ᠯᠣᠰ ᠠᠯᠤᠮᠣᠰ ᠤᠨ ᠦᠨᠳᠦᠰᠦᠨ ᠦ ᠯᠠᠪᠷᠠᠲ᠋ᠣᠷᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠯᠣᠰ ᠠᠯᠤᠮᠣᠰ ᠤᠨ ᠦᠨᠳᠦᠰᠦᠨ ᠦ ᠯᠠᠪᠷᠠᠲ᠋ᠣᠷ ᠤᠨ ᠯᠣᠭᠣ

ᠯᠣᠰ ᠠᠯᠤᠮᠣᠰ ᠤᠨ ᠦᠨᠳᠦᠰᠦᠨ ᠦ ᠯᠠᠪᠷᠠᠲ᠋ᠣᠷᠢ (ᠠᠩᠭᠯ᠃ Los Alamos National Laboratory) ᠨᠢ ᠠᠮᠧᠷᠢᠺᠠ ᠶᠢᠨ ᠨᠢᠭᠡᠳᠦᠭᠰᠡᠨ ᠤᠯᠤᠰ ᠍ ᠤᠨ ᠴᠥᠮ᠎ᠡ ᠶᠢᠨ ᠵᠡᠪᠰᠡᠭ ᠪᠦᠲᠦᠭᠡᠳᠡᠭ ᠬᠣᠶᠠᠷ ᠭᠣᠣᠯ ᠯᠠᠪᠷᠠᠲ᠋ᠣᠷᠢ ᠲᠥᠪ ᠪᠠᠶᠢᠭᠤᠯᠤᠮᠵᠢ ᠶᠢᠨ ᠨᠢᠭᠡ ᠶᠤᠮ᠃ ᠲᠤᠰ ᠯᠠᠪᠷᠠᠲ᠋ᠣᠷᠢ ᠨᠢ ᠨᠶᠤ ᠮᠧᠬᠢᠺᠣ ᠮᠤᠵᠢ ᠶᠢᠨ ᠯᠣᠰ ᠠᠯᠤᠮᠣᠰ ᠳᠡᠭᠦᠷᠭᠡ ᠳᠦ ᠪᠠᠶᠢᠷᠢᠯᠠᠳᠠᠭ᠂ 9000 ᠦᠨᠳᠦᠰᠦᠨ ᠠᠵᠢᠯᠯᠠᠭᠰᠠᠳ ᠲᠠᠢ᠂ 120 ᠡᠷᠴᠢᠮ ᠬᠦᠴᠦᠨ ᠦ ᠶᠠᠮᠤᠨ ᠤ ᠬᠢᠨᠠᠯᠲᠠ ᠶᠢᠨ ᠠᠵᠢᠯᠯᠠᠭᠰᠠᠳ ᠲᠠᠢ᠂ 650 ᠭᠡᠷ᠎ᠡ ᠪᠡᠷ ᠠᠵᠢᠯᠯᠠᠭᠰᠠᠳ ᠲᠠᠢ᠂ ᠵᠢᠯ ᠦᠨ ᠲᠥᠰᠦᠪ ᠨᠢ 2,2 ᠲᠡᠷᠪᠤᠮ ᠠᠮᠠ᠃ᠳ᠋ᠣᠯᠯᠠᠷ ᠪᠦᠬᠦᠢ ᠰᠢᠨᠵᠢᠯᠡᠬᠦ ᠤᠬᠠᠭᠠᠨ ᠲᠧᠭᠨᠣᠯᠣᠭᠢ ᠶᠢᠨ ᠠᠪᠤᠷᠠᠭ᠎ᠠ ᠴᠣᠭᠴᠠᠯᠠᠪᠤᠷᠢ ᠶᠤᠮ᠃ ᠯᠣᠰ ᠠᠯᠤᠮᠣᠰ ᠤᠨ ᠦᠨᠳᠦᠰᠦᠨ ᠦ ᠯᠠᠪᠷᠠᠲ᠋ᠣᠷᠢ ᠳᠤ (ЛАҮЛ) ᠦᠨᠳᠦᠰᠦᠨ ᠦ ᠠᠶᠤᠯ ᠦᠭᠡᠢ ᠪᠠᠶᠢᠳᠠᠯ ᠴᠥᠮᠦ ᠶᠢᠨ ᠲᠧᠭᠨᠣᠯᠣᠭᠢ᠂ ᠰᠠᠨᠰᠠᠷ ᠰᠤᠳᠤᠯᠤᠯ᠂ ᠰᠡᠷᠭᠦᠭᠡᠭᠳᠡᠬᠦ ᠡᠷᠴᠢᠮ ᠬᠦᠴᠦ᠂ ᠨᠨᠣᠲ᠋ᠧᠭᠨᠣᠯᠣᠭᠢ᠂ ᠰᠤᠫᠧᠷᠺᠣᠮᠢᠫᠶᠦ᠋ᠲ᠋ᠧᠷ ᠦᠨ ᠴᠢᠭᠯᠡᠯ ᠢᠶᠡᠷ ᠰᠤᠳᠤᠯᠭ᠎ᠠ ᠶᠠᠪᠤᠭᠤᠯᠳᠠᠭ᠃ ЛАҮЛ ᠍ ᠲᠤ ᠶᠡᠬᠡ ᠰᠤᠷᠭᠠᠭᠤᠯᠢ ᠨᠤᠭᠤᠳ ᠤᠨ ᠡᠷᠳᠡᠮᠲᠡᠳ ᠪᠠ ᠣᠶᠤᠲᠠᠨ ᠨᠤᠭᠤᠳ ᠣᠯᠠᠨ ᠢᠶᠠᠷ ᠢᠶᠠᠨ ᠢᠷᠡᠵᠦ ᠬᠠᠮᠲᠤᠷᠠᠭᠰᠠᠨ ᠰᠤᠳᠤᠯᠭᠠᠨ ᠤ ᠠᠵᠢᠯ ᠬᠢᠳᠡᠭ᠃ ᠦᠨᠳᠦᠰᠦᠨ ᠠᠵᠢᠯᠯᠠᠭᠰᠠᠳ ᠤᠨ ᠬᠢ ᠨᠢ 33% ᠨᠢ ᠹᠢᠽᠢᠺᠴᠢ ᠳᠦ᠂ 25% ᠨᠢ ᠢᠨᠵᠢᠨᠧᠷ ᠦᠳ᠂ 16% ᠨᠢ ᠬᠢᠮᠢᠴᠢᠳ ᠪᠠ ᠮᠠᠲ᠋ᠧᠷᠢᠶᠠᠯ ᠰᠤᠳᠤᠯᠤᠭᠠᠴᠢᠳ᠂ ᠦᠯᠡᠳᠡᠭᠰᠡᠨ ᠨᠢ ᠮᠠᠲ᠋ᠧᠮᠠᠲ᠋ᠢᠭᠴᠢᠳ᠂ ᠲᠣᠭᠠᠴᠠᠭᠠᠯᠠᠨ ᠪᠣᠳᠣᠬᠤ ᠶᠢᠨ ᠡᠷᠳᠡᠮᠲᠡᠳ᠂ ᠪᠢᠣᠯᠣᠭᠴᠢᠳ᠂ ᠭᠠᠵᠠᠷ ᠵᠦᠢ ᠪᠠ ᠪᠤᠰᠤᠳ ᠴᠢᠭᠯᠡᠯ ᠦᠨ ᠡᠷᠳᠡᠮᠲᠡᠳ ᠡᠴᠡ ᠪᠥᠷᠢᠳᠦᠨ᠎ᠡ᠃


ᠪᠢᠴᠢᠯᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

  1. ЛАҮЛ ᠍ ᠦᠨ ᠸᠢᠳᠢᠣ᠋ ᠰᠠᠨ
  2. ᠰᠤᠳᠤᠯᠭ᠎ᠠ

ᠪᠢᠴᠢᠭᠡᠰᠦ