ᠯᠤᠢ ᠫᠠᠰᠲ᠋ᠸᠷ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠯᠤᠢ ᠫᠠᠰᠲ᠋ᠸᠷ

ᠯᠤᠢ ᠫᠠᠰᠲ᠋ᠸᠷ (ᠹᠷᠠᠨᠼᠢ ᠪᠠᠷ Louis Pasteur 1822 ᠣᠨ ᠤ 12 ᠳ᠋ᠤᠭᠠᠷ ᠰᠠᠷ᠎ᠠ ᠶᠢᠨ 27 ᠍ ᠳᠦ ᠲᠥᠷᠦᠵᠢ᠂ 1895 ᠣᠨ ᠤ 9 ᠳᠦᠭᠡᠷ ᠰᠠᠷ᠎ᠠ ᠶᠢᠨ 28 ᠍ ᠳᠦ ᠨᠠᠰᠤ ᠪᠠᠷᠠᠭᠰᠠᠨ) ᠹᠷᠠᠨᠼᠢ ᠍ ᠤᠨ ᠳᠣᠯᠣ ᠬᠣᠳᠠ ᠳᠤ ᠲᠦᠷᠦᠭᠰᠡᠨ ᠹᠷᠠᠨᠼᠢ ᠶᠢᠨ ᠬᠢᠮᠢᠴᠤ᠂ ᠮᠢᠺᠷᠣᠪᠢᠣᠯᠣᠭᠢᠴᠤ᠃ ᠲᠡᠷᠡ ᠪᠡᠷ ᠡᠪᠡᠳᠴᠢᠨ ᠡᠭᠦᠰᠭᠡᠬᠦ ᠤᠴᠢᠷ ᠰᠢᠯᠲᠠᠭᠠᠨ᠂ ᠡᠪᠡᠳᠴᠢᠨ ᠡᠴᠡ ᠤᠷᠢᠳᠴᠢᠯᠠᠨ ᠰᠡᠷᠭᠡᠶᠢᠯᠡᠬᠦ ᠲᠠᠯ᠎ᠠ ᠪᠠᠷ ᠭᠠᠶᠢᠬᠠᠮᠰᠢᠭ ᠲᠠᠢ ᠨᠡᠭᠡᠭᠡᠯᠲᠡ ᠬᠢᠭᠰᠡᠨ ᠢᠶᠡᠷ ᠢᠶᠡᠨ ᠬᠠᠮᠤᠭ ᠤᠨ ᠶᠡᠬᠡ ᠠᠯᠳᠠᠷᠰᠢᠭᠰᠠᠨ᠃ ᠲᠤᠬᠠᠶᠢᠯᠠᠪᠠᠯ ᠲᠡᠷᠡ ᠲᠥᠷᠥᠬᠦ ᠶᠢᠨ ᠬᠠᠯᠠᠭᠤᠨ ᠠᠴᠠ ᠪᠣᠯᠳᠠᠭ ᠡᠬᠡ ᠶᠢᠨ ᠡᠨᠳᠡᠭᠳᠡᠯ ᠢ ᠪᠠᠭᠤᠷᠠᠭᠤᠯᠵᠤ᠂ ᠭᠠᠯᠵᠠᠭᠤ ᠡᠪᠡᠳᠴᠢᠨ ᠦ ᠡᠰᠡᠷᠬᠦ ᠠᠩᠬᠠᠨ ᠤ ᠸᠠᠺᠼᠢᠨ ᠪᠤᠢ ᠪᠣᠯᠭᠠᠵᠠᠢ᠃ ᠲᠡᠭᠦᠨ ᠦ ᠲᠤᠷᠰᠢᠯᠭ᠎ᠠ ᠶᠢᠨ ᠠᠵᠢᠯ ᠤᠨᠳ ᠡᠪᠡᠳᠴᠢᠨ ᠢ ᠨᠢᠶᠠᠨ ᠡᠭᠦᠰᠬᠡᠳᠡᠭ ᠭᠡᠬᠦ ᠣᠨᠣᠯ ᠢ ᠪᠠᠲᠤᠯᠠᠭᠰᠠᠨ᠃ ᠯᠤᠢ ᠫᠠᠰᠲ᠋ᠸᠷ ᠮᠥᠨ ᠰᠦ᠋, ᠳᠠᠷᠠᠰᠤᠨ ᠠᠴᠠ ᠡᠪᠡᠳᠴᠢᠯᠡᠳᠡᠭ ᠶᠠᠪᠤᠳᠠᠯ ᠢ ᠵᠣᠭᠰᠣᠬᠤ ᠠᠷᠭ᠎ᠠ (ᠠᠷᠢᠭᠤᠳᠬᠠᠬᠤ ᠫᠠᠰᠲ᠋ᠧᠷᠢᠽᠠᠼ ᠤᠨ ᠠᠷᠭ᠎ᠠ) ᠰᠡᠳᠡᠰᠦᠨ ᠢᠶᠡᠷ ᠢᠶᠡᠨ ᠣᠯᠠᠨ ᠨᠡᠶᠢᠲᠡ ᠳᠦ ᠬᠠᠮᠤᠭ ᠤᠨ ᠶᠡᠬᠡ ᠠᠯᠳᠠᠷᠰᠢᠭᠰᠠᠨ᠃ ᠲᠡᠷᠡ ᠪᠡᠷ ᠮᠢᠺᠷᠣᠪᠢᠣᠯᠣᠭᠢ ᠍ ᠶᠢᠨ ᠰᠠᠯᠪᠤᠷᠢ ᠶᠢ ᠦᠨᠳᠦᠰᠦᠯᠡᠭᠴᠢ ᠭᠤᠷᠪᠠᠨ ᠡᠷᠳᠡᠮᠲᠡᠨ ᠦ ᠨᠢᠭᠡ ᠭᠡᠵᠦ ᠲᠣᠭᠠᠴᠠᠭᠳᠠᠳᠠᠭ᠃ ᠨᠥᠭᠥᠭᠡ ᠬᠣᠶᠠᠷ ᠨᠢ ᠹᠡᠷᠳ᠋ᠢᠨᠠᠩ ᠳᠤ ᠺᠣᠨᠷᠣᠪᠦᠷ ᠲᠦ ᠺᠣᠬᠤ ᠬᠣᠶᠠᠷ ᠶᠠᠭᠤᠮ᠎ᠠ᠃ ᠫᠠᠰᠲ᠋ᠸᠷ ᠮᠥᠨ ᠬᠢᠮᠢ ᠶᠢᠨ ᠰᠢᠨᠵᠢᠯᠡᠬᠦ ᠤᠬᠠᠭᠠᠨ ᠤ ᠰᠠᠯᠪᠤᠷᠢ ᠳᠤ ᠣᠯᠠᠨ ᠨᠡᠭᠡᠭᠡᠯᠲᠡ ᠬᠢᠭᠰᠡᠨ ᠡᠴᠡ ᠬᠠᠮᠤᠭ ᠤᠨ ᠠᠯᠳᠠᠷᠲᠠᠢ ᠨᠢ ᠵᠠᠷᠢᠮ ᠲᠠᠯᠠᠰᠲᠤ ᠶᠢᠨ ᠠᠰᠢᠮᠮᠧᠲ᠋ᠷ ᠦᠨ ᠮᠣᠯᠧᠺᠤᠯ ᠦᠨᠳᠦᠰᠦᠯᠡᠯ ᠢ ᠭᠠᠷᠭᠠᠵᠤ ᠢᠷᠡᠭᠰᠡᠨ ᠶᠠᠪᠤᠳᠠᠯ ᠶᠤᠮ᠃ ᠲᠡᠭᠦᠨ ᠦ ᠴᠣᠭᠴᠠᠰ ᠫᠠᠷᠢᠰ ᠳᠠᠬᠢ ᠫᠠᠰᠲ᠋ᠸᠷ ᠤᠨ ᠬᠦᠷᠢᠶᠡᠯᠡᠩᠭᠡᠶᠢᠨ ᠳᠣᠣᠷ᠎ᠠ ᠲᠤᠰᠬᠠᠢ ᠪᠤᠩᠬᠤᠨ ᠳᠤ ᠪᠠᠶᠢᠷᠢᠯᠠᠳᠠᠭ᠃[1]

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. VM/SAC, Veterinary medicine & small ... - Google Books. Books.google.com (2007-12-29). 2009-10-07 ᠍ ᠳᠦ ᠬᠠᠨᠳᠤᠭᠰᠠᠨ᠃

ᠭᠠᠳᠠᠨ᠎ᠠ ᠶᠢᠨ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«ᠯᠤᠢ ᠫᠠᠰᠲ᠋ᠸᠷ»

The complete work of Pasteur, BNF (Bibliothèque nationale de France)

ᠪᠢᠴᠢᠭᠡᠰᠦ