ᠯᠷᠷᠢ ᠪᠶᠠᠳ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠯᠷᠷᠢ ᠵᠣ ᠪᠶᠠᠳ (ᠠᠩᠭᠯᠢ ᠪᠠᠷ Larry Joe Bird, 1956 ᠣᠨ ᠤ ᠠᠷᠪᠠᠨ ᠬᠣᠶᠠᠳᠤᠭᠠᠷ ᠰᠠᠷ᠎ᠠ ᠶᠢᠨ 7 ᠍ ᠳᠦ ᠢᠨᠳᠢᠶᠠᠨ᠎ᠠ ᠮᠤᠵᠢᠡᠶᠢᠨ ᠤᠧᠰᠲ ᠪᠠᠳᠧᠨ ᠰᠫᠷᠢᠩ ᠢᠰ ᠬᠣᠲᠠᠣᠳᠣ ᠲᠦᠷᠦᠭᠰᠡᠨ) — ᠠᠶᠠᠷᠯᠠᠨᠲ ᠭᠠᠷᠤᠯᠲᠠᠢ ᠠᠮᠧᠷᠢᠺᠠ ᠶᠢᠨ ᠰᠠᠭᠰᠤᠨ ᠪᠥᠮᠪᠥᠭᠡᠴᠢᠨ ᠪᠥᠭᠡᠳ ᠦᠨᠳᠦᠰᠦᠨ ᠦ ᠰᠠᠭᠰᠤᠨ ᠪᠥᠮᠪᠥᠭᠡ ᠶᠢᠨ ᠬᠣᠯᠪᠣᠭ᠎ᠠᠨ ᠤ ᠪᠣᠰᠲᠠᠨ ᠰᠧᠯᠲ᠋ᠢᠺᠰ ᠪᠠᠭ ᠤᠨ ᠲᠡᠦᠬᠡᠨ ᠲᠣᠭᠯᠠᠭᠴᠢ ᠪᠢᠯᠡ᠃ ᠣᠯᠢᠮᠫᠢᠺ ᠤᠨ ᠠᠪᠤᠷᠭᠤ (1992), NBA ᠍ ᠦᠨ 3 ᠤᠳᠠᠭ᠎ᠠ ᠶᠢᠨ ᠠᠪᠤᠷᠭᠤ (1981, 1984, 1986), ᠤᠯᠠᠷᠢᠯ ᠤᠨ 3 ᠤᠳᠠᠭ᠎ᠠ ᠶᠢᠨ ᠦᠨ᠎ᠡ ᠴᠡᠨ᠎ᠡ ᠲᠡᠢ ᠲᠣᠭᠯᠠᠭᠴᠢ (1984, 1985, 1986), ᠪᠦᠬᠦ ᠣᠳᠣᠳ ᠤᠨ ᠪᠡᠯᠭᠡᠳᠡᠯ ᠦᠨ ᠪᠠᠭ ᠲᠤ 10 ᠤᠳᠠᠭ᠎ᠠ ᠨᠡᠷᠡᠯᠡᠭᠳᠡᠭᠰᠡᠨ ᠤᠷᠲᠤ ᠠᠴᠠ ᠤᠷᠲᠤ ᠦᠷᠭᠦᠯᠵᠢᠯᠡᠬᠦ ᠭᠤᠩᠰᠢᠨ ᠲᠠᠢ ᠳᠣᠮᠣᠭᠲᠤ 50 ᠲᠣᠭᠯᠠᠭᠴᠢ ᠶᠢᠨ ᠨᠢᠭᠡ᠂ ᠬᠠᠮᠤᠭ ᠤᠨ ᠠᠰᠢᠭ ᠲᠠᠢ (ᠣᠨᠣᠭ᠎ᠠ ᠠᠪᠤᠯᠲᠠ᠂ ᠪᠥᠮᠪᠥᠭᠡ ᠠᠪᠤᠯᠲᠠ᠂ ᠳᠠᠮᠵᠢᠭᠤᠯᠤᠯᠲᠠ) ᠲᠣᠭᠯᠠᠯᠲᠠ ᠨᠤᠭᠤᠳ ᠢ ᠬᠢᠭᠰᠡᠨ ᠠᠷᠪᠠᠨ ᠲᠣᠭᠯᠠᠭᠴᠢ ᠶᠢᠨ ᠨᠢᠭᠡ ᠪᠶᠠᠳ 1997—2000 ᠣᠨ ᠤ ᠬᠣᠭᠣᠷᠣᠨᠳᠣ ᠢᠨᠳᠢᠶᠠᠨ᠎ᠠ ᠫᠡᠶᠢᠰᠧᠷᠰ ᠪᠠᠭ ᠤᠨ ᠳᠠᠰᠬᠠᠯᠵᠢᠭᠤᠯᠤᠭᠴᠢ ᠪᠠᠷ ᠠᠵᠢᠯᠯᠠᠵᠤ ᠪᠠᠶᠢᠪᠠ᠃

ᠨᠠᠮᠲᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠴᠢᠭᠡ ᠡᠬᠡ ᠨᠢ ᠰᠠᠯᠵᠤ ᠰᠠᠷᠨᠢᠵᠤ ᠤᠳᠠᠯ ᠦᠭᠡᠢ ᠥᠨᠦᠴᠢᠷᠡᠴᠢ ᠬᠣᠴᠣᠷᠴᠠᠭᠠᠭᠰᠠᠨ ᠬᠡᠦᠬᠡᠳ ᠦᠳ ᠦᠨ ᠣᠳᠬᠣᠨ ᠨᠢ ᠯᠷᠷᠢ ᠪᠶᠠᠳ ᠪᠠᠶᠢᠪᠠ᠃ ᠢᠨᠳᠢᠶᠠᠨ᠎ᠠᠭᠡᠶᠢᠨ ᠺᠣᠯᠯᠧᠵᠢ ᠶᠢᠨ ᠪᠠᠭ ᠲᠤ ᠪᠠᠶᠢᠬᠤ ᠠᠴᠠ ᠪᠠᠨ ᠰᠠᠭᠰᠤᠨ ᠪᠥᠮᠪᠥᠭᠡᠡᠶᠢᠨ ᠰᠫᠣᠷᠲᠣᠣᠷ ᠦᠨᠡᠨᠬᠦᠦ ᠮᠠᠨᠳᠤᠵᠤ ᠪᠠᠶᠢᠯ᠎ᠠ᠃ 1978 ᠣᠨ ᠤ ᠳ᠋ᠷᠠᠹᠲ ᠤᠨ №6 ᠰᠣᠩᠭᠣᠯᠲᠠ ᠪᠠᠷ ᠪᠣᠰᠲᠠᠨ ᠰᠧᠯᠲ᠋ᠢᠺᠰ ᠪᠠᠭ ᠲᠤ ᠡᠯᠡᠰᠦᠨ᠂ NBA ᠳᠠᠬᠢ ᠰᠢᠨ᠎ᠡ ᠤᠯᠠᠷᠢᠯ ᠳᠤ ᠪᠠᠨ ᠣᠨᠴᠠᠭᠠᠢ ᠪᠠᠶᠢᠵᠤ 82 ᠲᠣᠭᠯᠠᠯᠲᠠ ᠶᠢᠨ ᠳᠤᠮᠳᠠᠴᠢ ᠪᠠᠷ 21.3 ᠣᠨᠣᠭ᠎ᠠ᠂ 10.4 ᠪᠥᠮᠪᠥᠭᠡ ᠠᠪᠤᠯᠲᠠ᠂ ᠬᠠᠰᠤᠭᠳᠠᠬᠤ ᠱᠠᠲᠤᠨ ᠤ ᠲᠣᠭᠯᠠᠯᠲᠠ ᠨᠤᠭᠤᠳ ᠲᠤ (9) 21.3 ᠣᠨᠣᠭ᠎ᠠ᠂ 11.2 ᠪᠥᠮᠪᠥᠭᠡ ᠠᠪᠤᠯᠲᠠ ᠳᠤᠮᠳᠠᠵᠢᠯᠵᠤ ᠣᠨ ᠤ ᠰᠢᠨ᠎ᠡ ᠲᠣᠭᠯᠠᠭᠴᠢ ᠪᠠᠷ ᠠᠯᠳᠠᠷ ᠨᠡᠷ᠎ᠡ ᠪᠡᠨ ᠳᠡᠯᠡᠬᠡᠢ ᠳᠠᠬᠢᠨ ᠳᠤ ᠲᠦᠭᠡᠭᠡᠭᠰᠡᠨ ᠶᠤᠮ᠃ ᠪᠣᠰᠲᠠᠨ ᠪᠠᠭ ᠤᠨ ᠬᠤᠪᠢ ᠳᠤ ᠪᠶᠠᠳ ᠲᠡᠷᠢᠭᠦᠲᠡᠢ ᠰᠢᠵᠢᠭᠢᠨᠡᠭᠰᠡᠨ ᠵᠠᠯᠠᠭᠤᠰ ᠤᠨ ᠢᠶᠠᠨ ᠠᠴᠢ ᠪᠠᠷ 1980-1981 ᠣᠨ ᠤ ᠤᠯᠠᠷᠢᠯ ᠳᠤ ᠠᠪᠤᠷᠭᠤ ᠴᠣᠯᠠ ᠬᠦᠷᠲᠡᠭᠰᠡᠨ ᠪᠢᠯᠡ᠃ ᠲᠡᠷᠡ ᠡᠮᠦᠨᠡᠬᠢ ᠤᠯᠠᠷᠢᠯ ᠤᠨ ᠦᠵᠡᠭᠦᠯᠦᠯᠲᠡ ᠪᠡᠨ ᠠᠬᠢᠭᠤᠯᠤᠭᠰᠠᠨ᠃

1980-1989 ᠣᠨ ᠤ ᠬᠣᠭᠣᠷᠣᠨᠳᠣ ᠯᠧᠢᠺᠧᠷᠰ ᠪᠣᠯᠤᠨ ᠪᠣᠰᠲᠠᠨ ᠪᠠᠭ ᠤᠳ ᠤᠨ ᠲᠤᠯᠤᠭᠠᠨ NBA ᠍ ᠢ ᠦᠨᠡᠨᠬᠦᠦ ᠴᠢᠮᠡᠳᠡᠭ ᠪᠠᠶᠢᠯ᠎ᠠ᠃ ᠦᠨᠡᠨ ᠳᠦ ᠪᠡᠨ ᠬᠣᠶᠠᠷ ᠪᠠᠭ ᠤᠨ ᠭᠡᠵᠦ ᠶᠠᠷᠢᠭᠳᠠᠬᠤ ᠴᠤ ᠲᠦᠯᠬᠢᠭᠦᠷ ᠲᠣᠭᠯᠠᠭᠴᠢᠳ ᠨᠢ ᠪᠠᠶᠢᠭᠰᠠᠨ ᠪᠶᠠᠳ᠂ ᠮᠡᠵᠢᠺ ᠵᠣᠩᠰᠣᠨ ᠨᠠᠷ ᠤᠨ ᠰᠢᠷᠦᠭᠦᠨ ᠥᠷᠢᠰᠦᠯᠳᠦᠭᠡᠨ ᠪᠠᠶᠢᠭᠰᠠᠨ ᠶᠤᠮ᠃ ᠲᠡᠳᠡ ᠪᠡᠶ᠎ᠡ ᠪᠡᠶᠡᠨ ᠦ ᠪᠡᠨ ᠲᠣᠭᠯᠠᠯᠲᠠ ᠶᠢ ᠰᠠᠶᠢᠨ ᠮᠡᠳᠡᠨ᠎ᠡ᠃ ᠬᠣᠶᠠᠷ ᠲᠣᠭᠯᠠᠭᠴᠢ ᠶᠢᠨ ᠠᠯᠢ ᠨᠢᠭᠡ ᠲᠠᠭᠠᠷᠠᠤ ᠲᠣᠭᠯᠠᠪᠠᠯ ᠲᠡᠷᠡ ᠪᠠᠭ NBA ᠍ ᠤᠨ ᠨᠤᠭᠤᠭᠠᠨ ᠪᠠ ᠤᠯᠠᠪᠤᠷ ᠨᠢ ᠲᠡᠷᠢᠭᠦᠯᠡᠭᠰᠡᠨ ᠪᠠ ᠠᠪᠬᠤ ᠵᠢᠱᠢᠶ᠎ᠡ ᠲᠡᠢ᠃ ᠲᠡᠳᠡ ᠪᠡᠶ᠎ᠡ ᠪᠡᠶᠡᠩ ᠢᠶᠡᠨ ᠬᠤᠷᠴᠠᠯᠠᠭᠰᠠᠨ ᠰᠫᠣᠷᠲ ᠍ ᠤᠨ ᠰᠠᠶᠢᠬᠠᠨ ᠠᠨᠳᠤᠭᠤ ᠳᠤ᠃ 1979 ᠣᠨ ᠤ ᠬᠠᠰᠤᠭᠳᠠᠬᠤ ᠱᠠᠲᠤᠨ ᠤ ᠲᠣᠭᠯᠠᠯᠲᠠᠨ ᠳᠤ ᠪᠶᠠᠳ᠂ ᠵᠣᠩᠰᠣᠨ ᠤ ᠪᠠᠭ ᠤᠳ ᠲᠤᠨᠬᠤ ᠳᠤ 121-103 ᠬᠠᠷᠢᠴᠠᠭ᠎ᠠ ᠪᠠᠷ ᠪᠣᠰᠲᠠᠨ ᠳᠡᠶᠢᠯᠬᠦ ᠳᠦ ᠪᠶᠠᠳ 34 ᠣᠨᠣᠭ᠎ᠠ ᠠᠪᠴᠤ ᠪᠠᠶᠢᠭᠰᠠᠨ ᠪᠣᠯ ᠬᠣᠶᠠᠷ ᠳ᠋ᠠᠬᠢ ᠤᠳᠠᠭ᠎ᠠ ᠶᠢᠨ ᠥᠷᠢᠰᠦᠯᠳᠦᠭᠡᠨ 1983-1984 ᠣᠨ ᠤ ᠤᠯᠠᠷᠢᠯ ᠳᠤ ᠰᠢᠪᠲᠤᠷᠭ᠎ᠠ ᠶᠢᠨ ᠲᠣᠭᠯᠠᠯᠲᠠᠨ ᠳᠤ ᠥᠷᠨᠢᠭᠰᠡᠨ᠃ ᠳᠣᠯᠣᠭ᠎ᠠ ᠳ᠋ᠠᠬᠢ ᠲᠣᠭᠯᠠᠯᠲᠠ ᠪᠠᠷ ᠢᠯᠠᠭᠴᠢ ᠪᠠᠨ ᠲᠣᠳᠣᠷᠠᠭᠤᠯᠤᠭᠰᠠᠨ ᠲᠤᠰ ᠲᠣᠭᠯᠠᠯᠲᠠ 111-102 ᠬᠠᠷᠢᠴᠠᠭ᠎ᠠ ᠪᠠᠷ ᠪᠣᠰᠲᠠᠨ ᠤ ᠲᠠᠯ᠎ᠠ ᠳᠤ ᠰᠢᠢᠳᠦᠭᠳᠡᠬᠦ ᠳᠦ ᠤᠯᠠᠷᠢᠯ ᠤᠨ ᠪᠣᠯᠤᠨ ᠰᠢᠪᠲᠤᠷᠭ᠎ᠠ ᠶᠢᠨ ᠲᠣᠭᠯᠠᠯᠲᠠ ᠶᠢᠨ MVP ᠪᠶᠠᠳ 20 ᠣᠨᠣᠭ᠎ᠠ᠂ 12 ᠪᠥᠮᠪᠥᠭᠡ ᠠᠪᠤᠯᠲᠠ ᠬᠢᠵᠦ ᠪᠠᠶᠢᠴᠠᠢ᠃[1] ᠴᠢᠨᠠᠭᠰᠢᠯᠠᠭᠠᠳ ᠣᠯᠠᠨ ᠣᠯᠠᠨ ᠲᠤᠯᠤᠭᠠᠨ ᠨᠤᠭᠤᠳ ᠵᠢᠩᠬᠢᠨᠢ ᠳᠤᠤᠯᠢᠶᠠᠨ ᠨᠤᠭᠤᠳ ᠲᠠᠷᠢᠵᠤ ᠪᠠᠶᠢᠭᠰᠠᠨ ᠶᠤᠮ᠃ ᠪᠣᠰᠲᠠᠨ ᠤ ᠳᠣᠮᠣᠭᠲᠤ ᠲᠣᠭᠯᠠᠭᠴᠢ ᠨᠢᠭᠡ ᠲᠣᠭᠯᠠᠯᠲᠠᠨ ᠳᠤ ᠬᠠᠮᠤᠭ ᠤᠨ ᠳᠡᠭᠡᠳᠦ ᠲᠠᠯ᠎ᠠ ᠨᠢ 60 ᠣᠨᠣᠭ᠎ᠠ ᠠᠪᠴᠤ ᠪᠠᠶᠢᠭᠰᠠᠨ ᠪᠠ ᠨᠡᠶᠢᠲᠡ ᠳᠦ ᠪᠡᠨ 59 ᠤᠳᠠᠭ᠎ᠠ ᠲᠷᠢᠫᠯ ᠳᠠᠪᠯ ᠬᠢᠭᠰᠡᠨ ᠦᠵᠡᠭᠦᠯᠦᠯᠲᠡ ᠪᠡᠷ ᠢᠶᠡᠨ ᠲᠡᠦᠬᠡᠨ ᠳᠦ ᠠᠶᠢᠷᠠᠭ ᠤᠨ ᠲᠠᠪᠤ ᠳᠤ ᠪᠠᠭᠲᠠᠵᠠᠢ᠃

ᠯᠷᠷᠢ ᠪᠶᠠᠳ ᠵᠢᠵᠢᠭ ᠪᠣᠯᠤᠨ ᠬᠦᠴᠦᠨ ᠦ ᠳᠣᠪᠲᠣᠯᠤᠭᠴᠢ ᠶᠢᠨ ᠪᠠᠶᠢᠷᠢᠯᠠᠯ ᠳᠤ ᠲᠣᠭᠯᠠᠳᠠᠭ ᠪᠠᠶᠢᠭᠰᠠᠨ ᠪᠠ ᠲᠠᠯᠠᠪᠠᠢ ᠳᠡᠭᠡᠷ᠎ᠡ ᠮᠠᠰᠢ ᠭᠢᠷᠠᠬᠠᠢ᠂ ᠪᠠᠶᠢᠷᠢᠯᠠᠯ ᠰᠡᠯᠭᠦᠬᠦ ᠬᠤᠷᠳᠤ ᠰᠠᠶᠢᠨ᠂ ᠬᠠᠮᠠᠭᠠᠯᠠᠯᠲᠠᠨ ᠳᠤ ᠲᠦᠯᠬᠢᠭᠦᠦ ᠣᠷᠣᠯᠴᠠᠳᠠᠭ᠂ ᠰᠢᠳᠡᠯᠲᠡ ᠶᠢᠨ ᠬᠤᠪᠢ ᠥᠨᠳᠥᠷ᠂ ᠴᠤᠴᠠ ᠪᠠᠨ ᠪᠠᠭ᠎ᠠ ᠲᠠᠢ᠂ ᠵᠠᠩ ᠠᠷᠠᠨᠰᠢᠨ ᠲᠣᠭᠲᠠᠪᠤᠷᠢᠲᠠᠢ ᠭᠡᠳ ᠰᠢᠯᠢᠳᠡᠭ ᠲᠣᠭᠯᠠᠭᠴᠢᠳ ᠪᠠᠶᠢᠬᠤ ᠶᠣᠰᠣᠲᠠᠢ ᠪᠦᠬᠦᠨ ᠢᠶᠡᠨ ᠥᠪᠡᠷᠲᠡᠭᠡᠨ ᠴᠣᠭᠴᠠᠯᠠᠭᠠᠭᠰᠠᠨ ᠵᠠᠭᠤᠨ ᠤ ᠰᠢᠯᠢᠳᠡᠭ ᠴᠠᠭᠠᠨ ᠠᠷᠠᠰᠤᠲᠤ ᠰᠠᠭᠰᠤᠨ ᠪᠥᠮᠪᠦᠭᠡᠴᠢᠨ ᠪᠢᠯᠡ᠃

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. The 1984 NBA Finals. NBA. the original on 2012-02-18 ᠍ ᠰ ᠠᠷᠬᠢᠸᠯᠠᠭᠳᠠᠭᠰᠠᠨ᠃ 2012-01-08 ᠍ ᠳᠦ ᠬᠠᠨᠳᠤᠭᠰᠠᠨ᠃

ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠠᠭᠪᠤᠷ:ᠬᠤᠷᠢᠶᠠᠩᠭᠤᠢ ᠬᠦᠰᠦᠨᠦᠭ ᠲᠦ

</tr></table> ᠵᠠᠭᠪᠤᠷ:NBA ᠍ ᠦᠨ ᠤᠯᠠᠷᠢᠯ ᠤᠨ MVPᠵᠠᠭᠪᠤᠷ:ᠬᠤᠷᠢᠶᠠᠩᠭᠤᠢ ᠬᠦᠰᠦᠨᠦᠭ ᠲᠦᠵᠠᠭᠪᠤᠷ:1980-1981 ᠣᠨ ᠤ NBA ᠍ ᠦᠨ ᠠᠪᠣᠷᠭᠣᠴᠣᠳᠵᠠᠭᠪᠤᠷ:1983-1984 ᠣᠨ ᠤ NBA ᠍ ᠦᠨ ᠠᠪᠣᠷᠭᠣᠴᠣᠳᠵᠠᠭᠪᠤᠷ:1985-1986 ᠣᠨ ᠤ NBA ᠍ ᠦᠨ ᠠᠪᠣᠷᠭᠣᠴᠣᠳᠵᠠᠭᠪᠤᠷ:NBA ᠍ ᠦᠨ ᠣᠨ ᠤ ᠰᠢᠯᠢᠳᠡᠭ ᠳᠠᠰᠬᠠᠯᠵᠢᠭᠤᠯᠤᠭᠴᠢ

ᠪᠢᠴᠢᠭᠡᠰᠦ