ᠯᠣᠷ ᠲᠤ ᠬᠠᠤ ᠠᠷᠠᠯ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠯᠣᠷ ᠲᠤ ᠬᠠᠤ ᠠᠷᠠᠯ*
United Nations Educational Scientific and Cultural Organization ᠍ ᠶᠢᠨ ᠳᠡᠯᠡᠬᠡᠢ ᠶᠢᠨ ᠥᠪ

Lord Howe Island from North.jpg
ᠡᠯᠢᠰᠠ ᠤᠤᠯ ᠠᠴᠠ ᠭᠦᠪᠦᠷ᠂ ᠯᠢᠵᠪᠢᠷ ᠲᠤ ᠠᠤᠯᠠᠯᠠᠰ ᠤᠳ ᠤᠨ ᠬᠠᠷᠠᠭᠳᠠᠬᠤ ᠪᠠᠶᠢᠳᠠᠯ
ᠲᠥᠷᠥᠯ ᠪᠠᠶᠢᠭᠠᠯᠢ ᠶᠢᠨ
ᠰᠢᠯᠭᠠᠭᠤᠷ vii, x
ᠳ᠋ᠤᠭᠠᠷ 186
ᠪᠥᠰᠡ** ᠠᠽᠢᠶ᠎ᠠ᠂ ᠠᠦᠢᠰᠲ᠋ᠷᠯᠢᠶ᠎ᠠ ᠪᠠ ᠳᠠᠯᠠᠢ ᠶᠢᠨ ᠣᠷᠣᠨ ᠨᠤᠭᠤᠳ ᠳᠠᠬᠢ ᠳᠡᠯᠡᠬᠡᠢ ᠶᠢᠨ ᠥᠪ ᠦᠳ‎
ᠪᠦᠷᠢᠳᠬᠡᠭᠰᠡᠨ ᠲᠡᠦᠬᠡ
ᠪᠦᠷᠢᠳᠬᠡᠭᠰᠡᠨ 1982  (6 ᠍ ᠳᠦᠭᠡᠷ ᠴᠢᠭᠤᠯᠭᠠᠨ)
* ᠨᠡᠷ᠎ᠡ ᠨᠢ ᠳᠡᠯᠡᠬᠡᠢ ᠶᠢᠨ ᠥᠪ ᠦᠨ ᠵᠢᠭ᠌ᠰᠠᠭᠠᠯᠳᠠ ᠳᠤ ᠪᠦᠷᠢᠳᠬᠡᠭᠳᠡᠭᠰᠡᠨ ᠦ ᠳᠠᠭᠠᠤ᠃
** ᠪᠥᠰᠡ ᠨᠢ United Nations Educational Scientific and Cultural Organization ᠍ ᠦᠨ ᠲᠣᠭᠲᠠᠭᠠᠭᠰᠠᠨ ᠤ ᠳᠠᠭᠠᠤ᠃

ᠯᠣᠷ ᠲᠤ ᠬᠠᠤ (ᠠᠩᠭᠯᠢ ᠪᠠᠷ Lord Howe Island) ᠨᠢ ᠠᠦᠢᠰᠲ᠋ᠷᠯᠢᠶ᠎ᠠ ᠍ ᠶᠢᠨ ᠡᠬᠡ ᠭᠠᠵᠠᠷ ᠤᠨ ᠵᠡᠭᠦᠨ ᠡᠷᠭᠢ ᠡᠴᠡ ᠳᠣᠷᠣᠨ᠎ᠠ ᠵᠦᠭ ᠲᠤ 600 km ᠵᠠᠢ ᠳᠤ ᠤᠷᠤᠰᠢᠬᠤ ᠨᠣᠮᠣᠬᠠᠨ ᠳᠠᠯᠠᠢᠨ ᠵᠢᠵᠢᠭ ᠠᠷᠠᠯ ᠶᠤᠮ᠃ ᠤᠭ ᠠᠷᠠᠯ ᠢ 1788 ᠣᠨ ᠳᠤ ᠬᠧᠨ᠋ᠷᠢ ᠯᠢᠵᠪᠢᠷ ᠲᠤ ᠪᠣᠯᠯ ᠨᠡᠭᠡᠭᠡᠭᠰᠡᠨ ᠪᠥᠭᠡᠳ ᠢᠯᠲᠠᠩᠭ᠎ᠠ ᠨᠤᠭᠤᠳ ᠢ ᠴᠥᠯᠡᠬᠦ ᠭᠠᠵᠠᠷ ᠤᠳ ᠤᠨ ᠨᠢᠭᠡ ᠪᠣᠯᠵᠠᠢ᠃ ᠡᠮᠦᠨ᠎ᠡ ᠨᠢ ᠣᠭᠲᠣ ᠬᠦᠮᠦᠨ ᠢᠷᠡᠵᠦ ᠪᠠᠶᠢᠭ᠎ᠠ ᠦᠭᠡᠢ ᠪᠥᠭᠡᠳ ᠫᠣᠯᠢᠨᠧᠽᠡᠶᠢᠨ ᠠᠯᠢ ᠴᠤ ᠠᠷᠠᠯ ᠤᠨ ᠬᠢᠨ ᠮᠡᠳᠡᠳᠡᠭ ᠦᠭᠡᠢ ᠪᠠᠶᠢᠴᠠᠢ᠃ ᠠᠷᠠᠯ ᠤᠨ ᠣᠶᠢᠷᠠᠯᠴᠠᠭᠠᠬᠢ ᠭᠠᠯᠲᠤ ᠠᠭᠤᠯᠠ ᠶᠢᠨ ᠦᠯᠡᠳᠡᠭᠳᠡᠯ ᠬᠠᠳᠠ ᠶᠢ ᠠᠩᠬ᠎ᠠ ᠨᠡᠭᠡᠭᠡᠭᠰᠡᠨ ᠪᠣᠯᠤᠯ ᠤᠨ ᠨᠡᠷ᠎ᠡ ᠪᠡᠷ ᠪᠤᠶᠤ ᠪᠣᠯᠤᠯ ᠤᠨ ᠫᠢᠷᠠᠮᠢᠳ ᠬᠡᠮᠡᠨ ᠨᠡᠷᠡᠯᠡᠬᠦ ᠪᠣᠯᠵᠠᠢ᠃ ᠬᠠᠷᠢᠨ ᠠᠷᠠᠯ ᠢ ᠠᠩᠬᠠᠨ ᠤ ᠠᠮᠪᠠᠨ ᠵᠠᠬᠢᠷᠤᠭᠴᠢ ᠶᠢᠨ ᠬᠢ ᠨᠢ ᠨᠡᠷ᠎ᠡ ᠪᠡᠷ ᠨᠡᠷᠡᠯᠡᠵᠡᠢ᠃ ᠯᠣᠷ ᠲᠤ ᠬᠠᠤ ᠠᠷᠠᠯ ᠬᠠᠪᠢᠷᠭᠠᠨ ᠰᠠᠷ᠎ᠠ ᠬᠡᠯᠪᠡᠷᠢ ᠲᠡᠢ᠂ ᠣᠶᠢᠷᠠᠯᠴᠠᠭ᠎ᠠ ᠪᠠᠷ 10 ᠺᠢᠯᠣᠮᠧᠲ᠋ᠷ ᠤᠷᠲᠤ᠂ 2 ᠺᠢᠯᠣᠮᠧᠲ᠋ᠷ ᠥᠷᠭᠡᠨ ᠲᠡᠢ᠃ 7 ᠰᠠᠶ᠎ᠠ ᠵᠢᠯ ᠦᠨ ᠡᠮᠦᠨ᠎ᠡ ᠤᠨᠲᠠᠷᠠᠭᠰᠠᠨ ᠠᠰᠤᠷᠤ ᠲᠣᠮᠣ ᠭᠠᠯᠲᠤ ᠠᠭᠤᠯᠠ ᠍ ᠤᠨ ᠲᠣᠭᠣᠭᠠᠨ ᠤ ᠠᠮᠠᠰᠠᠷ ᠨᠢ ᠥᠨᠥ ᠶᠢᠨ ᠬᠠᠤ ᠠᠷᠠᠯ ᠭᠡᠵᠦ ᠦᠵᠡᠳᠡᠭ᠃ ᠠᠮᠢᠲᠠᠨ᠂ ᠤᠷᠭᠤᠮᠠᠯ ᠤᠨ ᠠᠶᠢᠮᠠᠭ ᠤᠨ ᠬᠤᠪᠢ ᠳᠤ ᠠᠦᠢᠰᠲᠷᠠᠯᠢᠶ᠎ᠠ᠂ ᠰᠢᠨ᠎ᠡ ᠭᠸᠨᠢᠶ ᠠᠰᠢᠨ᠎ᠡ ᠺᠠᠯᠧᠳᠠᠨᠲᠣᠢ ᠲᠥᠰᠲᠡᠢ ᠨᠢᠭᠡ ᠪᠦᠯᠦᠭ ᠲᠦ ᠬᠠᠮᠢᠶᠠᠷᠬᠤ ᠪᠥᠭᠡᠳ ᠬᠠᠯᠠᠭᠤᠨ ᠣᠷᠣᠨ ᠤ ᠰᠢᠷᠢᠩᠭᠢ ᠣᠢ ᠪᠦᠷᠬᠡᠭᠰᠡᠨ ᠪᠠᠶᠢᠳᠠᠭ᠃ ᠮᠥᠨ ᠵᠥᠪᠬᠡᠨ ᠤᠭ ᠠᠷᠠᠯ ᠤᠷᠭᠤᠬᠤ ᠬᠠᠤ ᠳᠠᠯᠤ ᠮᠣᠳᠣ ᠤᠷᠭᠤᠳᠠᠭ᠃ ᠠᠮᠢᠲᠠᠨ ᠤᠷᠭᠤᠮᠠᠯ ᠤᠨ ᠭᠠᠶᠢᠬᠠᠯᠲᠠᠢ ᠥᠪᠡᠷᠮᠢᠴᠡ ᠣᠨᠴᠠᠯᠢᠭ ᠢ ᠨᠢ ᠬᠠᠷᠠᠭᠠᠯᠵᠠᠨ ᠦᠵᠡᠵᠦ᠂ 1982 ᠣᠨ ᠳᠤ United Nations Educational Scientific and Cultural Organization ᠳᠡᠯᠡᠬᠡᠢ ᠶᠢᠨ ᠥᠪ ᠦᠳ ᠦᠨ ᠲᠣᠭᠠᠨ ᠳᠤ ᠪᠠᠭᠲᠠᠭᠠᠴᠠᠢ᠃

External links[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: ᠯᠣᠷ ᠲᠤ ᠬᠠᠤ ᠠᠷᠠᠯ

ᠪᠢᠴᠢᠭᠡᠰᠦ