ᠯᠤᠪᠰᠠᠩᠵᠠᠮᠪᠠ ᠶᠢᠨ ᠮᠥᠩᠬᠡᠳᠣᠷᠵᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠯᠤᠪᠰᠠᠩᠵᠠᠮᠪᠠ ᠶᠢᠨ ᠮᠥᠩᠬᠡᠳᠣᠷᠵᠢ (1919 - 1996) ᠨᠢ ᠮᠣᠩᠭᠣᠯ ᠤᠯᠤᠰ ᠤᠨ ᠬᠥᠭᠵᠢᠮ ᠦᠨ ᠵᠣᠬᠢᠶᠠᠯᠴᠢ ᠶᠤᠮ᠃ ᠲᠡᠷᠡᠪᠡᠷ ᠮᠣᠩᠭᠣᠯ ᠤᠯᠤᠰ ᠤᠨ ᠲᠥᠷᠥ ᠶᠢᠨ ᠳᠠᠭᠤᠯᠠᠯ ᠤᠨ ᠠᠶ᠎ᠠ ᠶᠢ ᠬᠠᠮᠲᠤᠷᠠᠨ ᠵᠣᠬᠢᠶᠠᠯᠴᠠᠭᠰᠠᠨ ᠪᠢᠯᠡ᠃

ᠨᠠᠮᠲᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠯᠠ᠃ᠮᠥᠩᠬᠡᠳᠣᠷᠵᠢ 1919 ᠣᠨ ᠤ 9 ᠍ ᠍ ᠍ ᠳᠦᠭᠡᠷ ᠰᠠᠷ᠎ᠠ ᠶᠢᠨ 15 ᠍ ᠍ ᠍ ᠳᠦ ᠣᠳᠣ ᠶᠢᠨ ᠤᠯᠠᠭᠠᠨᠪᠠᠭᠠᠲᠤᠷ (ᠥᠷᠭᠥᠭᠡ) ᠬᠣᠲᠣᠩ ᠢᠶᠠᠨ ᠲᠦᠷᠦᠭᠰᠡᠨ᠃ 1929 ᠣᠨ ᠳᠤ ᠪᠠᠭ᠎ᠠ ᠰᠤᠷᠭᠠᠭᠤᠯᠢ᠂ 1932 ᠣᠨ ᠳᠤ ᠰᠠᠩᠬᠦᠦ ᠶᠢᠨ ᠺᠦᠷᠰ ᠲᠦ ᠰᠤᠷᠴᠤ᠂ 1932 ᠣᠨ ᠳᠤ ᠲᠥᠪ ᠲᠢᠶᠠᠲ᠋ᠷ ᠤᠨ ᠬᠥᠭᠵᠢᠮᠴᠢᠨ᠂ 1936 ᠣᠨ ᠠᠴᠠ ᠴᠡᠷᠢᠭ ᠦᠨ ᠠᠯᠪᠠ ᠬᠠᠭᠠᠵᠤ᠂ ᠮᠥᠨ ᠣᠨ ᠠᠴᠠ ᠴᠡᠷᠢᠭ ᠦᠨ ᠴᠢᠭᠤᠯᠭ᠎ᠠ ᠳᠤ ᠬᠥᠭᠵᠢᠮᠴᠢᠨ᠂ ᠳᠠᠷᠤᠭ᠎ᠠ᠂ 1941 ᠣᠨ ᠠᠴᠠ ᠤᠯᠤᠰ ᠤᠨ ᠼᠢᠷᠺ ᠲᠦ ᠬᠥᠭᠵᠢᠮᠴᠢᠨ᠂ ᠤᠳᠤᠷᠢᠳᠤᠭᠠᠴᠢ᠂ 1950-1956 ᠣᠨ ᠳᠤ ᠮᠣᠰᠺᠸᠠ ᠶᠢᠨ ᠬᠥᠭᠵᠢᠮ ᠦᠨ ᠶᠡᠬᠡ ᠰᠤᠷᠭᠠᠭᠤᠯᠢ ᠳᠤ (ᠪᠠᠭᠰᠢ ᠨᠢ ᠶᠡ᠃ᠺ᠃ᠭᠣᠯᠣᠪᠧᠸ᠂ ᠸ-ᠭ᠃ᠹᠧᠷᠧ) ᠰᠤᠷᠤᠯᠴᠠᠨ ᠲᠡᠭᠦᠰᠴᠦ ᠤᠯᠤᠰ ᠤᠨ ᠠᠷᠠᠳ ᠤᠨ ᠳᠠᠭᠤᠤ ᠪᠦᠵᠢᠭ ᠦᠨ ᠴᠢᠭᠤᠯᠭ᠎ᠠ ᠳᠤ ᠬᠥᠭᠵᠢᠮ ᠦᠨ ᠵᠣᠬᠢᠶᠠᠯᠴᠢ᠂ 1970-1974 ᠣᠨ ᠳᠤ ᠤᠯᠤᠰ ᠤᠨ ᠪᠠᠭᠰᠢ ᠶᠢᠨ ᠳᠡᠭᠡᠳᠦ ᠰᠤᠷᠭᠠᠭᠤᠯᠢ ᠶᠢᠨ ᠬᠥᠭᠵᠢᠮ ᠦᠨ ᠵᠣᠬᠢᠶᠠᠯᠴᠢ ᠶᠢᠨ ᠰᠠᠯᠪᠤᠷᠢ ᠳᠤ (ᠨᠢᠭᠡ ᠤᠳᠠᠭ᠎ᠠ ᠶᠢᠨ ᠡᠯᠰᠡᠯᠲᠡ ᠠᠪᠤᠭᠰᠠᠨ) ᠵᠣᠬᠢᠶᠠᠮᠵᠢ ᠶᠢᠨ ᠪᠠᠭᠰᠢ᠂ 1974 ᠣᠨ ᠠᠴᠠ ᠪᠡᠶ᠎ᠡ ᠳᠠᠭᠠᠭᠰᠠᠨ ᠮᠡᠷᠭᠡᠵᠢᠯ ᠦᠨ ᠬᠥᠭᠵᠢᠮ ᠦᠨ ᠵᠣᠬᠢᠶᠠᠯᠴᠢ ᠪᠠᠷ ᠠᠵᠢᠯᠯᠠᠵᠤ ᠪᠠᠶᠢᠪᠠ᠃ 1936 ᠣᠨ ᠳᠤ ᠤᠯᠤᠰ ᠤᠨ ᠠᠯᠳᠠᠷᠲᠤ ᠭᠠᠪᠢᠶ᠎ᠠ ᠳᠤ ᠬᠥᠭᠵᠢᠮᠴᠢᠨ᠂ 1975 ᠣᠨ ᠳᠤ ᠠᠷᠠᠳ ᠤᠨ ᠵᠦᠵᠦᠭᠡᠴᠢᠨ ᠴᠣᠯᠠ᠂ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠍ ᠍ ᠤᠨ ᠮᠠᠷᠱᠠᠯ ᠴᠣᠶᠢᠪᠠᠯᠰᠠᠩ ᠤᠨ ᠨᠡᠷᠡᠮᠵᠢᠲᠦ ᠱᠠᠩᠨᠠᠯ ᠍ ᠍ ᠍ ᠢ 1946 ᠣᠨ ᠳᠤ 《ᠡᠬᠡ ᠣᠷᠣᠨ》 ᠳᠠᠭᠤᠤ ᠪᠠᠷ᠂ 1951 ᠣᠨ ᠳᠤ ᠬᠣᠶᠠᠷ ᠳ᠋ᠡᠬᠢ ᠤᠳᠤᠭ᠎ᠠ ᠪᠠᠨ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠍ ᠍ ᠤᠨ ᠲᠥᠷᠥ ᠶᠢᠨ ᠳᠠᠭᠤᠯᠠᠯ ᠢᠶᠠᠷ ᠬᠦᠷᠢᠲᠦᠵᠡᠢ᠃

30 ᠍ ᠍ ᠍ ᠊ᠭᠠᠳ ᠣᠨ ᠤ ᠲᠡᠭᠦᠰᠬᠡᠯ ᠳᠦ ᠬᠠᠯᠬ᠎ᠠ ᠭᠣᠣᠯ ᠳᠤ ᠬᠠᠷᠢ ᠶᠢᠨ ᠳᠠᠶᠢᠰᠤᠨ ᠲᠠᠢ ᠲᠤᠯᠤᠯᠳᠤᠵᠤ ᠮᠣᠩᠭᠣᠯ ᠬᠥᠪᠡᠭᠦᠳ ᠦᠨ ᠴᠢᠰᠤ ᠠᠰᠬᠠᠷᠠᠭᠰᠠᠨ ᠲᠡᠷᠡ ᠦᠶ᠎ᠡ ᠳᠦ ᠯᠠ᠃ᠮᠥᠩᠬᠡᠳᠣᠷᠵᠢ ᠶᠢᠨ ᠪᠢᠴᠢᠭᠰᠡᠨ 《ᠰᠦᠬᠡᠪᠠᠭᠠᠲᠤᠷ ᠬᠡᠮᠡᠬᠦ ᠳᠠᠭᠤᠤ》 /1938/, 《ᠲᠡᠦᠬᠡᠲᠦ ᠬᠢᠯᠢ》, 《ᠬᠢᠯᠢ ᠶᠢᠨ ᠴᠡᠷᠢᠭ》, 《ᠪᠠᠶᠢᠯᠳᠤᠭᠴᠢ ᠰᠤᠮᠤᠨ》/1938/, /ᠪᠦᠭᠦᠳᠡ ᠽ᠃ᠫᠦᠨᠴᠠᠭ ᠤᠨ ᠰᠢᠯᠦᠭ/ ᠵᠡᠷᠭᠡ ᠣᠯᠠᠨ ᠰᠠᠶᠢᠬᠠᠨ ᠳᠠᠭᠤᠤ ᠴᠡᠷᠢᠭ ᠡᠷ᠎ᠡ ᠶᠢᠨ ᠵᠢᠪᠬᠤᠭ᠎ᠠ ᠰᠦᠷ ᠢ ᠮᠠᠭᠲᠠᠨ ᠢᠲᠡᠭᠡᠯ ᠵᠣᠷᠢᠭ ᠨᠡᠮᠡᠵᠦ ᠪᠠᠶᠢᠯ᠎ᠠ᠃ 《ᠲᠡᠦᠬᠡᠲᠦ ᠬᠢᠯᠢ》 ᠳᠠᠭᠤᠤ ᠡᠬᠡ ᠣᠷᠣᠨ ᠤ ᠰᠡᠳᠦᠪᠲᠦ ᠳᠠᠭᠤᠨ ᠳᠤ ᠪᠠᠭᠠᠲᠤᠷᠯᠢᠭ ᠥᠩᠭᠡ ᠠᠶᠠᠰ ᠢ ᠨᠡᠮᠡᠵᠦ᠂ ᠡᠷᠴᠢᠮᠲᠦ ᠬᠡᠮ ᠢ ᠲᠣᠭᠲᠠᠭᠠᠭᠰᠠᠨ ᠨᠢ ᠮᠠᠨ ᠤ ᠳᠠᠭᠤᠨ ᠳᠤ ᠰᠢᠨᠡᠴᠢᠯᠡᠯ ᠪᠣᠯᠵᠠᠢ᠃ ᠨᠡᠶᠢᠲᠡ ᠶᠢᠨ ᠳᠠᠭᠤᠨ ᠤ ᠳᠠᠬᠢᠯᠲᠠ ᠲᠠᠢ ᠪᠠᠳᠠᠭᠴᠢᠯᠠᠭᠰᠠᠨ ᠳᠠᠭᠤᠨ ᠤ ᠰᠢᠨ᠎ᠡ ᠬᠡᠯᠪᠡᠷᠢ ᠶᠢ ᠪᠤᠢ ᠪᠣᠯᠭᠠᠵᠤ 《ᠡᠭᠦᠯᠡ ᠨᠡᠭᠦᠵᠦ ᠴᠠᠬᠢᠯᠭᠠᠨ ᠪᠠᠳᠠᠷᠠᠭᠰᠠᠨ ᠲᠠᠯ᠎ᠠ》 ᠪᠠᠳᠠᠭ ᠢ ᠬᠦᠦᠷᠨᠢᠯ᠂ ᠥᠭᠦᠯᠡᠮᠵᠢ ᠪᠡᠷ 《ᠡᠨᠡ ᠪᠣᠯ ᠮᠢᠨᠦ ᠡᠬᠡ ᠣᠷᠣᠨ᠂ ᠡᠵᠡᠨ ᠪᠢᠳᠡᠨ ᠦ ᠥᠯᠥᠭᠡᠢ ᠨᠤᠲᠤᠭ》ᠭᠡᠰᠡᠨ ᠳᠠᠬᠢᠯᠲᠠ ᠪᠠᠷ ᠣᠷᠭᠢᠯ ᠬᠢᠵᠦ ᠮᠠᠷᠱ ᠤᠨ ᠰᠦᠷᠯᠢᠭ ᠬᠡᠪ ᠢᠶᠡᠷ ᠪᠦᠲᠦᠭᠡᠭᠰᠡᠨ ᠨᠢ ᠨᠡᠶᠢᠲᠡ ᠶᠢᠨ ᠳᠠᠭᠤᠨ ᠤ ᠰᠢᠨ᠎ᠡ ᠬᠡᠯᠪᠡᠷᠢ ᠪᠠᠶᠢᠯ᠎ᠠ᠃ ᠯᠠ᠃ᠮᠥᠩᠬᠡᠳᠣᠷᠵᠢ ᠵᠢᠷᠭᠠᠭᠠᠳ ᠵᠢᠯ ᠳᠠᠭᠤᠤ ᠲᠤᠭᠤᠷᠪᠢᠯ ᠢᠶᠠᠨ᠃ ᠮᠥᠩᠬᠡᠳᠣᠷᠵᠢ ᠶᠢᠨ ᠵᠢᠷᠭᠠᠭᠠᠳ ᠵᠢᠯ ᠲᠤᠭᠤᠷᠪᠢᠭᠰᠠᠨ ᠳᠠᠭᠤᠤ ᠮᠠᠨ ᠤ ᠬᠠᠭᠠᠰ ᠵᠠᠭᠤᠨ ᠵᠢᠯ ᠦᠨ ᠠᠵᠤ ᠲᠥᠷᠥᠯ᠂ ᠰᠡᠳᠬᠢᠯ ᠵᠢᠳᠬᠦᠯ ᠦᠨ ᠲᠣᠯᠢ ᠪᠢᠯᠡ᠃ ᠮᠥᠩᠬᠡᠳᠣᠷᠵᠢ ᠶᠢᠨ ᠠᠩᠬᠠᠨ ᠤ ᠳᠠᠭᠤᠨ ᠨᠤᠭᠤᠳ ᠭᠠᠷᠴᠤ ᠢᠷᠡᠮᠡᠭᠴᠡ ᠯᠠ ᠪᠦᠬᠦ ᠨᠡᠶᠢᠲᠡ ᠪᠡᠷ ᠳᠠᠭᠤᠯᠠᠳᠠᠭ ᠪᠠᠶᠢᠭᠰᠠᠨ ᠭᠡᠳᠡᠭ᠃ ᠦᠨᠡᠨ ᠳᠦ ᠪᠡᠨ ᠲᠡᠷᠡ ᠦᠶ᠎ᠡ ᠳᠦ ᠳᠠᠭᠤᠤ ᠶᠡᠬᠡ ᠴᠥᠭᠡᠨ᠂ ᠳᠠᠭᠤᠤ ᠵᠣᠬᠢᠶᠠᠭᠴᠢ ᠨᠢ ᠴᠤ ᠬᠤᠷᠤᠭᠤ ᠳᠠᠷᠤᠮ᠎ᠠ ᠴᠥᠭᠡᠬᠡᠨ ᠪᠠᠶᠢᠭᠰᠠᠨ ᠲᠠᠢ ᠬᠣᠯᠪᠣᠭ᠎ᠠ ᠲᠠᠢ ᠪᠢᠵᠡ᠃ ᠯᠠ᠃ᠮᠥᠩᠬᠡᠳᠣᠷᠵᠢ 1944 ᠣᠨ ᠳᠤ ᠳ᠃ᠰᠡᠩᠭᠡ ᠶᠢᠨ ᠰᠢᠯᠦᠭ ᠢᠶᠡᠷ 《ᠡᠬᠡ ᠣᠷᠣᠨ》 ᠳᠠᠭᠤ ᠪᠠᠨ ᠵᠣᠬᠢᠶᠠᠭᠰᠠᠨ ᠡᠨᠡ ᠳᠠᠭᠤᠨ ᠤ ᠪᠠᠳᠠᠷᠠᠩᠭᠤᠢ ᠵᠢᠪᠬᠤᠯᠠᠩᠲᠤ ᠥᠩᠭᠡ ᠠᠶᠠᠰ ᠮᠠᠨ ᠤ ᠡᠬᠡ ᠣᠷᠣᠨ ᠤ ᠳᠠᠭᠤᠤ ᠨᠤᠭᠤᠳ ᠤᠨ ᠮᠠᠩᠯᠠᠢ ᠨᠢ ᠪᠣᠯᠵᠤ ᠦᠯᠡᠳᠡᠭᠰᠡᠨ ᠶᠠᠭᠤᠮ᠎ᠠ᠃

ᠯᠠ᠃ᠮᠥᠩᠬᠡᠳᠣᠷᠵᠢ᠂ ᠳ᠃ᠰᠡᠯᠡᠩᠭᠡ ᠪᠡᠨ᠂ ᠴ᠃ᠼᠡᠳᠡᠨᠵᠠᠪ᠂ ᠳ᠃ᠲᠠᠷᠪᠠ᠂ ᠯᠣ᠃ᠴᠢᠨ ᠳᠦ-ᠣᠴᠢᠷ᠂ ᠪ᠃ᠪᠠᠭᠠᠰᠤᠲᠤ᠂ ᠴᠤ᠃ᠴᠢᠮ᠎ᠡ ᠳᠦ᠂ ᠴ᠃ᠭᠠᠲᠤᠪᠠ᠂ ᠴᠤ᠃ᡀᠠᠮᠣᠰᠦ᠋ᠷᠦᠩ᠂ ᠮ᠃ᠰᠡᠷᠡᠩᠳᠣᠷᠵᠢ ᠵᠡᠷᠭᠡ ᠮᠠᠨ ᠤ ᠦᠶ᠎ᠡ ᠶᠢᠨ ᠣᠯᠠᠨ ᠢᠷᠠᠭᠤ ᠨᠠᠶᠢᠷᠠᠭᠴᠢᠳ ᠤᠨ ᠰᠢᠯᠦᠭ ᠢᠶᠡᠷ 200 ᠣᠷᠴᠢᠮ ᠳᠠᠭᠤᠤ ᠪᠦᠲᠦᠭᠡᠭᠰᠡᠨ ᠪᠠᠶᠢᠨ᠎ᠠ᠃ ᠮᠥᠩᠬᠡᠳᠣᠷᠵᠢ ᠶᠢᠨ ᠳᠠᠭᠤᠤ ᠨᠤᠭᠤᠳ ᠥᠷᠭᠡᠨ ᠠᠭᠤᠵᠢᠭᠤ ᠠᠶᠠᠯᠭᠤ᠂ ᠲᠡᠩᠴᠡᠪᠦᠷᠢᠲᠦ ᠢᠷᠠᠭᠤ ᠬᠥᠭ᠂ ᠳᠠᠭᠤᠯᠠᠯᠲᠤ ᠰᠢᠨᠵᠢ᠂ ᠲᠣᠳᠣᠷᠬᠠᠢ ᠬᠡᠯᠪᠡᠷᠢ᠂ ᠣᠨᠴᠢᠲᠠᠢ ᠡᠩ ᠦᠨ ᠪᠠᠶᠢᠳᠠᠭ ᠢᠶᠠᠷ ᠢᠶᠠᠨ ᠪᠦᠬᠦᠨ ᠦ ᠰᠡᠳᠬᠢᠯ ᠳᠦ ᠳᠣᠲᠣᠨᠣ ᠪᠢᠯᠡ᠃ ᠯᠠ᠃ᠮᠥᠩᠬᠡᠳᠣᠷᠵᠢ 1951 ᠣᠨ ᠳᠤ 《ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠍ ᠍ ᠤᠨ ᠲᠥᠷᠥ ᠶᠢᠨ ᠳᠠᠭᠤᠯᠠᠯ ᠢ 》 ᠵᠣᠬᠢᠶᠠᠵᠤ /ᠪ᠃ᠳᠠᠮᠳᠢᠨᠰᠦ᠋ᠷᠦᠩ ᠦᠨ ᠬᠠᠮᠲᠤ/ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠍ ᠍ ᠤᠨ ᠲᠥᠷᠥ ᠶᠢᠨ ᠱᠠᠩᠨᠠᠯ ᠢ ᠬᠣᠶᠠᠷ ᠳ᠋ᠡᠬᠢ ᠤᠳᠤᠭ᠎ᠠ ᠪᠠᠨ ᠬᠦᠷᠢᠲᠦᠵᠡᠢ᠃ ᠯᠠ᠃ᠮᠥᠩᠬᠡᠳᠣᠷᠵᠢ ᠶᠢᠨ ᠳᠠᠭᠤᠤ ᠪᠠᠷ ᠡᠬᠡ ᠣᠷᠣᠨ ᠮᠠᠨᠢ ᠮᠠᠨᠳᠤᠬᠤ ᠨᠠᠷ ᠢ ᠤᠭᠲᠤᠨ ᠰᠡᠷᠡᠵᠦ᠂ ᠵᠢᠷᠭᠠᠬᠤ ᠨᠠᠷ ᠢ ᠦᠳᠡᠨ ᠨᠣᠶᠢᠷᠰᠤᠵᠤ ᠣᠨ ᠴᠠᠭ ᠤᠨ ᠬᠦᠷᠳ᠋ ᠍ ᠍ ᠍ ᠢ ᠡᠷᠭᠢᠭᠦᠯᠦᠭᠰᠡᠨ ᠪᠠᠶᠢᠨ᠎ᠠ᠃ ᠯᠠ᠃ᠮᠥᠩᠬᠡᠳᠣᠷᠵᠢ ᠮᠣᠩᠭᠣᠯ ᠤᠨ ᠣᠷᠴᠢᠨ ᠴᠠᠭ ᠤᠨ ᠬᠥᠭᠵᠢᠮ ᠦᠨ ᠭᠣᠣᠯ ᠨᠢᠭᠡ 《ᠪᠠᠭᠠᠨ᠎ᠠ》 ᠪᠣᠯᠬᠤ ᠨᠢ ᠲᠡᠭᠦᠨ ᠦ ᠰᠢᠮᠹᠣᠨᠢ ᠶᠢᠨ ᠲᠣᠮᠣᠬᠠᠨ ᠪᠦᠲᠦᠭᠡᠯ ᠦᠳ ᠢᠶᠡᠷ ᠲᠣᠳᠣᠷᠬᠠᠶᠢᠯᠠᠭᠳᠠᠳᠠᠭ᠃ 1955 ᠣᠨ ᠳᠤ ᠯᠠ᠃ᠮᠥᠩᠬᠡᠳᠣᠷᠵᠢ ᠶᠢᠨ ᠲᠤᠭᠤᠷᠪᠢᠵᠤ ᠳᠠᠭᠤᠰᠤᠭᠰᠠᠨ 《ᠮᠢᠨᠦ ᠡᠬᠡ ᠣᠷᠣᠨ 》 ᠰᠢᠮᠹᠣᠨᠢ ᠮᠣᠩᠭᠣᠯ ᠤᠨ ᠰᠢᠮᠹᠣᠨᠢ ᠤᠷᠠᠯᠢᠭ ᠤᠨ ᠲᠡᠦᠬᠡᠨ ᠬᠠᠭᠤᠳᠠᠰᠤᠨ ᠳᠤ ᠠᠯᠲᠠᠨ ᠦᠰᠦᠭ ᠢᠶᠡᠷ ᠪᠢᠴᠢᠭᠳᠡᠨ᠎ᠡ᠃ /ᠮᠣᠩᠭᠣᠯ ᠤᠨ ᠠᠩᠬᠠᠨ ᠤ ᠰᠢᠮᠹᠣᠨᠢ/

ᠯᠠ᠃ᠮᠥᠩᠬᠡᠳᠣᠷᠵᠢ ᠶᠢᠨ ᠬᠢᠴᠢᠶᠡᠯ ᠵᠢᠳᠬᠦᠯ ᠦᠨ ᠨᠢᠭᠡ ᠴᠢᠬᠤᠯᠠ ᠬᠡᠰᠡᠭ ᠨᠢ ᠮᠣᠩᠭᠣᠯ ᠠᠷᠠᠳ ᠤᠨ ᠬᠥᠭᠵᠢᠮ ᠦᠨ ᠵᠢᠮᠰᠡᠭ ᠢᠶᠡᠷ ᠬᠥᠭᠵᠢᠮᠳᠡᠬᠦ ᠪᠦᠲᠦᠭᠡᠯ ᠢ ᠣᠯᠠᠰᠢᠷᠠᠭᠤᠯᠬᠤ᠂ ᠬᠥᠭᠵᠢᠮᠳᠡᠬᠦ ᠪᠣᠯᠤᠮᠵᠢ ᠶᠢ ᠨᠡᠮᠡᠭᠳᠡᠭᠦᠯᠬᠦ᠂ ᠬᠥᠭ ᠵᠣᠬᠢᠷᠠᠯ ᠤᠨ ᠬᠤᠪᠢ ᠳᠤ ᠪᠠᠶᠠᠵᠢᠭᠤᠯᠠᠨ ᠥᠷᠭᠡᠵᠢᠭᠦᠯᠬᠦ ᠶᠠᠪᠤᠳᠠᠯ ᠪᠠᠶᠢᠯ᠎ᠠ᠃ ᠬᠥᠭᠵᠢᠮ ᠦᠨ ᠶᠡᠬᠡ ᠰᠤᠷᠭᠠᠭᠤᠯᠢ ᠲᠡᠭᠦᠰᠴᠦ ᠢᠷᠡᠮᠡᠭᠴᠡ ᠪᠡᠨ ᠯᠠ ᠤᠯᠤᠰ ᠤᠨ ᠠᠷᠠᠳ ᠤᠨ ᠳᠠᠭᠤᠤ ᠪᠦᠵᠢᠭ ᠦᠨ ᠴᠢᠭᠤᠯᠭ᠎ᠠ ᠳᠤ ᠨᠠᠶᠢᠷᠠᠯ ᠬᠥᠭᠵᠢᠮ ᠦᠨ ᠵᠢᠮᠰᠡᠭ ᠦᠨ ᠪᠦᠷᠢᠯᠳᠦᠬᠦᠨ ᠢ ᠥᠷᠭᠡᠵᠢᠭᠦᠯᠬᠦ ᠠᠵᠢᠯ ᠳᠤ ᠣᠷᠣᠭᠰᠠᠨ ᠶᠤᠮ᠃ ᠮᠣᠩᠭᠣᠯ ᠠᠷᠠᠳ ᠤᠨ ᠨᠠᠶᠢᠷᠠᠯ ᠬᠥᠭᠵᠢᠮ ᠢᠶᠡᠷ ᠣᠷᠴᠢᠨ ᠴᠠᠭ ᠤᠨ ᠬᠦᠮᠦᠨ ᠦ ᠰᠡᠳᠬᠢᠯ ᠢ ᠳᠣᠭᠢᠯᠠᠭᠤᠯᠬᠤ ᠪᠦᠬᠦᠢ ᠯᠠ ᠬᠦᠴᠦ ᠪᠣᠯᠤᠯᠴᠠᠭ᠎ᠠ ᠶᠢ ᠪᠦᠷᠢᠳᠦᠭᠦᠯᠬᠦ ᠳᠦ ᠡᠨᠡ ᠠᠵᠢᠯ ᠤᠨᠨ ᠤᠳᠬ᠎ᠠ ᠤᠴᠢᠷ ᠨᠢ ᠣᠷᠣᠰᠢᠵᠤ ᠪᠠᠶᠢᠯ᠎ᠠ᠃ ᠮᠠᠨ ᠤ ᠤᠯᠤᠰ ᠤᠨ ᠠᠷᠠᠳ ᠤᠨ ᠳᠠᠭᠤᠤ ᠪᠦᠵᠢᠭ ᠦᠨ ᠴᠢᠭᠤᠯᠭ᠎ᠠ ᠶᠢᠨ ᠨᠠᠶᠢᠷᠠᠯ ᠬᠥᠭᠵᠢᠮ ᠦᠨ ᠥᠨᠥ ᠶᠢᠨ ᠬᠦᠷᠦᠭᠰᠡᠨ ᠲᠥᠪᠰᠢᠨ ᠴᠤᠬᠤᠮ ᠬᠦ ᠯᠠ᠃ᠮᠥᠩᠬᠡᠳᠣᠷᠵᠢ ᠶᠢᠨ ᠡᠨᠡ ᠭᠠᠪᠢᠶ᠎ᠠ ᠳᠤ ᠦᠢᠯᠡᠰ ᠲᠡᠢ ᠰᠠᠯᠤᠰᠢ ᠦᠭᠡᠢ ᠬᠣᠯᠪᠣᠭ᠎ᠠ ᠲᠠᠢ ᠶᠤᠮ᠃ ᠯᠠ᠃ᠮᠥᠩᠬᠡᠳᠣᠷᠵᠢ ᠶᠢᠨ ᠰᠢᠨ᠎ᠡ ᠲᠤᠲᠤᠮ ᠬᠥᠭᠵᠢᠵᠦ ᠪᠠᠶᠢᠭ᠎ᠠ ᠦᠨᠳᠦᠰᠦᠨ ᠦ ᠪᠡᠨ ᠬᠥᠭᠵᠢᠮ ᠦᠨ ᠤᠷᠢᠳᠤᠯᠭ᠎ᠠ ᠶᠢ ᠴᠡᠴᠡᠭᠯᠡᠭᠦᠯᠦᠨ ᠬᠥᠭᠵᠢᠭᠦᠯᠬᠦ ᠶᠢᠨ ᠲᠤᠯᠠᠳᠠ ᠠᠯᠢ ᠴᠤ ᠲᠥᠷᠥᠯ ᠬᠡᠯᠪᠡᠷᠢ ᠪᠡᠷ ᠠᠵᠢᠯᠬᠤ ᠳᠤ ᠬᠡᠵᠢᠶᠡᠳᠡ ᠪᠡᠯᠡᠨ ᠪᠠᠶᠢᠯ᠎ᠠ᠃ ᠬᠥᠭᠵᠢᠮ ᠦᠨ ᠲᠢᠶᠠᠲ᠋ᠷ ᠤᠨ ᠤᠷᠠᠯᠢᠭ ᠮᠥᠩᠬᠡᠳᠣᠷᠵᠢ ᠶᠢᠨ ᠠᠷᠭ᠎ᠠ ᠪᠠᠷᠢᠯ ᠠᠴᠠ᠂ ᠶᠡᠷᠦᠩᠬᠡᠢ ᠰᠡᠳᠬᠢᠯᠭᠡᠨ ᠡᠴᠡ ᠨᠡᠯᠢᠶᠡᠳ ᠬᠣᠯᠠ ᠮᠡᠲᠦ ᠣᠶᠢᠯᠠᠭᠠᠭᠳᠠᠳᠠᠭ ᠪᠣᠯᠪᠠᠴᠤ 《ᠬᠥᠬᠡᠭᠡ ᠨᠠᠮᠵᠢᠯ》, 《ᠵᠢᠷᠭᠠᠯ》 ᠭᠡᠳᠡᠭ ᠬᠣᠶᠠᠷ ᠳᠠᠭᠤᠷᠢ ᠪᠢᠴᠢᠭᠰᠡᠨ᠃ 《ᠬᠥᠬᠡᠭᠡ ᠨᠠᠮᠵᠢᠯ》 ᠳᠠᠭᠤᠷᠢ ᠮᠣᠩᠭᠣᠯ ᠳᠠᠭᠤᠷᠢ ᠶᠢᠨ ᠤᠷᠠᠯᠢᠭ ᠲᠤ ᠠᠵᠤ ᠪᠠᠶᠢᠳᠠᠯ ᠤᠨ ᠳᠠᠭᠤᠷᠢ ᠶᠢᠨ ᠰᠢᠨ᠎ᠡ ᠴᠢᠭᠯᠡᠯ ᠢ ᠬᠥᠭᠵᠢᠭᠦᠯᠵᠦ ᠲᠥᠯᠦᠪᠰᠢᠭᠦᠯᠬᠦ ᠳᠦ ᠴᠢᠬᠤᠯᠠ ᠡᠭᠦᠷᠭᠡ ᠭᠦᠢᠴᠡᠳᠭᠡᠭᠰᠡᠨ᠃

ᠯᠠ᠃ᠮᠥᠩᠬᠡᠳᠣᠷᠵᠢ ᠮᠣᠩᠭᠣᠯ ᠤᠨ ᠳᠠᠩ ᠬᠥᠭᠵᠢᠮ ᠦᠨ ᠪᠦᠲᠦᠭᠡᠯ ᠦᠳ ᠦᠨ ᠲᠡᠷᠢᠭᠦᠨ ᠡᠩᠨᠡᠭᠡᠨ ᠳᠦ ᠤᠷᠤᠬᠤ ᠲᠤᠭᠤᠷᠪᠢᠯ ᠤᠳ ᠢ ᠵᠣᠬᠢᠶᠠᠵᠤ᠃ ᠨᠠᠶᠢᠷᠠᠯᠵᠢᠭᠤᠯᠭ᠎ᠠ᠂ ᠬᠥᠭᠡᠢ ᠶᠢᠨ ᠰᠡᠯᠭᠦᠭᠡ᠂ ᠵᠣᠬᠢᠷᠠᠯ ᠤᠨ ᠦᠨᠳᠦᠰᠦᠨ ᠦ ᠥᠩᠭᠡ ᠠᠶᠠᠰ ᠢ ᠪᠥᠷᠢᠯᠳᠦᠭᠦᠯᠦᠨ ᠲᠣᠭᠲᠠᠭᠠᠵᠤ᠂ ᠮᠣᠩᠭᠣᠯ ᠠᠷᠠᠳ ᠤᠨ ᠨᠠᠶᠢᠷᠠᠯ ᠬᠥᠭᠵᠢᠮ ᠨᠠᠶᠢᠷᠠᠯᠵᠢᠭᠤᠯᠭ᠎ᠠ ᠬᠢᠬᠦ ᠣᠷᠴᠢᠨ ᠴᠠᠭ ᠤᠨ ᠳᠢᠭ ᠰᠠᠭᠤᠷᠢ ᠶᠢ ᠦᠨᠳᠦᠰᠦᠯᠡᠨ ᠪᠤᠢ ᠪᠣᠯᠭᠠᠵᠤ ᠪᠠᠲᠤᠵᠢᠭᠤᠯᠠᠨ ᠪᠦᠷᠢᠯᠳᠦᠭᠦᠯᠦᠭᠰᠡᠨ ᠶᠤᠮ᠃ ᠯᠠ᠃ᠮᠥᠩᠬᠡᠳᠣᠷᠵᠢ ᠶᠢᠨ ᠤᠷᠠᠨ ᠪᠦᠲᠦᠭᠡᠯ ᠮᠠᠨ ᠤ ᠣᠷᠴᠢᠨ ᠴᠠᠭ ᠤᠨ ᠬᠥᠭᠵᠢᠮ ᠦᠨ ᠬᠥᠭᠵᠢᠯ ᠦᠨ ᠡᠬᠢᠨ ᠦᠶ᠎ᠡ ᠳᠦ ᠬᠠᠮᠢᠶᠠᠷᠬᠤ ᠶᠢᠨ ᠬᠤᠪᠢ ᠳᠤ ᠲᠡᠳᠦᠢ ᠦᠭᠡᠢ ᠪᠦᠲᠦᠭᠡᠭᠰᠡᠨ ᠤᠷᠠᠨ ᠰᠠᠶᠢᠬᠠᠨ ᠤ ᠰᠢᠨᠡᠳᠬᠡᠯ᠂ ᠲᠦᠪᠰᠢᠨ ᠨᠢ ᠶᠠᠬᠤ ᠠᠷᠭ᠎ᠠ ᠦᠭᠡᠢ ᠬᠥᠭᠵᠢᠮ ᠦᠨ ᠤᠷᠠᠯᠢᠭ ᠤᠨ ᠮᠠᠨᠢ 《ᠲᠣᠯᠣᠭᠠᠢ》 ᠬᠡᠰᠡᠭ ᠲᠦ ᠪᠠᠶᠢᠷᠢᠯᠠᠬᠤ ᠪᠦᠷᠢᠨ ᠡᠷᠬᠡ ᠶᠢ ᠣᠯᠭᠤᠭᠰᠠᠨ ᠶᠤᠮ᠃ ᠮᠠᠨ ᠤ ᠰᠢᠨ᠎ᠡ ᠬᠥᠭᠵᠢᠮ ᠦᠨ 《ᠰᠣᠨᠠᠲ ᠤᠨ ᠠᠯᠯᠧᠭᠷᠣᠳ》 ᠭᠣᠣᠯ ᠬᠡᠰᠡᠭ ᠲᠦ ᠨᠢ ᠮᠥᠩᠬᠡᠳᠣᠷᠵᠢ ᠶᠢᠨ ᠪᠦᠲᠦᠭᠡᠯ ᠦᠳ ᠵᠦᠢ ᠶᠣᠰᠣᠭᠠᠷ ᠣᠷᠣᠨ᠎ᠠ᠃ ᠡᠶᠢᠮᠦ ᠡᠴᠡ ᠴᠤ ᠯᠠ᠃ᠮᠥᠩᠬᠡᠳᠣᠷᠵᠢ ᠶᠢᠨ ᠣᠷᠴᠢᠨ ᠴᠠᠭ ᠤᠨ ᠮᠣᠩᠭᠣᠯ ᠤᠨ ᠬᠥᠭᠵᠢᠮ ᠦᠨ 《ᠰᠣᠩᠭᠣᠮᠠᠯ》 ᠲᠥᠯᠥᠭᠡᠯᠡᠭᠴᠢ ᠶᠢᠨ ᠨᠢᠭᠡ ᠪᠣᠯᠵᠤ ᠦᠯᠡᠳᠡᠵᠡᠢ᠃

ᠪᠦᠲᠦᠭᠡᠯ ᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠠᠭᠤᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠢᠮᠹᠣᠨᠢ ᠬᠥᠭᠵᠢᠮ[ᠵᠠᠰᠠᠪᠤᠷᠢᠯᠠᠬᠤ | ᠺᠣᠳ᠋ ᠢᠶᠠᠷ ᠵᠠᠰᠠᠬᠣ]

  • I ᠰᠢᠮᠹᠣᠨᠢ 《ᠮᠢᠨᠦ ᠡᠬᠡ ᠣᠷᠣᠨ》 1957 ᠣᠨ
  • II ᠰᠢᠮᠹᠣᠨᠢ 《ᠣᠺᠲ᠋ᠶᠠᠪᠷᠢ》1967 ᠣᠨ
  • III ᠰᠢᠮᠹᠣᠨᠢ 《ᠠᠷᠠᠳ ᠤᠨ ᠨᠠᠭᠠᠳᠤᠮ》 1973 ᠣᠨ
  • IV ᠰᠢᠮᠹᠣᠨᠢ 《ᠵᠠᠯᠠᠭᠤᠴᠤᠳ ᠤᠨ》 1982 ᠣᠨ
  • ᠰᠢᠮᠹᠣᠨᠢ ᠨᠠᠶᠢᠷᠠᠭᠯᠠᠯ 《ᠣᠺᠲ᠋ᠢᠶᠠᠪᠧᠷ ᠤᠨ ᠲᠤᠶᠠᠭ᠎ᠠ》 1957 ᠣᠨ
  • ᠰᠢᠮᠹᠣᠨᠢ ᠨᠠᠶᠢᠷᠠᠭᠯᠠᠯ 《ᠠᠵᠠ ᠵᠢᠷᠭᠠᠯ ᠤᠨ ᠮᠢᠨᠢ ᠣᠷᠣᠨ》 1984 ᠣᠨ
  • ᠰᠢᠮᠹᠣᠨᠢ ᠴᠢᠭᠤᠯᠪᠤᠷᠢ 1987 ᠣᠨ
  • ᠰᠢᠮᠹᠣᠨᠢ ᠴᠢᠭᠤᠯᠪᠤᠷᠢ 1988 ᠣᠨ
  • ᠬᠢᠭᠢᠯᠢ ᠨᠠᠶᠢᠷᠠᠯ ᠬᠥᠭᠵᠢᠮ ᠦᠨ ᠺᠣᠨᠼᠧᠷᠲ 《ᠡᠬᠡ ᠣᠷᠣᠨ ᠤ ᠨᠠᠷᠠ》 1968 ᠣᠨ
  • ᠬᠠᠯᠬ᠎ᠠ ᠭᠣᠣᠯ ᠤᠨ ᠢᠯᠠᠯᠲᠠ-39 ᠣᠨ ᠤᠳᠤᠷᠢᠳᠬᠠᠯ 1979 ᠣᠨ

ᠴᠥᠭᠡᠭᠦᠯᠡ ᠬᠥᠭᠵᠢᠮ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠴᠢᠪᠬᠠᠳᠠᠰᠤᠲᠤ ᠬᠥᠭᠵᠢᠮ ᠦᠨ ᠭᠤᠷᠪᠠᠯ 1953 ᠣᠨ
  • ᠬᠢᠭᠢᠯᠢ ᠲᠡᠭᠦᠯᠳᠡᠷ ᠬᠤᠭᠤᠷ ᠤᠨ ᠰᠣᠨᠠᠲ᠋ᠢᠨᠠ 1954 ᠣᠨ
  • 《ᠬᠠᠪᠤᠷ ᠤᠨ ᠰᠢᠪᠠᠭᠤᠳ ᠢᠷᠡᠯ᠎ᠡ》 ᠶᠣᠣᠴᠢᠩ ᠦᠨ ᠭᠣᠴᠣᠯᠠᠯ 1957 ᠣᠨ
  • 《ᠤᠨᠠᠭᠠᠨ ᠵᠢᠷᠤᠭ᠎ᠠ》 ᠱᠤᠳᠤᠷᠭ᠎ᠠ ᠶᠢᠨ ᠭᠣᠴᠣᠯᠠᠯ 1958 ᠣᠨ
  • 《ᠠᠶᠢᠷᠠᠭ ᠨᠠᠭᠤᠷ》 ᠬᠢᠭᠢᠯᠢ ᠶᠢᠨ ᠴᠢᠭᠤᠯᠭ᠎ᠠ 1967 ᠣᠨ
  • ᠴᠢᠪᠬᠠᠳᠠᠰᠤ ᠬᠥᠭᠵᠢᠮ ᠦᠨ ᠭᠤᠷᠪᠠᠯ 1987 ᠣᠨ

ᠲᠠᠶᠢᠰᠠ᠂ ᠳᠡᠯᠭᠡᠴᠡ ᠶᠢᠨ ᠬᠥᠭᠵᠢᠮ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠣᠷᠴᠢᠨ ᠦᠶ᠎ᠡ ᠶᠢᠨ ᠮᠣᠩᠭᠣᠯ ᠪᠠᠷᠢᠮᠲᠠᠲᠤ ᠺᠢᠨᠣ᠋ 1958 ᠣᠨ
  • 《ᠮᠣᠷᠢ ᠲᠠᠢ ᠴᠤ ᠪᠣᠯᠤᠭᠠᠰᠠᠢ》 ᠤᠷᠠᠨ ᠰᠠᠶᠢᠬᠠᠨ ᠤ ᠺᠢᠨᠣ᠋ 1959 ᠣᠨ
  • 《ᠠᠷᠠᠳ ᠤᠨ ᠡᠯᠴᠢ》 ᠤᠷᠠᠨ ᠰᠠᠶᠢᠬᠠᠨ ᠤ ᠺᠢᠨᠣ᠋ 1959 ᠣᠨ
  • 《ᠠᠯᠲᠠᠨ ᠥᠷᠭᠥᠭᠡ》 ᠤᠷᠠᠨ ᠰᠠᠶᠢᠬᠠᠨ ᠤ ᠺᠢᠨᠣ᠋ 1962 ᠣᠨ
  • 《ᠮᠢᠨᠦ ᠮᠣᠩᠭᠣᠯ》 ᠪᠠᠷᠢᠮᠲᠠᠲᠤ ᠺᠢᠨᠣ᠋ 1971

ᠭᠡᠬᠦ ᠮᠡᠲᠦ 30 ᠣᠷᠴᠢᠮ ᠪᠠᠷᠢᠮᠲᠠᠲᠤ ᠪᠣᠯᠤᠨ ᠤᠷᠠᠨ ᠰᠠᠶᠢᠬᠠᠨ ᠤ ᠺᠢᠨᠣᠨ ᠤ ᠬᠥᠭᠵᠢᠮ᠂ ᠮᠥᠨ ᠳᠠᠭᠤᠨ ᠤ ᠳᠠᠩ ᠬᠥᠭᠵᠢᠮ ᠦᠨ ᠬᠡᠳᠦᠨ ᠵᠠᠭᠤᠨ ᠪᠦᠲᠦᠭᠡᠯ ᠪᠤᠢ᠃

ᠨᠠᠶᠢᠷᠠᠯ ᠳᠠᠭᠤᠤ[ᠵᠠᠰᠠᠪᠤᠷᠢᠯᠠᠬᠤ | ᠺᠣᠳ᠋ ᠢᠶᠠᠷ ᠵᠠᠰᠠᠬᠣ]

  • 《ᠨᠢᠭᠡᠳᠦᠯ ᠦᠨ ᠲᠤᠬᠠᠢ ᠴᠢᠭᠤᠯᠪᠤᠷᠢ》 1957 ᠣᠨ
  • 《ᠮᠥᠩᠭᠥᠨ ᠬᠦᠷᠬᠢᠷᠡᠭᠡᠨ ᠴᠢᠮᠡᠭᠡ》 ᠨᠠᠶᠢᠷᠠᠭᠯᠠᠯ 1965 on
  • ᠮᠠᠭᠲᠠᠭᠤ 《ᠡᠬᠡ ᠣᠷᠣᠨ》 ᠮᠢᠨᠢ ᠨᠠᠶᠢᠷᠠᠯ ᠳᠠᠭᠤᠤ

ᠳᠠᠭᠤᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ