ᠰᠠᠨᠮᠠᠷᠢᠨᠤ᠋

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠪᠦᠭᠦᠳᠡ ᠨᠠᠶᠢᠷᠠᠮᠳᠠᠬᠤ ᠰᠠᠨᠮᠠᠷᠢᠨᠤ᠋ ᠤᠯᠤᠰ
Serenissima Repubblica di San Marino
ᠲᠥᠷᠥ ᠶᠢᠨ ᠳᠠᠯᠪᠠᠭ᠎ᠠ ᠲᠥᠷᠥ ᠶᠢᠨ ᠰᠦᠯᠳᠡ
ᠨᠡᠶᠢᠰᠯᠡᠯᠰᠠᠨᠮᠠᠷᠢᠨᠤ᠋
ᠲᠣᠮᠣ ᠬᠣᠲᠠ ᠰᠧᠷᠷᠠᠪᠠᠯᠯᠧ
ᠠᠯᠪᠠᠨ ᠬᠡᠯᠡ ᠢᠲ᠋ᠠᠯᠢ ᠬᠡᠯᠡ
ᠲᠥᠷᠥ ᠵᠠᠰᠠᠭ ᠫᠠᠷᠯᠠᠮᠧᠨᠲ ᠤᠨ ᠪᠦᠭᠦᠳᠡ
ᠨᠠᠶᠢᠷᠠᠮᠳᠠᠬᠤ ᠵᠠᠰᠠᠭ
ᠲᠠᠢ
 -  ᠠᠬᠠᠯᠠᠬᠤ ᠵᠠᠰᠠᠭ
ᠪᠠᠷᠢᠭᠴᠢ
ᠲᠧᠣᠳᠣᠷᠣ ᠯᠤᠨᠹᠧᠷᠨᠢᠨᠢ᠂
ᠳᠧᠨᠢᠽᠧ ᠪᠷᠣᠨᠼᠧᠲ᠋ᠲ᠋ᠢ
ᠲᠡᠦᠬᠡ
 -  301-09-03 ᠨᠤᠲᠤᠭ ᠡᠭᠦᠰᠦᠨ ᠪᠠᠶᠢᠭᠤᠯᠤᠭᠳᠠᠭᠰᠠᠨ 
ᠨᠤᠲᠤᠭ ᠳᠡᠪᠢᠰᠬᠡᠷ
 -  ᠪᠦᠬᠦ ᠲᠠᠯᠠᠪᠠᠢ 61.2 km2 (190/194)
ᠬᠦᠮᠦᠨ ᠠᠮᠠ
 -  ᠲᠣᠭᠠᠴᠠᠭ᠎ᠠ (2012) 32,404 (190/194)
GDP (ХАЧТ) 2008 ᠣᠨ ᠤ ᠲᠣᠭᠠᠴᠠᠭ᠎ᠠ
 -  ᠨᠡᠶᠢᠲᠡ ᠳ᠋ᠦᠩ $1.17 ᠲᠡᠷᠪᠤᠮ 
 -  ᠨᠢᠭᠡ ᠬᠦᠨᠳᠦ $35,928 
ᠮᠥᠩᠭᠥᠨ ᠦ ᠨᠢᠭᠡᠴᠡ ᠧᠦ᠋ᠷᠣ (EUR)
ᠴᠠᠭ ᠤᠨ ᠪᠥᠰᠡ ТЕЦ (GMT+1)
 -  ᠵᠤᠨ ᠤ ᠴᠠᠭ ТЕЗЦ (GMT+2)
ᠳ᠋ᠦᠮᠠᠢᠨ ᠤ ᠨᠡᠷ᠎ᠡ .sm
ᠤᠲᠠᠰᠤᠨ ᠤ ᠲᠣᠮᠢᠶ᠎ᠠ +378

ᠰᠠᠨᠮᠠᠷᠢᠨᠤ᠋, ᠪᠦᠭᠦᠳᠡ ᠨᠠᠶᠢᠷᠠᠮᠳᠠᠬᠤ ᠰᠠᠨᠮᠠᠷᠢᠨᠤ᠋ ᠤᠯᠤᠰ (ᠢᠲ᠋ᠠᠯᠢ ᠪᠡᠷ Serenissima Repubblica di San Marino), ᠨᠢ ᠠᠫᠧᠨᠠᠨ ᠤ ᠬᠣᠶᠢᠭᠡᠶᠢᠨ ᠡᠮᠦᠨ᠎ᠡ ᠬᠡᠰᠡᠭ ᠲᠦ ᠣᠷᠣᠰᠢᠳᠠᠭ᠃ ᠲᠤᠰ ᠤᠯᠤᠰ ᠨᠢ ᠡᠷᠭᠢᠨ ᠲᠣᠭᠣᠷᠢᠨ ᠢᠲ᠋ᠠᠯᠢ ᠍ ᠶᠢᠨ ᠭᠠᠵᠠᠷ ᠨᠤᠲᠤᠭ ᠢᠶᠠᠷ ᠬᠦᠷᠢᠶᠡᠯᠡᠭᠳᠡᠭᠰᠡᠨ ᠪᠠᠶᠢᠬᠤ ᠪᠠ ᠭᠠᠵᠠᠷᠨᠤᠲᠤᠭ ᠤᠨ ᠬᠡᠮᠵᠢᠶ᠎ᠡ ᠶᠡᠷᠦᠳᠡᠭᠡᠨ 61 ᠺᠢᠯᠣᠮᠧᠲ᠋ᠷ2, 30000 ᠭᠠᠷᠤᠢ ᠬᠦᠮᠦᠨ ᠠᠮᠠ ᠲᠠᠢ᠃ ᠨᠡᠶᠢᠰᠯᠡᠯ ᠰᠠᠨᠮᠠᠷᠢᠨᠤ᠋ ᠬᠣᠲᠠ. ᠯᠢᠾᠢᠲ᠋ᠧᠨᠱᠤᠲ᠋ᠠᠢᠢᠨᠸᠠᠲ᠋ᠢᠺᠠᠨᠮᠤᠨᠠᠺᠣᠠᠨᠳᠣᠷᠠ ᠪᠣᠯᠤᠨ ᠮᠠᠯᠦᠲ᠋ᠠ ᠵᠡᠷᠭᠡ ᠧᠦᠢᠷᠣᠫᠠ ᠍ ᠤᠨ ᠪᠢᠴᠢᠯ ᠤᠯᠤᠰ ᠤᠳ ᠤᠨ ᠨᠢᠭᠡ ᠪᠥᠭᠡᠳ «ᠧᠦ᠋ᠷᠣᠫᠠ ᠶᠢᠨ ᠵᠥᠪᠯᠡᠯ ᠦᠨ» ᠬᠠᠮᠤᠭ ᠤᠨ ᠪᠠᠭ᠎ᠠ ᠬᠦᠮᠦᠨ ᠠᠮᠠ ᠲᠠᠢ ᠭᠡᠰᠢᠭᠦᠨ ᠣᠷᠣᠨ ᠶᠤᠮ᠃

ᠰᠠᠨᠮᠠᠷᠢᠨᠤ᠋ ᠤᠯᠤᠰ ᠨᠢ ᠳᠡᠯᠡᠬᠡᠢ ᠶᠢᠨ ᠬᠠᠮᠤᠭ ᠤᠨ ᠠᠩᠬᠠᠨ ᠤ ᠲᠤᠰᠠᠭᠠᠷ ᠲᠣᠭᠲᠠᠨᠢᠯ ᠢᠶᠠᠨ ᠣᠯᠤᠭᠰᠠᠨ ᠪᠣᠯᠤᠨ ᠪᠦᠭᠦᠳᠡ ᠨᠠᠶᠢᠷᠠᠮᠳᠠᠬᠤ ᠤᠯᠤᠰ ᠲᠤ ᠲᠣᠭᠠᠴᠠᠭᠳᠠᠳᠠᠭ ᠪᠠ «ᠷᠠᠪ» ᠠᠷᠠᠯ ᠳᠡᠭᠡᠷ᠎ᠡ ᠷᠤᠮᠠᠨᠢᠶ ᠠ ᠳᠠᠷᠤᠩᠭᠤᠶᠢᠯᠠᠭᠴᠢ ᠳ᠋ᠢᠣᠺᠯᠧᠲ᠋ᠢᠨ ᠬᠠᠪᠴᠢᠯᠭ᠎ᠠ ᠠᠴᠠ 257 ᠣᠨ ᠳᠤ ᠵᠢᠭᠤᠳᠠᠨ ᠳᠦᠷᠪᠡᠭᠰᠡᠨ ᠬᠡᠰᠡᠭ ᠷᠤᠮᠠᠨᠢᠶ ᠠ ᠺᠠᠲ᠋ᠣᠯᠢᠭ ᠱᠠᠰᠢᠨᠲᠠᠨ ᠨᠤᠭᠤᠳ᠂ ᠴᠢᠯᠠᠭᠤᠴᠢᠨᠤᠭ ᠤᠳ «ᠮᠣᠨᠲ᠋ᠧ-ᠲᠢᠲ᠋ᠠᠨ ᠠ» ᠠᠭᠤᠯᠠ ᠶᠢᠨ ᠠᠭᠤᠢ ᠳᠤ ᠠᠮᠢᠳᠤᠷᠠᠵᠤ ᠪᠠᠶᠢᠭᠠᠳ 301 ᠣᠨ ᠤ ᠶᠢᠰᠦᠳᠦᠭᠡᠷ ᠰᠠᠷ᠎ᠠ ᠶᠢᠨ 3 ᠍ ᠳᠦ «ᠭᠡᠭᠡᠨ ᠮᠠᠷᠢᠨ᠎ᠠ ᠨᠤᠭᠤᠳ ᠤᠨ ᠨᠢᠭᠡᠳᠦᠯ» ᠪᠠᠶᠢᠭᠤᠯᠤᠭᠰᠠᠨ ᠨᠢ ᠲᠤᠰ ᠤᠯᠤᠰ ᠤᠨ ᠦᠨᠳᠦᠰᠦ ᠰᠠᠭᠤᠷᠢ ᠲᠠᠯᠪᠢᠭᠳᠠᠭᠰᠠᠨ ᠭᠡᠳᠡᠭ᠃

ᠰᠠᠨᠮᠠᠷᠢᠨᠤ᠋ ᠤᠯᠤᠰ ᠤᠨ ᠦᠨᠳᠦᠰᠦᠨ ᠬᠠᠤᠯᠢ 1600 ᠣᠨ ᠳᠤ ᠪᠠᠲᠤᠯᠠᠭᠳᠠᠭᠰᠠᠨ ᠨᠢ ᠳᠡᠯᠡᠬᠡᠢ ᠶᠢᠨ ᠬᠠᠮᠤᠭ ᠤᠨ ᠠᠩᠬᠠᠨ ᠤ ᠦᠨᠳᠦᠰᠦᠨ ᠬᠠᠤᠯᠢ ᠭᠡᠳᠡᠭ᠃ ᠲᠤᠰ ᠤᠯᠤᠰ ᠤᠨ ᠨᠢᠭᠡ ᠬᠦᠩ ᠳᠦ ᠨᠣᠭᠳᠠᠬᠤ ᠳᠣᠲᠣᠭᠠᠳᠤ ᠶᠢᠨ ᠨᠡᠶᠢᠲᠡ ᠪᠦᠲᠦᠭᠡᠭᠳᠡᠬᠦᠨ ᠢᠶᠡᠷ ᠢᠶᠡᠨ ᠳᠡᠯᠡᠬᠡᠢ ᠶᠢᠨ ᠬᠠᠮᠤᠭ ᠤᠨ ᠪᠠᠶᠠᠨ ᠣᠷᠣᠨ ᠤ ᠲᠣᠭᠠᠨ ᠳᠤ ᠵᠢᠭ᠌ᠰᠠᠳᠠᠭ ᠪᠥᠭᠡᠳ ᠢᠲ᠋ᠠᠯᠢ ᠶᠢᠨ ᠮᠤᠵᠢ ᠨᠤᠭᠤᠳ ᠠᠴᠠ ᠬᠥᠭᠵᠢᠯ ᠢᠶᠡᠷ ᠢᠶᠡᠨ ᠳᠠᠪᠠᠭᠰᠠᠨ ᠦᠵᠡᠭᠦᠯᠦᠯᠲᠡ ᠲᠡᠢ ᠪᠠᠶᠢᠭ᠎ᠠ ᠶᠤᠮ᠃

ᠰᠠᠨᠮᠠᠷᠢᠨᠤ᠋ ᠤᠯᠤᠰ ᠨᠢ 1988 ᠣᠨ ᠳᠤ ᠧᠦ᠋ᠷᠣᠫᠠ ᠶᠢᠨ ᠵᠥᠪᠯᠡᠯ ᠦᠨ᠂ 1992 ᠣᠨ ᠳᠤ ᠨᠢᠭᠡᠳᠦᠭᠰᠡᠨ ᠦᠨᠳᠦᠰᠦᠲᠡᠨ ᠦ ᠪᠠᠶᠢᠭᠤᠯᠤᠯᠭ᠎ᠠ ᠶᠢᠨ (ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ) ᠲᠤᠰ ᠲᠤᠰ ᠭᠡᠰᠢᠭᠦᠨ ᠢᠶᠡᠷ ᠡᠯᠰᠡᠭᠰᠡᠨ᠃ ᠧᠦ᠋ᠷᠣᠫᠠ ᠶᠢᠨ ᠬᠣᠯᠪᠣᠭ᠎ᠠᠨᠳ ᠡᠯᠰᠡᠭᠡ ᠦᠭᠡᠢ ᠪᠠᠶᠢᠭ᠎ᠠ᠃

ᠵᠠᠬᠢᠷᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠠᠨᠮᠠᠷᠢᠨᠤ᠋ ᠤᠯᠤᠰ ᠤᠨ ᠵᠠᠰᠠᠭ ᠵᠠᠬᠢᠷᠭᠠᠨ ᠤ ᠨᠢᠭᠡᠴᠡ
  • ᠤᠯᠤᠰ ᠤᠨ ᠨᠡᠶᠢᠰᠯᠡᠯ ᠨᠢ ᠰᠠᠨᠮᠠᠷᠢᠨᠤ᠋ ᠬᠣᠲᠠ (ᠢᠲ᠋ᠠᠯᠢ ᠪᠡᠷ Cittᠠ di San Marino). 4,493 ᠣᠷᠣᠰᠢᠨ ᠰᠠᠭᠤᠭᠴᠢ ᠲᠠᠢ᠃
ᠰᠠᠨᠮᠠᠷᠢᠨᠤ᠋ ᠤᠯᠤᠰ ᠤᠨ ᠬᠣᠲᠠ ᠨᠤᠭᠤᠳ
ᠪᠥᠰᠡ ᠬᠦᠮᠦᠨ ᠠᠮᠠ
(ᠲᠣᠭᠠᠯᠠᠯᠭ᠎ᠠ
ᠶᠠᠪᠤᠭᠤᠯᠤᠭᠰᠠᠨ ᠣᠨ)
ᠠᠺᠺᠦᠸᠠᠸᠢᠸᠠ 1,812(2003)
ᠪᠣᠷᠭᠣ-ᠮᠠᠵᠢᠷᠧ 5.992(2003)
ᠳᠣᠮᠠᠨᠠᠨᠠ 2,865(2006)
ᠺᠶ ᠡᠵᠠᠨᠤᠠᠪᠠ 1,029(2006)
ᠮᠣᠨᠲ᠋ᠧᠵᠢᠷᠳᠤᠨ᠎ᠠ 818(2006)
ᠰᠠᠨᠮᠠᠷᠢᠨᠤ᠋ᠤᠯᠤᠰ ᠤᠨ ᠨᠡᠶᠢᠰᠯᠡᠯ 4,493(2003)
ᠰᠧᠷᠷᠠᠪᠠᠯᠯᠧ 9,394(2006)
ᠹᠠᠡᠲᠡᠨᠠ 1,132(2006)
ᠹᠢᠷᠧᠨ᠋ᠲ᠋ᠢᠨ᠎ᠠ 2,245(2006)

ᠬᠦᠮᠦᠨ ᠠᠮᠠ[ᠵᠠᠰᠠᠪᠤᠷᠢᠯᠠᠬᠤ | ᠺᠣᠳ᠋ ᠢᠶᠠᠷ ᠵᠠᠰᠠᠬᠣ]

31,434(2009 ᠣᠨ ᠤ ᠪᠠᠶᠢᠳᠠᠯ ᠢᠶᠠᠷ) ᠬᠦᠮᠦᠨ ᠠᠮᠠ ᠲᠠᠢ᠃ ᠨᠡᠶᠢᠲᠡ ᠬᠦᠮᠦᠨ ᠠᠮᠠ ᠶᠢᠨ 16% ᠨᠢ 15 ᠬᠦᠷᠲᠡᠯᠡᠬᠢ ᠨᠠᠰᠤᠨ ᠤ ᠬᠢᠨ᠂ 67% ᠨᠢ 15-64 ᠨᠠᠰᠤᠨ ᠤ ᠬᠢᠨ ᠡᠵᠡᠯᠡᠳᠡᠭ᠃ ᠬᠦᠮᠦᠨ ᠠᠮᠠ ᠶᠢᠨ ᠳᠤᠮᠳᠠᠴᠢᠨᠠᠰᠤᠯᠠᠯᠲᠠ 40.

ᠬᠦᠮᠦᠨ ᠠᠮᠠ ᠶᠢᠨ 80% ᠨᠢ ᠠᠭᠤᠭᠤᠯ ᠢᠷᠭᠡᠳ᠂ 19% ᠨᠢ ᠢᠲ᠋ᠠᠯᠢ ᠦᠨᠳᠦᠰᠦᠲᠡᠨ᠃ ᠷᠤᠮᠠᠨᠢᠶ ᠠ ᠺᠠᠲ᠋ᠣᠯᠢᠭ ᠱᠠᠰᠢᠨ ᠰᠢᠲᠦᠯᠭᠡ ᠲᠡᠢ᠃

ᠡᠳ᠋ ᠍ ᠦᠨ ᠵᠠᠰᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠩᠬᠢᠨ ᠤ᠂ ᠡᠯᠧᠺᠲ᠋ᠷᠣᠨ ᠪᠠᠷᠠᠭᠠᠨ ᠤ ᠪᠣᠯᠤᠨ ᠸᠠᠭᠠᠷᠤᠨ ᠡᠳ᠋ᠯᠡᠯᠡᠶᠢᠨ ᠠᠵᠤ ᠦᠢᠯᠡᠳᠪᠦᠷᠢ ᠲᠦᠯᠬᠢᠭᠦᠦ ᠬᠥᠭᠵᠢᠭᠰᠡᠨ ᠪᠠᠶᠢᠬᠤ ᠪᠠ ᠬᠥᠳᠡᠭᠡ ᠠᠵᠤ ᠠᠬᠤᠢᠨ ᠪᠦᠲᠦᠭᠡᠭᠳᠡᠬᠦᠨ ᠨᠦᠭᠦᠳ ᠲᠡᠷᠡ ᠳᠤᠮᠳᠠ ᠪᠠᠨ ᠣᠷᠭᠢᠯᠤᠭᠤᠨ ᠳᠠᠷᠠᠰᠤᠪᠢᠰᠢᠯᠠᠭ ᠦᠢᠯᠡᠳᠪᠦᠷᠢᠯᠡᠯ ᠤᠯᠤᠰ ᠤᠨ ᠡᠳ᠋ ᠍ ᠦᠨ ᠵᠠᠰᠠᠭ ᠲᠤ ᠭᠣᠣᠯᠯᠠᠬᠤ ᠬᠤᠪᠢ ᠨᠡᠮᠡᠷᠢ ᠶᠢ ᠣᠷᠣᠭᠤᠯᠳᠠᠭ᠃ ᠮᠥᠨ ᠠᠶᠠᠯᠠᠯ ᠵᠢᠭᠤᠯᠴᠢᠯᠠᠯ ᠍ ᠤᠨ ᠪᠥᠰᠡ ᠨᠤᠲᠤᠭ ᠠᠴᠠ ᠪᠠᠨ ᠵᠢᠯ ᠳᠤ ᠪᠡᠨ 2 ᠰᠠᠶ᠎ᠠ ᠵᠢᠭᠤᠯᠴᠢᠳ ᠠᠴᠠ ᠣᠯᠤᠭᠰᠠᠨ ᠠᠰᠢᠭ ᠨᠢ ᠤᠯᠤᠰ ᠤᠨ ᠲᠥᠰᠥᠪ ᠦᠨ 2.2% ᠍ ᠲᠠᠢ ᠲᠡᠩᠴᠡᠳᠡᠭ ᠪᠠᠶᠢᠨ᠎ᠠ᠃ ᠲᠠᠲᠠᠪᠤᠷᠢ ᠍ ᠤᠨ ᠬᠤᠪᠢ ᠬᠡᠮᠵᠢᠶ᠎ᠡ ᠥᠨᠳᠥᠷ ᠲᠡᠢ ᠣᠷᠣᠨ ᠤ ᠲᠣᠭᠠᠨ ᠳᠤ ᠣᠷᠣᠳᠠᠭ᠃

ᠰᠤᠶᠤᠯ ᠤᠷᠠᠯᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠶᠡᠬᠡ ᠰᠤᠷᠭᠠᠭᠤᠯᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠦᠭᠦᠳᠡ ᠨᠠᠶᠢᠷᠠᠮᠳᠠᠬᠤ ᠰᠠᠨᠮᠠᠷᠢᠨᠤ᠋ ᠤᠯᠤᠰ ᠤᠨ ᠶᠡᠬᠡ ᠰᠤᠷᠭᠠᠭᠤᠯᠢ(ᠢᠲ᠋ᠠᠯᠢ ᠪᠡᠷ Universitᠠ degli Studi della Repubblica di San Marino) ᠨᠢ 1985 ᠣᠨ ᠳᠤ ᠪᠠᠶᠢᠭᠤᠯᠤᠭᠳᠠᠭᠰᠠᠨ ᠪᠥᠭᠡᠳ ᠮᠣᠨᠲ᠋ᠧᠵᠢᠷᠳᠤᠨ᠎ᠠ ᠬᠣᠳᠠ ᠳᠤ ᠪᠠᠶᠢᠷᠢᠯᠠᠳᠠᠭ᠃[1] ᠪᠢᠣ ᠠᠨᠠᠭᠠᠬᠤ᠂ ᠬᠠᠷᠢᠯᠴᠠᠭ᠎ᠠ ᠬᠣᠯᠪᠣᠭ᠎ᠠᠡᠳ᠋ ᠍ ᠦᠨ ᠵᠠᠰᠠᠭ ᠪᠣᠯᠤᠨ ᠲᠧᠭᠨᠣᠯᠣᠭᠢᠪᠣᠯᠪᠠᠰᠤᠷᠠᠯᠲᠡᠦᠬᠡᠬᠠᠤᠯᠢ ᠶᠢᠨ ᠴᠢᠭᠯᠡᠯ ᠦᠳ ᠢᠶᠡᠷ ᠳᠡᠭᠡᠳᠦ ᠮᠡᠷᠭᠡᠵᠢᠯ ᠣᠯᠭᠤᠳᠠᠭ ᠠᠵᠢ᠃

ᠰᠫᠣᠷᠲ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠠᠨᠮᠠᠷᠢᠨᠤ᠋ ᠤᠯᠤᠰ ᠲᠤ ᠢᠲ᠋ᠠᠯᠢ ᠤᠯᠤᠰ ᠤᠨ ᠠᠳᠠᠯᠢ ᠬᠥᠯ ᠪᠥᠮᠪᠥᠭᠡᠡᠶᠢᠨ ᠰᠫᠣᠷᠲ ᠰᠠᠶᠢᠨ ᠬᠥᠭᠵᠢᠭᠰᠡᠨ ᠪᠠᠶᠢᠬᠤ ᠪᠠ ᠰᠠᠭᠰᠤᠨ ᠪᠥᠮᠪᠥᠭᠡᠸᠣᠯᠧᠢᠪᠣᠯ ᠍ ᠤᠨ ᠰᠫᠣᠷᠲ ᠢᠶᠠᠷ ᠬᠣᠯᠪᠣᠭ᠎ᠠ ᠪᠠᠶᠢᠭᠤᠯᠤᠨ ᠣᠯᠠᠨ ᠤᠯᠤᠰ ᠤᠨ ᠤᠷᠤᠯᠳᠤᠭᠠᠨ ᠲᠡᠮᠡᠴᠡᠭᠡᠨ ᠨᠦᠭᠦᠳ ᠲᠦ ᠣᠷᠣᠯᠴᠠᠭᠰᠠᠭᠠᠷ ᠢᠷᠡᠭᠰᠡᠨ ᠲᠡᠦᠬᠡ ᠲᠡᠢ᠃

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. Universitᠠ degli Studi di San Marino. Unirsm.sm. 2009-10-24 ᠍ ᠳᠦ ᠬᠠᠨᠳᠤᠭᠰᠠᠨ᠃

ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ