ᠯᠧᠨᠢᠩᠷᠠᠳ᠋ ᠮᠤᠵᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠯᠧᠨᠢᠩᠷᠠᠳ᠋ ᠮᠤᠵᠢ (ᠮᠣᠩᠭᠣᠯ)
ᠯᠧᠨᠢᠩᠷᠠᠳ᠋ᠰᠺᠠᠶ᠎ᠠ ᠣᠪᠯᠠᠰᠲ (ᠣᠷᠣᠰ)
Map of Russia - Leningrad Oblast (2008-03).svg
ᠣᠷᠣᠰ ᠬᠣᠯᠪᠣᠭᠠᠨ ᠤ ᠤᠯᠤᠰ ᠳᠠᠬᠢ ᠯᠧᠨᠢᠩᠷᠠᠳ᠋ ᠮᠤᠵᠢ ᠶᠢᠨ ᠪᠠᠶᠢᠷᠢᠰᠢᠯ<tr bgcolor="#E5E4E2">

<th align="center">ᠰᠦᠯᠳᠡ</th> <th align="center">ᠳᠠᠯᠪᠠᠭ᠎ᠠ</th> </tr><tr> <th style="vertical-align:middle; text-align:center;">Coat of arms of Leningrad Oblast.svg
</th> <th style="vertical-align:middle; text-align:center;">Flag of Leningrad Oblast.svg
</th></tr>

ᠲᠥᠷᠥ ᠶᠢᠨ ᠳᠠᠭᠤᠯᠠᠯ: n/a
ᠲᠥᠪ ᠰᠠᠨᠺᠲ ᠫᠧᠲ᠋ᠧᠷᠪᠦ᠋ᠷᠡᠭ
(ᠵᠠᠰᠠᠭ ᠵᠠᠬᠢᠷᠭᠠᠨ ᠤ ᠬᠤᠪᠢ ᠳᠤ ᠲᠤᠰ ᠲᠤ ᠪᠠᠨ ᠨᠢᠭᠡᠴᠡ ᠪᠣᠯᠤᠨ᠎ᠠ)
ᠪᠠᠶᠢᠭᠤᠯᠤᠭᠳᠠᠭᠰᠠᠨ 1927 ᠣᠨ ᠤ 8 ᠰᠠᠷ᠎ᠠ ᠶᠢᠨ 1
ᠠᠩᠬᠢᠯᠠᠯ
ᠬᠣᠯᠪᠣᠭᠠᠨ ᠤ ᠲᠣᠭᠣᠷᠢᠭ
ᠡᠳ᠋ ᠍ ᠦᠨ ᠵᠠᠰᠠᠭ ᠤᠨ ᠪᠥᠰᠡ
ᠮᠤᠵᠢ
ᠪᠠᠷᠠᠭᠤᠨ ᠬᠣᠶᠢᠳᠤ
n/a
ᠺᠣᠳ᠋ 47
ᠭᠠᠵᠠᠷ ᠣᠷᠣᠨ
ᠨᠤᠲᠤᠭ ᠤᠨ ᠬᠡᠮᠵᠢᠶ᠎ᠡ
- ᠣᠷᠣᠰ ᠬᠣᠯᠪᠣᠭᠠᠨ ᠤ ᠤᠯᠤᠰ ᠳᠠᠬᠢ ᠳᠡᠰ
84,500 км²
84500
ᠬᠦᠮᠦᠨ ᠠᠮᠠ ᠵᠦᠢ (2002 ᠣᠨ ᠤ ᠲᠣᠭᠠᠯᠠᠯᠭ᠎ᠠ)
ᠬᠦᠮᠦᠨ ᠠᠮᠠ ᠶᠢᠨ ᠲᠣᠭ᠎ᠠ
- ᠣᠷᠣᠰ ᠬᠣᠯᠪᠣᠭᠠᠨ ᠤ ᠤᠯᠤᠰ ᠳᠠᠬᠢ ᠳᠡᠰ
- ᠨᠢᠭᠲᠠᠷᠠᠯ
- ᠬᠣᠲᠠ ᠶᠢᠨ
- ᠬᠥᠳᠡᠭᠡᠨ ᠦ
1,669,205 ᠬᠦᠮᠦᠨ
28
19.8 ᠬᠦᠮᠦᠨ / км²
66.4%
33.6%
ᠠᠯᠪᠠᠨ ᠶᠣᠰᠣᠨ ᠤ ᠬᠡᠯᠡ ᠣᠷᠣᠰ
ᠵᠠᠰᠠᠭ ᠤᠨ ᠭᠠᠵᠠᠷ
ᠵᠠᠬᠢᠷᠤᠭᠴᠢ ᠸᠠᠯᠧᠷᠢ ᠰᠧᠷᠢ ᠳᠦᠶᠢᠺᠦᠪ<tr><td>ᠨᠢᠭᠡᠳᠦᠭᠡᠷ ᠣᠷᠣᠯᠠᠭᠴᠢ ᠵᠠᠬᠢᠷᠤᠭᠴᠢ</td><td>ᠰᠧᠷᠠᠭᠢ ᠺᠣᠽ ᠤᠷᠧᠸ</td></tr>
ᠬᠠᠤᠯᠢ ᠲᠣᠭᠲᠠᠭᠠᠬᠤ ᠪᠠᠶᠢᠭᠤᠯᠤᠯᠭ᠎ᠠ ᠯᠧᠨᠢᠩᠷᠠᠳ᠋ ᠮᠤᠵᠢ ᠶᠢᠨ ᠬᠠᠤᠯᠢ ᠲᠣᠭᠲᠠᠭᠠᠬᠤ ᠬᠤᠷᠠᠯ
ᠳᠦᠷᠢᠮ ᠯᠧᠨᠢᠩᠷᠠᠳ᠋ ᠮᠤᠵᠢ ᠶᠢᠨ ᠳᠦᠷᠢᠮ
ᠠᠯᠪᠠᠨ ᠶᠣᠰᠣᠨ ᠤ ᠴᠠᠬᠢᠮ ᠰᠦᠯᠵᠢᠶ᠎ᠡ
http://www.lenobl.ru

ᠯᠧᠨᠢᠩᠷᠠᠳ᠋ ᠮᠤᠵᠢ (ᠣᠷᠣᠰ ᠶᠢᠡᠷ ᠯᠧᠨᠢᠩᠷᠠᠳ᠋ᠰᠺᠠᠶ᠎ᠠ ᠣᠪᠯᠠᠰᠲ) ᠨᠢ ᠣᠷᠣᠰ ᠤᠨ ᠬᠣᠯᠪᠣᠭᠠᠨ ᠤ ᠤᠯᠤᠰ ᠍ ᠤᠨ ᠪᠠᠷᠠᠭᠤᠨ ᠬᠣᠶᠢᠳᠤ ᠬᠣᠯᠪᠣᠭᠠᠨ ᠤ ᠲᠣᠭᠣᠷᠢᠭ ᠲᠤ ᠬᠠᠷᠢᠶᠠᠯᠠᠭᠳᠠᠬᠤ ᠮᠤᠵᠢ ᠶᠤᠮ᠃ ᠮᠤᠵᠢ ᠶᠢᠨ ᠲᠥᠪ ᠨᠢ ᠰᠠᠨᠺᠲ ᠫᠧᠲ᠋ᠧᠷᠪᠦ᠋ᠷᠡᠭ ᠪᠣᠯᠪᠠᠴᠤ ᠵᠠᠰᠠᠭ ᠵᠠᠬᠢᠷᠭᠠᠨ ᠤ ᠬᠤᠪᠢ ᠳᠤ ᠰᠠᠨᠺᠲ ᠫᠧᠲ᠋ᠧᠷᠪᠦ᠋ᠷᠡᠭ ᠨᠢ ᠬᠣᠯᠪᠣᠭᠠᠨ ᠤ ᠬᠣᠲᠠ ᠶᠢᠨ ᠰᠲ᠋ᠠᠲ᠋ᠦ᠋ᠰ ᠲᠠᠢ᠂ ᠮᠤᠵᠢ ᠠᠴᠠ ᠪᠠᠨ ᠲᠤᠰ ᠲᠤ ᠪᠠᠨ ᠪᠣᠯᠤᠨ᠎ᠠ᠃ ᠮᠤᠵᠢ ᠶᠢᠨ ᠨᠡᠷ᠎ᠡ ᠨᠢ ᠲᠤᠰ ᠤᠯᠤᠰ ᠤᠨ ᠬᠤᠪᠢᠰᠬᠠᠯᠴᠢ ᠸᠯᠠᠳᠢᠮᠢᠷ ᠯᠧᠨᠢᠨᠢᠢ ᠨᠡᠷ᠎ᠡ ᠡᠴᠡ ᠤᠯᠪᠠᠭ᠎ᠠ ᠲᠠᠢ᠃ ᠲᠤᠰ ᠮᠤᠵᠢ ᠶᠢᠨ ᠪᠠᠷᠠᠭᠤᠨ ᠬᠡᠰᠡᠭ ᠨᠢ ᠢᠩᠭᠧᠷᠮᠠᠩᠯᠠᠩ ᠳᠤ ᠪᠤᠶᠤ ᠢᠩᠷᠢᠶᠠ ᠭᠡᠵᠦ ᠨᠡᠷᠡᠯᠡᠭᠳᠡᠳᠡᠭ ᠪᠠᠶᠢᠪᠠ᠃

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠷᠠᠭᠤᠨ ᠲᠠᠯ᠎ᠠ ᠪᠠᠷ ᠢᠶᠠᠨ ᠹᠢᠨᠢ ᠶᠢᠨ ᠪᠤᠯᠤᠨᠭᠠ ᠪᠠᠷ ᠬᠦᠷᠢᠶᠡᠯᠡᠭᠳᠡᠵᠦ᠂ ᠪᠠᠯᠲᠤ ᠶᠢᠨ ᠲᠡᠩᠭᠢᠰ ᠲᠤ ᠭᠠᠷᠤᠨ᠎ᠠ᠃ ᠮᠥᠨ ᠹᠢᠨᠯᠶᠠᠨᠳ᠋, ᠡᠰᠲᠠᠨ ᠤᠯᠤᠰ ᠤᠳ ᠲᠠᠢ ᠬᠢᠯᠢᠯᠡᠨ᠎ᠡ᠃ ᠣᠷᠣᠰ ᠬᠣᠯᠪᠣᠭᠠᠨ ᠤ ᠤᠯᠤᠰ ᠳᠣᠲᠣᠷ᠎ᠠ ᠪᠠᠨ ᠡᠮᠦᠨ᠎ᠡ ᠲᠠᠯ᠎ᠠ ᠪᠠᠷ ᠢᠶᠠᠨ ᠨᠣᠪᠣᠭᠣᠷᠣᠳ ᠮᠤᠵᠢᠫᠰᠺᠣᠸ ᠮᠤᠵᠢ᠂ ᠵᠡᠭᠦᠨ ᠲᠠᠯ᠎ᠠ ᠪᠠᠷ ᠢᠶᠠᠨ ᠸᠣᠯᠤᠭᠳᠠ ᠮᠤᠵᠢ᠂ ᠬᠣᠶᠢᠳᠤ ᠲᠠᠯ᠎ᠠ ᠪᠠᠷ ᠢᠶᠠᠨ ᠪᠦᠭᠦᠳᠡ ᠨᠠᠶᠢᠷᠠᠮᠳᠠᠬᠤ ᠺᠠᠷᠧᠯ ᠤᠯᠤᠰᠲᠠᠢ ᠬᠢᠯᠢ ᠵᠠᠯᠭᠠᠨ᠎ᠠ᠃

ᠲᠤᠰ ᠮᠤᠵᠢ ᠶᠢᠨ ᠨᠤᠲᠤᠭ ᠲᠤ 1,800 ᠭᠠᠷᠤᠢ ᠨᠠᠭᠤᠷ ᠪᠠᠶᠢᠳᠠᠭ᠃ ᠺᠠᠷᠧᠯ ᠲᠠᠢ ᠵᠠᠯᠭᠠᠭ᠎ᠠ ᠬᠢᠯᠢ ᠨᠢ ᠧᠦ᠋ᠷᠣᠫᠠ ᠍ ᠤᠨ ᠬᠠᠮᠤᠭ ᠤᠨ ᠲᠣᠮᠣ ᠨᠠᠭᠤᠷ ᠪᠣᠯᠬᠤ ᠯᠠᠳᠣᠭ ᠨᠠᠭᠤᠷ ᠶᠤᠮ᠃ ᠮᠥᠨ ᠨᠸᠠ ᠮᠥᠷᠡᠨᠸᠣᠯᠬᠤᠪ ᠭᠣᠣᠯ ᠦᠳ ᠯᠧᠨᠢᠩᠷᠠᠳ᠋ ᠮᠤᠵᠢ ᠶᠢᠨ ᠨᠤᠲᠤᠭ ᠢᠶᠠᠷ ᠤᠷᠤᠰᠤᠨ᠎ᠠ᠃ ᠨᠡᠶᠢᠲᠡ ᠭᠠᠵᠠᠷ ᠨᠤᠲᠤᠭ ᠤᠨ 55.5% ᠨᠢ ᠣᠢ ᠬᠥᠪᠴᠢ ᠪᠣᠯᠤᠨ᠎ᠠ᠃

  • 1 ᠰᠠᠷ᠎ᠠ ᠶᠢᠨ ᠳᠤᠮᠳᠠᠴᠢ ᠲᠣᠯᠠᠭᠠᠨ ᠤ ᠬᠡᠮᠵᠢᠶ᠎ᠡ -9 ᠬᠡᠮ ᠡᠴᠡ -11 ᠬᠡᠮ
  • 7 ᠰᠠᠷ᠎ᠠ ᠶᠢᠨ ᠳᠤᠮᠳᠠᠴᠢ ᠲᠣᠯᠠᠭᠠᠨ ᠤ ᠬᠡᠮᠵᠢᠶ᠎ᠡ +16 ᠬᠡᠮ ᠡᠴᠡ +17 ᠬᠡᠮ

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

5 ᠍ ᠳᠦᠭᠡᠷ ᠵᠠᠭᠤᠨᠢ ᠦᠶᠡᠰ ᠣᠳᠣ ᠶᠢᠨ ᠯᠧᠨᠢᠩᠷᠠᠳ᠋ ᠮᠤᠵᠢ ᠶᠢᠨ ᠨᠤᠲᠤᠭ ᠲᠤ ᠤᠭᠷᠣ-ᠹᠢᠨ ᠤᠭᠰᠠᠭᠠᠨ ᠤ ᠦᠨᠳᠦᠰᠦᠲᠡᠨ ᠨᠦᠭᠦᠳ ᠣᠷᠣᠰᠢᠨ ᠰᠠᠭᠤᠵᠤ ᠪᠠᠶᠢᠪᠠ᠃ 8 ᠍ ᠳᠦᠭᠡᠷ ᠵᠠᠭᠤᠨ ᠳᠤ ᠰᠯᠠᠪ ᠦᠳ ᠰᠠᠭᠤᠷᠢᠰᠢᠵᠠᠢ᠃

750 ᠍ ᠊ᠭᠠᠳ ᠣᠨᠢ ᠦᠶ᠎ᠡ ᠳᠦ ᠣᠷᠣᠰ ᠤᠨ ᠪᠠᠷᠠᠭᠤᠨ ᠬᠣᠶᠢᠳᠤ ᠬᠡᠰᠡᠭ ᠳ᠋ᠡᠬᠢ ᠬᠠᠮᠤᠭ ᠤᠨ ᠡᠷᠲᠡᠨ ᠦ ᠣᠷᠣᠰ ᠤᠳ ᠤᠨ ᠰᠠᠭᠤᠷᠢᠨ ᠯᠠᠳᠣᠭ (18 ᠍ ᠳᠦᠭᠡᠷ ᠵᠠᠭᠤᠨ ᠠᠴᠠ ᠬᠣᠶᠢᠰᠢ ᠰᠲ᠋ᠠᠤᠶ᠎ᠠ ᠯᠠᠳᠣᠭ ᠪᠤᠶᠤ ᠬᠠᠭᠤᠴᠢᠨ ᠯᠠᠳᠣᠭ) ᠪᠤᠢ ᠪᠣᠯᠵᠠᠢ᠃ 9-10 ᠍ ᠳᠦᠭᠡᠷ ᠵᠠᠭᠤᠨᠢ ᠣᠷᠴᠢᠮ ᠠᠴᠠ ᠯᠠᠳᠣᠭ ᠨᠢ ᠡᠷᠲᠡᠨ ᠦ ᠣᠷᠣᠰ ᠤᠨ ᠤᠯᠤᠰ ᠲᠥᠷᠥ᠂ ᠡᠳ᠋ ᠍ ᠦᠨ ᠵᠠᠰᠠᠭ ᠤᠨ ᠲᠥᠪ ᠦᠳ ᠦᠨ ᠨᠢᠭᠡ ᠪᠣᠯᠤᠭᠰᠠᠨ ᠪᠠᠶᠢᠨ᠎ᠠ᠃

12 ᠍ ᠳᠦᠭᠡᠷ ᠵᠠᠭᠤᠨ ᠳᠤ ᠨᠣᠪᠣᠭᠣᠷᠣᠳ ᠬᠣᠲᠠ ᠤᠯᠤᠰ ᠲᠥᠷᠥ ᠶᠢᠨ ᠬᠤᠪᠢ ᠳᠤ ᠪᠡᠶ᠎ᠡ ᠳᠠᠭᠠᠭᠰᠠᠨ ᠪᠠᠶᠢᠳᠠᠯ ᠲᠠᠢ ᠪᠣᠯᠬᠤ ᠳᠤ ᠹᠢᠨᠯᠶᠠᠨᠳ᠋ ᠍ ᠤᠨ ᠪᠤᠯᠤᠩ ᠤᠨ ᠣᠷᠴᠢᠮ ᠤᠨ ᠨᠤᠲᠤᠭ ᠳᠡᠪᠢᠰᠬᠡᠷ ᠨᠣᠪᠣᠭᠣᠷᠣᠳ᠋ ᠍ ᠤᠨ ᠸᠠᠩᠲᠤ ᠤᠯᠤᠰ ᠍ ᠤᠨ ᠮᠡᠳᠡᠯ ᠳᠦ ᠤᠷᠤᠪᠠ᠃ 13-14 ᠍ ᠳᠦᠭᠡᠷ ᠵᠠᠭᠤᠨ ᠳᠤ ᠲᠡᠷᠬᠡᠦ ᠨᠤᠲᠤᠭ ᠲᠤ ᠡᠷᠬᠡ ᠮᠡᠳᠡᠯ ᠣᠯᠵᠤ ᠠᠪᠬᠤ ᠶᠢᠨ ᠲᠤᠯᠠᠳᠠ ᠯᠢᠪᠣᠨᠢᠰᠸᠸᠳᠡᠨ ᠤᠯᠤᠰ ᠤᠳ ᠥᠷᠢᠰᠦᠯᠳᠦᠵᠦ ᠪᠠᠶᠢᠪᠠ᠃ ᠲᠡᠷᠡ ᠦᠶ᠎ᠡ ᠳᠦ ᠬᠢᠯᠢ ᠬᠢᠵᠠᠭᠠᠷ ᠢᠶᠠᠨ ᠬᠠᠮᠠᠭᠠᠯᠠᠬᠤ ᠶᠢᠨ ᠲᠤᠯᠠᠳᠠ ᠨᠣᠪᠣᠭᠣᠷᠣᠳ᠋ ᠍ ᠤᠨ ᠸᠠᠩᠲᠤ ᠤᠯᠤᠰ ᠬᠡᠳᠦ ᠬᠡᠳᠦᠨ ᠴᠠᠶᠢᠵᠠ ᠪᠠᠷᠢᠵᠤ ᠪᠠᠶᠢᠭᠤᠯᠤᠭᠰᠠᠨ ᠪᠠᠶᠢᠨ᠎ᠠ᠃

1617 ᠣᠨ ᠳᠤ ᠰᠸᠸᠳᠡᠨ ᠲᠦ ᠡᠵᠡᠯᠡᠭᠳᠡᠭᠰᠡᠨ ᠴᠤ ᠤᠮᠠᠷᠠᠳᠤ ᠶᠢᠨ ᠶᠡᠬᠡ ᠳᠠᠶᠢᠨ (1700 - 1721) ᠍ ᠳᠦ ᠣᠷᠣᠰ ᠤᠯᠤᠰ ᠢᠯᠠᠵᠤ᠂ ᠡᠷᠭᠢᠭᠦᠯᠦᠨ ᠠᠪᠴᠠᠢ᠃

1703 ᠣᠨ ᠳᠤ ᠶᠡᠬᠡ ᠫᠧᠲ᠋ᠷ ᠣᠳᠣ ᠶᠢᠨ ᠰᠠᠨᠺᠲ ᠫᠧᠲ᠋ᠧᠷᠪᠦ᠋ᠷᠡᠭ ᠬᠣᠲᠠ ᠶᠢᠨ ᠨᠤᠲᠤᠭ ᠲᠤ ᠫᠧᠲ᠋ᠷᠣᠫᠠᠸᠯᠪᠠᠰᠺ ᠴᠠᠶᠢᠵᠠ ᠍ ᠢ ᠪᠠᠷᠢᠵᠤ ᠡᠬᠢᠯᠡᠭᠰᠡᠨ ᠡᠴᠡ ᠬᠣᠶᠢᠰᠢ ᠣᠶᠢᠷ᠎ᠠ ᠣᠷᠴᠢᠮ ᠨᠢ ᠲᠦᠷᠭᠡᠨ ᠬᠥᠭᠵᠢᠵᠡᠢ᠃

1708 ᠣᠨ ᠳᠤ ᠬᠠᠭᠠᠨᠲᠤ ᠣᠷᠣᠰ ᠤᠯᠤᠰ ᠭᠢᠪᠧᠷᠨᠢ ᠵᠣᠬᠢᠶᠠᠨ ᠪᠠᠶᠢᠭᠤᠯᠤᠯᠲᠠ ᠳᠤ ᠰᠢᠯᠵᠢᠬᠦ ᠳᠦ ᠢᠩᠭᠧᠷᠮᠠᠩᠯᠠᠩ ᠳᠤ ᠭᠢᠪᠧᠷᠨ ᠭᠡᠭᠳᠡᠬᠦ ᠪᠣᠯᠵᠤ ᠪᠠᠶᠢᠭᠠᠳ 1710 ᠣᠨ ᠳᠤ ᠰᠠᠨᠺᠲ ᠫᠧᠲ᠋ᠧᠷᠪᠦ᠋ᠷᠡᠭ ᠭᠢᠪᠧᠷᠠᠨ ᠳᠤ ᠨᠢᠭᠡᠳᠬᠡᠭᠳᠡᠵᠡᠢ᠃

1812 ᠣᠨ ᠳᠤ ᠨᠡᠶᠢᠰᠯᠡᠯ ᠨᠢ ᠮᠣᠰᠺᠸᠠᠭᠠ ᠠᠴᠠ ᠰᠠᠨᠺᠲ ᠫᠧᠲ᠋ᠧᠷᠪᠦ᠋ᠷᠡᠭ ᠲᠦ ᠰᠢᠯᠵᠢᠵᠦ ᠢᠷᠡᠭᠰᠡᠨ᠃

1927 ᠣᠨ ᠳᠤ ᠣᠳᠣ ᠶᠢᠨ ᠢᠶᠠᠨ ᠨᠡᠷ᠎ᠡ ᠪᠡᠷ ᠨᠡᠷᠡᠯᠡᠭᠳᠡᠬᠦ ᠪᠣᠯᠤᠭᠰᠠᠨ ᠪᠠᠶᠢᠨ᠎ᠠ᠃

1929-1939 ᠣᠨ ᠳᠤ ᠪᠠᠷᠠᠭᠤᠨ ᠮᠤᠵᠢ (ᠣᠷᠣᠰ ᠶᠢᠡᠷ ᠵᠠᠫᠠᠳᠨᠠᠶ᠎ᠠ ᠣᠪᠯᠠᠰᠲ), ᠺᠠᠯᠢᠨᠢᠨ ᠮᠤᠵᠢ (ᠣᠳᠣ ᠶᠢᠨ ᠺᠠᠯᠢᠨᠢᠩᠷᠠᠳ᠋ ᠮᠤᠵᠢᠠ ᠠᠴᠠ ᠢᠯᠭᠠᠭ᠎ᠠ ᠲᠠᠢ), ᠸᠣᠯᠤᠭᠳᠠ ᠮᠤᠵᠢᠮᠤᠷᠮᠠᠨᠰᠺ ᠮᠤᠵᠢ ᠦᠳ ᠰᠢᠨ᠎ᠡ ᠪᠡᠷ ᠪᠠᠶᠢᠭᠤᠯᠤᠭᠳᠠᠬᠤ ᠳᠤ ᠯᠧᠨᠢᠩᠷᠠᠳ᠋ ᠮᠤᠵᠢ ᠶᠢᠨ ᠨᠤᠲᠤᠭ ᠠᠴᠠ ᠲᠠᠰᠤᠯᠵᠤ ᠥᠭᠴᠦ ᠪᠠᠶᠢᠪᠠ᠃ ᠮᠥᠨ 1931 ᠣᠨ ᠳᠤ ᠯᠧᠨᠢᠩᠷᠠᠳ᠋ ᠬᠣᠲᠠ ᠪᠤᠶᠤ ᠣᠳᠣ ᠶᠢᠨ ᠰᠠᠨᠺᠲ ᠫᠧᠲ᠋ᠧᠷᠪᠦ᠋ᠷᠡᠭ ᠬᠣᠲᠠ ᠶᠢ ᠤᠯᠤᠰ ᠤᠨ ᠰᠲ᠋ᠠᠲ᠋ᠦ᠋ᠰ ᠲᠠᠢ ᠪᠣᠯᠭᠠᠵᠤ᠂ ᠲᠤᠰ ᠮᠤᠵᠢ ᠠᠴᠠ ᠰᠠᠯᠭᠠᠵᠠᠢ᠃

1940 ᠣᠨ ᠤ ᠡᠪᠦᠯ ᠦᠨ ᠳᠠᠶᠢᠨ ᠍ ᠢ ᠳᠠᠭᠤᠰᠬᠠᠭᠰᠠᠨ ᠮᠣᠰᠺᠸᠠ ᠶᠢᠨ ᠡᠩᠬᠡ ᠶᠢᠨ ᠭᠡᠷ᠎ᠡ ᠶᠣᠰᠣᠭᠠᠷ ᠹᠢᠨᠯᠶᠠᠨᠳ᠋ᠠ ᠠᠴᠠ ᠰᠢᠯᠵᠢᠭᠦᠯᠵᠦ ᠠᠪᠤᠭᠰᠠᠨ ᠭᠠᠵᠠᠷ ᠨᠤᠲᠤᠭ ᠠᠴᠠ ᠺᠠᠷᠧᠯ ᠦᠨ ᠵᠤᠷᠪᠤᠰ ᠯᠧᠨᠢᠩᠷᠠᠳ᠋ ᠮᠤᠵᠢ ᠳᠤ ᠨᠢᠭᠡᠳᠬᠡᠭᠳᠡᠭᠰᠡᠨ ᠶᠤᠮ᠃ ᠲᠡᠷᠡ ᠨᠤᠲᠤᠭ ᠤᠨ ᠤᠭᠷᠣ ᠹᠢᠨ ᠤᠭᠰᠠᠭᠠᠨ ᠤ ᠣᠷᠣᠰᠢᠨ ᠰᠠᠭᠤᠭᠴᠢᠳ ᠹᠢᠨᠯᠶᠠᠨᠳ᠋ ᠷᠤ ᠳᠦᠷᠪᠡᠵᠦ᠂ ᠣᠷᠣᠰ ᠤᠳ ᠡᠵᠡᠮᠰᠢᠭᠰᠡᠨ ᠪᠠᠶᠢᠨ᠎ᠠ᠃

1941 ᠣᠨ ᠳᠤ ᠡᠬᠢᠯᠡᠭᠰᠡᠨ ᠠᠤᠭ᠎ᠠ ᠶᠡᠬᠡ ᠡᠬᠡ ᠣᠷᠣᠨ ᠤ ᠳᠠᠶᠢᠨ ᠢᠶᠠᠷ ᠨᠢᠭᠡ ᠬᠡᠰᠡᠭ ᠨᠠᠼᠢᠰᠲ ᠭᠧᠷᠮᠠᠨ ᠳᠤ ᠡᠵᠡᠯᠡᠭᠳᠡᠵᠦ᠂ ᠯᠧᠨᠢᠩᠷᠠᠳ᠋ ᠍ ᠤᠨ ᠪᠦᠰᠡᠯᠡᠯᠲᠡ ᠪᠣᠯᠵᠤ ᠪᠠᠶᠢᠪᠠ᠃ ᠮᠥᠨ ᠣᠨ ᠳᠤ ᠹᠢᠨᠯᠶᠠᠨᠳ᠋ ᠠᠯᠳᠠᠭᠳᠠᠭᠰᠠᠨ ᠭᠠᠵᠠᠷ ᠨᠤᠲᠤᠭ ᠢᠶᠠᠨ ᠡᠷᠭᠢᠭᠦᠯᠵᠦ ᠠᠪᠬᠤ ᠪᠠᠷ ᠦᠷᠭᠦᠯᠵᠢᠯᠡᠯ ᠳᠠᠶᠢᠨ ᠍ ᠢ ᠡᠬᠢᠯᠡᠭᠦᠯᠵᠦ᠂ ᠡᠷᠭᠢᠭᠦᠯᠵᠦ ᠠᠪᠴᠤ ᠴᠢᠳᠠᠭᠰᠠᠨ ᠴᠤ ᠪᠤᠴᠠᠭᠠᠵᠤ ᠠᠯᠠᠳᠠᠭᠰᠠᠨ ᠶᠤᠮ᠃

ᠮᠤᠵᠢ ᠶᠢᠨ ᠬᠢᠯᠢ ᠶᠢᠨ ᠵᠤᠷᠪᠤᠰ ᠶᠠᠭ ᠣᠳᠣ ᠶᠢᠨ ᠬᠢ ᠪᠠᠷ ᠢᠶᠠᠨ ᠲᠣᠭᠲᠠᠭᠰᠠᠨ ᠦᠶ᠎ᠡ ᠨᠢ 1978 ᠣᠨ ᠪᠣᠯᠤᠨ᠎ᠠ᠃

1991 ᠣᠨ ᠳᠤ ᠯᠧᠨᠢᠩᠷᠠᠳ᠋ ᠬᠣᠲᠠ ᠨᠡᠷ᠎ᠡ ᠪᠡᠨ ᠰᠠᠨᠺᠲ ᠫᠧᠲ᠋ᠧᠷᠪᠦ᠋ᠷᠡᠭ ᠪᠣᠯᠭᠠᠵᠤ᠂ ᠬᠠᠭᠤᠴᠢᠨ ᠨᠡᠷ᠎ᠡ ᠪᠡᠨ ᠰᠡᠷᠭᠦᠭᠡᠭᠰᠡᠨ ᠴᠤ ᠯᠧᠨᠢᠩᠷᠠᠳ᠋ ᠮᠤᠵᠢ ᠶᠢᠨ ᠨᠡᠷ᠎ᠡ ᠲᠡᠷᠡ ᠬᠡᠪ ᠢᠶᠡᠷ ᠢᠶᠡᠨ ᠦᠯᠡᠳᠡᠵᠡᠢ᠃

ᠴᠠᠭ ᠤᠨ ᠪᠥᠰᠡ[ᠵᠠᠰᠠᠪᠤᠷᠢᠯᠠᠬᠤ | ᠺᠣᠳ᠋ ᠢᠶᠠᠷ ᠵᠠᠰᠠᠬᠣ]

RTZ2.png

ᠯᠧᠨᠢᠩᠷᠠᠳ᠋ ᠮᠤᠵᠢ ᠨᠢ ᠮᠣᠰᠺᠸᠠ ᠶᠢᠨ ᠴᠠᠭ ᠤᠨ ᠪᠦᠰ ᠪᠤᠶᠤ UTC+3 ᠪᠥᠰᠡ ᠳᠦ ᠬᠠᠮᠢᠶᠠᠷᠤᠨ᠎ᠠ᠃ ᠵᠤᠨ ᠤ ᠴᠠᠭᠡᠶᠢᠨ ᠦᠶᠡᠳᠡᠭᠡ UTC+4 ᠪᠣᠯᠤᠨ᠎ᠠ᠃

ᠸᠢᠭᠮᠧᠳᠢᠶᠠ ᠵᠢᠷᠤᠭ ᠤᠨ ᠰᠠᠩ:
«ᠯᠧᠨᠢᠩᠷᠠᠳ᠋ ᠮᠤᠵᠢ»

ᠡᠰᠢ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ