ᠯᠧᠪᠷᠣᠨ ᠵᠧᠮᠰ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠯᠧᠪᠷᠣᠨ ᠷᠡᠶᠢᠮᠠᠨ ᠵᠧᠮᠰ (ᠠᠩᠭᠯᠢ ᠪᠠᠷ LeBron Raymone James, 1984 ᠣᠨ ᠤ ᠠᠷᠪᠠᠨ ᠬᠣᠶᠠᠳᠤᠭᠠᠷ ᠰᠠᠷ᠎ᠠ ᠶᠢᠨ 30 ᠍ ᠳᠦ ᠣᠬᠠᠶᠣ ᠮᠤᠵᠢᠡᠶᠢᠨ ᠠᠺᠷᠣᠨ ᠬᠣᠲᠠᠣᠳᠣ ᠲᠦᠷᠦᠭᠰᠡᠨ) — ᠠᠮᠧᠷᠢᠺᠠ ᠶᠢᠨ ᠮᠡᠷᠭᠡᠵᠢᠯ ᠦᠨ ᠰᠠᠭᠰᠤᠨ ᠪᠥᠮᠪᠥᠭᠡᠴᠢᠨ ᠪᠥᠭᠡᠳ ᠬᠣᠶᠢᠳᠤ ᠠᠮᠧᠷᠢᠺᠠᠡᠶᠢᠨ ᠦᠨᠳᠦᠰᠦᠨ ᠦ ᠰᠠᠭᠰᠤᠨ ᠪᠥᠮᠪᠥᠤᠨ ᠬᠣᠯᠪᠣᠭ᠎ᠠᠨ ᠤ ᠺᠯᠢᠪᠯᠧᠨᠳ ᠺᠠᠸᠠᠯᠧᠷᠰ ᠪᠠᠭ ᠤᠨ ᠲᠣᠭᠯᠠᠭᠴᠢ ᠶᠤᠮ᠃ ᠲᠡᠭᠦᠨ ᠢ ᠰᠠᠭᠰᠤᠨ ᠪᠥᠮᠪᠥᠭᠡ ᠶᠢᠨ ᠲᠠᠯᠠᠪᠠᠢ ᠳᠤ "ᠬᠠᠭᠠᠨ ᠵᠧᠮᠰ" ᠬᠡᠮᠡᠨ ᠬᠣᠴᠢᠯᠠᠳᠠᠭ᠃ ᠣᠬ᠎ᠠ ᠠ ᠶᠢᠨ ᠳᠤᠮᠳᠠ ᠰᠤᠷᠭᠠᠭᠤᠯᠢ ᠶᠢᠨ 《Mr.Basketball》 ᠱᠠᠩᠨᠠᠯᠲᠠᠨ ᠢᠶᠠᠷ ᠭᠤᠷᠪᠠᠨᠲᠠ ᠲᠣᠳᠣᠷᠠᠵᠤ ᠪᠠᠶᠢᠭᠰᠠᠨ ᠲᠡᠷᠡᠪᠡᠷ ᠭᠡᠭᠡᠨ ᠸᠢᠨᠰᠧᠨᠲ᠂ ᠭᠡᠭᠡᠨ ᠮᠡᠷᠢᠭ ᠦᠨ ᠨᠡᠷᠡᠮᠵᠢᠲᠦ ᠳᠤᠮᠳᠠ ᠰᠤᠷᠭᠠᠭᠤᠯᠢ ᠳᠤ ᠰᠤᠷᠤᠯᠴᠠᠵᠤ ᠪᠠᠶᠢᠬᠤ ᠳᠤ ᠪᠠᠨ ᠯᠠ ᠢᠷᠡᠭᠡᠳᠦᠢ ᠳᠦ ᠨᠡᠷ᠎ᠡ ᠠᠯᠳᠠᠷ ᠢᠶᠠᠨ ᠳᠤᠭᠤᠷᠭᠠᠭᠰᠠᠨ ᠰᠢᠯᠢᠳᠡᠭ ᠲᠠᠮᠢᠷᠴᠢᠨ ᠪᠣᠯᠤᠨ᠎ᠠ ᠭᠡᠳᠡᠭ ᠢᠶᠡᠨ ᠪᠤᠰᠤᠳ ᠲᠤ ᠬᠠᠷᠠᠭᠤᠯᠵᠤ ᠴᠢᠳᠠᠭᠰᠠᠨ ᠶᠤᠮ᠃ ᠯᠧᠪᠷᠣᠨ 18 ᠍ ᠬᠠᠨ ᠨᠠᠰᠤᠲᠠᠢ ᠳᠤ ᠪᠠᠨ 2003 ᠣᠨ ᠤ NBA ᠍ ᠦᠨ ᠳ᠋ᠷᠠᠹᠲ ᠤᠨ ᠨᠢᠭᠡ ᠪᠡᠷ 《ᠺᠠᠸᠠᠯᠧᠷᠰ》 ᠍ ᠳᠦ ᠰᠣᠩᠭᠣᠭᠳᠠᠵᠤ᠂ ᠮᠡᠷᠭᠡᠵᠢᠯ ᠦᠨ ᠰᠠᠭᠰᠤᠨ ᠪᠥᠮᠪᠦᠭᠡᠴᠢ ᠶᠢᠨ ᠳᠧᠪᠶᠤᠶᠢᠲ ᠬᠢᠬᠦ ᠡᠴᠡ ᠪᠡᠨ ᠡᠮᠦᠨ᠎ᠡ 《Nike》 ᠍ ᠲᠠᠢ 90 ᠰᠠᠶ᠎ᠠ ᠠᠮᠠ᠃ᠳ᠋ᠣᠯᠯᠠᠷ ᠢᠶᠠᠷ ᠦᠨᠡᠯᠡᠭᠳᠡᠬᠦ ᠭᠡᠷ᠎ᠡ ᠪᠠᠶᠢᠭᠤᠯᠵᠠᠢ᠃ ᠦᠨᠳᠦᠰᠦᠨ ᠦ ᠰᠠᠭᠰᠤᠨ ᠪᠥᠮᠪᠥᠭᠡ ᠶᠢᠨ ᠯᠢᠭᠢ ᠳᠦ ᠲᠣᠭᠯᠠᠬᠤ ᠪᠣᠯᠤᠭᠰᠠᠨ ᠴᠠᠭ ᠠᠴᠠ ᠪᠠᠨ ᠡᠬᠢᠯᠡᠨ ᠣᠯᠠᠨ ᠰᠢᠯᠢᠳᠡᠭ ᠠᠮᠵᠢᠯᠲᠠ ᠶᠢᠨ ᠡᠵᠡᠨ ᠪᠣᠯᠵᠤ᠂ ᠬᠠᠮᠤᠭ ᠤᠨ ᠵᠠᠯᠠᠭᠤ ᠭᠡᠬᠦ ᠲᠣᠳᠣᠳᠬᠠᠯ ᠲᠠᠢ ᠣᠯᠠᠨ ᠷᠧᠺᠣᠷᠳ᠋ ᠍ ᠤᠨ ᠡᠵᠡᠨ ᠪᠣᠯᠤᠭᠰᠠᠨ ᠶᠤᠮ᠃ ᠲᠡᠷᠡᠪᠡᠷ 2003/04 ᠣᠨ ᠤ ᠤᠯᠠᠷᠢᠯ ᠳᠤ NBA ᠍ ᠶᠢᠨ ᠣᠨ ᠤ ᠰᠢᠯᠢᠳᠡᠭ ᠷᠦᠺᠢ ᠲᠣᠭᠯᠠᠭᠴᠢ᠂ 2008/09 ᠪᠣᠯᠤᠨ 2009/10 ᠣᠨ ᠤ ᠤᠯᠠᠷᠢᠯ ᠳᠤ NBA ᠍ ᠶᠢᠨ 'ᠦᠨ᠎ᠡ ᠴᠡᠨ᠎ᠡ ᠲᠡᠢ ᠲᠣᠭᠯᠠᠭᠴᠢ ᠪᠠᠷ' ᠲᠣᠳᠣᠷᠠᠭᠰᠠᠨ ᠪᠥᠭᠡᠳ 2005 ᠣᠨ ᠠᠴᠠ ᠬᠣᠶᠢᠰᠢ ᠡᠳᠦᠭᠡ ᠶᠢ ᠬᠦᠷᠲᠡᠯ᠎ᠡ ᠲᠠᠰᠤᠷᠠᠯᠲᠠ ᠦᠭᠡᠢ ᠪᠦᠬᠦ NBA ᠍ ᠦᠨ ᠪᠣᠯᠤᠨ ᠪᠦᠬᠦ ᠣᠳᠣᠳ ᠤᠨ ᠪᠠᠭ ᠲᠤ ᠪᠠᠭᠲᠤᠭᠰᠠᠭᠠᠷ ᠢᠷᠡᠭᠰᠡᠨ ᠶᠤᠮ᠃

ᠺᠯᠢᠪᠯᠧᠨᠳ ᠺᠠᠸᠠᠯᠧᠷᠰ ᠦᠨ ᠳᠣᠪᠲᠣᠯᠭᠠᠨ ᠤ ᠭᠣᠣᠯ ᠬᠦᠴᠦᠨ ᠪᠣᠯᠤᠭᠰᠠᠨ ᠵᠧᠮᠰ 2006-2010 ᠣᠨ ᠤ ᠬᠣᠭᠣᠷᠣᠨᠳᠣ ᠳᠠᠷᠠᠭᠠᠯᠠᠨ ᠪᠠᠭ᠎ᠠ ᠪᠠᠨ ᠫᠯᠧᠢ ᠣᠹᠹᠲ ᠰᠢᠯᠭᠠᠷᠠᠬᠤ ᠳᠤ ᠭᠣᠣᠯᠯᠠᠬᠤ ᠡᠭᠦᠷᠭᠡ ᠭᠦᠢᠴᠡᠳᠭᠡᠭᠰᠡᠨ᠃ 2007 ᠣᠨ ᠳᠤ ᠲᠡᠳᠡ ᠺᠣᠨᠹᠧᠷᠧᠨᠰ ᠤᠨ ᠹᠢᠨᠠᠯ ᠳᠤ ᠰᠢᠯᠭᠠᠷᠠᠭᠰᠠᠨ ᠨᠢ 1992 ᠣᠨ ᠠᠴᠠ ᠬᠣᠶᠢᠰᠢᠬᠢ ᠠᠩᠬᠠᠨ ᠤ ᠲᠣᠮᠣ ᠠᠮᠵᠢᠯᠲᠠ ᠪᠠᠶᠢᠭᠰᠠᠨ ᠪᠥᠭᠡᠳ ᠲᠡᠷᠡ ᠵᠢᠯ ᠳᠤ ᠪᠡᠨ ᠮᠥᠨ ᠲᠡᠦᠬᠡᠨ ᠳᠦ ᠪᠡᠨ ᠠᠩᠬ᠎ᠠ ᠤᠳᠤᠭ᠎ᠠ ᠪᠠᠨ NBA ᠍ ᠤᠨ ᠹᠢᠨᠠᠯ ᠳᠤ ᠥᠷᠢᠰᠦᠯᠳᠦᠵᠡᠢ᠃ ᠵᠧᠮᠰ ᠮᠥᠨ ᠠᠮᠧᠷᠢᠺᠠ ᠶᠢᠨ ᠨᠢᠭᠡᠳᠦᠭᠰᠡᠨ ᠤᠯᠤᠰ ᠤᠨ ᠰᠢᠭᠰᠢᠭᠡ ᠪᠠᠭ ᠲᠤ ᠪᠠᠭᠠᠳᠴᠤ᠂ 2004 ᠣᠨ ᠤ ᠠᠹᠢᠨ ᠤ ᠣᠯᠢᠮᠫᠢ ᠠᠴᠠ ᠬᠦᠷᠡᠯ᠂ 2008 ᠣᠨ ᠤ ᠪᠡᠭᠡᠵᠢᠩ ᠦᠨ ᠣᠯᠢᠮᠫᠢᠺ ᠤᠨ ᠨᠠᠭᠠᠳᠤᠮ ᠠᠴᠠ ᠠᠯᠲᠠᠨ ᠮᠧᠳᠠᠯ ᠬᠦᠷᠲᠡᠭᠰᠡᠨ ᠶᠤᠮ᠃

ᠪᠠᠭ᠎ᠠ ᠨᠠᠰᠤ᠂ ᠬᠤᠪᠢ ᠤᠨ ᠠᠮᠢᠳᠤᠷᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠯᠧᠪᠷᠣᠨ ᠤ ᠡᠵᠢ ᠭᠯᠤᠷᠢᠶ᠎ᠠ ᠵᠧᠮᠰ 16 ᠍ ᠬᠠᠨ ᠨᠠᠰᠤᠲᠠᠢ ᠳᠤ ᠪᠠᠨ ᠬᠦᠦ ᠪᠡᠨ ᠲᠥᠷᠦᠭᠦᠯᠵᠡᠢ᠃ ᠲᠡᠭᠦᠨ ᠦ ᠡᠴᠢᠭᠡ ᠨᠢ ᠡᠩᠲᠣᠨᠢ ᠮᠠᠺᠺᠯᠧᠯᠯᠠᠨ᠋ᠳ᠋ ᠭᠡᠭᠴᠢ ᠡᠷ᠎ᠡ ᠪᠠᠶᠢᠭᠰᠠᠨ ᠪᠣᠯᠪᠠᠴᠤ ᠬᠦᠦ ᠶᠢᠨ ᠢᠶᠡᠨ ᠠᠯᠪᠠᠨ ᠶᠣᠰᠣᠨ ᠤ ᠡᠴᠢᠭᠡ ᠪᠣᠯᠬᠤ ᠠᠴᠠ ᠲᠠᠲᠠᠭᠠᠯᠵᠠᠭᠰᠠᠨ ᠤᠴᠢᠷ ᠵᠠᠯᠠᠭᠤ ᠡᠵᠢ ᠥᠪᠡᠷ ᠦᠨ ᠢᠶᠡᠨ ᠣᠪᠤᠭ ᠢᠶᠠᠷ ᠬᠦᠦ ᠪᠡᠨ ᠣᠪᠤᠭᠯᠠᠭᠰᠠᠨ ᠪᠠᠶᠢᠨ᠎ᠠ᠃ ᠯᠧᠪᠷᠣᠨ ᠪᠣᠯᠤᠨ ᠲᠡᠭᠦᠨ ᠦ ᠡᠵᠢ ᠶᠢᠨ ᠬᠤᠪᠢ ᠳᠤ ᠠᠮᠢᠳᠤᠷᠠᠯ ᠲᠡᠶᠢᠮᠦ ᠴᠤ ᠰᠠᠶᠢᠬᠠᠨ ᠪᠠᠶᠢᠭᠰᠠᠨ ᠦᠭᠡᠢ᠃ ᠯᠧᠪᠷᠣᠨ ᠢ ᠪᠠᠭ᠎ᠠ ᠪᠠᠯᠴᠢᠷ ᠪᠠᠶᠢᠬᠤ ᠳᠤ ᠡᠵᠢ ᠨᠢ ᠶᠡᠬᠡᠳᠡ ᠵᠣᠪᠠᠯᠠᠩ ᠵᠦᠳᠡᠭᠦᠷᠢ ᠠᠮᠰᠠᠴᠢ᠂ ᠰᠡᠳᠬᠢᠯ ᠰᠠᠨᠠᠭᠠᠨ ᠤ ᠬᠤᠪᠢ ᠳᠤ ᠬᠢᠮᠤᠷᠠᠯ ᠲᠠᠢ ᠪᠠᠶᠢᠭᠰᠠᠨ ᠠᠵᠢ᠃ ᠵᠢᠷᠮᠦᠰᠦᠨ ᠪᠠᠶᠢᠬᠤ ᠦᠶ᠎ᠡ ᠳᠦ ᠨᠢ ᠭᠯᠤᠷᠢᠶᠠᠭ ᠤᠨ ᠡᠵᠢ ᠨᠠᠰᠤ ᠪᠠᠷᠠᠭᠰᠠᠨ ᠨᠢ ᠲᠡᠭᠦᠨ ᠦ ᠰᠡᠳᠬᠢᠯ ᠰᠠᠨᠠᠭᠠᠨ ᠳᠤ ᠶᠡᠬᠡᠬᠡᠨ ᠨᠥᠯᠦᠭᠡᠯᠡᠵᠡᠢ᠃ ᠬᠤᠳᠠᠯᠳᠤᠭᠴᠢ᠂ ᠺᠠᠰᠰᠴᠢᠨ ᠤ ᠠᠵᠢᠯ ᠤᠨᠨ ᠬᠣᠭᠣᠷᠣᠨᠳᠣ ᠵᠠᠪ ᠦᠭᠡᠢ ᠭᠦᠶᠦᠵᠦ᠂ ᠲᠣᠭᠲᠠᠪᠤᠷᠢ ᠰᠠᠭᠤᠷᠢᠰᠢᠯ ᠲᠠᠢ ᠠᠵᠢᠯ ᠣᠯᠠᠳᠬᠤ ᠦᠭᠡᠢ ᠪᠠᠶᠢᠭᠰᠠᠨ ᠪᠥᠭᠡᠳ ᠡᠵᠢ᠂ ᠬᠦᠦ ᠬᠣᠶᠠᠷ ᠲᠦᠷᠢᠶᠡᠰᠦ ᠶᠢᠨ ᠪᠠᠶᠢᠷᠢ ᠬᠡᠰᠴᠢ ᠠᠮᠢᠳᠤᠷᠠᠳᠠᠭ ᠪᠠᠶᠢᠪᠠ᠃ ᠺᠯᠢᠪᠯᠡᠨᠳᠡ ᠡᠴᠡ ᠡᠮᠦᠨ᠎ᠡ ᠵᠦᠭ ᠲᠤ ᠨᠢᠭᠡ ᠴᠠᠭ ᠤᠨ ᠵᠠᠢ ᠲᠠᠢ ᠭᠠᠵᠠᠷ ᠤᠷᠤᠰᠢᠬᠤ ᠠᠺᠷᠣᠨ ᠬᠣᠲᠠ 200 ᠮᠢᠩᠭ᠎ᠠ ᠣᠷᠴᠢᠮ ᠣᠷᠣᠰᠢᠨ ᠰᠠᠭᠤᠭᠴᠢ ᠲᠠᠢ ᠪᠥᠭᠡᠳ ᠭᠯᠤᠷᠢᠶ᠎ᠠ᠂ ᠯᠧᠪᠷᠣᠨ ᠨᠠᠷ ᠬᠣᠲᠠ ᠶᠢᠨ ᠢᠶᠠᠨ ᠪᠠᠷᠤᠭ ᠪᠦᠬᠦ ᠯᠠ ᠪᠠᠶᠢᠷᠢ ᠲᠦᠷᠢᠶᠡᠰᠦᠯᠡᠳᠡᠭ ᠠᠶᠢᠯ ᠢ ᠠᠨᠳᠤᠬᠤ ᠦᠭᠡᠢ ᠪᠣᠯᠤᠭᠰᠠᠨ ᠪᠠᠶᠢᠴᠠᠢ᠃

ᠬᠡᠳᠦᠢ ᠪᠡᠷ ᠠᠵᠢᠯ᠂ ᠠᠮᠢᠳᠤᠷᠠᠯ ᠤᠨ ᠬᠤᠪᠢ ᠳᠤ ᠵᠣᠪᠠᠯᠠᠩ ᠪᠡᠷᠬᠡᠰᠢᠶᠡᠯ ᠬᠠᠩᠭᠠᠯᠲᠠ ᠲᠠᠢ ᠠᠮᠰᠠᠴᠢ ᠪᠠᠶᠢᠭᠰᠠᠨ ᠴᠤ ᠭᠯᠤᠷᠢᠶ᠎ᠠ ᠬᠠᠯᠠᠮᠵᠢᠲᠠᠢ ᠡᠵᠢ ᠪᠠᠶᠢᠬᠤ ᠶᠢᠨ ᠲᠤᠯᠠᠳᠠ ᠶᠡᠬᠡᠳᠡ ᠬᠢᠴᠢᠶᠡᠵᠦ᠂ ᠪᠢᠴᠢᠬᠠᠨ ᠬᠦᠦ ᠪᠡᠨ ᠭᠤᠳᠤᠮᠵᠢᠨ ᠤ ᠬᠠᠷᠭᠢᠰ ᠬᠡᠷᠴᠡᠭᠡᠢ ᠵᠣᠳᠣᠭᠠᠨ᠂ ᠨᠡᠶᠢᠭᠡᠮ ᠤᠨ ᠡᠨᠡ ᠲᠠᠭ᠎ᠠ ᠦᠭᠡᠢ ᠪᠠᠶᠢᠳᠠᠯ ᠢᠶᠠᠷ ᠠᠩᠭᠢ ᠳᠤ ᠪᠠᠶᠢᠯᠭᠠᠬᠤ ᠪᠠᠷ ᠬᠡᠷᠡᠨ ᠳᠦ ᠪᠡᠨ ᠬᠢᠴᠢᠶᠡᠳᠡᠭ ᠪᠠᠶᠢᠪᠠ᠃ ᠯᠧᠪᠷᠣᠨ ᠢ ᠬᠣᠶᠠᠷ ᠨᠠᠰᠤᠲᠠᠢ ᠪᠠᠶᠢᠬᠤ ᠳᠤ ᠭᠯᠤᠷᠢᠶ᠎ᠠ ᠡᠳ᠋ᠳᠢ ᠵᠡᠺᠰᠣᠨ ᠭᠡᠭᠴᠢ ᠵᠠᠯᠠᠭᠤ ᠲᠠᠢ ᠳᠣᠲᠣᠨᠣ ᠬᠠᠷᠢᠴᠠᠭ᠎ᠠ ᠲᠠᠢ ᠪᠣᠯᠤᠭᠰᠠᠨ ᠪᠣᠯᠪᠠᠴᠤ 1990 ᠣᠨ ᠳᠤ ᠡᠳ᠋ᠳᠢ ᠬᠠᠷ᠎ᠠ ᠲᠠᠮᠠᠬᠢ ᠨᠠᠶᠢᠮᠠᠶᠢᠯᠠᠭᠰᠠᠨ ᠬᠡᠷᠡᠭ ᠢᠶᠡᠷ ᠭᠢᠨᠳᠠᠨ ᠳᠤ ᠬᠣᠷᠢᠭᠳᠠᠵᠠᠢ᠃ ᠯᠧᠪᠷᠣᠨ᠂ ᠵᠡᠺᠰᠣᠨ ᠬᠣᠶᠠᠷ ᠪᠡᠶ᠎ᠡ ᠪᠡᠶᠡᠳᠡᠭᠡ ᠰᠠᠶᠢᠨ ᠬᠠᠨᠳᠤᠳᠠᠭ ᠪᠠᠶᠢᠭᠰᠠᠨ ᠤᠴᠢᠷ ᠭᠯᠤᠷᠢᠶ᠎ᠠ ᠬᠦᠦ ᠳᠦ ᠪᠡᠨ ᠡᠴᠢᠭᠡ ᠪᠣᠯᠵᠤ ᠴᠢᠳᠠᠬᠤᠶᠢᠴᠠ ᠡᠷ᠎ᠡ ᠲᠡᠢ ᠤᠴᠠᠷᠠᠭᠰᠠᠨ ᠳᠤ ᠪᠠᠨ ᠨᠢᠭᠤᠴᠠᠬᠠᠨ ᠪᠠᠶᠠᠷᠯᠠᠳᠠᠭ ᠪᠠᠶᠢᠭᠰᠠᠨ ᠨᠢ ᠢᠩᠭᠢᠭᠡᠳ ᠲᠠᠯ᠎ᠠ ᠪᠠᠷ ᠥᠩᠭᠡᠷᠡᠴᠢ᠃

ᠨᠡᠭᠦᠳᠡᠯ ᠦᠨ ᠠᠮᠢᠳᠤᠷᠠᠯ ᠲᠠᠢ ᠪᠠᠶᠢᠭᠰᠠᠨ ᠯᠧᠪᠷᠣᠨ ᠪᠠᠭ᠎ᠠ ᠰᠤᠷᠭᠠᠭᠤᠯᠢ ᠳᠤ ᠡᠯᠰᠡᠨ ᠣᠷᠣᠭᠠᠳ ᠪᠠᠭ᠎ᠠ ᠦᠭᠡᠢ ᠪᠡᠷᠬᠡᠰᠢᠶᠡᠯ ᠲᠡᠢ ᠤᠴᠠᠷᠠᠵᠠᠢ᠃ ᠭᠡᠷ ᠪᠦᠯᠢ ᠶᠢᠨ ᠠᠮᠢᠳᠤᠷᠠᠯ ᠨᠢ ᠬᠦᠨᠳᠦ ᠬᠡᠴᠡᠭᠦᠦ᠂ ᠶᠠᠳᠠᠭᠤ ᠵᠦᠳᠡᠭᠦᠦ᠂ ᠦᠷᠭᠦᠯᠵᠢ ᠰᠠᠩᠬᠦᠦ ᠶᠢᠨ ᠪᠡᠷᠬᠡᠰᠢᠶᠡᠯ ᠲᠡᠢ ᠲᠤᠯᠭᠠᠷᠠᠳᠠᠭ ᠪᠠᠶᠢᠭᠰᠠᠨ ᠤᠴᠢᠷ ᠪᠢᠴᠢᠬᠠᠨ ᠬᠦᠦ ᠪᠤᠰᠤᠳ ᠬᠥᠪᠡᠭᠦᠳ ᠲᠡᠢ ᠨᠠᠶᠢᠵᠠᠯᠠᠬᠤ ᠠᠴᠠ ᠡᠮᠢᠶᠡᠳᠡᠭ ᠪᠠᠶᠢᠭᠰᠠᠨ ᠭᠡᠨ᠎ᠡ᠃ ᠭᠡᠬᠦ ᠳᠦ ᠪᠡᠨ ᠲᠡᠷᠡ ᠬᠢᠴᠢᠶᠡᠯ ᠨᠣᠮ ᠳᠤ ᠪᠠᠨ ᠰᠢᠮᠳᠠᠵᠤ᠂ ᠰᠫᠣᠷᠲᠣᠳ᠂ ᠨᠡᠩ ᠢᠯᠠᠩᠭᠤᠶ᠎ᠠ ᠰᠠᠭᠰᠤᠨ ᠪᠥᠮᠪᠥᠭᠡ᠂ ᠬᠥᠯ ᠪᠥᠮᠪᠥᠭᠡ /ᠠᠮᠧᠷᠢᠺᠠ/ ᠍ ᠳᠦ ᠳᠡᠩᠳᠡᠭᠦᠦ ᠳᠤᠷᠠᠲᠠᠢ ᠪᠠᠶᠢᠴᠠᠢ᠃ ᠮᠠᠶᠢᠺᠯ ᠵᠣᠷᠳᠠᠨ ᠢ ᠰᠢᠲᠦᠵᠦ᠂ ᠲᠡᠭᠦᠨ ᠰᠢᠭ ᠰᠠᠭᠰᠤᠨ ᠪᠥᠮᠪᠥᠭᠴᠢ ᠪᠣᠯᠬᠤ ᠶᠢ ᠮᠥᠷᠥᠭᠡᠳᠴᠦ ᠶᠠᠪᠤᠭᠰᠠᠨ ᠪᠢᠴᠢᠬᠠᠨ ᠬᠦᠦ ᠬᠦᠨᠳᠦ ᠪᠡᠷᠬᠡ ᠠᠮᠢᠳᠤᠷᠠᠯ ᠠᠴᠠ ᠥᠪᠡᠷ ᠦᠨ ᠠᠪᠢᠶᠠᠰ ᠴᠢᠳᠠᠪᠤᠷᠢ ᠪᠠᠷ ᠵᠢᠩᠬᠢᠨᠢ ᠰᠢᠯᠢᠳᠡᠭ ᠲᠠᠮᠢᠷᠴᠢᠨ ᠪᠣᠯᠵᠠᠢ᠃

ᠯᠧᠪᠷᠣᠨ ᠵᠧᠮᠰ ᠠᠬᠠᠯᠠᠬᠤ ᠰᠤᠷᠭᠠᠭᠤᠯᠢ ᠳᠤ ᠰᠤᠷᠤᠯᠴᠠᠵᠤ ᠪᠠᠶᠢᠬᠤ ᠳᠤ ᠪᠠᠨ ᠰᠠᠪᠤᠩᠨᠠ ᠪᠷᠢᠬᠤᠭᠰᠠᠨ ᠲᠠᠢ ᠲᠠᠨᠢᠯᠴᠠᠭᠰᠠᠨ ᠪᠥᠭᠡᠳ ᠡᠳᠦᠭᠡ ᠬᠣᠣᠰ ᠤᠳ ᠬᠣᠶᠠᠷ ᠬᠦᠦᠲᠡᠢ ᠶᠤᠮ᠃ ᠲᠡᠳᠡᠨ ᠦ ᠠᠩᠬᠠᠨ ᠤ ᠬᠦᠦ ᠯᠧᠪᠷᠣᠨ ᠵᠧᠮᠰ ᠵᠢᠨᠢ ᠪᠠᠷ 2004 ᠣᠨ ᠤ ᠠᠷᠪᠠᠳᠤᠭᠠᠷ ᠰᠠᠷ᠎ᠠ ᠳᠤ ᠲᠦᠷᠦᠭᠰᠡᠨ ᠪᠥᠭᠡᠳ ᠬᠣᠣᠰ ᠤᠳ 2007 ᠣᠨ ᠤ ᠵᠢᠷᠭᠤᠳᠤᠭᠠᠷ ᠰᠠᠷ᠎ᠠ ᠳᠤ ᠪᠡᠷᠰ ᠮᠠᠺᠰᠢᠮᠤᠶᠢᠰ ᠭᠡᠬᠦ ᠬᠣᠶᠠᠷ ᠳ᠋ᠡᠬᠢ ᠬᠦᠦᠭᠡᠭᠡ ᠥᠯᠥᠭᠡᠶᠢᠳᠡᠨ ᠠᠪᠤᠭᠰᠠᠨ ᠪᠠᠶᠢᠨ᠎ᠠ᠃

ᠠᠬᠠᠯᠠᠬᠤ ᠰᠤᠷᠭᠠᠭᠤᠯᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠯᠧᠪᠷᠣᠨ ᠵᠧᠮᠰ 1984 ᠣᠨ ᠤ ᠠᠷᠪᠠᠨ ᠬᠣᠶᠠᠳᠤᠭᠠᠷ ᠰᠠᠷ᠎ᠠ ᠶᠢᠨ 30 ᠍ ᠳᠦ ᠣᠬᠠᠶᠣ ᠮᠤᠵᠢ ᠶᠢᠨ ᠠᠺᠷᠣᠨ ᠬᠣᠲᠣᠩ ᠢᠶᠠᠨ ᠮᠡᠨᠳᠦᠯᠡᠭᠰᠡᠨ ᠪᠥᠭᠡᠳ ᠲᠤᠰ ᠬᠣᠲᠠ ᠶᠢᠨ ᠭᠡᠭᠡᠨ ᠸᠢᠨᠰᠧᠨᠲ᠂ ᠭᠡᠭᠡᠨ ᠮᠡᠷᠢᠭ ᠦᠨ ᠨᠡᠷᠡᠮᠵᠢᠲᠦ ᠠᠬᠠᠯᠠᠬᠤ ᠰᠤᠷᠭᠠᠭᠤᠯᠢ ᠶᠢ ᠳᠦᠭᠦᠷᠭᠡᠵᠡᠢ᠃ ᠠᠬᠠᠯᠠᠬᠤ ᠰᠤᠷᠭᠠᠭᠤᠯᠢ ᠶᠢᠨ ᠶᠢᠰᠦᠳᠦᠭᠡᠷ ᠠᠩᠭᠢ ᠳᠤ ᠰᠤᠷᠤᠯᠴᠠᠵᠤ ᠪᠠᠢ ᠳᠤ ᠪᠠᠨ ᠲᠡᠷᠡᠪᠡᠷ ᠰᠤᠷᠭᠠᠭᠤᠯᠢ ᠶᠢᠨ ᠢᠶᠠᠨ ᠰᠠᠭᠰᠤᠨ ᠪᠥᠮᠪᠥᠭᠡ ᠶᠢᠨ ᠰᠢᠭᠰᠢᠭᠡ ᠪᠠᠭ ᠲᠤ ᠲᠣᠭᠯᠠᠵᠤ᠂ Division III ᠍ ᠳᠦ ᠠᠪᠤᠷᠭᠤᠯᠠᠭᠰᠠᠨ ᠪᠠᠶᠢᠨ᠎ᠠ᠃ ᠢᠩᠭᠦᠬᠦ ᠳᠦ ᠪᠡᠨ ᠵᠧᠮᠰ ᠨᠢᠭᠡ ᠲᠣᠭᠯᠠᠯᠲᠠᠳ ᠳᠤᠮᠳᠠᠴᠢ ᠪᠠᠷ 21 ᠣᠨᠣᠭ᠎ᠠ ᠠᠪᠴᠤ᠂ 6,2 ᠤᠳᠠᠭ᠎ᠠ ᠶᠢᠨ ᠰᠠᠮᠪᠠᠷ᠎ᠠ ᠠᠴᠠ ᠪᠥᠮᠪᠥᠭᠡ ᠠᠪᠤᠯᠲᠠ ᠭᠦᠢᠴᠡᠳᠭᠡᠪᠡ᠃ ᠡᠳᠦᠭᠡ ᠠᠺᠷᠣᠨ ᠤ ᠶᠡᠬᠡ ᠰᠤᠷᠭᠠᠭᠤᠯᠢ ᠶᠢᠨ ᠪᠠᠭ ᠤᠨ ᠳᠠᠰᠬᠠᠯᠵᠢᠭᠤᠯᠤᠭᠴᠢ ᠪᠠᠷ ᠠᠵᠢᠯᠯᠠᠵᠤ ᠪᠤᠢ ᠺᠧᠢᠲ ᠳᠠᠮᠪᠷᠣᠲ ᠲᠤᠬᠠᠢ ᠶᠢᠨ ᠦᠶ᠎ᠡ ᠳᠦ ᠯᠧᠪᠷᠣᠨ ᠤ ᠳᠠᠰᠬᠠᠯᠵᠢᠭᠤᠯᠤᠭᠴᠢ ᠪᠠᠶᠢᠭᠰᠠᠨ ᠠᠵᠢ᠃ ᠬᠠᠷᠢᠨ 10 ᠍ ᠳᠦᠭᠡᠷ ᠠᠩᠭᠢ ᠳᠤ ᠰᠤᠷᠤᠯᠴᠠᠵᠤ ᠪᠠᠶᠢᠬᠤ ᠳᠤ ᠪᠠᠨ ᠯᠧᠪᠷᠣᠨ ᠨᠢᠭᠡ ᠲᠣᠭᠯᠠᠯᠲᠠᠳ ᠳᠤᠮᠳᠠᠴᠢ ᠪᠠᠷ 25,2 ᠣᠨᠣᠭ᠎ᠠ᠂ 7,2 ᠤᠳᠠᠭ᠎ᠠ ᠶᠢᠨ ᠰᠠᠮᠪᠠᠷ᠎ᠠ ᠠᠴᠠ ᠪᠥᠮᠪᠥᠭᠡ ᠠᠪᠤᠯᠲᠠ᠂ 5,8 ᠣᠨᠣᠪᠴᠢᠲᠠᠢ ᠳᠠᠮᠵᠢᠭᠤᠯᠤᠯᠲᠠ᠂ 3,8 ᠪᠥᠮᠪᠥᠭᠡ ᠲᠠᠰᠤᠯᠤᠯᠲᠠ ᠭᠦᠢᠴᠡᠳᠭᠡᠵᠦ᠂ ᠲᠡᠳᠡ ᠬᠣᠶᠠᠷ ᠳ᠋ᠡᠬᠢ ᠵᠢᠯ ᠳᠤ ᠪᠡᠨ ᠳᠠᠷᠠᠭᠠᠯᠠᠨ Division III ᠍ ᠳᠦ ᠲᠡᠷᠢᠭᠦᠯᠡᠭᠰᠡᠨ ᠪᠠᠶᠢᠨ᠎ᠠ᠃ ᠲᠡᠷᠡ ᠵᠢᠯ ᠳᠤ ᠪᠡᠨ ᠯᠧᠪᠷᠣᠨ ᠵᠧᠮᠰ ᠣᠬᠠᠶᠣ ᠮᠤᠵᠢ ᠶᠢᠨ 《Mr.Basketball》 ᠪᠤᠶᠤ ᠮᠤᠵᠢ ᠶᠢᠨ ᠰᠢᠯᠢᠳᠡᠭ ᠲᠣᠭᠯᠠᠭᠴᠢ ᠪᠣᠯᠤᠭᠠᠳ ᠵᠣᠭᠰᠣᠬᠤ ᠦᠭᠡᠢ USA Today ᠰᠣᠨᠢᠨ ᠠᠴᠠ ᠲᠣᠳᠣᠷᠠᠭᠤᠯᠳᠠᠭ ᠪᠦᠬᠦ ᠠᠮᠧᠷᠢᠺᠠ ᠶᠢᠨ ᠨᠢᠭᠡᠳᠦᠭᠡᠷ ᠰᠢᠭᠰᠢᠭᠡ ᠳᠦ ᠪᠠᠭᠲᠤᠭᠰᠠᠨ ᠠᠩᠬᠠᠨ ᠤ 10 ᠍ ᠳᠦᠭᠡᠷ ᠠᠩᠬᠢ ᠶᠢᠨ ᠰᠤᠷᠤᠭᠴᠢ ᠪᠣᠯᠪᠠ᠃

ᠠᠬᠠᠯᠠᠬᠤ ᠰᠤᠷᠭᠠᠭᠤᠯᠢ ᠶᠢᠨ 11 ᠍ ᠳᠦᠭᠡᠷ ᠠᠩᠭᠢ ᠳᠤ ᠣᠷᠣᠭᠰᠠᠨ ᠵᠢᠯ ᠳᠤ ᠪᠡᠨ ᠯᠧᠪᠷᠣᠨ ᠤ ᠠᠮᠵᠢᠯᠲᠠ ᠤᠯᠠᠮ ᠠᠬᠢᠵᠤ᠂ ᠲᠡᠷᠡᠪᠡᠷ ᠳᠠᠬᠢᠨ ᠣᠬ᠎ᠠ ᠠ ᠶᠢᠨ 《Mr.Basketball》 ᠱᠠᠩᠨᠠᠯ ᠤᠨ ᠡᠵᠡᠨ ᠪᠣᠯᠤᠭᠰᠠᠨ ᠪᠥᠭᠡᠳ ᠳᠠᠬᠢᠨ ᠪᠦᠬᠦ ᠠᠮᠧᠷᠢᠺᠠ ᠶᠢᠨ ᠨᠢᠭᠡᠳᠦᠭᠡᠷ ᠰᠢᠭᠰᠢᠭᠡ ᠳᠦ ᠪᠠᠭᠠᠳᠴᠤ᠂ 2001/02 ᠣᠨ ᠤ ᠤᠯᠠᠷᠢᠯ ᠤᠨ ᠬᠥᠪᠡᠭᠦᠳ ᠦᠨ ᠪᠠᠭ ᠤᠨ ᠤᠯᠠᠷᠢᠯ ᠤᠨ ᠰᠢᠯᠢᠳᠡᠭ ᠲᠣᠭᠯᠠᠭᠴᠢ ᠪᠠᠷ ᠲᠣᠳᠣᠷᠠᠭᠰᠠᠨ ᠪᠠᠶᠢᠨ᠎ᠠ᠃ ᠡᠨᠡ ᠦᠶᠡᠰ ᠡᠬᠢᠯᠡᠨ ᠣᠬᠠᠶᠣᠳ ᠲᠡᠭᠦᠨ ᠢ 《ᠬᠠᠭᠠᠨ ᠵᠧᠮᠰ》 ᠬᠡᠮᠡᠨ ᠨᠡᠷᠡᠶᠢᠳᠬᠦ ᠪᠣᠯᠵᠠᠢ᠃

ᠤᠳᠠᠯ ᠦᠭᠡᠢ ᠲᠡᠭᠦᠨ ᠦ ᠵᠢᠷᠤᠭ 《SLAM》 ᠰᠡᠳᠬᠦᠯ ᠦᠨ ᠬᠠᠪᠲᠠᠰᠤᠨ ᠳᠤ ᠬᠡᠪᠯᠡᠭᠳᠡᠨ ᠭᠠᠷᠴᠤ᠂ ᠤᠯᠤᠰ ᠤᠨ ᠬᠡᠮᠵᠢᠶᠡᠨ ᠳᠦ ᠲᠠᠨᠢᠭᠳᠠᠬᠤ ᠪᠣᠯᠪᠠ᠃ ᠮᠤᠵᠢ ᠶᠢᠨ ᠢᠶᠠᠨ Division II ᠍ ᠳᠦ ᠲᠣᠭᠯᠠᠬᠤ ᠪᠣᠯᠤᠭᠰᠠᠨ ᠭᠡᠭᠡᠨ ᠸᠢᠨᠰᠧᠨᠲ᠂ ᠭᠡᠭᠡᠨ ᠮᠡᠷᠢᠭ ᠦᠨ ᠨᠡᠷᠡᠮᠵᠢᠲᠦ ᠰᠤᠷᠭᠠᠭᠤᠯᠢ ᠶᠢᠨ ᠪᠠᠭ ᠲᠤ ᠯᠧᠪᠷᠣᠨ ᠭᠢᠯᠠᠯᠵᠠᠵᠤ᠂ ᠰᠠᠭᠰᠤᠨ ᠪᠥᠮᠪᠥᠭᠡ ᠶᠢᠨ ᠲᠠᠯᠠᠪᠤᠷ ᠲᠤ ᠲᠡᠭᠦᠨ ᠢ ᠪᠦᠷᠢᠨ ᠤᠳᠬ᠎ᠠ ᠪᠠᠷ ᠨᠢ ᠬᠦᠯᠢᠶᠡᠨ ᠵᠥᠪᠰᠢᠶᠡᠷᠡᠴᠡᠢ᠃

NBA[ᠵᠠᠰᠠᠪᠤᠷᠢᠯᠠᠬᠤ | ᠺᠣᠳ᠋ ᠢᠶᠠᠷ ᠵᠠᠰᠠᠬᠣ]

ᠷᠦᠺᠢ: ᠯᠧᠪᠷᠣᠨ ᠵᠧᠮᠰ 2003 ᠣᠨ ᠤ NBA ᠍ ᠤᠨ ᠳ᠋ᠷᠠᠹᠲ ᠤᠨ ᠨᠢᠭᠡ ᠪᠡᠷ 《ᠺᠯᠢᠪᠢᠯᠦᠨ ᠳᠦ ᠺᠠᠸᠠᠯ ᠢᠶᠡᠷᠰ》 ᠪᠠᠭ ᠲᠤ ᠰᠣᠩᠭᠣᠭᠳᠠᠭᠰᠠᠨ ᠶᠤᠮ᠃ NBA ᠍ ᠳᠦ ᠬᠥᠯ ᠲᠠᠯᠪᠢᠭᠰᠠᠨ ᠠᠩᠬᠠᠨ ᠤ ᠪᠠᠨ ᠲᠣᠭᠯᠠᠯᠲᠠᠳ ᠲᠡᠷᠡᠪᠡᠷ 《ᠰᠠᠺᠷᠠᠮᠧᠨᠲ᠋ᠣ ᠺᠢᠨᠭᠰ》 ᠍ ᠲᠡᠢ ᠬᠠᠯᠵᠠ ᠲᠤᠯᠵᠤ᠂ ᠤᠭ ᠲᠣᠭᠯᠠᠯᠲᠠᠳ 25 ᠣᠨᠣᠭ᠎ᠠ ᠪᠠᠭᠲᠠᠭ᠎ᠠ ᠠᠪᠴᠢᠷᠠᠭᠠᠳ ᠵᠣᠭᠰᠣᠬᠤ ᠦᠭᠡᠢ᠂ 9 ᠣᠨᠣᠪᠴᠢᠲᠠᠢ ᠳᠠᠮᠵᠢᠭᠤᠯᠤᠯᠲᠠ᠂ 6 ᠤᠳᠠᠭ᠎ᠠ ᠶᠢᠨ ᠰᠠᠮᠪᠠᠷ᠎ᠠ ᠠᠴᠠ ᠪᠥᠮᠪᠥᠭᠡ ᠠᠪᠤᠯᠲᠠ ᠭᠦᠢᠴᠡᠳᠭᠡᠵᠦ᠂ 4 ᠤᠳᠠᠭ᠎ᠠ ᠪᠥᠮᠪᠥᠭᠡ ᠲᠠᠰᠤᠯᠤᠭᠰᠠᠨ ᠪᠠᠶᠢᠨ᠎ᠠ᠃ 《ᠨᠶᠤ-ᠵᠧᠷᠰᠢ ᠨᠡᠲᠢᠰ》 ᠍ ᠦᠨ ᠡᠰᠡᠷᠬᠦ ᠬᠢᠭᠰᠡᠨ ᠲᠣᠭᠯᠠᠯᠲᠠᠳ ᠤᠯᠠᠷᠢᠯ ᠤᠨ ᠢᠶᠠᠨ ᠬᠠᠮᠤᠭ ᠤᠨ ᠣᠯᠠᠨ ᠪᠤᠶᠤ 41 ᠣᠨᠣᠭ᠎ᠠ ᠶᠢ ᠠᠪᠤᠭᠰᠠᠨ ᠢᠶᠠᠷ ᠯᠧᠪᠷᠣᠨ ᠵᠧᠮᠰ NBA ᠍ ᠤᠨ ᠲᠡᠦᠬᠡᠨ ᠳᠦ ᠨᠢᠭᠡ ᠲᠣᠭᠯᠠᠯᠲᠠᠳ 40 ᠍ ᠡᠴᠡ ᠪᠠᠭ᠎ᠠ ᠦᠭᠡᠢ ᠣᠨᠣᠭ᠎ᠠ ᠠᠪᠤᠭᠰᠠᠨ ᠬᠠᠮᠤᠭ ᠤᠨ ᠵᠠᠯᠠᠭᠤ ᠲᠣᠭᠯᠠᠭᠴᠢ ᠬᠡᠮᠡᠨ ᠨᠡᠷ᠎ᠡ ᠪᠡᠨ ᠮᠥᠩᠬᠡᠯᠡᠪᠡ᠃ ᠲᠡᠷᠡ ᠤᠯᠠᠷᠢᠯ ᠳᠤ ᠵᠧᠮᠰ ᠨᠢᠭᠡ ᠲᠣᠭᠯᠠᠯᠲᠠᠳ ᠳᠤᠮᠳᠠᠴᠢ ᠪᠠᠷ 20,9 ᠣᠨᠣᠭ᠎ᠠ᠂ 5,9 ᠣᠨᠣᠪᠴᠢᠲᠠᠢ ᠳᠠᠮᠵᠢᠭᠤᠯᠤᠯᠲᠠ᠂ 5,5 ᠤᠳᠠᠭ᠎ᠠ ᠶᠢᠨ ᠰᠠᠮᠪᠠᠷ᠎ᠠ ᠠᠴᠠ ᠪᠥᠮᠪᠥᠭᠡ ᠠᠪᠤᠯᠲᠠ ᠭᠦᠢᠴᠡᠳᠭᠡᠵᠦ᠂ 2003/04 ᠣᠨ ᠤ ᠤᠯᠠᠷᠢᠯ ᠳᠤ ᠰᠢᠯᠢᠳᠡᠭ ᠷᠦᠺᠢ ᠲᠣᠭᠯᠠᠭᠴᠢ ᠪᠠᠷ ᠲᠣᠳᠣᠷᠠᠭᠰᠠᠨ ᠨᠢ 《ᠺᠠᠸᠠᠯ ᠢᠶᠡᠷᠰ》 ᠍ ᠦᠨ ᠲᠡᠦᠬᠡᠨ ᠳᠦ ᠠᠩᠬᠠᠨ ᠤ ᠬᠢ᠂ ᠬᠠᠷᠢᠨ NBA ᠍ ᠤᠨ ᠲᠡᠦᠬᠡᠨ ᠳᠦ ᠬᠠᠮᠤᠭ ᠤᠨ ᠵᠠᠯᠠᠭᠤ ᠨᠢ ᠪᠠᠶᠢᠯ᠎ᠠ᠃ 《ᠺᠠᠸᠠᠯ ᠢᠶᠡᠷᠰ》 ᠍ ᠦᠨ ᠤᠯᠠᠷᠢᠯ ᠤᠨ ᠲᠤᠷᠰᠢᠳᠠ ᠦᠵᠡᠭᠦᠯᠦᠭᠰᠡᠨ ᠠᠮᠵᠢᠯᠲᠠ ᠡᠮᠦᠨᠡᠬᠢ ᠤᠯᠠᠷᠢᠯ ᠤᠨ ᠬᠢ ᠠᠴᠠ 18 ᠬᠣᠵᠢᠯ ᠢᠶᠠᠷ ᠢᠯᠡᠭᠦᠦ ᠪᠠᠶᠢᠭᠰᠠᠨ ᠴᠤ ᠲᠡᠳᠡ 35 ᠬᠣᠵᠢᠯ᠂ 47 ᠬᠣᠵᠢᠭᠳᠠᠯ ᠲᠠᠢ ᠪᠠᠷ ᠫᠯᠧᠢ ᠣᠹᠹ ᠤᠨ ᠱᠠᠲᠤᠨ ᠳᠤ ᠰᠢᠯᠭᠠᠷᠴᠢ ᠴᠢᠳᠠᠭ᠎ᠠ ᠦᠭᠡᠢ ᠶᠤᠮ᠃

2004/05 ᠣᠨ ᠤ ᠤᠯᠠᠷᠢᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠨᠡ ᠤᠯᠠᠷᠢᠯ ᠳᠤ ᠲᠡᠷᠡᠪᠡᠷ NBA ᠍ ᠤᠨ ᠪᠦᠬᠦ ᠣᠳᠣᠳ ᠤᠨ ᠲᠣᠭᠯᠠᠯᠲᠠᠳ ᠣᠷᠣᠯᠴᠠᠵᠤ᠂ 13 ᠣᠨᠣᠭ᠎ᠠ᠂ ᠵᠢᠷᠭᠤᠭᠠᠨ ᠣᠨᠣᠪᠴᠢᠲᠠᠢ ᠳᠠᠮᠵᠢᠭᠤᠯᠤᠯᠲᠠ᠂ ᠨᠠᠶᠢᠮᠠᠨ ᠤᠳᠠᠭ᠎ᠠ ᠶᠢᠨ ᠰᠠᠮᠪᠠᠷ᠎ᠠ ᠠᠴᠠ ᠪᠥᠮᠪᠥᠭᠡ ᠠᠪᠤᠯᠲᠠ ᠭᠦᠢᠴᠡᠳᠭᠡᠭᠰᠡᠨ ᠪᠥᠭᠡᠳ ᠲᠡᠭᠦᠨ ᠦ ᠪᠠᠭᠲᠤᠭᠰᠠᠨ ᠳᠣᠷᠣᠨ᠎ᠠ ᠺᠣᠨᠹᠧᠷᠧᠨᠰ ᠤᠨ ᠪᠠᠭ 112:115 ᠬᠠᠷᠢᠴᠠᠭ᠎ᠠ ᠲᠠᠢ ᠥᠷᠥᠨᠡᠲᠦ ᠶᠢᠨ ᠣᠳᠣᠳ ᠤᠨ ᠪᠠᠭ ᠲᠤ ᠢᠯᠠᠭᠳᠠᠭᠰᠠᠨ ᠶᠤᠮ᠃ ᠤᠯᠠᠷᠢᠯ ᠤᠨ ᠲᠣᠭᠯᠠᠯᠲᠠ ᠶᠢᠨ ᠳᠠᠷᠠᠭ᠎ᠠ ᠵᠧᠮᠰ ᠲᠷᠢᠫᠯ ᠳᠠᠪᠯᠢ ᠬᠢᠭᠰᠡᠨ ᠬᠠᠮᠤᠭ ᠤᠨ ᠵᠠᠯᠠᠭᠤ ᠲᠣᠭᠯᠠᠭᠴᠢ ᠪᠣᠯᠤᠭᠰᠠᠨ ᠲᠡᠳᠦᠢ ᠦᠭᠡᠢ ᠪᠦᠬᠦ NBA ᠍ ᠤᠨ ᠪᠠᠭ ᠲᠤ ᠪᠠᠭᠲᠠᠵᠠᠢ᠃ ᠲᠡᠷᠡᠪᠡᠷ ᠨᠢᠭᠡ ᠲᠣᠭᠯᠠᠯᠲᠠᠳ ᠳᠤᠮᠳᠠᠴᠢ ᠪᠠᠷ 27,2 ᠣᠨᠣᠭ᠎ᠠ᠂ 7,2 ᠣᠨᠣᠪᠴᠢᠲᠠᠢ ᠳᠠᠮᠵᠢᠭᠤᠯᠤᠯᠲᠠ᠂ 7,4 ᠰᠠᠮᠪᠠᠷ᠎ᠠ ᠠᠴᠠ ᠪᠥᠮᠪᠥᠭᠡ ᠠᠪᠤᠯᠲᠠ᠂ 2,2 ᠪᠥᠮᠪᠥᠭᠡ ᠲᠠᠰᠤᠯᠤᠯᠲᠠ ᠭᠦᠢᠴᠡᠳᠭᠡᠭᠰᠡᠨ ᠠᠮᠵᠢᠯᠲᠠ ᠪᠠᠷ 2004/05 ᠣᠨ ᠤ ᠤᠯᠠᠷᠢᠯ ᠢ ᠦᠳᠦᠪ᠃ ᠬᠠᠷᠢᠨ 《ᠺᠠᠸᠠᠯ ᠢᠶᠡᠷᠰ》 42 ᠬᠣᠵᠢᠯ᠂ 40 ᠬᠣᠵᠢᠭᠳᠠᠯ ᠲᠠᠢ ᠪᠠᠷ ᠳᠠᠬᠢᠨ ᠫᠯᠧᠢ ᠣᠹᠹᠲ ᠰᠢᠯᠭᠠᠷᠴᠢ ᠪᠠᠷᠠᠭᠰᠠᠨ ᠦᠭᠡᠢ᠃

2005/06 ᠣᠨ ᠤ ᠤᠯᠠᠷᠢᠯ[ᠵᠠᠰᠠᠪᠤᠷᠢᠯᠠᠬᠤ | ᠺᠣᠳ᠋ ᠢᠶᠠᠷ ᠵᠠᠰᠠᠬᠣ]

2005/06 ᠣᠨ ᠤ ᠤᠯᠠᠷᠢᠯ ᠳᠤ ᠵᠧᠮᠰ ᠳᠠᠬᠢᠨ ᠪᠦᠬᠦ ᠣᠳᠣᠳ ᠤᠨ ᠲᠣᠭᠯᠠᠯᠲᠠᠳ ᠰᠣᠩᠭᠣᠭᠳᠠᠵᠤ᠂ ᠭᠡᠬᠦ ᠳᠦ ᠪᠡᠨ ᠡᠨᠡ ᠤᠳᠠᠭ᠎ᠠ ᠳᠤ ᠲᠡᠳᠡ ᠳᠣᠷᠣᠨ᠎ᠠ ᠺᠣᠨᠹᠧᠷᠧᠨᠰ ᠤᠨ ᠪᠠᠭ ᠢ 122:20 ᠬᠠᠷᠢᠴᠠᠭ᠎ᠠ ᠲᠠᠢ ᠬᠣᠵᠢᠭ᠌ᠰᠠᠨ ᠪᠥᠭᠡᠳ ᠯᠧᠪᠷᠣᠨ ᠤᠭ ᠲᠣᠭᠯᠠᠯᠲᠠᠳ 29 ᠣᠨᠣᠭ᠎ᠠ ᠠᠪᠴᠤ᠂ ᠵᠢᠷᠭᠤᠭᠠᠨ ᠤᠳᠠᠭ᠎ᠠ ᠶᠢᠨ ᠰᠠᠮᠪᠠᠷ᠎ᠠ ᠠᠴᠠ ᠪᠥᠮᠪᠥᠭᠡ ᠠᠪᠤᠯᠲᠠ᠂ ᠬᠣᠶᠠᠷ ᠤᠳᠠᠭ᠎ᠠ ᠶᠢᠨ ᠣᠨᠣᠪᠴᠢᠲᠠᠢ ᠳᠠᠮᠵᠢᠭᠤᠯᠤᠯᠲᠠ ᠭᠦᠢᠴᠡᠳᠭᠡᠭᠰᠡᠨ ᠪᠠᠶᠢᠨ᠎ᠠ᠃ ᠲᠡᠷᠡᠪᠡᠷ 21 ᠨᠠᠰᠤ᠂ 51 ᠬᠣᠨᠣᠭ ᠲᠠᠢ ᠳᠠᠭᠠᠨ ᠪᠦᠬᠦ ᠣᠳᠣᠳ ᠤᠨ ᠲᠣᠭᠯᠠᠯᠲᠠ ᠶᠢᠨ ᠦᠨ᠎ᠡ ᠴᠡᠨ᠎ᠡ ᠲᠡᠢ ᠲᠣᠭᠯᠠᠭᠴᠢ ᠶᠢᠨ ᠱᠠᠩᠨᠠᠯ ᠬᠦᠷᠲᠡᠭᠰᠡᠨ ᠲᠡᠦᠬᠡᠨ ᠳ᠋ᠡᠬᠢ ᠬᠠᠮᠤᠭ ᠤᠨ ᠵᠠᠯᠠᠭᠤ ᠲᠣᠭᠯᠠᠭᠴᠢ ᠪᠣᠯᠪᠠ᠃ ᠮᠥᠨ ᠯᠧᠪᠷᠣᠨ ᠭᠤᠷᠪᠠᠨ ᠳᠣᠯᠣᠭ᠎ᠠ ᠬᠣᠨᠣᠭ ᠳᠠᠷᠠᠭᠠᠯᠠᠨ ᠳᠣᠯᠣᠭ᠎ᠠ ᠬᠣᠨᠣᠭ ᠤᠨ ᠰᠢᠯᠢᠳᠡᠭ ᠲᠣᠭᠯᠠᠭᠴᠢ ᠪᠠᠷ ᠡᠷᠭᠦᠮᠵᠢᠯᠡᠭᠳᠡᠭᠰᠡᠨ ᠡᠴᠡ ᠭᠠᠳᠠᠨ᠎ᠠ ᠶᠢᠰᠦᠨ ᠲᠣᠭᠯᠠᠯᠲᠠᠳ ᠳᠠᠷᠠᠭᠠᠯᠠᠨ 35 ᠍ ᠠᠴᠠ ᠳᠡᠭᠡᠭᠰᠢ ᠣᠨᠣᠭ᠎ᠠ ᠠᠪᠴᠤ᠂ ᠮᠠᠶᠢᠺᠯ ᠵᠣᠷᠳᠠᠨ᠂ ᠺᠣᠪᠢ ᠪᠷᠠᠶᠢᠨᠲ ᠨᠠᠷ ᠤᠨ ᠠᠮᠵᠢᠯᠲᠠ ᠶᠢ ᠳᠠᠪᠲᠠᠵᠠᠢ᠃ ᠤᠯᠠᠷᠢᠯ ᠤᠨ ᠲᠤᠷᠰᠢᠳᠠ ᠲᠡᠷᠡᠪᠡᠷ ᠨᠢᠭᠡ ᠲᠣᠭᠯᠠᠯᠲᠠᠳ ᠳᠤᠮᠳᠠᠴᠢ ᠪᠠᠷ 31,4 ᠣᠨᠣᠭ᠎ᠠ᠂ 7,0 ᠤᠳᠠᠭ᠎ᠠ ᠶᠢᠨ ᠰᠠᠮᠪᠠᠷ᠎ᠠ ᠠᠴᠠ ᠪᠥᠮᠪᠥᠭᠡ ᠠᠪᠤᠯᠲᠠ᠂ 6,6 ᠤᠳᠠᠭ᠎ᠠ ᠶᠢᠨ ᠣᠨᠣᠸ ᠲᠠᠢ ᠳᠠᠮᠵᠢᠭᠤᠯᠤᠯᠲᠠ ᠭᠦᠢᠴᠡᠳᠭᠡᠭᠰᠡᠨ ᠠᠮᠵᠢᠯᠲᠠ ᠪᠠᠷ NBA ᠍ ᠤᠨ ᠲᠡᠦᠬᠡᠨ ᠳᠦ ᠨᠢᠭᠡ ᠲᠣᠭᠯᠠᠯᠲᠠᠳ ᠳᠤᠮᠳᠠᠴᠢ ᠪᠠᠷ 30 ᠍ ᠠᠴᠠ ᠳᠡᠭᠡᠭᠰᠢ ᠣᠨᠣᠭ᠎ᠠ ᠠᠪᠤᠭᠰᠠᠨ ᠬᠠᠮᠤᠭ ᠤᠨ ᠵᠠᠯᠠᠭᠤ ᠲᠣᠭᠯᠠᠭᠴᠢ ᠪᠠᠷ ᠲᠣᠳᠣᠷᠠᠭᠰᠠᠨ ᠪᠠᠶᠢᠨ᠎ᠠ᠃ ᠬᠠᠷᠢᠨ ᠲᠡᠭᠦᠨ ᠦ ᠪᠠᠭ 1998 ᠣᠨ ᠠᠴᠠ ᠬᠣᠶᠢᠰᠢ ᠠᠩᠬ᠎ᠠ ᠤᠳᠤᠭ᠎ᠠ ᠪᠠᠨ ᠫᠯᠧᠢ ᠣᠹᠹ ᠤᠨ ᠱᠠᠲᠤᠨ ᠳᠤ ᠬᠥᠯ ᠲᠠᠯᠪᠢᠵᠠᠢ᠃

ᠤᠯᠠᠷᠢᠯ ᠤᠨ ᠲᠣᠭᠯᠠᠯᠲᠠ ᠨᠤᠭᠤᠳ ᠥᠨᠳᠥᠷᠯᠡᠭᠰᠡᠨ ᠦ ᠳᠠᠷᠠᠭ᠎ᠠ ᠯᠧᠪᠷᠣᠨ ᠵᠧᠢᠮᠡᠰ ᠦᠨ ᠨᠡᠷ᠎ᠡ NBA ᠍ ᠤᠨ MVP ᠍ ᠦᠨ ᠥᠷᠢᠰᠦᠯᠳᠦᠭᠡᠨ ᠳᠦ ᠨᠡᠷ᠎ᠡ ᠳᠡᠪᠰᠢᠭᠰᠡᠨ ᠪᠣᠯᠪᠠᠴᠤ ᠰᠠᠨᠠᠯ ᠬᠤᠷᠢᠶᠠᠯᠲᠠ ᠪᠠᠷ 《ᠹᠢᠨᠢᠺᠰ ᠰᠠᠩᠰᠠ》 ᠍ ᠤᠨ ᠰᠲ᠋ᠢᠸ ᠨᠡᠰᠢ ᠶᠢᠨ ᠳᠠᠷᠠᠭ᠎ᠠ ᠬᠣᠶᠠᠳᠤᠭᠠᠷ ᠲᠤ ᠪᠢᠴᠢᠭᠳᠡᠭᠰᠡᠨ ᠪᠠᠶᠢᠨ᠎ᠠ᠃

2006 ᠣᠨ ᠳᠤ ᠠᠩᠬ᠎ᠠ ᠤᠳᠤᠭ᠎ᠠ ᠪᠠᠨ ᠫᠯᠧᠢ ᠣᠹᠹᠲ ᠲᠣᠭᠣᠰᠣ ᠪᠠᠨ ᠡᠷᠭᠦᠭᠰᠡᠨ ᠯᠧᠪᠷᠣᠨ 《ᠸᠠᠰᠢᠩᠲ᠋ᠣᠨ ᠸᠢᠽᠠᠷᠳᠠᠰ》 ᠍ ᠤᠨ ᠡᠰᠡᠷᠬᠦ ᠬᠢᠭᠰᠡᠨ ᠲᠣᠭᠯᠠᠯᠲᠠᠳ 32 ᠣᠨᠣᠭ᠎ᠠ᠂ 11 ᠣᠨᠣᠪᠴᠢᠲᠠᠢ ᠳᠠᠮᠵᠢᠭᠤᠯᠤᠯᠲᠠ᠂ 11 ᠰᠠᠮᠪᠠᠷ᠎ᠠ ᠠᠴᠠ ᠪᠥᠮᠪᠥᠭᠡ ᠠᠪᠤᠯᠲᠠ ᠭᠦᠢᠴᠡᠳᠭᠡᠨ᠂ ᠲᠷᠢᠫᠯ ᠳᠠᠪᠯᠢ ᠬᠢᠭᠰᠡᠨ ᠪᠥᠭᠡᠳ ᠠᠩᠬᠠᠨ ᠤ ᠲᠣᠭᠯᠠᠯᠲᠠᠳ 《ᠺᠠᠸᠠᠯ ᠢᠶᠡᠷᠰ》 97:86 ᠍ ᠪᠠᠷ ᠥᠷᠢᠰᠦᠯᠳᠦᠭᠴᠢ ᠪᠡᠨ ᠪᠠᠭᠤᠯᠭᠠᠨ ᠠᠪᠴᠠᠢ᠃ ᠴᠤᠪᠤᠷᠠᠯ ᠤᠨ ᠲᠤᠬᠠᠢ ᠳᠤ 《ᠮᠣᠷᠢᠨ ᠴᠡᠷᠢᠭ ᠦᠳ》 4:2 ᠍ ᠢᠶᠠᠷ ᠬᠣᠵᠢᠵᠤ᠂ ᠫᠯᠧᠢ ᠣᠹᠹ ᠤᠨ ᠬᠣᠶᠠᠳᠤᠭᠠᠷ ᠱᠠᠲᠤᠨ ᠳᠤ 《ᠳ᠋ᠧᠲ᠋ᠷᠣᠢ ᠳᠤ ᠫᠢᠰᠲ᠋ᠦ᠋ᠩᠰ》 ᠍ ᠳᠦ ᠳᠣᠯᠣᠭᠠᠨ ᠲᠣᠭᠯᠠᠯᠲᠠᠳ ᠢᠯᠠᠭᠳᠠᠯ ᠬᠦᠯᠢᠶᠡᠭᠰᠡᠨ ᠶᠤᠮ᠃ ᠬᠠᠷᠢᠨ ᠯᠧᠪᠷᠣᠨ ᠵᠧᠮᠰ ᠫᠯᠧᠢ ᠣᠹᠹ ᠤᠨ ᠨᠢᠭᠡ ᠲᠣᠭᠯᠠᠯᠲᠠᠳ ᠳᠤᠮᠳᠠᠴᠢ ᠪᠠᠷ 30,8 ᠣᠨᠣᠭ᠎ᠠ ᠠᠪᠴᠤ᠂ 8,1 ᠤᠳᠠᠭ᠎ᠠ ᠶᠢᠨ ᠰᠠᠮᠪᠠᠷ᠎ᠠ ᠠᠴᠠ ᠪᠥᠮᠪᠥᠭᠡ ᠠᠪᠤᠯᠲᠠ᠂ 5,8 ᠤᠳᠠᠭ᠎ᠠ ᠶᠢᠨ ᠣᠨᠣᠪᠴᠢᠲᠠᠢ ᠳᠠᠮᠵᠢᠭᠤᠯᠤᠯᠲᠠ ᠭᠦᠢᠴᠡᠳᠭᠡᠵᠡᠢ᠃

ᠤᠯᠠᠷᠢᠯ ᠤᠨ ᠲᠡᠭᠦᠰᠬᠡᠯ ᠳᠦ ᠯᠧᠪᠷᠣᠨ ᠪᠠᠭ ᠲᠠᠢ ᠪᠠᠨ ᠭᠤᠷᠪᠠᠨ ᠵᠢᠯ ᠦᠨ ᠬᠤᠭᠤᠴᠠᠭ᠎ᠠ ᠲᠠᠢ᠂ ᠳᠥᠷᠪᠡ ᠳ᠋ᠡᠬᠢ ᠵᠢᠯ ᠳᠤ ᠲᠣᠭᠯᠠᠭᠴᠢ ᠥᠪᠡᠷ ᠢᠶᠡᠨ ᠰᠣᠩᠭᠣᠯᠲᠠ ᠪᠠᠨ ᠬᠢᠬᠦ ᠨᠥᠬᠥᠴᠡᠯ ᠲᠡᠢ ᠪᠡᠷ 60 ᠰᠠᠶ᠎ᠠ ᠠᠮᠠ᠃ᠳ᠋ᠣᠯᠯᠠᠷ ᠤᠨ ᠭᠡᠷ᠎ᠡ ᠪᠠᠶᠢᠭᠤᠯᠤᠯ᠎ᠠ᠃ ᠭᠡᠷ ᠢᠶᠡᠨ 2007/08 ᠣᠨ ᠤ ᠤᠯᠠᠷᠢᠯ ᠠᠴᠠ ᠡᠬᠢᠯᠡᠨ ᠬᠦᠴᠦᠨ ᠲᠡᠭᠦᠯᠳᠡᠷ ᠪᠣᠯᠤᠭᠰᠠᠨ ᠪᠠ 《ᠬᠠᠭᠠᠨ ᠵᠧᠮᠰ》 ᠍ ᠦᠨ ᠬᠤᠪᠢ ᠳᠤ ᠪᠣᠭᠣᠨᠢ ᠬᠤᠭᠤᠴᠠᠭᠠᠲᠠᠢ ᠶᠢᠨ ᠳᠡᠭᠡᠷ᠎ᠡ 《ᠬᠢᠮᠳᠠᠬᠠᠨ》 ᠭᠡᠷ᠎ᠡ ᠪᠠᠶᠢᠭᠰᠠᠨ ᠴᠤ 2010 ᠣᠨ ᠤ ᠤᠯᠠᠷᠢᠯ ᠤᠨ ᠲᠡᠭᠦᠰᠬᠡᠯ ᠳᠦ ᠲᠡᠷᠡᠪᠡᠷ ᠴᠢᠯᠦᠭᠡᠲᠦ ᠠᠭᠧᠨᠲ ᠪᠣᠯᠬᠤ ᠶᠤᠮ᠃

2006/07 ᠣᠨ ᠤ ᠤᠯᠠᠷᠢᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠧᠮᠰ ᠴᠢᠯᠦᠭᠡᠲᠦ ᠰᠢᠳᠡᠯᠲᠡ ᠭᠦᠢᠴᠡᠳᠭᠡᠵᠦ ᠪᠠᠶᠢᠨ᠎ᠠ᠃ ᠺᠠᠸᠠᠯ ᠢᠶᠡᠷᠰ ᠪᠠᠭ ᠤᠨ ᠭᠡᠰᠢᠭᠦᠨ᠃ 2007 ᠣᠨ

ᠯᠧᠪᠷᠣᠨ ᠵᠧᠮᠰ ᠪᠦᠬᠦ ᠣᠳᠣᠳ ᠤᠨ ᠲᠣᠭᠯᠠᠯᠲᠠᠳ ᠭᠤᠷᠪᠠ ᠳᠠᠬᠢ ᠵᠢᠯ ᠳᠤ ᠪᠡᠨ ᠳᠠᠷᠠᠭᠠᠯᠠᠨ ᠰᠣᠩᠭᠣᠭᠳᠠᠪᠠ᠃ ᠣᠳᠣᠳ ᠤᠨ ᠲᠤᠯᠤᠭᠠᠨ ᠳᠤ ᠲᠡᠷᠡᠪᠡᠷ 32 ᠮᠢᠨᠦ᠋ᠲ ᠲᠣᠭᠯᠠᠵᠤ᠂ 28 ᠣᠨᠣᠭ᠎ᠠ᠂ ᠵᠢᠷᠭᠤᠭᠠᠨ ᠤᠳᠠᠭ᠎ᠠ ᠶᠢᠨ ᠰᠠᠮᠪᠠᠷ᠎ᠠ ᠠᠴᠠ ᠪᠥᠮᠪᠥᠭᠡ ᠠᠪᠤᠯᠲᠠ᠂ ᠵᠢᠷᠭᠤᠭᠠᠨ ᠤᠳᠠᠭ᠎ᠠ ᠶᠢᠨ ᠣᠨᠣᠸ ᠲᠠᠢ ᠳᠠᠮᠵᠢᠭᠤᠯᠤᠯᠲᠠ ᠭᠦᠢᠴᠡᠳᠭᠡᠵᠡᠢ᠃ ᠬᠠᠷᠢᠨ ᠤᠯᠠᠷᠢᠯ ᠤᠨ ᠲᠣᠭᠯᠠᠯᠲᠠᠳ 《ᠺᠠᠸᠠᠯ ᠢᠶᠡᠷᠰ》 ᠡᠮᠦᠨᠡᠬᠢ ᠤᠯᠠᠷᠢᠯ ᠤᠨ ᠠᠳᠠᠯᠢ ᠪᠠᠷ 50 ᠬᠣᠵᠢᠯ ᠠᠪᠴᠤ᠂ ᠳᠣᠷᠣᠨ᠎ᠠ ᠺᠣᠨᠹᠧᠷᠧᠨᠰᠢ ᠡᠴᠡ ᠬᠣᠶᠠᠷ ᠢᠶᠠᠷ ᠰᠢᠯᠭᠠᠷᠠᠭᠰᠠᠨ ᠪᠥᠭᠡᠳ ᠵᠧᠮᠰ ᠨᠢᠭᠡ ᠲᠣᠭᠯᠠᠯᠲᠠᠳ ᠳᠤᠮᠳᠠᠴᠢ ᠪᠠᠷ 27,3 ᠣᠨᠣᠭ᠎ᠠ᠂ 6,7 ᠤᠳᠠᠭ᠎ᠠ ᠶᠢᠨ ᠰᠠᠮᠪᠠᠷ᠎ᠠ ᠠᠴᠠ ᠪᠥᠮᠪᠥᠭᠡ ᠠᠪᠤᠯᠲᠠ᠂ 6,0 ᠣᠨᠣᠪᠴᠢᠲᠠᠢ ᠳᠠᠮᠵᠢᠭᠤᠯᠤᠯᠲᠠ᠂ 1,6 ᠤᠳᠠᠭ᠎ᠠ ᠶᠢᠨ ᠪᠥᠮᠪᠥᠭᠡ ᠲᠠᠰᠤᠯᠤᠯᠲᠠ ᠭᠦᠢᠴᠡᠳᠭᠡᠪᠡ᠃

2007 ᠣᠨ ᠤ ᠫᠯᠧᠢ ᠣᠹᠹ ᠤᠨ ᠲᠣᠭᠯᠠᠯᠲᠠᠳ 《ᠺᠠᠸᠠᠯ ᠢᠶᠡᠷᠰ》 ᠲᠡᠦᠬᠡᠨ ᠳᠦ ᠪᠡᠨ ᠠᠩᠬ᠎ᠠ ᠤᠳᠤᠭ᠎ᠠ ᠪᠠᠨ ᠡᠬᠢᠨ ᠦ ᠱᠠᠲᠤᠨ ᠤ ᠲᠣᠭᠯᠠᠯᠲᠠ ᠶᠢ ᠰᠢᠭᠦᠷᠳᠡᠵᠡᠢ᠃ ᠲᠡᠳᠡ ᠡᠮᠦᠨᠡᠬᠢ ᠤᠯᠠᠷᠢᠯ ᠳᠤ ᠮᠥᠨ ᠤᠴᠢᠷ ᠢᠶᠠᠨ ᠲᠠᠭᠠᠷᠠᠭᠰᠠᠨ 《ᠸᠠᠰᠢᠩᠲ᠋ᠣᠨ ᠸᠢᠽᠠᠷᠳᠠᠰ》 ᠍ ᠢ ᠳᠥᠷᠪᠡᠨ ᠲᠣᠭᠯᠠᠯᠲᠠᠳ ᠪᠠᠭᠤᠯᠭᠠᠨ ᠠᠪᠤᠭᠰᠠᠨ ᠪᠥᠭᠡᠳ ᠴᠤᠪᠤᠷᠠᠯ ᠤᠨ ᠳᠥᠷᠪᠡᠨ ᠲᠣᠭᠯᠠᠯᠲᠠᠳ ᠵᠧᠮᠰ ᠳᠤᠮᠳᠠᠴᠢ ᠪᠠᠷ ᠨᠢᠭᠡ ᠲᠣᠭᠯᠠᠯᠲᠠᠳ 27,8 ᠣᠨᠣᠭ᠎ᠠ᠂ 7,5 ᠤᠳᠠᠭ᠎ᠠ ᠶᠢᠨ ᠣᠨᠣᠪᠴᠢᠲᠠᠢ ᠳᠠᠮᠵᠢᠭᠤᠯᠤᠯᠲᠠ᠂ 8,5 ᠤᠳᠠᠭ᠎ᠠ ᠶᠢᠨ ᠰᠠᠮᠪᠠᠷ᠎ᠠ ᠠᠴᠠ ᠪᠥᠮᠪᠥᠭᠡ ᠠᠪᠤᠯᠲᠠ ᠭᠦᠢᠴᠡᠳᠭᠡᠭᠰᠡᠨ ᠪᠠᠶᠢᠨ᠎ᠠ᠃ ᠬᠠᠷᠢᠨ ᠫᠯᠧᠢ ᠣᠹᠹ ᠤᠨ ᠬᠣᠶᠠᠳᠤᠭᠠᠷ ᠱᠠᠲᠤᠨ ᠳᠤ ᠵᠧᠮᠰ ᠪᠠᠭ᠎ᠠ ᠪᠠᠨ ᠮᠠᠩᠯᠠᠶᠢᠯᠠᠵᠤ᠂ ᠲᠡᠳᠡ 《ᠨᠶᠤ-ᠵᠧᠷᠰᠢ ᠨᠡᠲᠢᠰ》 ᠍ ᠢ 4:2 ᠬᠠᠷᠢᠴᠠᠭ᠎ᠠ ᠲᠠᠢ ᠬᠣᠵᠢᠭ᠌ᠰᠠᠨ᠌ ᠠ ᠪᠠᠷ 《ᠺᠠᠸᠠᠯ ᠢᠶᠡᠷᠰ》 15 ᠵᠢᠯ ᠦᠨ ᠳᠠᠷᠠᠭ᠎ᠠ ᠳᠣᠷᠣᠨ᠎ᠠ ᠺᠣᠨᠹᠧᠷᠧᠨᠰ ᠤᠨ ᠹᠢᠨᠠᠯ ᠳᠤ ᠰᠢᠯᠭᠠᠷᠠᠵᠠᠢ᠃ ᠺᠣᠨᠹᠧᠷᠧᠨᠰ ᠤᠨ ᠠᠪᠤᠷᠭᠤ ᠶᠢᠨ ᠲᠥᠯᠦᠭᠡᠬᠢ ᠲᠣᠭᠯᠠᠯᠲᠠᠳ ᠲᠡᠳᠡ 《ᠳ᠋ᠧᠲ᠋ᠷᠣᠢ ᠳᠤ ᠫᠢᠰᠲ᠋ᠦ᠋ᠩᠰ》 ᠍ ᠲᠠᠢ ᠥᠷᠢᠰᠦᠯᠳᠦᠭᠰᠡᠨ ᠪᠥᠭᠡᠳ ᠴᠤᠪᠤᠷᠠᠯ ᠤᠨ ᠡᠬᠢᠨ ᠦ ᠬᠣᠶᠠᠷ ᠲᠣᠭᠯᠠᠯᠲᠠ ᠢᠯᠠᠭᠳᠠᠵᠤ᠂ 0:2 ᠬᠠᠷᠢᠴᠠᠭ᠎ᠠ ᠲᠠᠢ ᠢᠯᠠᠭᠳᠠᠵᠤ ᠪᠠᠶᠢᠭᠰᠠᠨ ᠪᠣᠯᠪᠠᠴᠤ ᠳᠠᠷᠠᠭᠠᠯᠠᠨ ᠳᠥᠷᠪᠡᠨ ᠲᠣᠭᠯᠠᠯᠲᠠᠳ ᠬᠣᠵᠢᠵᠤ᠂ ᠭᠠᠶᠢᠬᠠᠮ᠎ᠠ ᠢᠯᠠᠯᠲᠠ ᠪᠠᠶᠢᠭᠤᠯᠤᠭᠰᠠᠨ ᠶᠤᠮ᠃

ᠬᠠᠷᠢᠨ NBA ᠍ ᠤᠨ ᠠᠪᠤᠷᠭᠤ ᠶᠢᠨ ᠲᠥᠯᠦᠭᠡᠬᠢ ᠴᠤᠪᠤᠷᠠᠯ ᠲᠣᠭᠯᠠᠯᠲᠠᠳ ᠯᠧᠪᠷᠣᠨ ᠨᠢᠭᠡ ᠲᠣᠭᠯᠠᠯᠲᠠᠳ ᠳᠤᠮᠳᠠᠴᠢ ᠪᠠᠷ 22 ᠣᠨᠣᠭ᠎ᠠ᠂ 7,0 ᠤᠳᠠᠭ᠎ᠠ ᠶᠢᠨ ᠰᠠᠮᠪᠠᠷ᠎ᠠ ᠠᠴᠠ ᠪᠥᠮᠪᠥᠭᠡ ᠠᠪᠤᠯᠲᠠ᠂ 6,8 ᠤᠳᠠᠭ᠎ᠠ ᠶᠢᠨ ᠣᠨᠣᠪᠴᠢᠲᠠᠢ ᠳᠠᠮᠵᠢᠭᠤᠯᠤᠯᠲᠠ ᠥᠭᠴᠡᠢ᠃ ᠭᠡᠬᠦ ᠳᠦ ᠪᠡᠨ ᠲᠡᠳᠡ 《ᠰᠠᠨ-ᠠᠨᠲᠠᠨ᠎ᠠ ᠰᠫᠦ᠋ᠷᠰ》 ᠍ ᠳᠦ 4:0 ᠍ ᠢᠶᠡᠷ ᠬᠣᠵᠢᠭᠳᠠᠭᠰᠠᠨ᠃

2008 ᠣᠨ᠃

2007/08 ᠣᠨ ᠤ ᠤᠯᠠᠷᠢᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠢᠨ᠎ᠡ ᠤᠯᠠᠷᠢᠯ ᠡᠬᠢᠯᠡᠬᠦ ᠳᠦ ᠯᠧᠪᠷᠣᠨ ᠵᠧᠮᠰ ᠢᠳᠡ ᠰᠢᠳᠢ ᠶᠢᠨ ᠭᠡᠮ ᠢᠶᠡᠷ ᠲᠣᠭᠯᠠᠯᠲᠠ ᠬᠢᠵᠦ᠂ ᠠᠮᠵᠢᠯᠲᠠ ᠳᠠᠭᠠᠭᠤᠯᠤᠭᠰᠠᠨ ᠬᠡᠪ ᠢᠶᠡᠷ ᠯᠠ ᠪᠠᠶᠢᠪᠠ᠃ ᠲᠡᠷᠡ ᠳᠥᠷᠪᠡ ᠳ᠋ᠡᠬᠢ ᠵᠢᠯ ᠳᠤ ᠪᠡᠨ ᠳᠠᠷᠠᠭᠠᠯᠠᠨ ᠪᠦᠬᠦ ᠣᠳᠣᠳ ᠤᠨ ᠲᠣᠭᠯᠠᠯᠲᠠᠳ ᠣᠷᠣᠯᠴᠠᠵᠤ᠂ ᠤᠯᠠᠷᠢᠯ ᠤᠨ ᠦᠨ᠎ᠡ ᠴᠡᠨ᠎ᠡ ᠲᠡᠢ ᠲᠣᠭᠯᠠᠭᠴᠢ ᠶᠢᠨ ᠲᠥᠯᠦᠭᠡᠬᠢ ᠥᠷᠢᠰᠦᠯᠳᠦᠭᠡᠨ ᠳᠦ ᠬᠦᠴᠦᠲᠡᠢ ᠥᠷᠢᠰᠦᠯᠳᠦᠭᠴᠢᠳ ᠦᠨ ᠡᠩᠨᠡᠭᠡᠨ ᠳᠦ ᠵᠦᠢ ᠶᠣᠰᠣᠭᠠᠷ ᠪᠠᠭᠠᠳᠪᠠ᠃ ᠪᠦᠬᠦ ᠣᠳᠣᠳ ᠤᠨ ᠲᠣᠭᠯᠠᠯᠲᠠ ᠶᠢᠨ ᠦᠨ᠎ᠡ ᠴᠡᠨ᠎ᠡ ᠲᠡᠢ ᠲᠣᠭᠯᠠᠭᠴᠢ ᠪᠠᠷ ᠲᠣᠳᠣᠷᠠᠭᠰᠠᠨ ᠯᠧᠪᠷᠣᠨ ᠥᠷᠥᠨ᠎ᠡ᠂ ᠳᠣᠷᠣᠨ᠎ᠠ ᠪᠥᠰᠡ ᠶᠢᠨ ᠬᠢᠨ ᠦ ᠲᠤᠯᠤᠭᠠᠨ ᠳᠤ 27 ᠣᠨᠣᠭ᠎ᠠ᠂ ᠨᠠᠶᠢᠮᠠᠨ ᠤᠳᠠᠭ᠎ᠠ ᠶᠢᠨ ᠰᠠᠮᠪᠠᠷ᠎ᠠ ᠠᠴᠠ ᠪᠥᠮᠪᠥᠭᠡ ᠠᠪᠤᠯᠲᠠ᠂ ᠶᠢᠰᠦᠨ ᠤᠳᠠᠭ᠎ᠠ ᠶᠢᠨ ᠣᠨᠣᠪᠴᠢᠲᠠᠢ ᠳᠠᠮᠵᠢᠭᠤᠯᠤᠯᠲᠠ᠂ ᠬᠣᠶᠠᠷ ᠪᠯᠣᠺ ᠱᠣᠲ᠂ ᠬᠣᠶᠠᠷ ᠪᠥᠮᠪᠥᠭᠡ ᠲᠠᠰᠤᠯᠤᠯᠲᠠ ᠭᠦᠢᠴᠡᠳᠭᠡᠭᠰᠡᠨ ᠪᠥᠭᠡᠳ ᠳᠣᠷᠣᠨᠠᠲᠤ ᠶᠢᠨ ᠬᠢᠨ 134:128 ᠍ ᠪᠠᠷ ᠢᠯᠠᠯᠲᠠ ᠪᠠᠶᠢᠭᠤᠯᠤᠭᠰᠠᠨ ᠶᠤᠮ᠃


2008 ᠣᠨ ᠤ ᠬᠣᠶᠠᠳᠤᠭᠠᠷ ᠰᠠᠷ᠎ᠠ ᠶᠢᠨ 19 ᠍ ᠳᠦ ᠯᠧᠪᠷᠣᠨ 《ᠬᠦᠶᠤᠶᠢᠰᠲ᠋ᠣᠨ ᠷᠣᠺᠧᠲ᠋ᠰ》 ᠍ ᠲᠠᠢ ᠬᠢᠭᠰᠡᠨ ᠲᠣᠭᠯᠠᠯᠲᠠ ᠶᠢᠨ ᠦᠶ᠎ᠡ ᠪᠡᠷ ᠲᠷᠢᠫᠯ ᠳᠠᠪᠯᠢ ᠬᠢᠭᠰᠡᠨ ᠨᠢ ᠲᠡᠭᠦᠨ ᠦ ᠺᠠᠷᠢᠶᠧᠷ ᠤᠨ 15 ᠳᠠᠬᠢ ᠨᠢ ᠪᠠᠶᠢᠪᠠ᠃ ᠡᠶᠢᠨᠬᠦᠦ ᠲᠡᠷᠡᠪᠡᠷ NBA ᠍ ᠤᠨ ᠲᠡᠦᠬᠡᠨ ᠳᠦ ᠣᠰᠺᠠᠷ ᠷᠣᠪᠧᠷᠲᠤᠭᠰᠠᠨ᠂ ᠮᠡᠵᠢᠺ ᠵᠣᠩᠰᠣᠨ ᠨᠠᠷ ᠤᠨ ᠠᠷᠤ ᠠᠴᠠ ᠬᠠᠮᠤᠭ ᠤᠨ ᠵᠠᠯᠠᠭᠤ ᠪᠠᠷ ᠢᠶᠠᠨ 15 ᠲᠷᠢᠫᠯ ᠳᠠᠪᠯᠢ ᠬᠢᠭᠰᠡᠨ ᠭᠤᠷᠪᠠ ᠳᠠᠬᠢ ᠲᠣᠭᠯᠠᠭᠴᠢ ᠪᠣᠯᠵᠠᠢ᠃


ᠤᠳᠠᠯ ᠦᠭᠡᠢ᠂ ᠬᠣᠶᠠᠳᠤᠭᠠᠷ ᠰᠠᠷ᠎ᠠ ᠶᠢᠨ 27 ᠍ ᠳᠦ 《ᠪᠣᠰᠲᠠᠨ ᠰᠧᠯᠲ᠋ᠢᠺᠰ》 ᠍ ᠦᠨ ᠡᠰᠡᠷᠬᠦ ᠬᠢᠭᠰᠡᠨ ᠲᠣᠭᠯᠠᠯᠲᠠ ᠶᠢᠨ ᠦᠶ᠎ᠡ ᠪᠡᠷ ᠲᠡᠷᠡᠪᠡᠷ 11 ᠤᠳᠠᠭ᠎ᠠ ᠪᠦᠬᠦ ᠣᠳᠣᠳ ᠤᠨ ᠲᠣᠭᠯᠠᠯᠲᠠᠳ ᠣᠷᠣᠯᠴᠠᠵᠤ ᠪᠠᠶᠢᠭᠰᠠᠨ ᠺᠧᠸᠢᠨ ᠭᠠᠷᠨᠡᠲᠦᠲᠦ ᠶᠢᠨ ᠡᠰᠡᠷᠬᠦ ᠰᠠᠮᠪᠠᠷ᠎ᠠ ᠳᠤ ᠳᠣᠪᠲᠣᠯᠵᠤ᠂ ᠺᠠᠷᠢᠶᠧᠷ ᠤᠨ ᠢᠶᠠᠨ 10 ᠮᠢᠩᠭ᠎ᠠ ᠳᠠᠬᠢ ᠣᠨᠣᠭ᠎ᠠ ᠶᠢ ᠠᠪᠴᠠᠢ᠃ ᠢᠩᠭᠢᠵᠦ ᠲᠡᠷᠡ 23 ᠨᠠᠰᠤ᠂ 59 ᠬᠣᠨᠣᠭ ᠲᠠᠢ ᠳᠠᠭᠠᠨ NBA ᠍ ᠤᠨ ᠲᠡᠦᠬᠡᠨ ᠳᠦ 10 ᠮᠢᠩᠭᠠᠨ ᠣᠨᠣᠭ᠎ᠠ ᠠᠪᠤᠭᠰᠠᠨ ᠬᠠᠮᠤᠭ ᠤᠨ ᠵᠠᠯᠠᠭᠤ ᠲᠣᠭᠯᠠᠭᠴᠢ ᠪᠣᠯᠤᠭᠰᠠᠨ ᠶᠤᠮ᠃ ᠡᠨᠡ ᠤᠯᠠᠷᠢᠯ ᠳᠤ ᠲᠡᠷᠡᠪᠡᠷ ᠮᠥᠨ 《ᠺᠠᠸᠠᠯ ᠢᠶᠡᠷᠰ》 ᠍ ᠦᠨ ᠲᠡᠦᠬᠡᠨ ᠳ᠋ᠡᠬᠢ ᠬᠠᠮᠤᠭ ᠤᠨ ᠣᠯᠠᠨ ᠣᠨᠣᠭ᠎ᠠ ᠠᠪᠤᠭᠰᠠᠨ ᠲᠣᠭᠯᠠᠭᠴᠢ ᠪᠠᠷ ᠲᠣᠳᠣᠷᠠᠭᠰᠠᠨ ᠪᠠᠶᠢᠨ᠎ᠠ᠃

ᠵᠧᠮᠰ ᠤᠨ ᠳᠣᠬᠣᠯᠲᠠ 2008.4.

2008/09 ᠣᠨ ᠤ ᠤᠯᠠᠷᠢᠯ[ᠵᠠᠰᠠᠪᠤᠷᠢᠯᠠᠬᠤ | ᠺᠣᠳ᠋ ᠢᠶᠠᠷ ᠵᠠᠰᠠᠬᠣ]

2008/09 ᠣᠨ ᠤ ᠤᠯᠠᠷᠢᠯ ᠳᠤ ᠵᠧᠮᠰ ᠳᠠᠬᠢᠨ ᠠᠮᠵᠢᠯᠲᠠ ᠪᠠᠨ ᠠᠬᠢᠭᠤᠯᠵᠤ᠂ ᠬᠤᠪᠠ ᠶᠢᠨ ᠢᠶᠠᠨ ᠷᠧᠺᠣᠷᠳ᠋ ᠍ ᠢ ᠰᠢᠨᠡᠴᠢᠯᠡᠪᠡ᠃ ᠰᠠᠷ᠎ᠠ ᠶᠢᠨ ᠰᠢᠯᠢᠳᠡᠭ ᠲᠣᠭᠯᠠᠭᠴᠢ ᠪᠠᠷ ᠳᠥᠷᠪᠡᠨ ᠤᠳᠠᠭ᠎ᠠ ᠳᠠᠷᠠᠭᠠᠯᠠᠨ ᠰᠢᠯᠭᠠᠷᠴᠢ᠂ 2003/04 ᠣᠨ ᠤ ᠤᠯᠠᠷᠢᠯ ᠳᠤ ᠺᠧᠸᠢᠨ ᠭᠠᠷᠨᠡᠲ᠋ᠲ ᠤᠨ ᠭᠠᠷᠭᠠᠵᠤ ᠪᠠᠶᠢᠭᠰᠠᠨ ᠠᠮᠵᠢᠯᠲᠠ ᠶᠢ ᠳᠠᠪᠲᠠᠵᠠᠢ᠃ ᠮᠥᠨ ᠭᠣᠣᠯ ᠲᠠᠪᠤᠨ ᠪᠦᠷᠢᠳᠭᠡᠯ ᠦᠵᠡᠭᠦᠯᠦᠯᠲᠡ ᠪᠡᠷ (ᠨᠡᠶᠢᠲᠡ ᠣᠨᠣᠭ᠎ᠠ᠂ ᠰᠠᠮᠪᠠᠷ᠎ᠠ ᠠᠴᠠ ᠪᠥᠮᠪᠥᠭᠡ ᠠᠪᠤᠯᠲᠠ᠂ ᠣᠨᠣᠪᠴᠢᠲᠠᠢ ᠳᠠᠮᠵᠢᠭᠤᠯᠤᠯᠲᠠ᠂ ᠪᠥᠮᠪᠥᠭᠡ ᠲᠠᠰᠤᠯᠤᠯᠲᠠ᠂ ᠪᠯᠣᠺ ᠱᠣᠲ) ᠪᠦᠭᠦᠳᠡ ᠳᠦ ᠨᠢ ᠪᠠᠭ ᠢᠶᠠᠨ ᠮᠠᠩᠯᠠᠶᠢᠯᠠᠭᠰᠠᠨ NBA ᠍ ᠤᠨ ᠲᠡᠦᠬᠡᠨ ᠳ᠋ᠡᠬᠢ ᠶᠡᠷᠦᠳᠡᠭᠡᠨ ᠳᠥᠷᠪᠡ ᠳ᠋ᠡᠬᠢ ᠲᠣᠭᠯᠠᠭᠴᠢ ᠪᠣᠯᠤᠭᠰᠠᠨ ᠪᠠᠶᠢᠨ᠎ᠠ᠃ ᠭᠤᠷᠪᠠᠳᠤᠭᠠᠷ ᠰᠠᠷ᠎ᠠ ᠶᠢᠨ 25 ᠍ ᠳᠦ 《ᠨᠶᠤ-ᠵᠧᠷᠰᠢ ᠨᠡᠲᠢᠰ》 ᠍ ᠲᠡᠢ ᠬᠢᠭᠰᠡᠨ ᠲᠣᠭᠯᠠᠯᠲᠠᠳ ᠢᠯᠠᠯᠲᠠ ᠪᠠᠶᠢᠭᠤᠯᠤᠭᠰᠠᠨ ᠢᠶᠠᠷ 《ᠺᠯᠢᠪᠯᠡᠨᠳᠡᠶᠢᠨ ᠮᠣᠷᠢᠨ ᠴᠡᠷᠢᠭ ᠦᠳ》 1988/89, 1991/92 ᠣᠨ ᠤ ᠤᠯᠠᠷᠢᠯ ᠳᠤ ᠭᠠᠷᠭᠠᠵᠤ ᠪᠠᠶᠢᠭᠰᠠᠨ 57-25 ᠠᠮᠵᠢᠯᠲᠠ ᠪᠠᠨ ᠠᠬᠢᠭᠤᠯᠵᠤ᠂ ᠤᠯᠢᠷ ᠤᠨ 58 ᠳᠠᠬᠢ ᠬᠣᠵᠢᠯ᠎ᠠ ᠠᠪᠤᠭᠰᠠᠨ ᠪᠥᠭᠡᠳ ᠤᠯᠠᠷᠢᠯ ᠳᠤ ᠥᠨᠳᠥᠷᠯᠡᠬᠦ ᠳᠦ ᠲᠡᠳᠡ 66 ᠬᠣᠵᠢᠯ᠂ 16 ᠬᠣᠵᠢᠭᠳᠠᠯ ᠲᠠᠢ ᠪᠠᠶᠢᠪᠠ᠃ ᠫᠯᠧᠢ ᠣᠹᠹ ᠤᠨ ᠡᠬᠢᠨ ᠦ ᠱᠠᠲᠤᠨ ᠳᠤ ᠲᠡᠳᠡ 《ᠳ᠋ᠧᠲ᠋ᠷᠣᠢ ᠳᠤ ᠫᠢᠰᠲ᠋ᠦ᠋ᠩᠰ》 ᠍ ᠢ ᠱᠦᠭᠦᠷᠳᠡᠵᠦ᠂ ᠴᠤᠪᠤᠷᠠᠯ ᠲᠣᠭᠯᠠᠯᠲᠠᠳ ᠵᠧᠮᠰ ᠳᠤᠮᠳᠠᠴᠢ ᠪᠠᠷ 32 ᠣᠨᠣᠭ᠎ᠠ᠂ 11,3 ᠤᠳᠠᠭ᠎ᠠ ᠶᠢᠨ ᠰᠠᠮᠪᠠᠷ᠎ᠠ ᠠᠴᠠ ᠪᠥᠮᠪᠥᠭᠡ ᠠᠪᠤᠯᠲᠠ᠂ 7,5 ᠣᠨᠣᠪᠴᠢᠲᠠᠢ ᠳᠠᠮᠵᠢᠭᠤᠯᠤᠯᠲᠠ ᠭᠦᠢᠴᠡᠳᠭᠡᠵᠦ᠂ ᠢᠩᠭᠢᠬᠦ ᠳᠦ ᠪᠡᠨ ᠬᠠᠮᠤᠭ ᠤᠨ ᠰᠡᠭᠦᠯ ᠦᠨ ᠲᠣᠭᠯᠠᠯᠲᠠᠳ 36 ᠣᠨᠣᠭ᠎ᠠ ᠠᠪᠴᠤ᠂ 13 ᠤᠳᠠᠭ᠎ᠠ ᠰᠠᠮᠪᠠᠷ᠎ᠠ ᠠᠴᠠ ᠪᠥᠮᠪᠥᠭᠡ ᠠᠪᠴᠤ᠂ ᠳᠣᠯᠣᠭᠠᠨ ᠣᠨᠣᠪᠴᠢᠲᠠᠢ ᠳᠠᠮᠵᠢᠭᠤᠯᠤᠯᠲᠠ ᠥᠭᠭᠦᠭᠰᠡᠨ ᠡᠴᠡ ᠭᠠᠳᠠᠨ᠎ᠠ 17 ᠲᠣᠷᠭᠠᠭᠤᠯᠢ ᠶᠢᠨ ᠰᠢᠳᠡᠯᠲᠡ ᠭᠦᠢᠴᠡᠳᠭᠡᠭᠰᠡᠨ ᠡᠴᠡ 16 ᠍ ᠶᠢ ᠨᠢ ᠰᠠᠭᠰᠤᠨ ᠳᠤ ᠣᠷᠣᠭᠤᠯᠵᠠᠢ᠃

ᠲᠠᠪᠤᠳᠤᠭᠠᠷ ᠰᠠᠷ᠎ᠠ ᠶᠢᠨ 4 ᠍ ᠳᠦ NBA ᠍ ᠡᠴᠡ ᠲᠡᠭᠦᠨ ᠢ ᠦᠨ᠎ᠡ ᠴᠡᠨ᠎ᠡ ᠲᠡᠢ ᠲᠣᠭᠯᠠᠭᠴᠢ ᠪᠠᠷ ᠨᠡᠷᠡᠯᠡᠵᠦ᠂ ᠯᠧᠪᠷᠣᠨ ᠵᠧᠮᠰ 《ᠺᠠᠸᠠᠯ ᠢᠶᠡᠷᠰ》 ᠍ ᠦᠨ ᠲᠡᠦᠬᠡᠨ ᠳᠦ ᠡᠨᠡ ᠡᠷᠬᠢᠮ ᠱᠠᠩᠨᠠᠯ ᠢ ᠬᠦᠷᠲᠡᠭᠰᠡᠨ ᠠᠩᠬᠠᠨ ᠤ ᠲᠣᠭᠯᠠᠭᠴᠢ ᠪᠣᠯᠪᠠ᠃ ᠮᠥᠨ ᠲᠡᠷᠡᠪᠡᠷ ᠠᠩᠬ᠎ᠠ ᠤᠳᠤᠭ᠎ᠠ ᠪᠠᠨ NBA ᠍ ᠤᠨ ᠪᠦᠬᠦ ᠬᠠᠮᠠᠭᠠᠯᠠᠯᠲᠠ ᠶᠢᠨ ᠪᠠᠭ ᠲᠤ ᠪᠠᠭᠲᠤᠭᠰᠠᠨ ᠪᠥᠭᠡᠳ ᠫᠯᠧᠢ ᠣᠹᠹ ᠤᠨ ᠳᠠᠷᠠᠭ᠎ᠠ ᠶᠢᠨ ᠱᠠᠲᠤᠨ ᠳᠤ ᠵᠧᠮᠰ 《ᠺᠠᠸᠠᠯ ᠢᠶᠡᠷᠰ》 ᠍ ᠶᠢᠨ ᠬᠠᠮᠲᠤ 《ᠠᠲᠯᠠᠨ᠋ᠲᠠ ᠬᠠᠦ᠋ᠺᠰ》 ᠍ ᠢ 4:0 ᠍ ᠢᠶᠡᠷ ᠰᠢᠭᠦᠷᠳᠡᠯ᠎ᠡ᠃

ᠬᠠᠷᠢᠨ ᠺᠣᠨᠹᠧᠷᠧᠨᠰ ᠤᠨ ᠠᠪᠤᠷᠭᠤ ᠶᠢᠨ ᠲᠥᠯᠥᠭᠡ 《ᠣᠷᠣᠯᠢᠨᠳᠣ ᠮᠡᠵᠢᠺ》 ᠍ ᠲᠡᠢ ᠲᠣᠭᠯᠠᠭᠰᠠᠨ ᠲᠡᠳᠡ ᠵᠢᠷᠭᠤᠭᠠᠨ ᠲᠣᠭᠯᠠᠯᠲᠠᠳ ᠢᠯᠠᠭᠳᠠᠭᠰᠠᠨ ᠶᠤᠮ᠃

ᠵᠧᠮᠰ ᠤᠨ ᠳᠣᠪᠲᠣᠯᠭ᠎ᠠ ᠬᠢᠵᠦ ᠪᠠᠶᠢᠨ᠎ᠠ 2009.4.

2009/10 ᠣᠨ ᠤ ᠤᠯᠠᠷᠢᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠧᠮᠰ ᠵᠢᠷᠭᠤᠭ᠎ᠠ ᠳᠠᠬᠢ ᠤᠳᠤᠭ᠎ᠠ ᠪᠠᠨ ᠪᠦᠬᠦ ᠣᠳᠣᠳ ᠤᠨ ᠲᠣᠭᠯᠠᠯᠲᠠᠳ ᠰᠣᠩᠭᠣᠭᠳᠠᠪᠠ᠃ ᠪᠦᠬᠦ ᠣᠳᠣᠳ ᠤᠨ ᠲᠣᠭᠯᠠᠯᠲᠠᠳ ᠤᠷᠤᠯᠴᠠᠬᠤ ᠲᠣᠭᠯᠠᠭᠴᠢᠳ ᠢ ᠰᠢᠯᠭᠠᠷᠠᠭᠤᠯᠬᠤ ᠰᠠᠨᠠᠯ ᠬᠤᠷᠢᠶᠠᠯᠲᠠ ᠳᠤ ᠲᠡᠷᠡᠪᠡᠷ ᠭᠤᠷᠪᠠᠨ ᠤᠳᠠᠭ᠎ᠠ 2,5 ᠰᠠᠶᠠᠰ ᠳᠡᠭᠡᠭᠰᠢ ᠰᠠᠨᠠᠯ ᠠᠪᠤᠭᠰᠠᠨ ᠠᠩᠬᠠᠨ ᠤ ᠲᠣᠭᠯᠠᠭᠴᠢ ᠪᠣᠯᠵᠠᠢ᠃ ᠤᠭ ᠲᠣᠭᠯᠠᠯᠲᠠ 141:139 ᠬᠠᠷᠢᠴᠠᠭ᠎ᠠ ᠲᠠᠢ ᠳᠣᠷᠣᠨᠠᠲᠤ ᠶᠢᠨ ᠬᠢᠨ ᠤ ᠢᠯᠠᠯᠠᠭ᠎ᠠ ᠳᠤ ᠥᠨᠳᠥᠷᠯᠡᠭᠰᠡᠨ ᠪᠥᠭᠡᠳ ᠵᠧᠮᠰ 25 ᠣᠨᠣᠭ᠎ᠠ᠂ ᠵᠢᠷᠭᠤᠭᠠᠨ ᠣᠨᠣᠪᠴᠢᠲᠠᠢ ᠳᠠᠮᠵᠢᠭᠤᠯᠤᠯᠲᠠ᠂ ᠲᠠᠪᠤᠨ ᠤᠳᠠᠭ᠎ᠠ ᠰᠠᠮᠪᠠᠷ᠎ᠠ ᠠᠴᠠ ᠪᠥᠮᠪᠥᠭᠡ ᠠᠪᠤᠯᠲᠠ᠂ ᠳᠥᠷᠪᠡᠨ ᠤᠳᠠᠭ᠎ᠠ ᠪᠥᠮᠪᠥᠭᠡ ᠲᠠᠰᠤᠯᠤᠯᠲᠠ ᠬᠢᠭᠰᠡᠨ ᠪᠠᠶᠢᠨ᠎ᠠ᠃

2010 ᠣᠨ ᠤ ᠭᠤᠷᠪᠠᠳᠤᠭᠠᠷ ᠰᠠᠷ᠎ᠠ ᠶᠢᠨ 13 ᠍ ᠳᠦ 《ᠴᠢᠺᠠᠭᠣ ᠪᠤᠯᠰ》 ᠍ ᠲᠡᠢ ᠬᠢᠭᠰᠡᠨ ᠲᠣᠭᠯᠠᠯᠲᠠ ᠶᠢᠨ ᠦᠶ᠎ᠡ ᠪᠡᠷ ᠲᠡᠷᠡᠪᠡᠷ ᠺᠠᠷᠢᠶᠧᠷ ᠤᠨ ᠢᠶᠠᠨ 15 ᠮᠢᠩᠭ᠎ᠠ ᠳᠠᠬᠢ ᠣᠨᠣᠭ᠎ᠠ ᠶᠢ ᠠᠪᠴᠤ᠂ ᠡᠨᠡ ᠠᠮᠵᠢᠯᠲᠠ ᠳᠤ ᠬᠦᠷᠦᠭᠰᠡᠨ ᠬᠠᠮᠤᠭ ᠤᠨ ᠵᠠᠯᠠᠭᠤ ᠲᠣᠭᠯᠠᠭᠴᠢ ᠪᠣᠯᠤᠭᠰᠠᠨ ᠶᠤᠮ᠃

ᠤᠯᠠᠷᠢᠯ ᠤᠨ ᠲᠡᠭᠦᠰᠬᠡᠯ ᠳᠦ ᠵᠧᠮᠰ ᠯᠢᠭ ᠦᠨ ᠦᠨ᠎ᠡ ᠴᠡᠨ᠎ᠡ ᠲᠡᠢ ᠲᠣᠭᠯᠠᠭᠴᠢ ᠪᠠᠷ ᠳᠠᠬᠢᠨ ᠰᠢᠯᠭᠠᠷᠠᠪᠠ᠃ ᠭᠡᠰᠡᠨ ᠬᠡᠳᠦᠢ ᠴᠤ ᠫᠯᠧᠢ ᠣᠹᠹ ᠤᠨ ᠱᠠᠲᠤᠨ ᠳᠤ ᠲᠡᠳᠡ 《ᠪᠣᠰᠲᠠᠨ ᠰᠧᠯᠲ᠋ᠢᠺᠰ》 ᠍ ᠳᠦ ᠵᠢᠷᠭᠤᠭᠠᠨ ᠲᠣᠭᠯᠠᠯᠲᠠᠳ ᠬᠣᠵᠢᠭᠳᠠᠭᠰᠠᠨ᠃

2014 ᠣᠨ ᠤ ᠳᠣᠯᠣᠭ᠎ᠠ ᠳᠤᠭᠠᠷ ᠰᠠᠷ᠎ᠠ ᠶᠢᠨ 1 ᠍ ᠳᠦ ᠴᠢᠯᠦᠭᠡᠲᠦ ᠠᠭᠧᠨᠲ ᠪᠣᠯᠤᠭᠰᠠᠨ[1] ᠵᠧᠮᠰ ᠳᠣᠯᠣᠭ᠎ᠠ ᠳᠤᠭᠠᠷ ᠰᠠᠷ᠎ᠠ ᠶᠢᠨ 12 ᠍ ᠳᠦ ᠺᠠᠸᠠᠯᠧᠷᠰ ᠲᠠᠢ 2 ᠵᠢᠯ ᠦᠨ 42.1 ᠰᠠᠶ᠎ᠠ ᠳ᠋ᠣᠯᠯᠠᠷ ᠤᠨ ᠭᠡᠷ᠎ᠡ ᠶᠢ ᠪᠠᠶᠢᠭᠤᠯᠤᠭᠰᠠᠨ᠃[2]

ᠠᠮᠧᠷᠢᠺᠠ ᠶᠢᠨ ᠨᠢᠭᠡᠳᠦᠭᠰᠡᠨ ᠤᠯᠤᠰ ᠤᠨ ᠰᠢᠭᠰᠢᠭᠡ ᠪᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠷᠦᠺᠢ ᠵᠢᠯ ᠢᠶᠡᠨ ᠥᠩᠭᠡᠷᠡᠭᠦᠯᠦᠭᠰᠡᠨ ᠦ ᠳᠠᠷᠠᠭ᠎ᠠ ᠯᠧᠪᠷᠣᠨ ᠵᠧᠮᠰ 2004 ᠣᠨ ᠳᠤ ᠠᠹᠢᠨ ᠤ ᠣᠯᠢᠮᠫᠣᠳ ᠤᠷᠤᠯᠴᠠᠬᠤ ᠠᠮᠧᠷᠢᠺᠠ ᠶᠢᠨ ᠨᠢᠭᠡᠳᠦᠭᠰᠡᠨ ᠤᠯᠤᠰ ᠤᠨ ᠰᠢᠭᠰᠢᠭᠡ ᠪᠠᠭ ᠤᠨ ᠪᠦᠷᠢᠯᠳᠦᠬᠦᠨ ᠳᠦ ᠪᠠᠭᠲᠠᠵᠠᠢ᠃ ᠲᠡᠳᠡ ᠣᠯᠢᠮᠫᠢᠺ ᠤᠨ ᠨᠠᠭᠠᠳᠤᠮ ᠠᠴᠠ ᠬᠦᠷᠡᠯ ᠮᠧᠳᠠᠯ ᠬᠦᠷᠲᠡᠭᠰᠡᠨ ᠨᠢ NBA ᠍ ᠤᠨ ᠣᠳᠣᠳ ᠢᠶᠠᠷ ᠪᠠᠭ᠎ᠠ ᠪᠠᠨ ᠪᠦᠷᠢᠳᠦᠭᠦᠯᠬᠦ ᠪᠣᠯᠤᠭᠰᠠᠨ ᠠᠴᠠ ᠬᠣᠶᠢᠰᠢ ᠠᠩᠬ᠎ᠠ ᠤᠳᠤᠭ᠎ᠠ ᠪᠠᠨ ᠠᠯᠲᠠᠨ ᠮᠧᠳᠠᠯ ᠠᠴᠠ ᠮᠤᠯᠲᠤᠷᠠᠭᠰᠠᠨ ᠲᠣᠬᠢᠶᠠᠯᠳᠤᠯ ᠪᠠᠶᠢᠯ᠎ᠠ᠃ ᠣᠯᠢᠮᠫᠢᠺ ᠤᠨ ᠨᠠᠭᠠᠳᠤᠮ ᠳᠤ ᠵᠧᠮᠰ ᠨᠢᠭᠡ ᠲᠣᠭᠯᠠᠯᠲᠠᠳ ᠳᠤᠮᠳᠠᠴᠢ ᠪᠠᠷ 14,6 ᠮᠢᠨᠦ᠋ᠲ ᠲᠠᠯᠠᠪᠠᠢ ᠳᠤ ᠲᠣᠭᠯᠠᠵᠤ᠂ ᠢᠩᠭᠢᠬᠦ ᠳᠦ ᠪᠡᠨ ᠶᠡᠷᠦᠳᠡᠭᠡᠨ 5,8 ᠣᠨᠣᠭ᠎ᠠ᠂ 2,6 ᠤᠳᠠᠭ᠎ᠠ ᠶᠢᠨ ᠣᠨᠣᠪᠴᠢᠲᠠᠢ ᠳᠠᠮᠵᠢᠭᠤᠯᠤᠯᠲᠠ᠂ 4,8 ᠤᠳᠠᠭ᠎ᠠ ᠶᠢᠨ ᠰᠠᠮᠪᠠᠷ᠎ᠠ ᠠᠴᠠ ᠪᠥᠮᠪᠥᠭᠡ ᠠᠪᠤᠯᠲᠠ ᠭᠦᠢᠴᠡᠳᠭᠡᠵᠡᠢ᠃ ᠳᠠᠷᠠᠭ᠎ᠠ ᠨᠢ ᠵᠧᠮᠰ 2006 ᠣᠨ ᠤ FIBA ᠍ ᠶᠢᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠥᠷᠢᠰᠦᠯᠳᠦᠵᠦ᠂ ᠡᠨᠡ ᠤᠳᠠᠭ᠎ᠠ ᠳᠤ ᠠᠮᠧᠷᠢᠺᠠᠴᠤᠳ ᠳᠠᠬᠢᠨ ᠬᠦᠷᠡᠯ ᠮᠧᠳᠠᠯ ᠳᠡᠭᠡᠷ᠎ᠡ ᠪᠠᠭᠤᠪᠠ᠃ ᠤᠳᠠᠯ ᠦᠭᠡᠢ 2006 ᠣᠨ ᠤ ᠰᠠᠭᠰᠤᠨ ᠪᠥᠮᠪᠥᠭᠡ ᠶᠢᠨ ᠡᠷᠡᠭᠲᠡᠶᠢᠴᠦᠳ ᠦᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠣᠷᠣᠯᠴᠠᠭᠰᠠᠨ ᠪᠣᠯᠪᠠᠴᠤ ᠠᠯᠲᠠᠨ ᠴᠣᠮᠣ ᠡᠷᠭᠦᠬᠦ ᠬᠤᠪᠢ ᠳᠤᠲᠠᠭᠰᠠᠨ ᠪᠠᠶᠢᠨ᠎ᠠ᠃

ᠬᠠᠷᠢᠨ ᠳᠠᠷᠠᠭ᠎ᠠ ᠨᠢ ᠣᠯᠢᠮᠫᠢᠺ ᠤᠨ ᠰᠣᠩᠭᠣᠨ ᠰᠢᠯᠭᠠᠷᠠᠭᠤᠯᠤᠯᠲᠠ ᠳᠤ ᠲᠣᠭᠯᠠᠵᠤ᠂ ᠤᠯᠠᠮ ᠢᠶᠠᠷ 《ᠪᠡᠭᠡᠵᠢᠩ-2008》 ᠍ ᠢ ᠵᠣᠷᠢᠭᠰᠠᠨ ᠪᠥᠭᠡᠳ ᠣᠯᠢᠮᠫᠢᠺ ᠤᠨ ᠨᠠᠭᠠᠳᠤᠮ ᠤᠨ ᠲᠤᠷᠰᠢ ᠠᠮᠧᠷᠢᠺᠠᠴᠤᠳ ᠨᠢᠭᠡ ᠴᠤ ᠲᠣᠭᠯᠠᠯᠲᠠᠳ ᠢᠯᠠᠭᠳᠠᠯ ᠦᠭᠡᠢ᠂ ᠣᠯᠢᠮᠫᠢᠺ ᠤᠨ ᠠᠪᠤᠷᠭᠤ ᠪᠣᠯᠤᠭᠰᠠᠨ ᠶᠤᠮ᠃ ᠲᠡᠳᠡ ᠹᠢᠨᠠᠯ ᠤᠨ ᠲᠣᠭᠯᠠᠯᠲᠠᠳ ᠢᠰᠫᠠᠨᠢ ᠶᠢᠨ ᠪᠠᠭ ᠢ 118:107 ᠬᠠᠷᠢᠴᠠᠭ᠎ᠠ ᠲᠠᠢ ᠬᠣᠵᠢᠭ᠌ᠰᠠᠨ ᠪᠢᠯᠡ᠃

ᠴᠠᠯᠢᠩ[ᠵᠠᠰᠠᠪᠤᠷᠢᠯᠠᠬᠤ | ᠺᠣᠳ᠋ ᠢᠶᠠᠷ ᠵᠠᠰᠠᠬᠣ]

Season Team Salary
2003–04 ᠺᠠᠸᠠᠯ ᠢᠶᠡᠷᠰ $4,018,920
2004–05 ᠺᠠᠸᠠᠯ ᠢᠶᠡᠷᠰ $4,320,360
2005–06 ᠺᠠᠸᠠᠯ ᠢᠶᠡᠷᠰ $4,621,800
2006–07 ᠺᠠᠸᠠᠯ ᠢᠶᠡᠷᠰ $5,828,090
2007–08 ᠺᠠᠸᠠᠯ ᠢᠶᠡᠷᠰ $13,041,250
2008–09 ᠺᠠᠸᠠᠯ ᠢᠶᠡᠷᠰ $14,410,581
2009–10 ᠺᠠᠸᠠᠯ ᠢᠶᠡᠷᠰ $15,779,912
2010–11 ᠮᠢᠶᠠᠮᠢ $14,500,000
2011–12 ᠮᠢᠶᠠᠮᠢ $16,022,500
2012–13 ᠮᠢᠶᠠᠮᠢ $17,545,000

NBA ᠍ ᠦᠨ ᠺᠠᠷᠢᠶᠡᠷ ᠦᠨ ᠦᠵᠡᠭᠦᠯᠦᠯᠲᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠠᠭᠪᠤᠷ:NBA ᠍ ᠦᠨ ᠲᠣᠭᠯᠠᠭᠴᠢ ᠶᠢᠨ ᠦᠵᠡᠭᠦᠯᠦᠯᠲᠡ ᠶᠢᠨ ᠲᠡᠮᠳᠡᠭᠯᠡᠯᠡᠭᠡ

ᠤᠯᠠᠷᠢᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠨ ᠪᠠᠭ ОТ ᠭᠠᠶᠢᠯᠢ ᠶᠢᠨ ᠭᠠᠵᠠᠷ ТДМ ШХ% 3 ОШ% ЧШ% ᠰᠠᠮ ᠳᠠᠮ ᠲᠠᠰ ᠬᠠᠮᠢᠭ᠎ᠠ ᠣᠫᠧᠷᠠᠲ᠋ᠢᠸ ᠤᠢ ᠳᠧᠵᠢᠷ
2003-04 ᠺᠯᠢᠪᠯᠧᠨᠳ 79 79 39.5 .417 .290 .754 5.5 5.9 1.6 .7 20.9
2004-05 ᠺᠯᠢᠪᠯᠧᠨᠳ 80 80 42.4 .472 .351 .750 7.4 7.2 2.2 .6 27.2
2005-06 ᠺᠯᠢᠪᠯᠧᠨᠳ 79 79 42.5 .480 .335 .738 7.0 6.6 1.6 .8 31.4
2006-07 ᠺᠯᠢᠪᠯᠧᠨᠳ 78 78 40.9 .476 .319 .698 6.7 6.0 1.6 .7 27.3
2007-08 ᠺᠯᠢᠪᠯᠧᠨᠳ 75 74 40.4 .484 .315 .712 7.9 7.2 1.8 1.1 30.0
2008-09 ᠺᠯᠢᠪᠯᠧᠨᠳ 81 81 37.7 .489 .344 .780 7.6 7.2 1.7 1.1 28.4
2009-10 ᠺᠯᠢᠪᠯᠧᠨᠳ 76 76 39.0 .503 .333 .767 7.3 8.6 1.6 1.0 29.7
2010-11 ᠮᠠᠠᠮᠢ 79 79 38.8 .510 .330 .759 7.5 7.0 1.6 .6 26.7
2011-12 ᠮᠠᠠᠮᠢ 62 62 37.5 .531 .362 .771 7.9 6.2 1.9 .8 27.1
2012-13 ᠮᠠᠠᠮᠢ 76 76 37.9 .565 .406 .753 8.0 7.3 1.7 .9 26.8
2013-14 ᠮᠠᠠᠮᠢ 77 77 37.7 .567 .379 .750 6.9 6.4 1.6 .3 27.1
ᠵᠠᠮᠨᠠᠯ 842 841 39.5 .497 .341 .747 7.2 6.9 1.7 .8 27.5
ᠪᠦᠬᠦ ᠣᠳᠣᠳ 10 10 31.1 .515 .354 .724 6.6 6.1 1.5 .2 24.8

ᠫᠯᠧᠢ-ᠣᠹᠹ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠨ ᠪᠠᠭ ОТ ᠭᠠᠶᠢᠯᠢ ᠶᠢᠨ ᠭᠠᠵᠠᠷ ТДМ ШХ% 3 ОШ% ЧШ% ᠰᠠᠮ ᠳᠠᠮ ᠲᠠᠰ ᠬᠠᠮᠢᠭ᠎ᠠ ᠣᠫᠧᠷᠠᠲ᠋ᠢᠸ ᠤᠢ ᠳᠧᠵᠢᠷ
2006 ᠺᠯᠢᠪᠯᠧᠨᠳ 13 13 46.5 .476 .333 .737 8.1 5.8 1.4 .7 30.8
2007 ᠺᠯᠢᠪᠯᠧᠨᠳ 20 20 44.7 .416 .280 .755 8.1 8.0 1.7 .5 25.1
2008 ᠺᠯᠢᠪᠯᠧᠨᠳ 13 13 42.5 .411 .257 .731 7.8 7.6 1.8 1.3 28.2
2009 ᠺᠯᠢᠪᠯᠧᠨᠳ 14 14 41.4 .510 .333 .749 9.1 7.3 1.6 .9 35.3
2010 ᠺᠯᠢᠪᠯᠧᠨᠳ 11 11 41.8 .502 .400 .733 9.3 7.6 1.7 1.8 29.1
2011 ᠮᠠᠠᠮᠢ 21 21 43.9 .466 .353 .763 8.4 5.9 1.7 1.2 23.7
2012† ᠮᠠᠠᠮᠢ 23 23 42.7 .500 .259 .739 9.7 5.6 1.9 .7 30.3
2013† ᠮᠠᠠᠮᠢ 23 23 41.7 .491 .375 .777 8.4 6.6 1.8 .8 25.9
2014 ᠮᠠᠠᠮᠢ 20 20 38.2 .565 .407 .806 7.1 4.8 1.9 .6 27.4
ᠵᠠᠮᠨᠠᠯ 158 158 42.5 .482 .333 .755 8.4 6.4 1.7 .9 28.0

ᠵᠠᠭᠪᠤᠷ:NBA ᠍ ᠤᠨ ᠳ᠋ᠷᠠᠹᠲ ᠵᠠᠭᠪᠤᠷ:NBA ᠍ ᠦᠨ ᠳ᠋ᠷᠠᠹᠲ ᠢ ᠲᠡᠷᠢᠭᠦᠯᠡᠭᠴᠢᠳ ᠵᠠᠭᠪᠤᠷ:ᠬᠤᠷᠢᠶᠠᠩᠭᠤᠢ ᠬᠦᠰᠦᠨᠦᠭ ᠲᠦ ᠵᠠᠭᠪᠤᠷ:NBA ᠍ ᠦᠨ ᠤᠯᠠᠷᠢᠯ ᠤᠨ MVP

</tr></table> ᠵᠠᠭᠪᠤᠷ:2011-2012 ᠣᠨ ᠤ NBA ᠍ ᠦᠨ ᠠᠪᠣᠷᠭᠣᠴᠣᠳᠵᠠᠭᠪᠤᠷ:2012-2013 ᠣᠨ ᠤ NBA ᠍ ᠦᠨ ᠠᠪᠣᠷᠭᠣᠴᠣᠳ {{2004 ᠣᠨ ᠤ ᠵᠤᠨ ᠤ ᠣᠯᠢᠮᠫᠢᠺ ᠲᠤ ᠠᠮᠧᠷᠢᠺᠠ ᠶᠢᠨ ᠨᠢᠭᠡᠳᠦᠭᠰᠡᠨ ᠤᠯᠤᠰ ᠤᠨ ᠡᠷᠡᠭᠲᠡᠶᠢᠴᠦᠳ ᠦᠨ ᠰᠠᠭᠰᠤᠨ ᠪᠥᠮᠪᠥᠭᠡ ᠶᠢᠨ ᠪᠠᠭ}} {{2006 ᠣᠨ ᠤ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠠᠮᠧᠷᠢᠺᠠ ᠶᠢᠨ ᠨᠢᠭᠡᠳᠦᠭᠰᠡᠨ ᠤᠯᠤᠰ ᠤᠨ ᠡᠷᠡᠭᠲᠡᠶᠢᠴᠦᠳ ᠦᠨ ᠰᠠᠭᠰᠤᠨ ᠪᠥᠮᠪᠥᠭᠡ ᠶᠢᠨ ᠪᠠᠭ}} {{2010 ᠣᠨ ᠤ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠠᠮᠧᠷᠢᠺᠠ ᠶᠢᠨ ᠨᠢᠭᠡᠳᠦᠭᠰᠡᠨ ᠤᠯᠤᠰ ᠤᠨ ᠡᠷᠡᠭᠲᠡᠶᠢᠴᠦᠳ ᠦᠨ ᠰᠠᠭᠰᠤᠨ ᠪᠥᠮᠪᠥᠭᠡ ᠶᠢᠨ ᠪᠠᠭ}} {{2008 ᠣᠨ ᠤ ᠵᠤᠨ ᠤ ᠣᠯᠢᠮᠫᠢᠺ ᠲᠤ ᠠᠮᠧᠷᠢᠺᠠ ᠶᠢᠨ ᠨᠢᠭᠡᠳᠦᠭᠰᠡᠨ ᠤᠯᠤᠰ ᠤᠨ ᠡᠷᠡᠭᠲᠡᠶᠢᠴᠦᠳ ᠦᠨ ᠰᠠᠭᠰᠤᠨ ᠪᠥᠮᠪᠥᠭᠡ ᠶᠢᠨ ᠪᠠᠭ}} {{2012 ᠣᠨ ᠤ ᠵᠤᠨ ᠤ ᠣᠯᠢᠮᠫᠢᠺ ᠲᠤ ᠠᠮᠧᠷᠢᠺᠠ ᠶᠢᠨ ᠨᠢᠭᠡᠳᠦᠭᠰᠡᠨ ᠤᠯᠤᠰ ᠤᠨ ᠡᠷᠡᠭᠲᠡᠶᠢᠴᠦᠳ ᠦᠨ ᠰᠠᠭᠰᠤᠨ ᠪᠥᠮᠪᠥᠭᠡ ᠶᠢᠨ ᠪᠠᠭ}}
  1. "LeBron James will opt out of contract", SportsCenter, ESPN, June 24, 2014. June 24, 2014 ᠍ ᠳᠦ ᠠᠪᠤᠭᠰᠠᠨ᠃ 
  2. LeBron deal has eye on future cap. ESPN.com (July 12, 2014). July 12, 2014 ᠍ ᠳᠦ ᠬᠠᠨᠳᠤᠭᠰᠠᠨ᠃

ᠪᠢᠴᠢᠭᠡᠰᠦ