ ᠨᠤᠭᠤᠳ ᠳᠣᠲᠣᠭᠠᠳᠤᠳ ᠤᠯᠠᠭᠠᠨᠪᠠᠭᠠᠲᠤᠷ ᠠᠴᠠ ᠮᠥᠷᠡᠨ᠂ ᠴᠣᠶᠢᠪᠠᠯᠰᠠᠩ᠂ ᠪᠠᠶᠠᠨᠬᠣᠩᠭᠣᠷ᠂ ᠳᠠᠯᠠᠨᠵᠠᠳᠠᠭᠠᠲᠤ᠂ ᠤᠯᠠᠭᠠᠨᠠᠭᠠᠮ᠂ ᠬᠣᠪᠳᠣ ᠬᠣᠲᠠ ᠨᠤᠭᠤᠳ ᠲᠤ ᠨᠢᠰᠴᠢ ᠪᠠᠶᠢᠨ᠎ᠠ᠃


ᠲᠤᠰ ᠣᠩᠭᠣᠴᠠ ᠶᠢ ᠠᠰᠢᠭᠯᠠᠳᠠᠭ ᠤᠯᠤᠰ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]


ᠦᠵᠡᠭᠦᠯᠦᠯᠲᠡ ᠨᠦᠭᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

 • ᠨᠢᠰᠬᠡᠭᠴᠢ ᠶᠢᠨ ᠲᠣᠭ᠎ᠠ:2
 • ᠵᠣᠷᠴᠢᠭᠴᠢ ᠶᠢᠨ ᠲᠣᠭ᠎ᠠ:30-34
 • ᠨᠢᠭᠡ ᠤᠳᠠᠭ᠎ᠠ ᠳᠤ ᠲᠤᠭᠤᠯᠬᠤ ᠵᠠᠮ:1,735km
 • ᠳᠠᠯᠠᠪᠴᠢ ᠶᠢᠨ ᠤᠷᠲᠤ: 21.44m (70ft 4in)
 • ᠤᠷᠲᠤ: 19.73m (64ft 9in)
 • ᠥᠨᠳᠥᠷ: 6.97m (22ft 11in)
 • ᠬᠤᠷᠳᠤ:522 km/h
 • ᠬᠥᠳᠡᠯᠭᠡᠭᠦᠷ: GE ᠺᠣᠮᠫᠠᠨᠢ CT-7-9A/9B ᠵᠠᠭᠪᠤᠷ ᠤᠨ ᠲᠦᠷᠪᠣ ᠬᠥᠳᠡᠯᠭᠡᠭᠦᠷ 2 ᠲᠠᠯ᠎ᠠ ᠳᠤ ᠪᠠᠨ
 • ᠴᠠᠬᠢᠯᠭᠠᠨ:1,870 shp
 • ᠣᠩᠭᠣᠴᠠᠨ ᠤ ᠬᠥᠳᠡᠯᠭᠡᠭᠦᠷ: Dowty Rotor ᠡᠰᠡᠪᠡᠯ Hamilton Standard (ᠨᠡᠶᠢᠲᠡ ᠭᠣᠣᠯᠴᠢ ᠨᠢ 132in, ᠰᠡᠩᠰᠡᠨ ᠦ 4 ᠠᠯᠠᠭ ᠲᠠᠢ)
 • ᠬᠠᠮᠤᠭ ᠤᠨ ᠳᠡᠭᠡᠳᠦ ᠳᠠᠭᠠᠭᠠᠴᠠ ᠶᠢᠨ ᠵᠢᠩ: 13,155 kg


http://wiki.uhaan.com/index.php?title=ᠰᠠᠪ_340&oldid=385231》 ᠍  ᠡᠴᠡ ᠠᠪᠤᠭᠰᠠᠨ

ᠪᠢᠴᠢᠭᠡᠰᠦ