ᠰᠠᠨᠺᠲ ᠫᠧᠲ᠋ᠧᠷᠪᠦ᠋ᠷᠡᠭ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠰᠠᠨᠺᠲ ᠫᠧᠲ᠋ᠧᠷᠪᠦ᠋ᠷᠡᠭ ᠬᠣᠲᠠ
ᠡᠣᠷᠤᠰ ᠦᠨ ᠬᠣᠯᠪᠣᠭᠠᠨ ᠤ ᠠᠴᠢ ᠬᠣᠯᠪᠣᠭᠳᠠᠯ ᠲᠠᠢ ᠬᠣᠲᠠ

ᠰᠦᠯᠳᠡ ᠲᠤᠭ

ᠰᠦᠯᠳᠡ ᠲᠡᠮᠳᠡᠭ
ᠤᠯᠤᠰ ᠣᠷᠣᠨ Flag of Russia.svg ᠣᠷᠣᠰ
ᠤᠯᠤᠰ ᠤᠨ ᠬᠣᠲᠠ Coat of Arms of Saint Petersburg (2003).png ᠰᠠᠨᠺᠲ ᠫᠧᠲ᠋ᠧᠷᠪᠦ᠋ᠷᠡᠭ
ᠳᠡᠭᠦᠷᠭᠡ (12) ᠨᠡᠷ᠎ᠡ ᠪᠦᠬᠦᠢ 18 ᠳᠡᠭᠦᠷᠭᠡ ᠲᠡᠢ᠃
ᠭᠠᠵᠠᠷ ᠨᠤᠲᠤᠭ 1399 ᠺᠦᠸᠠᠳ᠋ ᠺᠢᠯᠣᠮᠧᠲ᠋ᠷ
ᠭᠠᠵᠠᠷ ᠤᠨ ᠪᠠᠶᠢᠴᠠ ᠳᠠᠯᠠᠢ ᠶᠢᠨ ᠲᠦᠪᠰᠢᠨ ᠡᠴᠡ 3 ᠮᠸᠲ᠋ᠷ
ᠬᠦᠮᠦᠨ ᠠᠮᠠ 2012 ᠣᠨ ᠳᠤ 4,953,219 ᠬᠦᠮᠦᠨ
ᠬᠦᠮᠦᠨ ᠠᠮᠠ (ᠪᠥᠭᠡ ᠶᠢ᠃) 2002 ᠣᠨ ᠳᠤ 5.4 ᠰᠠᠶ᠎ᠠ ᠬᠦᠮᠦᠨ
ᠨᠢᠭᠲᠠᠴᠠ ᠰᠡᠶᠢᠷᠡᠭ 3540.5 ᠬᠦᠮᠦᠨ/км²
ᠠᠷᠠᠳ ᠲᠦᠮᠡᠨ 92.5% - ᠣᠷᠣᠰ᠂ 1.5% - ᠦᠺᠷᠠᠶᠢᠨ
0.9% - ᠴᠠᠭᠠᠨ ᠤᠷᠤᠰ᠂ 0.7% - ᠲᠠᠲ᠋ᠠᠷ
ᠨᠤᠲᠤᠭ ᠤᠨ ᠣᠯᠠᠨ ᠰᠠᠨᠺᠲ ᠫᠧᠲ᠋ᠧᠷᠪᠦ᠋ᠷᠡᠭ ᠤᠨ ᠬᠢᠨ
1703 ᠣᠨ ᠬᠣᠲᠠ ᠪᠣᠰᠴᠤ ᠡᠬᠢᠯᠡᠭᠰᠡᠨ
1713-1918 ᠣᠨ ᠣᠷᠣᠰ ᠣᠷᠣᠨ ᠤ ᠨᠡᠶᠢᠰᠯᠡᠯ
1991 ᠣᠨ ᠰᠠᠨᠺᠲ ᠫᠧᠲ᠋ᠧᠷᠪᠦ᠋ᠷᠡᠭ ᠨᠡᠷ᠎ᠡ ᠰᠡᠷᠭᠦᠪᠡ᠃
ᠠᠮᠪᠠᠨ ᠰᠠᠶᠢᠳ ᠭᠧᠣᠷᠭᠡᠢ ᠫᠣᠯᠲᠠᠴᠧᠩᠺᠣ
ᠴᠠᠭ ᠤᠨ ᠪᠥᠰᠡ ᠮᠣᠰᠺᠸᠠ ᠶᠢᠨ ᠴᠠᠭ (ГЦ+4)
ᠤᠲᠠᠰᠤᠨ ᠳ᠋ᠣᠭᠠᠷ +7 812
ᠰᠢᠤᠳᠠᠨ ᠳᠤᠭᠠᠷ 190000-199406
ᠮᠠᠰᠢᠨ ᠤ ᠳ᠋ᠣᠭᠠᠷ 78, 98, 178
ᠴᠠᠬᠢᠮ ᠭᠠᠵᠠᠷ gov.spb.ru (ᠣᠷᠣᠰ ᠢᠶᠠᠷ)
ᠰᠠᠨᠰᠠᠷ ᠠᠴᠠ ᠠᠪᠤᠭᠰᠠᠨ ᠰᠠᠨᠺᠲ ᠫᠧᠲ᠋ᠧᠷᠪᠦ᠋ᠷᠡᠭ ᠦᠨ ᠵᠢᠷᠤᠭ ᠯᠠᠳᠣᠭ ᠨᠠᠭᠤᠷ ᠡᠴᠡ ᠡᠬᠢ ᠠᠪᠴᠤ ᠪᠠᠷᠠᠭᠤᠨ ᠡᠮᠦᠨ᠎ᠡ ᠲᠡᠰᠢ ᠤᠷᠤᠰᠬᠤ ᠨᠸᠸᠠ ᠮᠥᠷᠡᠨ ᠪᠠᠷᠠᠭᠤᠨ ᠬᠣᠶᠢᠰᠢ ᠴᠢᠭᠯᠡᠨ ᠹᠢᠨᠯᠠᠨᠳ᠋ ᠍ ᠤᠨ ᠪᠤᠯᠤᠩ ᠳᠤ ᠴᠢᠳᠬᠤᠨ᠎ᠠ᠃ ᠰᠠᠨᠺᠲ ᠫᠧᠲ᠋ᠧᠷᠪᠦ᠋ᠷᠡᠭ ᠬᠣᠲᠠ ᠨᠢ ᠡᠨᠡᠬᠦ ᠨᠸᠸᠠ ᠮᠥᠷᠡᠨ ᠦ ᠳᠧᠯᠲ ᠲᠤ ᠲᠥᠪᠯᠡᠷᠡᠨ ᠬᠥᠭ᠍ᠵᠢᠵᠦ ᠢᠷᠡᠭᠰᠡᠨ ᠪᠢᠯᠡ᠃

ᠰᠠᠨᠺᠲ ᠫᠧᠲ᠋ᠧᠷᠪᠦ᠋ᠷᠡᠭ (ᠣᠷᠤᠰ  ᠢᠢᠡᠷ Санкт-Петербург᠂ ᠠᠩᠭᠯᠢ ᠪᠡᠷ Saint Petersburg ᠂ ᠬᠢᠲᠠᠳ ᠢᠢᠡᠷ 圣彼得堡 ) ᠨᠢ ᠣᠷᠣᠰ ᠤᠨ ᠬᠣᠯᠪᠣᠭᠠᠨ ᠤ ᠤᠯᠤᠰ ᠍ ᠤᠨ ᠬᠣᠲᠠ ᠶᠤᠮ᠃ ᠯᠧᠨᠢᠩᠷᠠᠳ᠋ ᠮᠤᠵᠢ ᠢᠢᠨ ᠲᠥᠪ ᠪᠥᠭᠡᠳ ᠣᠷᠣᠰ ᠤᠨ ᠬᠣᠯᠪᠣᠭᠠᠨ ᠤ ᠤᠯᠤᠰ ᠤᠨ ᠬᠤᠲᠠ ᠶᠤᠮ᠃ ᠬᠠᠭᠠᠨᠲᠤ ᠣᠷᠣᠰ ᠤᠯᠤᠰ ᠍ ᠤᠨ ᠨᠡᠶᠢᠰᠯᠡᠯ ᠪᠠᠶᠢᠭᠰᠠᠨ᠃ ᠬᠣᠲᠠ ᠶᠢᠨ ᠨᠡᠷ᠎ᠡ ᠨᠢ "ᠭᠡᠭᠡᠨ ᠫᠧᠲ᠋ᠷ ᠤᠨ ᠬᠣᠲᠠ" ᠬᠡᠮᠡᠬᠦ ᠤᠳᠬ᠎ᠠ ᠲᠠᠢ᠃ ᠲᠤᠰ ᠬᠣᠲᠠ ᠶᠢ ᠪᠠᠶᠢᠭᠤᠯᠤᠭᠰᠠᠨ ᠫᠧᠲ᠋ᠷ ᠨᠢᠭᠡᠳᠦᠭᠡᠷ ᠬᠠᠭᠠᠨ ᠤ ᠨᠡᠷ᠎ᠡ ᠪᠡᠷ ᠨᠡᠷᠡᠯᠡᠭᠳᠡᠵᠡᠢ᠃ ᠳᠡᠯᠡᠬᠡᠢ ᠶᠢᠨ ᠨᠢᠭᠡᠳᠦᠭᠡᠷ ᠳᠠᠶᠢᠨ ᠡᠴᠠ ᠬᠣᠶᠢᠰᠢ (1914–1924) ᠫᠧᠲ᠋ᠷᠤᠭ᠍ᠷᠠᠳ᠋ ᠭᠡᠵᠦ ᠨᠡᠷᠡᠯᠡᠭᠳᠡᠵᠦ ᠪᠠᠶᠢᠭᠠᠳ᠂ ᠸᠯᠠᠳᠢᠮᠢᠷ ᠯᠧᠨᠢᠨ ᠢ ᠨᠠᠰᠤ ᠪᠠᠷᠠᠬᠤ ᠳᠤ ᠲᠡᠭᠦᠨ ᠦ ᠳᠤᠷᠠᠰᠬᠠᠯ ᠳᠤ ᠵᠣᠷᠢᠭᠤᠯᠵᠤ ᠯᠧᠨᠢᠩᠷᠠᠳ᠋ (列宁格勒 1924–1991) ᠭᠡᠵᠦ ᠨᠡᠷᠡᠯᠡᠵᠦ ᠪᠠᠶᠢᠪᠠ᠃ ᠰᠠᠨᠺᠲ ᠫᠧᠲ᠋ᠧᠷᠪᠦ᠋ᠷᠡᠭ ᠨᠢ ᠧᠦ᠋ᠷᠣᠫᠠ ᠲᠢᠪ ᠦᠨ ᠬᠠᠮᠤᠭ ᠤᠨ ᠰᠢᠨᠡᠬᠡᠨ ᠪᠦᠭᠡᠳ ᠧᠦ᠋ᠷᠣᠫᠠ ᠲᠢᠪ ᠦᠨ ᠬᠠᠮᠤᠭ ᠤᠨ ᠣᠯᠠᠨ ᠬᠦᠭᠦᠷᠭᠡ᠂ ᠳᠠᠯᠠᠢ ᠶᠢᠨ ᠰᠤᠪᠠᠭ᠂ ᠠᠷᠠᠯ ᠲᠠᠢ ᠬᠣᠲᠠ ᠪᠤᠯᠤᠨ᠎ ᠠ᠃ ᠡᠨᠳᠡ ᠨᠡᠶᠢᠲᠡ 64 ᠭᠣᠣᠯ᠂ 48 ᠰᠤᠪᠠᠭ᠂ ᠡᠷᠭᠢ ᠬᠠᠪᠢ ᠢᠢᠨ 170 ᠺᠢᠯᠣᠮᠧᠲ᠋ᠷ ᠭᠠᠵᠠᠷ᠂ 100 ᠍ ᠊ᠭᠠᠳ ᠠᠷᠠᠯ᠂ 800 ᠬᠦᠭᠦᠷᠭᠡ ᠪᠤᠢ᠃

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠷᠣᠰ ᠤᠨ ᠬᠣᠯᠪᠣᠭᠠᠨ ᠤ ᠤᠯᠤᠰ ᠤᠨ ᠪᠠᠷᠠᠭᠤᠨ ᠬᠡᠰᠡᠭ ᠲᠤ᠂ ᠪᠠᠯᠲ ᠦᠨ ᠲᠡᠩᠭᠢᠰ ᠦᠨ ᠹᠢᠨᠯᠠᠨᠳ᠋ ᠍ ᠤᠨ ᠪᠤᠯᠤᠩ ᠦᠨ ᠬᠠᠮᠤᠭ ᠤᠨ ᠵᠡᠭᠦᠨ ᠡᠷᠭᠢ ᠳᠡᠭᠡᠷ᠎ᠡ᠂ ᠨᠸᠸᠠ ᠮᠥᠷᠡᠨ ᠦ ᠠᠳᠠᠭ ᠲᠤ ᠣᠷᠣᠰᠢᠨ᠎ᠠ᠃ ᠲᠤᠰ ᠤᠯᠤᠰ ᠲᠤ ᠪᠠᠨ ᠲᠣᠮᠣᠬᠠᠨ ᠳᠤ ᠲᠣᠭᠠᠴᠢᠭᠳᠠᠬᠤ ᠪᠣᠭᠣᠮᠲᠠ ᠬᠣᠲᠠ᠂ ᠲᠡᠮᠦᠷ ᠵᠠᠮ᠂ ᠠᠭᠠᠷ ᠤᠨ ᠵᠠᠮ ᠤᠨ ᠴᠢᠬᠤᠯᠠ ᠵᠠᠩᠭᠢᠯᠠᠭ᠎ᠠ ᠪᠥᠭᠡᠳ ᠮᠣᠰᠺᠸᠠ ᠶᠢᠨ ᠳᠠᠷᠠᠭ᠎ᠠ ᠬᠤᠶᠠᠷᠳᠤᠭᠠᠷ  ᠲᠤ᠋ ᠤᠷᠤᠬᠤ ᠬᠣᠲᠠ ᠶᠤᠮ᠃

ᠨᠸᠸᠠ ᠮᠥᠷᠡᠨ ᠦ ᠪᠡᠯᠴᠢᠷ ᠳᠡᠬᠢ ᠠᠷᠠᠯ ᠤᠳ ᠪᠣᠯᠤᠨ ᠬᠣᠶᠠᠷ ᠡᠷᠭᠢ ᠪᠡᠷ ᠤᠷᠤᠰᠢᠬᠤ ᠲᠤᠰ ᠬᠣᠳᠠ ᠳᠤ ᠤᠰᠤᠨ ᠰᠤᠪᠠᠭ ᠤᠨ ᠰᠦᠯᠵᠢᠶ᠎ᠡ ᠶᠡᠬᠡᠳᠡ ᠬᠥᠭ᠍ᠵᠢᠭᠰᠡᠨ᠃ ᠴᠠᠭᠠᠨ ᠲᠡᠩᠭᠢᠰᠳᠨᠧᠫᠷ ᠮᠥᠷᠡᠨᠢᠵᠢᠯ ᠮᠥᠷᠡᠨ ᠬᠦᠷᠲᠡᠯ᠎ᠡ ᠤᠰᠤᠨ ᠵᠠᠮ ᠲᠠᠲᠠᠭᠳᠠᠭᠰᠠᠨ ᠪᠠᠶᠢᠳᠠᠭ ᠲᠤᠯᠠ ᠺᠠᠰᠫᠢ ᠲᠡᠩᠭᠢᠰ᠂ ᠤᠷᠠᠯ᠂ ᠢᠵᠢᠯ ᠮᠥᠷᠡᠨ ᠡᠴᠡ ᠪᠠᠯᠲ ᠦᠨ ᠲᠡᠩᠭᠢᠰ ᠲᠤ ᠭᠠᠷᠬᠤ ᠭᠠᠷᠠᠮ ᠪᠣᠯᠳᠠᠭ ᠶᠤᠮ᠃ ᠪᠣᠭᠣᠮᠲᠠ ᠶᠢᠨ ᠤᠰᠤ 11-4 ᠰᠠᠷ᠎ᠠ ᠳᠤ ᠬᠥᠯᠳᠡᠳᠡᠭ ᠴᠤ ᠮᠥᠰᠥ ᠬᠠᠭᠠᠯᠤᠭᠴᠢ ᠣᠩᠭᠣᠴᠠ ᠢᠢᠨ ᠲᠤᠰᠠᠯᠠᠮᠵᠢ ᠲᠠᠢ ᠪᠠᠷ ᠤᠰᠤᠨ ᠵᠠᠮ ᠢᠶᠠᠨ ᠬᠠᠳᠠᠭᠠᠯᠠᠭᠰᠠᠭᠠᠷ ᠪᠠᠶᠢᠳᠠᠭ᠃ ᠬᠣᠲᠠ ᠶᠢᠨ ᠲᠥᠪ ᠢᠶᠡᠷ ᠰᠤᠪᠠᠭ᠂ ᠳᠠᠯᠠᠩ ᠰᠦᠯᠵᠢᠭᠰᠡᠨ ᠪᠠᠶᠢᠳᠠᠭ ᠦᠵᠡᠰᠬᠦᠯᠡᠩ ᠲᠡᠢ ᠬᠣᠲᠠ ᠲᠤᠯᠠ "ᠤᠮᠠᠷᠠᠳᠤ ᠶᠢᠨ ᠸᠧᠨᠧᠼᠢᠶ᠎ᠠ" ᠴᠤ ᠭᠡᠵᠦ ᠨᠡᠷᠡᠯᠡᠳᠡᠭ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

1910 ᠣᠨ ᠤ ᠦᠶ᠎ᠡ ᠶᠢᠨ ᠬᠣᠲᠠ ᠶᠢᠨ ᠭᠠᠵᠠᠷ ᠤᠨ ᠵᠢᠷᠤᠭ

ᠰᠠᠨᠺᠲ ᠫᠧᠲ᠋ᠧᠷᠪᠦ᠋ᠷᠡᠭ ᠢ ᠶᠡᠬᠡ ᠫᠧᠲ᠋ᠷ ᠬᠠᠭᠠᠨ ᠦ ᠵᠠᠷᠯᠢᠭ ᠢᠶᠠᠷ 1703 ᠣᠨ ᠤ 5 ᠰᠠᠷ᠎ᠠ ᠶᠢᠨ 27 (ᠭᠠᠷᠣᠷ ᠤᠨ ᠲᠣᠭᠠᠯᠠᠯ ᠢᠶᠠᠷ᠂ ᠲᠤᠬᠠᠢ ᠶᠢᠨ ᠦᠶ᠎ᠡ ᠳᠤ ᠣᠷᠣᠰ ᠲᠤ ᠬᠡᠷᠡᠭᠯᠡᠭᠳᠡᠵᠤ ᠪᠠᠶᠢᠭᠰᠠᠨ ᠶᠦᠯ ᠦᠨ ᠲᠣᠭᠠᠯᠠᠯ ᠶᠣᠰᠣᠭᠠᠷ 5 ᠰᠠᠷ᠎ᠠ ᠶᠢᠨ 13) ᠍ ᠳᠤ ᠪᠤᠢ ᠪᠣᠯᠤᠭᠰᠠᠨ᠃

ᠤᠮᠠᠷᠠᠳᠤ ᠶᠢᠨ ᠶᠡᠬᠡ ᠳᠠᠶᠢᠨ ᠦ ᠶᠠᠪᠤᠴᠠ ᠳᠤ ᠰᠸᠸᠳᠡᠨ ᠡᠴᠡ ᠪᠤᠯᠢᠶᠠᠨ ᠠᠪᠤᠭᠰᠠᠨ ᠪᠠᠯᠲ ᠦᠨ ᠲᠡᠩᠭᠢᠰᠹᠢᠨᠯᠠᠨᠳ᠋ ᠍ ᠤᠨ ᠪᠤᠯᠤᠩ ᠦᠨ ᠡᠷᠭᠢ ᠳ᠋ᠡᠬᠢ ᠢᠩᠭᠧᠷᠮᠠᠩᠯᠠᠩᠳ᠋ ᠳᠤ ᠰᠢᠨ᠎ᠡ ᠬᠣᠲᠠ ᠶᠢ ᠪᠠᠶᠢᠭᠤᠯᠵᠠᠢ᠃ ᠮᠥᠨ ᠴᠤ ᠬᠣᠲᠠ ᠶᠢ ᠬᠠᠮᠠᠭᠠᠯᠠᠬᠤ ᠵᠣᠷᠢᠯᠭ᠎ᠠ ᠪᠠᠷ ᠫᠧᠲ᠋ᠷᠣᠫᠠᠸᠯᠪᠠᠰᠺ ᠴᠠᠶᠢᠵᠠ ᠍ ᠢ ᠪᠠᠷᠢᠭᠰᠠᠨ ᠪᠥᠭᠡᠳ 10,000 ᠭᠠᠷᠤᠢ ᠬᠦᠮᠦᠨ ᠦ ᠠᠮᠢ ᠨᠠᠰᠤᠨ ᠤ ᠥᠷᠲᠡᠭ ᠲᠡᠢ ᠪᠣᠰᠤᠭᠰᠠᠨ ᠬᠣᠲᠠ ᠭᠡᠭ᠍ᠳᠡᠳᠡᠭ᠃

ᠰᠮᠠᠯᠤᠢᠳ ᠵᠥᠪᠯᠡᠯᠲᠦ ᠬᠣᠯᠪᠣᠭᠠᠲᠤ ᠤᠯᠤᠰ ᠪᠠᠶᠢᠭᠤᠯᠤᠭᠳᠠᠭᠰᠠᠨ ᠢ ᠵᠠᠷᠯᠠᠭᠰᠠᠨ ᠪᠥᠭᠡᠳ ᠨᠡᠶᠢᠰᠯᠡᠯ ᠢ ᠮᠣᠰᠺᠸᠠ ᠳᠤ ᠰᠢᠯᠵᠢᠭᠦᠯᠬᠦ ᠬᠦᠷᠲᠡᠯ᠎ᠡ ᠲᠤᠰ ᠤᠯᠤᠰ ᠤᠨ ᠵᠠᠰᠠᠭ ᠤᠨ ᠭᠠᠵᠠᠷ ᠪᠠᠶᠢᠷᠢᠯᠠᠵᠤ ᠪᠠᠶᠢᠪᠠ᠃

1917 ᠣᠨ ᠳᠤ ᠭᠠᠷᠤᠭᠰᠠᠨ 2 ᠬᠤᠪᠢᠰᠬᠠᠯ ᠪᠣᠯᠬᠤ ᠹᠧᠸᠷᠠᠯ ᠤᠨ ᠬᠤᠪᠢᠰᠬᠠᠯᠣᠺᠲ᠋ᠢᠶᠠᠪᠧᠷ ᠤᠨ ᠬᠤᠪᠢᠰᠬᠠᠯ ᠥᠷᠨᠢᠭᠰᠡᠨ ᠭᠣᠯᠣᠮᠲᠠ ᠪᠥᠭᠡᠳ ᠪᠣᠯᠱᠧᠸᠢᠭ ᠦᠳ ᠵᠠᠰᠠᠭ ᠤᠨ ᠡᠷᠬᠡ ᠶᠢ ᠠᠪᠴᠤ᠂ ᠯᠧᠨᠢᠨ ᠳ᠋ᠤᠮᠠ ᠵᠢ ᠲᠠᠷᠠᠭᠠᠭᠰᠠᠨ᠂ ᠬᠤᠪᠢᠰᠬᠠᠯ ᠤᠨ ᠲᠥᠪ ᠪᠢᠯᠡ᠃

ᠣᠷᠣᠰ᠂ ᠹᠢᠨᠯᠠᠨᠳ᠋ ᠨᠢ ᠬᠢᠯᠢᠯᠡᠵᠤ ᠪᠠᠶᠢᠭᠰᠠᠨ ᠤᠴᠢᠷ ᠢᠣᠰᠢᠹ ᠰᠲ᠋ᠠᠯᠢᠨ ᠹᠢᠨᠯᠠᠨᠳ᠋ ᠍ ᠲᠤ ᠬᠠᠨᠳᠤᠵᠤ "ᠶᠡᠬᠡ ᠪᠤᠤᠨᠤ ᠲᠤᠰᠬᠠᠯ" ᠭᠠᠵᠠᠷ ᠢ ᠵᠥᠪᠯᠡᠯᠲᠦ ᠬᠣᠯᠪᠣᠭᠠᠲᠤ ᠤᠯᠤᠰ ᠳᠤ ᠰᠢᠯᠵᠢᠭᠦᠯᠵᠦ ᠥᠭ᠍ᠬᠦ ᠶᠢ ᠱᠠᠭᠠᠷᠳᠠᠭᠰᠠᠨ ᠢ ᠹᠢᠨᠯᠠᠨᠳ᠋ ᠤᠯᠤᠰ ᠵᠦᠪᠰᠢᠶᠡᠷᠡᠭᠰᠡᠨ ᠦᠭᠡᠢ ᠤᠴᠢᠷ  ᠡᠴᠡ᠂ 1939 ᠣᠨ ᠳᠤ ᠡᠪᠦᠯ ᠦᠨ ᠳᠠᠶᠢᠨ ᠪᠤᠶᠤ ᠵᠥᠪᠯᠡᠯᠲᠦ-ᠹᠢᠨᠯᠠᠨᠳ᠋ ᠶᠢᠨ ᠳᠠᠶᠢᠨ ᠭᠠᠷᠴᠤ ᠪᠠᠶᠢᠭᠰᠠᠨ ᠲᠡᠦᠬᠡ ᠲᠡᠢ᠃ ᠹᠢᠨᠯᠠᠨᠳ᠋ᠴᠤᠳ ᠪᠠᠶᠢᠯᠳᠤᠭᠠᠨ ᠤ ᠳᠠᠪᠠᠭᠤᠯᠢᠭ ᠪᠠᠶᠢᠷᠢ ᠲᠤ ᠪᠠᠶᠢᠭᠰᠠᠨ ᠴᠤ 1940 ᠣᠨ ᠳᠤ ᠵᠥᠪᠯᠡᠯᠲᠦ ᠬᠣᠯᠪᠣᠭᠠᠲᠤ ᠤᠯᠤᠰ ᠤᠨ ᠰᠠᠨᠠᠭᠠᠴᠢᠯᠭ᠎ ᠠ  ᠪᠡᠷ ᠳᠠᠶᠢᠨ ᠵᠣᠭᠰᠣᠬᠤ ᠭᠡᠷ᠎ᠡ ᠪᠠᠶᠢᠭᠤᠯᠤᠭᠰᠠᠨ ᠶᠤᠮ᠃ ᠳᠡᠯᠡᠬᠡᠢ ᠶᠢᠨ ᠬᠣᠶᠠᠳᠤᠭᠠᠷ ᠳᠠᠶᠢᠨ ᠦ ᠦᠶ᠎ᠡ ᠳᠤ ᠹᠢᠨᠯᠠᠨᠳ᠋ ᠨᠠᠼᠢᠰᠲ ᠭᠧᠷᠮᠠᠨ ᠦ ᠴᠡᠷᠢᠭ ᠨᠤᠭᠤᠳ ᠳᠤ ᠯᠧᠨᠢᠩᠷᠠᠳ᠋ ᠬᠣᠲᠠ 400 ᠣᠷᠴᠢᠮ ᠬᠣᠨᠣᠭ ᠪᠦᠰᠡᠯᠡᠭᠳᠡᠭᠰᠡᠨ ᠪᠢᠯᠡ (ᠯᠧᠨᠢᠩᠷᠠᠳ᠋ ᠍ ᠤᠨ ᠪᠦᠰᠡᠯᠡᠯᠲᠡ ᠵᠢ ᠦᠵᠡᠨ᠎ᠡ ᠦᠦ)᠃

ᠵᠥᠪᠯᠡᠯᠲᠦ ᠬᠣᠯᠪᠣᠭᠠᠲᠤ ᠤᠯᠤᠰ ᠶᠢᠨ ᠦᠶ᠎ᠡ ᠳᠤ 2 ᠲᠡᠭᠢ ᠲᠣᠮᠣ ᠬᠣᠲᠠ ᠪᠣᠯᠬᠤ ᠯᠧᠨᠢᠩᠷᠠᠳ᠋ ᠍ ᠤᠨ ᠡᠪ ᠬᠠᠮᠳᠣ ᠨᠠᠮ ᠤᠨ ᠲᠥᠪ ᠬᠣᠷᠢᠶᠠᠨ ᠤ ᠨᠢᠭᠡᠳᠦᠭᠡᠷ ᠨᠠᠷᠢᠨ ᠪᠢᠴᠢᠭ ᠤᠨ ᠳᠠᠷᠤᠭ᠎ᠠ ᠨᠢ ᠲᠤᠰ ᠤᠯᠤᠰ ᠲᠤ ᠨᠡᠷ᠎ᠡ ᠨᠥᠯᠥᠭᠡ ᠪᠦᠬᠦᠢ ᠠᠯᠪᠠᠨ ᠲᠤᠰᠢᠶᠠᠯ ᠪᠠᠶᠢᠪᠠ᠃

1998 ᠣᠨ ᠳᠤ ᠴᠠᠷᠢᠰᠺᠣᠧ ᠰᠧᠯᠠ ᠪᠠᠶᠢᠳᠠᠭ ᠫᠤᠱᠺᠢᠨ ᠬᠣᠲᠠ᠂ ᠺᠷᠣᠩᠰᠢᠲᠠᠳᠲ ᠵᠡᠷᠭᠡ ᠣᠶᠢᠷ᠎ᠠ ᠣᠷᠴᠢᠮ ᠤᠨ 8 ᠬᠣᠲᠠ᠂ 17 ᠰᠠᠭᠤᠷᠢᠨ ᠢ ᠲᠤᠰ ᠬᠣᠳᠠ ᠳᠤ ᠨᠢᠭᠡᠳᠬᠡᠭ᠍ᠰᠡᠨ ᠢᠶᠡᠷ ᠬᠣᠲᠠ ᠶᠢᠨ ᠭᠠᠵᠠᠷ ᠨᠤᠲᠤᠭ ᠨᠡᠯᠢᠶᠡᠳ ᠶᠠᠬᠡ ᠪᠤᠯᠵᠠᠢ᠃

ᠲᠤᠰ ᠬᠣᠲᠠ  ᠳᠤ ᠣᠷᠣᠰ ᠤᠨ ᠬᠣᠯᠪᠣᠭᠠᠨ ᠤ ᠤᠯᠤᠰ ᠦᠨ 2 ᠳ᠋ᠠᠬᠢ ᠶᠡᠷᠦᠩᠬᠡᠶᠢᠯᠡᠭᠴᠢ ᠸᠯᠠᠳᠢᠮᠢᠷ ᠫᠦᠲ᠋ᠢᠨ ᠲᠥᠷᠥᠵᠤ ᠦᠰᠦᠭᠰᠡᠨ ᠶᠤᠮ᠃

2008 ᠣᠨ ᠤ 5 ᠰᠠᠷ᠎ᠠ ᠳᠤ ᠣᠷᠣᠰ ᠤᠨ ᠬᠣᠯᠪᠣᠭᠠᠨ ᠤ ᠤᠯᠤᠰ ᠤᠨ ᠦᠨᠳᠦᠰᠦᠨ ᠬᠠᠤᠯᠢ ᠶᠢᠨ ᠰᠢᠭᠦᠬᠦ ᠪᠠᠶᠢᠭᠤᠯᠤᠮᠵᠢ ᠨᠢ ᠲᠤᠰ ᠬᠣᠳᠠ ᠳᠤ ᠪᠠᠶᠢᠷᠢᠯᠠᠬᠤ ᠪᠣᠯᠤᠭᠰᠠᠨ ᠪᠠᠶᠢᠨ᠎ᠠ᠃

ᠵᠠᠰᠠᠭ ᠵᠠᠬᠢᠷᠭᠠᠨ ᠤ ᠨᠢᠭᠡᠴᠡ ᠨᠦᠭᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠠᠨᠺᠲ ᠫᠧᠲ᠋ᠧᠷᠪᠦ᠋ᠷᠡᠭ ᠬᠣᠲᠠ ᠶᠢᠨ ᠵᠠᠰᠠᠭ ᠵᠠᠬᠢᠷᠭᠠᠨ ᠤ ᠨᠢᠭᠡᠴᠡ ᠨᠦᠭᠦᠳ

ᠰᠠᠨᠺᠲ ᠫᠧᠲ᠋ᠧᠷᠪᠦ᠋ᠷᠡᠭ ᠬᠣᠲᠠ ᠨᠢ 18 ᠳᠡᠭᠦᠷᠭᠡ ᠳᠤ ᠬᠤᠪᠢᠶᠠᠭᠳᠠᠨ᠎ᠠ᠃

 1. ᠠᠳᠮᠢᠷᠠᠯᠲᠠᠶᠢᠰᠺ ᠲᠡᠭᠦᠷᠭᠡ
 2. ᠸᠠᠰᠡᠯᠶᠣᠰᠲᠷᠣᠪᠰᠺ ᠲᠡᠭᠦᠷᠭᠡ
 3. ᠸᠤᠪᠤᠷᠭᠰᠺ ᠲᠡᠭᠦᠷᠭᠡ
 4. ᠺᠠᠯᠢᠨᠢᠨᠰᠺ ᠲᠡᠭᠦᠷᠭᠡ
 5. ᠺᠢᠷᠪᠰᠺ ᠲᠡᠭᠦᠷᠭᠡ
 6. ᠺᠣᠯᠫᠢᠨᠰᠺ ᠲᠡᠭᠦᠷᠭᠡ
 7. ᠺᠷᠠᠰᠣᠨᠠᠭᠸᠠᠷᠳ᠋ᠧᠢᠰᠺ ᠲᠡᠭᠦᠷᠭᠡ
 8. ᠺᠷᠠᠰᠠᠨᠢᠰᠧᠯᠰᠺ ᠲᠡᠭᠦᠷᠭᠡ
 9. ᠺᠷᠣᠩᠰᠢᠲᠠᠳᠲᠰᠺ ᠲᠡᠭᠦᠷᠭᠡ
 10. ᠺᠦ᠋ᠷᠣᠷᠲᠣᠩᠨᠢ ᠲᠡᠭᠦᠷᠭᠡ
 11. ᠮᠣᠰᠺᠣᠪᠰᠺ ᠲᠡᠭᠦᠷᠭᠡ
 12. ᠨᠧᠦᠢᠰᠺ ᠲᠡᠭᠦᠷᠭᠡ
 13. ᠫᠧᠲ᠋ᠷᠣᠭᠷᠠᠳᠦᠰᠺ ᠲᠡᠭᠦᠷᠭᠡ
 14. ᠫᠧᠲ᠋ᠷᠣᠳᠪᠣᠷᠴᠠᠪᠰᠺ ᠲᠡᠭᠦᠷᠭᠡ
 15. ᠫᠷᠢᠮᠣᠷᠰᠺ ᠲᠡᠭᠦᠷᠭᠡ
 16. ᠫᠤᠱᠺᠢᠨᠰᠺ ᠲᠡᠭᠦᠷᠭᠡ
 17. ᠹᠷᠦᠨᠽᠧᠨᠰᠺ ᠲᠡᠭᠦᠷᠭᠡ
 18. ᠼᠧᠨᠲᠷᠠᠯᠩᠨᠢ ᠲᠡᠭᠦᠷᠭᠡ

ᠵᠠᠮ ᠲᠡᠭᠡᠭᠡᠪᠦᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠠᠨᠺᠲ ᠫᠧᠲ᠋ᠧᠷᠪᠦ᠋ᠷᠡᠭ ᠦᠨ ᠴᠠᠬᠢᠯᠭᠠᠨ ᠲᠡᠷᠭᠡᠨ ᠤ ᠰᠦᠯᠵᠢᠶᠡᠨ ᠦ ᠵᠢᠷᠤᠭ

ᠰᠠᠨᠺᠲ ᠫᠧᠲ᠋ᠧᠷᠪᠦ᠋ᠷᠡᠭ ᠦᠨ ᠴᠠᠬᠢᠯᠭᠠᠨ ᠲᠡᠷᠭᠡ ᠨᠢ 2009 ᠣᠨ ᠤ ᠪᠠᠶᠢᠳᠠᠯ ᠢᠶᠠᠷ 5 ᠱᠤᠭᠤᠮ᠂ 63 ᠥᠷᠲᠡᠭᠡ ᠲᠡᠢ᠃ ᠮᠥᠨ ᠲᠡᠮᠦᠷ ᠵᠠᠮ ᠤᠨ 5 ᠥᠷᠲᠡᠭᠡ ᠲᠤᠰ ᠬᠣᠳᠠ ᠳᠤ ᠪᠤᠢ᠃ ᠲᠷᠠᠮᠸᠠᠢᠲᠷᠣᠯᠯᠧᠢᠪᠦ᠋ᠰ ᠨᠤᠭᠤᠳ ᠨᠡᠶᠢᠲᠡ ᠶᠢᠨ ᠲᠡᠭᠡᠭᠡᠪᠦᠷᠢ ᠳᠤ ᠦᠢᠯᠡᠴᠢᠯᠡᠳᠡᠭ᠃

ᠡᠭᠡᠴᠢ ᠳᠡᠭᠦᠦ ᠬᠣᠲᠠ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠢᠬᠡᠷ᠎ᠡ ᠬᠣᠲᠠ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠠᠭ ᠤᠨ ᠪᠥᠰᠡ[ᠵᠠᠰᠠᠪᠤᠷᠢᠯᠠᠬᠤ | ᠺᠣᠳ᠋ ᠢᠶᠠᠷ ᠵᠠᠰᠠᠬᠣ]

RTZ2.png

ᠲᠤᠰ ᠬᠣᠲᠠ ᠨᠢ ᠮᠣᠰᠺᠸᠠ ᠶᠢᠨ ᠴᠠᠭ ᠤᠨ ᠪᠦᠰᠡ ᠪᠤᠶᠤ UTC+3 ᠪᠥᠰᠡ ᠳᠤ ᠣᠷᠣᠰᠢᠨ᠎ᠠ᠃ ᠵᠤᠨ ᠤ ᠴᠠᠭ ᠦᠨ ᠦᠶ᠎ᠡ ᠳ᠋ᠡᠭᠡᠨ UTC+4 ᠪᠣᠯᠤᠨ᠎ᠠ᠃

ᠵᠢᠷᠤᠭ ᠤᠨ ᠴᠣᠮᠣᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: ᠰᠠᠨᠺᠲ ᠫᠧᠲ᠋ᠧᠷᠪᠦ᠋ᠷᠡᠭ

ᠪᠢᠴᠢᠭᠡᠰᠦ