ᠯᠣᠨᠳᠣᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
{{{ᠠᠯᠪᠠᠨ ᠶᠣᠰᠣᠨ ᠤ ᠨᠡᠷ᠎ᠡ}}}</br>
ᠬᠣᠲᠠ ᠶᠢᠨ ᠵᠢᠷᠤᠭ</br>ᠳᠡᠭᠡᠷᠡᠬᠢ: ᠯᠣᠨᠳᠣᠨ ᠬᠣᠲᠠ᠂ ᠳᠤᠮᠳᠠ: ᠸᠡᠰᠲᠦᠮᠢᠨᠰᠲ᠋ᠧᠷ ᠣᠷᠳᠣᠨ᠂ ᠵᠡᠭᠦᠨ ᠳᠣᠭᠣᠳᠤ: ᠲᠠᠦ᠋ ᠍ ᠪᠡᠷ ᠭᠦᠭᠦᠷᠭᠡ᠂ ᠪᠠᠷᠠᠭᠤᠨ ᠳᠣᠭᠣᠳᠤ: ᠯᠣᠨᠳᠣᠨ ᠴᠠᠮᠬᠠᠭ</br>

{{{ᠠᠯᠪᠠᠨ ᠶᠣᠰᠣᠨ ᠤ ᠨᠡᠷ᠎ᠡ}}} ᠍ ᠦᠨ ᠪᠠᠶᠢᠷᠢᠰᠢᠯ</br>ᠯᠣᠨᠳᠣᠨ ᠬᠣᠲᠠ ᠶᠢᠨ ᠪᠠᠶᠢᠷᠢᠰᠢᠯ

ᠰᠣᠯᠪᠢᠴᠠᠯ: 51°30′28″N, 00°07′41″W
ᠤᠯᠤᠰ {{{ᠵᠠᠬᠢᠷᠭ᠎ᠠ ᠨᠡᠷ᠎ᠡ}}}
ᠵᠢᠵᠢᠭ ᠤᠯᠤᠰ {{{ᠵᠠᠬᠢᠷᠭ᠎ᠠ ᠨᠡᠷ᠎ᠡ 1}}}
ᠪᠥᠰᠡ {{{ᠵᠠᠬᠢᠷᠭ᠎ᠠ ᠨᠡᠷ᠎ᠡ 2}}}
ᠳᠡᠭᠦᠷᠭᠡ {{{ᠵᠠᠬᠢᠷᠭ᠎ᠠ ᠨᠡᠷ᠎ᠡ 3}}}
ᠵᠠᠰᠠᠭᠯᠠᠯ  
 - ᠪᠥᠰᠡ ᠶᠢᠨ ᠵᠠᠬᠢᠷᠭ᠎ᠠ {{{ᠤᠳᠤᠷᠢᠳᠤᠭᠴᠢ ᠨᠡᠷ᠎ᠡ}}}
 - ᠪᠥᠰᠡ ᠶᠢᠨ ᠠᠰᠰᠧᠮᠪᠯᠧᠢ {{{ᠤᠳᠤᠷᠢᠳᠤᠭᠴᠢ ᠨᠡᠷ᠎ᠡ 1}}}
 - ᠬᠣᠲᠠ ᠶᠢᠨ ᠳᠠᠷᠤᠭ᠎ᠠ {{{ᠤᠳᠤᠷᠢᠳᠤᠭᠴᠢ ᠨᠡᠷ᠎ᠡ 2}}}
ᠭᠠᠵᠠᠷ ᠨᠤᠲᠤᠭ  
 - ᠨᠡᠶᠢᠲᠡ {{{ᠭᠠᠵᠠᠷ ᠨᠤᠲᠤᠭ ᠨᠡᠶᠢᠲᠡ}}} km²
ᠥᠨᠳᠥᠷ 24 ᠮ m
ᠬᠦᠮᠦᠨ ᠠᠮᠠ  
 - ᠨᠡᠶᠢᠲᠡ (2006) {{{ᠬᠦᠮᠦᠨ ᠠᠮᠠ ᠨᠡᠶᠢᠲᠡ}}}
 - ᠨᠢᠭᠲᠠᠷᠠᠯ {{{ᠬᠦᠮᠦᠨ ᠠᠮᠠ ᠨᠢᠭᠲᠠᠰᠢᠯ}}}/km²
ᠴᠠᠭ ᠤᠨ ᠪᠥᠰᠡ UTC0
 - ᠵᠤᠨ   UTC+1
ᠴᠠᠬᠢᠮ ᠰᠦᠯᠵᠢᠶ᠎ᠡ: www.london.gov.uk

ᠯᠣᠨᠳᠣᠨ ᠨᠢ ᠶᠡᠬᠡ ᠪᠷᠢᠲ᠋ᠠᠨ(ᠠᠩᠭᠯᠢ) ᠍ ᠶᠢᠨ ᠨᠡᠶᠢᠰᠯᠡᠯ᠂ ᠳᠡᠯᠡᠬᠡᠢ ᠶᠢᠨ ᠵᠦᠭ ᠵᠦᠭ ᠦᠨ ᠵᠢᠭᠤᠯᠴᠢᠳ ᠢ ᠲᠠᠲᠠᠳᠠᠭ ᠠᠯᠳᠠᠷᠲᠠᠢ᠂ ᠲᠡᠦᠬᠡᠲᠦ ᠬᠣᠲᠠ. ᠶᠡᠬᠡ ᠯᠣᠨᠳᠣᠩ ᠤᠨ ᠤᠳᠤᠷᠢᠳᠤᠯᠭ᠎ᠠ ᠶᠢᠨ ᠲᠤᠬᠠᠢ ᠬᠠᠤᠯᠢ 1999 ᠣᠨ ᠳᠤ ᠪᠠᠲᠤᠯᠠᠭᠳᠠᠵᠤ᠂ ᠯᠣᠨᠳᠣᠩ ᠤᠨ ᠵᠠᠬᠢᠷᠤᠭᠴᠢ ᠪᠣᠯᠤᠨ ᠴᠢᠭᠤᠯᠭᠠᠨᠢ ᠡᠷᠬᠡ ᠵᠦᠢ ᠶᠢᠨ ᠬᠡᠮ ᠬᠡᠮᠵᠢᠶ᠎ᠡ ᠶᠢ ᠰᠢᠨᠡᠴᠢᠯᠡᠨ ᠲᠣᠭᠲᠠᠭᠠᠭᠰᠠᠨ ᠪᠥᠭᠡᠳ 2000 ᠣᠨ ᠤ 7 ᠳ᠋ᠤᠭᠠᠷ ᠰᠠᠷ᠎ᠠ ᠠᠴᠠ ᠬᠦᠴᠦᠨ ᠲᠡᠭᠦᠯᠳᠡᠷ ᠪᠣᠯᠤᠭᠰᠠᠨ ᠪᠠᠶᠢᠨ᠎ᠠ᠃ ᠯᠣᠨᠳᠣᠨ ᠬᠣᠲᠠ ᠲᠡᠦᠬᠡᠨ ᠳᠦ ᠪᠡᠨ 1191 ᠣᠨ ᠠᠴᠠ ᠯᠣᠷ ᠲᠤ ᠮᠡᠷᠲᠡᠢ ᠪᠠᠶᠢᠴᠠᠢ᠃ ᠣᠳᠣ ᠶᠢᠨ ᠯᠣᠨᠳᠣᠩ ᠤᠨ ᠵᠠᠬᠢᠷᠤᠭᠴᠢ ᠶᠢᠨ ᠡᠭᠦᠷᠭᠡ ᠪᠣᠯ ᠨᠡᠶᠢᠰᠯᠡᠯ ᠢ ᠬᠡᠲᠦ ᠶᠢᠨ ᠴᠢᠭᠯᠡᠯ ᠬᠠᠨᠳᠤᠯᠭ᠎ᠠ ᠲᠠᠢ ᠬᠥᠭᠵᠢᠭᠦᠯᠬᠦ ᠶᠠᠪᠤᠳᠠᠯ ᠶᠤᠮ ᠪᠠᠶᠢᠨ᠎ᠠ᠃ ᠴᠠᠭᠳᠠᠭ᠎ᠠ᠂ ᠭᠠᠯ ᠲᠦᠢᠮᠡᠷ᠂ ᠪᠣᠯᠤᠨ ᠲᠦᠷᠭᠡᠨ ᠲᠤᠰᠠᠯᠠᠮᠵᠢ ᠶᠢᠨ ᠠᠯᠪᠠ᠂ ᠲᠥᠯᠥᠪᠯᠡᠯᠲᠡ᠂ ᠲᠣᠭᠲᠠᠪᠤᠷᠢᠲᠠᠢ ᠬᠥᠭᠵᠢᠯ ᠪᠣᠯᠤᠨ ᠪᠠᠶᠢᠭᠠᠯᠢ ᠣᠷᠴᠢᠨ ᠢ ᠬᠠᠮᠠᠭᠠᠯᠠᠬᠤ᠂ᠰᠤᠶᠤᠯ᠂ ᠪᠣᠯᠪᠠᠰᠤᠷᠠᠯ᠂ ᠡᠷᠡᠭᠦᠯ ᠮᠡᠨᠳᠦ ᠵᠡᠷᠭᠡ ᠣᠯᠠᠨ ᠲᠤᠯᠭᠠᠮᠳᠠᠭᠰᠠᠨ ᠠᠰᠠᠭᠤᠳᠠᠯ ᠤᠳ ᠢ ᠵᠣᠬᠢᠴᠠᠭᠤᠯᠬᠤ ᠡᠭᠦᠷᠭᠡ ᠶᠢ ᠵᠠᠬᠢᠷᠤᠭᠴᠢ ᠬᠦᠯᠢᠶᠡᠳᠡᠭ᠃

ᠶᠡᠬᠡ ᠯᠣᠨᠳᠣᠩ ᠤᠨ ᠵᠥᠪᠯᠡᠯ ᠨᠢ ᠠᠩᠬ᠎ᠠ 1986 ᠣᠨ ᠳᠤ ᠪᠤᠢ ᠪᠣᠯᠤᠭᠰᠠᠨ ᠪᠥᠭᠡᠳ ᠡᠷᠬᠡ ᠵᠦᠢ ᠶᠢᠨ ᠰᠢᠨ᠎ᠡ ᠵᠣᠬᠢᠴᠠᠭᠤᠯᠤᠯᠲᠠ ᠶᠢᠨ ᠳᠠᠭᠠᠤ ᠴᠢᠭᠤᠯᠭᠠᠨ ᠪᠣᠯᠵᠤ ᠥᠭᠡᠷᠡᠴᠢᠯᠡᠭᠳᠡᠨ᠂ ᠯᠣᠨᠳᠣᠩ ᠤᠨ ᠵᠠᠬᠢᠷᠤᠭᠴᠢ ᠶᠢᠨ ᠰᠣᠩᠭᠣᠭᠤᠯᠢ ᠲᠠᠢ ᠨᠢᠭᠡ ᠡᠳᠦᠷ ᠵᠡᠷᠭᠡ ᠶᠠᠪᠤᠭᠳᠠᠳᠠᠭ ᠰᠣᠩᠭᠣᠭᠤᠯᠢ ᠪᠠᠷ ᠯᠣᠨᠳᠣᠩ ᠤᠨ ᠴᠢᠭᠤᠯᠭᠠᠨ ᠤ 25 ᠭᠡᠰᠢᠭᠦᠨ ᠰᠣᠩᠭᠣᠭᠳᠠᠳᠠᠭ ᠪᠠᠶᠢᠨ᠎ᠠ᠃

ᠯᠣᠨᠳᠣᠨ ᠪᠣᠯ ᠬᠥᠭᠵᠢᠩᠭᠦᠢ ᠣᠷᠣᠨ ᠨᠤᠭᠤᠳ ᠳᠠᠬᠢ ᠬᠠᠮᠤᠭ ᠤᠨ ᠶᠡᠬᠡ ᠪᠠᠷᠢᠯᠭᠠᠵᠢᠭ᠌ᠰᠠᠨ᠂ ᠧᠦ᠋ᠷᠣᠫᠠ ᠶᠢᠨ ᠬᠣᠯᠪᠣᠭ᠎ᠠᠨ ᠤ ᠬᠠᠮᠤᠭ ᠤᠨ ᠰᠢᠭᠢᠭᠦᠦ ᠰᠠᠭᠤᠷᠢᠰᠢᠯ ᠲᠠᠢ᠂ ᠬᠠᠮᠤᠭ ᠤᠨ ᠲᠣᠮᠣ ᠬᠣᠲᠠ ᠨᠤᠭᠤᠳ ᠤᠨ ᠨᠢᠭᠡ ᠶᠠᠭᠤᠮ᠎ᠠ᠃ ᠯᠣᠨᠳᠣᠨ ᠳᠣᠯᠣᠭᠠᠨ ᠰᠠᠶ᠎ᠠ ᠪᠠᠶᠢᠩᠭᠤ ᠶᠢᠨ ᠣᠷᠣᠰᠢᠨ ᠰᠠᠭᠤᠭᠴᠢᠳ ᠲᠠᠢ᠃ ᠪᠷᠢᠲ᠋ᠠᠨ(ᠠᠩᠭᠯᠢ) ᠤᠨ ᠬᠦᠮᠦᠨ ᠠᠮᠠ ᠶᠢᠨ 12 ᠬᠤᠪᠢ ᠨᠢ ᠣᠷᠣᠰᠢᠨ ᠰᠠᠭᠤᠳᠠᠭ ᠬᠡᠳᠦᠢ ᠪᠣᠯᠪᠠᠴᠤ ᠬᠦᠮᠦᠨ ᠠᠮᠠ ᠶᠢᠨ ᠥᠰᠦᠯᠲᠡ ᠶᠢᠨ 70 ᠬᠤᠪᠢ ᠶᠢ ᠯᠣᠨᠳᠣᠨ ᠬᠠᠩᠭᠠᠵᠤ ᠪᠠᠶᠢᠳᠠᠭ ᠣᠨᠴᠠᠯᠢᠭ ᠲᠠᠢ᠃ ᠤᠴᠢᠷ ᠨᠢ ᠯᠣᠨᠳᠣᠨ ᠪᠷᠢᠲ᠋ᠠᠨ(ᠠᠩᠭᠯᠢ) ᠤᠨ ᠳᠤᠮᠳᠠᠴᠢ ᠨᠠᠰᠤᠯᠠᠯᠲᠠ ᠲᠠᠢ ᠬᠠᠷᠢᠴᠠᠭᠤᠯᠬᠤ ᠳᠤ ᠬᠠᠷᠢᠴᠠᠩᠭᠤᠢ ᠵᠠᠯᠠᠭᠤ ᠬᠣᠲᠠ ᠠᠵᠡᠢ᠃

ᠯᠣᠨᠳᠣᠨ ᠪᠣᠯ ᠠᠩᠭᠯᠢ ᠪᠣᠯᠤᠨ ᠨᠢᠭᠡᠳᠦᠭᠰᠡᠨ ᠸᠠᠩᠲᠤ ᠬᠣᠶᠠᠷ ᠤᠯᠤᠰ ᠤᠨ ᠨᠡᠶᠢᠰᠯᠡᠯ ᠬᠣᠲᠠ ᠶᠤᠮ᠃ ᠬᠣᠲᠠ ᠶᠢ ᠡᠷᠲᠡ ᠴᠠᠭ ᠲᠤ ᠷᠣᠮᠣᠴᠤᠳ ᠣᠯᠤᠭᠰᠠᠨ ᠲᠡᠦᠬᠡ ᠲᠡᠢ ᠪᠥᠭᠡᠳ ᠯᠣᠨᠳᠣᠨ ᠭᠡᠵᠦ ᠨᠡᠷᠡᠯᠡᠵᠡᠢ᠃ ᠠᠩᠬ᠎ᠠ 2 ᠮᠢᠩᠭᠠᠨ ᠵᠢᠯ ᠦᠨ ᠡᠮᠦᠨ᠎ᠡ ᠡᠭᠦᠰᠦᠨ ᠪᠤᠢ ᠪᠣᠯᠵᠠᠢ᠃ ᠯᠣᠨᠳᠣᠨ ᠬᠣᠲᠠ ᠶᠢᠨ ᠲᠥᠪ ᠬᠡᠰᠡᠭ ᠲᠦ ᠳᠤᠮᠳᠠᠳᠤ ᠵᠠᠭᠤᠨ ᠤ ᠦᠶᠡᠰ ᠬᠠᠳᠠᠭᠠᠯᠠᠭᠳᠠᠵᠤ ᠢᠷᠡᠭᠰᠡᠨ ᠨᠢᠭᠡ ᠮᠢᠯ ᠣᠷᠴᠢᠮ ᠲᠠᠯᠠᠪᠠᠢ ᠲᠠᠢ ᠡᠷᠲᠡᠨ ᠦ ᠯᠣᠨᠳᠣᠨ ᠬᠣᠲᠠ ᠪᠠᠶᠢᠳᠠᠭ᠃ ᠬᠡᠳᠦᠢ ᠲᠡᠶᠢᠮᠦ ᠪᠣᠯᠪᠠᠴᠤ 19 ᠵᠠᠭᠤᠨ ᠤ ᠰᠡᠭᠦᠯ ᠦᠶᠡᠰ ᠯᠣᠨᠳᠣᠨ ᠭᠡᠳᠡᠭ ᠨᠡᠷ᠎ᠡ ᠳᠡᠯᠡᠬᠡᠢ ᠳᠠᠬᠢᠨ ᠢᠶᠠᠨ ᠠᠯᠳᠠᠷᠰᠢᠵᠠᠢ᠃ ᠥᠨᠥ ᠦᠶ᠎ᠡ ᠳᠦ ᠬᠣᠲᠠ ᠶᠢᠨ ᠬᠤᠷᠠᠯ ᠪᠣᠯᠤᠨ ᠬᠣᠲᠠ ᠶᠢᠨ ᠳᠠᠷᠤᠭ᠎ᠠ ᠶᠢ ᠥᠪᠡᠷᠰᠡᠳ ᠢᠶᠡᠨ ᠰᠣᠩᠭᠣᠳᠠᠭ ᠤᠳᠤᠷᠢᠳᠤᠯᠭ᠎ᠠ ᠶᠢᠨ ᠬᠡᠯᠪᠡᠷᠢ ᠲᠡᠢ᠂ ᠮᠤᠵᠢ ᠪᠣᠯᠲᠠᠯ᠎ᠠ ᠪᠠᠨ ᠬᠦᠷᠢᠶ᠎ᠡ ᠪᠡᠨ ᠲᠡᠯᠡᠭᠰᠡᠨ ᠠᠭᠤᠤ ᠯᠣᠨᠳᠣᠨ ᠪᠣᠯᠵᠠᠢ᠃

ᠯᠣᠨᠳᠣᠨ ᠪᠣᠯ ᠳᠡᠯᠡᠬᠡᠢ ᠶᠢᠨ ᠡᠳ᠋ ᠍ ᠦᠨ ᠵᠠᠰᠠᠭ᠂ ᠰᠠᠩᠬᠦᠦ ᠶᠢᠨ ᠲᠣᠮᠣᠬᠠᠨ ᠲᠥᠪ ᠦᠳ ᠦᠨ ᠨᠢᠭᠡ ᠪᠣᠯᠤᠭᠰᠠᠨ ᠦᠨᠳᠦᠰᠦᠨ ᠦ ᠬᠣᠲᠠ ᠶᠤᠮ᠃ ᠬᠣᠲᠠ ᠶᠢᠨ ᠲᠥᠪ ᠲᠦ ᠨᠢᠭᠡᠳᠦᠭᠰᠡᠨ ᠸᠠᠩᠲᠤ ᠤᠯᠤᠰ ᠤᠨ ᠰᠢᠯᠢᠳᠡᠭ 100 ᠺᠣᠮᠫᠠᠨᠢ ᠶᠢᠨ ᠲᠠᠯ᠎ᠠ ᠠᠴᠠ ᠢᠯᠡᠭᠦᠦ᠂ ᠧᠦ᠋ᠷᠣᠫᠠ ᠶᠢᠨ ᠬᠠᠮᠤᠭ ᠤᠨ ᠲᠣᠮᠣ 500 ᠺᠣᠮᠫᠠᠨᠢ ᠶᠢᠨ 100 –ᠭᠠ ᠠᠴᠠ ᠢᠯᠡᠭᠦᠦ ᠺᠣᠮᠫᠠᠨᠢ ᠨᠤᠭᠤᠳ ᠤᠨ ᠣᠹᠹᠢᠰ ᠨᠢ ᠪᠠᠶᠢᠷᠢᠯᠠᠳᠠᠭ᠃

ᠯᠣᠨᠳᠣᠨ ᠬᠣᠲᠠ ᠨᠢ ᠳᠡᠯᠡᠬᠡᠢ ᠶᠢᠨ ᠨᠡᠶᠢᠭᠡᠮ ᠤᠯᠤᠰ ᠲᠥᠷᠥ᠂ ᠱᠣᠤ ᠴᠡᠩᠭᠡᠭᠡᠨ᠂ ᠮᠡᠳᠡᠭᠡᠯᠡᠯ᠂ ᠬᠡᠪ ᠵᠠᠭᠪᠤᠷ᠂ ᠰᠤᠶᠤᠯ ᠤᠷᠠᠯᠢᠭ ᠲᠤ ᠥᠪᠡᠷ ᠦᠨ ᠬᠤᠪᠢ ᠨᠡᠮᠡᠷᠢ ᠪᠡᠷ ᠢᠶᠡᠨ ᠨᠥᠯᠦᠭᠡᠯᠡᠵᠦ ᠪᠠᠶᠢᠳᠠᠭ᠃ ᠠᠶᠠᠯᠠᠯ ᠵᠢᠭᠤᠯᠴᠢᠯᠠᠯ ᠨᠢ ᠦᠨᠳᠦᠰᠦᠨ ᠳᠦ ᠪᠡᠨ ᠣᠷᠣᠨ ᠨᠤᠲᠤᠭ ᠤᠨ ᠪᠣᠯᠤᠨ ᠭᠠᠳᠠᠭᠠᠳᠤ ᠶᠢᠨ ᠵᠢᠭᠤᠯᠴᠢᠳ ᠠᠴᠠ ᠪᠦᠷᠢᠳᠳᠡᠭ᠃ ᠯᠣᠨᠳᠣᠨ ᠬᠣᠳᠠ ᠳᠤ 1908 ᠪᠣᠯᠤᠨ 1948 ᠣᠨ ᠤ ᠵᠤᠨ ᠤ ᠣᠯᠢᠮᠫᠢᠺ ᠢ ᠵᠣᠬᠢᠶᠠᠨ ᠪᠠᠶᠢᠭᠤᠯᠤᠭᠰᠠᠨ ᠪᠥᠭᠡᠳ ᠣᠳᠣ 2012 ᠣᠨ ᠤ ᠵᠤᠨ ᠤ ᠣᠯᠢᠮᠫᠢᠺ ᠢ ᠵᠣᠬᠢᠶᠠᠨ ᠪᠠᠶᠢᠭᠤᠯᠬᠤ ᠪᠠᠷ ᠪᠡᠯᠡᠳᠬᠡᠵᠦ ᠪᠠᠶᠢᠨ᠎ᠠ᠃

ᠳᠡᠯᠡᠬᠡᠢ ᠶᠢᠨ ᠲᠡᠦᠬᠡ ᠳᠤᠷᠠᠰᠬᠠᠯ ᠤᠨ ᠥᠪ ᠦᠨ ᠰᠠᠩ ᠳᠤ ᠯᠣᠨᠳᠣᠩ ᠤᠨ ᠴᠠᠮᠬᠠᠭ᠂ Greenwich ᠲᠡᠦᠬᠡ ᠶᠢᠨ ᠳᠤᠷᠠᠰᠬᠠᠯᠲᠤ ᠰᠠᠭᠤᠷᠢᠨ᠂ Royal Botanic Kew ᠴᠡᠴᠡᠷᠯᠢᠭ ᠲᠦ ᠬᠦᠷᠢᠶᠡᠯᠡᠩ᠂ Westminster, Westminster Abbey ᠣᠷᠳᠣᠨ ᠪᠠ St. Margaret ᠰᠦᠮ᠎ᠡ ᠪᠡᠷ ᠢᠶᠡᠨ ᠪᠦᠷᠢᠳᠬᠡᠭᠳᠡᠭᠰᠡᠨ ᠪᠠᠶᠢᠳᠠᠭ᠃

ᠯᠣᠨᠳᠣᠨ ᠳᠤ ᠭᠠᠳᠠᠭᠠᠳᠤ ᠶᠢᠨ 300 ᠭᠠᠷᠤᠢ ᠬᠡᠯᠡ ᠪᠡᠷ ᠶᠠᠷᠢᠳᠠᠭ᠂ ᠬᠡᠯᠡ ᠰᠤᠶᠤᠯ᠂ ᠱᠠᠰᠢᠨ ᠰᠢᠲᠦᠯᠭᠡ ᠥᠭᠡᠷ᠎ᠡ ᠥᠭᠡᠷ᠎ᠡ ᠬᠦᠮᠦᠰ ᠦᠨ ᠠᠮᠢᠳᠤᠷᠠᠳᠠᠭ᠃ 2007 ᠣᠨ ᠤ ᠳᠣᠯᠣᠳᠤᠭᠠᠷ ᠰᠠᠷ᠎ᠠ ᠶᠢᠨ ᠠᠯᠪᠠᠨ ᠶᠣᠰᠣᠨ ᠤ ᠮᠡᠳᠡᠭᠡ ᠪᠡᠷ 7,556,900 ᠭᠠᠳᠠᠭᠠᠳᠤ ᠶᠢᠨ ᠬᠦᠮᠦᠨ ᠠᠮᠢᠳᠤᠷᠠᠵᠤ ᠪᠠᠶᠢᠭᠰᠠᠨ᠃

ᠣᠷᠣᠨ ᠨᠤᠲᠤᠭ ᠤᠨ ᠵᠠᠰᠠᠭ ᠵᠠᠬᠢᠷᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠦᠨᠳᠦᠰᠦᠨ ᠰᠡᠳᠦᠪ: ᠯᠣᠨᠳᠣᠩ ᠤᠨ ᠣᠷᠣᠨ ᠨᠤᠲᠤᠭ ᠤᠨ ᠵᠠᠰᠠᠭ ᠵᠠᠬᠢᠷᠭ᠎ᠠ ᠪᠣᠯᠤᠨ ᠲᠡᠭᠦᠨ ᠦ ᠲᠡᠦᠬᠡ ᠯᠣᠨᠳᠣᠩ ᠤᠨ ᠵᠠᠬᠢᠷᠭ᠎ᠠ ᠨᠢ ᠬᠣᠲᠠ ᠶᠢᠨ ᠲᠦᠪᠰᠢᠨ᠂ ᠪᠠᠶᠢᠯᠳᠣᠬᠣ ᠪᠣᠳᠣᠯᠭ᠎ᠠ ᠱᠠᠲᠤ ᠪᠣᠯᠤᠨ ᠣᠷᠣᠨ ᠨᠤᠲᠤᠭ ᠤᠨ ᠱᠠᠲᠤᠯᠠᠯ ᠭᠡᠰᠡᠨ 2 ᠬᠡᠰᠡᠭ ᠲᠦ ᠬᠤᠪᠢᠶᠠᠭᠳᠠᠳᠠᠭ᠃ ᠬᠣᠲᠠ ᠶᠢᠨ ᠳᠣᠲᠣᠷᠠᠬᠢ ᠣᠷᠣᠨ ᠨᠤᠲᠤᠭ ᠤᠨ ᠵᠠᠰᠠᠭ ᠵᠠᠬᠢᠷᠭ᠎ᠠ ᠨᠢ 33 ᠵᠢᠵᠢᠭ ᠡᠷᠬᠡ ᠪᠦᠬᠦᠢ ᠪᠠᠶᠢᠭᠤᠯᠤᠯᠭ᠎ᠠ ᠲᠠᠢ ᠪᠠ ᠬᠣᠲᠠ ᠶᠢᠨ ᠵᠠᠰᠠᠭ ᠵᠠᠬᠢᠷᠭ᠎ᠠ ᠶᠢ ᠯᠣᠨᠳᠣᠨ ᠬᠣᠲᠠ ᠶᠢᠨ ᠲᠥᠪ ᠵᠠᠬᠢᠷᠭ᠎ᠠ (GLA) ᠍ ᠪᠡᠷ ᠤᠳᠤᠷᠢᠳᠤᠭᠳᠠᠳᠠᠭ᠃ ᠯᠣᠨᠳᠣᠨ ᠬᠣᠲᠠ ᠶᠢᠨ ᠲᠥᠪ ᠵᠠᠬᠢᠷᠭ᠎ᠠ (GLA) 2 ᠬᠡᠰᠡᠭ ᠡᠴᠡ ᠰᠣᠩᠭᠣᠭᠳᠠᠨ ᠪᠦᠷᠢᠳᠳᠡᠭ;

ᠯᠣᠨᠳᠣᠨ ᠬᠣᠲᠠ ᠶᠢᠨ ᠡᠷᠬᠡ ᠮᠡᠳᠡᠯ ᠪᠦᠬᠦᠢ ᠵᠠᠬᠢᠷᠤᠭᠴᠢ ᠪᠣᠯᠤᠨ ᠲᠡᠭᠦᠨ ᠦ ᠲᠥᠰᠥᠪ ᠢ ᠵᠢᠯ ᠪᠦᠷᠢ ᠬᠡᠯᠡᠯᠴᠡᠵᠦ ᠰᠠᠨᠠᠯ ᠢᠶᠠᠨ ᠥᠭᠳᠡᠭ᠃ ᠮᠥᠨ ᠭᠠᠷᠭᠠᠭᠰᠠᠨ ᠰᠢᠢᠳᠪᠦᠷᠢ ᠳᠦ ᠨᠢ ᠬᠢᠨᠠᠯᠲᠠ ᠲᠠᠯᠪᠢᠵᠤ ᠪᠠᠶᠢᠳᠠᠭ ᠭᠠᠵᠠᠷ ᠨᠢ ᠯᠣᠨᠳᠣᠨ ᠬᠣᠲᠠ ᠶᠢᠨ ᠠᠰᠰᠠᠮᠪᠯᠡᠢ ᠶᠤᠮ᠃ 1986 ᠣᠨ ᠳᠤ ᠬᠡᠮᠵᠢᠶ᠎ᠡ ᠪᠡᠷ ᠪᠠᠭ᠎ᠠ ᠯᠣᠨᠳᠣᠨ ᠬᠣᠲᠠ ᠶᠢᠨ ᠵᠥᠪᠯᠡᠯ (GLC) ᠲᠠᠲᠠᠨ ᠪᠠᠭᠤᠭᠳᠠᠵᠤ 2000 ᠣᠨ ᠳᠤ ᠯᠣᠨᠳᠣᠨ ᠬᠣᠲᠠ ᠶᠢᠨ ᠲᠥᠪ ᠵᠠᠬᠢᠷᠭ᠎ᠠ (GLA) ᠪᠣᠯᠤᠨ ᠰᠢᠨ᠎ᠡ ᠪᠡᠷ ᠪᠠᠶᠢᠭᠤᠯᠤᠭᠳᠠᠭᠰᠠᠨ᠃ ᠯᠣᠨᠳᠣᠨ ᠬᠣᠲᠠ ᠶᠢᠨ ᠲᠥᠪ ᠵᠠᠬᠢᠷᠭ᠎ᠠ ᠪᠣᠯᠤᠨ ᠯᠣᠨᠳᠣᠨ ᠬᠣᠲᠠ ᠶᠢᠨ ᠵᠠᠬᠢᠷᠤᠭᠴᠢ ᠬᠣᠲᠠ ᠶᠢᠨ ᠵᠠᠬᠢᠷᠭᠠᠨ ᠤ ᠪᠠᠶᠢᠰᠢᠩ ᠳᠤ ᠪᠠᠶᠢᠷᠢᠯᠠᠳᠠᠭ ᠪᠠ ᠣᠳᠣ ᠶᠢᠨ ᠵᠠᠬᠢᠷᠤᠭᠴᠢ ᠨᠢ ᠪᠣᠷᠢᠰ ᠵᠣᠩᠰᠣᠨ ᠶᠤᠮ᠃

ᠵᠠᠬᠢᠷᠤᠭᠴᠢ ᠶᠢᠨ ᠪᠠᠶᠢᠯᠳᠣᠬᠣ ᠪᠣᠳᠣᠯᠭ᠎ᠠ ᠶᠢᠨ ᠲᠥᠯᠥᠪᠯᠡᠭᠡ ᠪᠣᠯᠬᠤ ᠯᠣᠨᠳᠣᠨ ᠬᠣᠲᠠ ᠶᠢᠨ ᠲᠥᠯᠥᠪᠯᠡᠭᠡ ᠶᠢ 2010 ᠣᠨ ᠳᠤ ᠨᠡᠶᠢᠲᠡ ᠳᠦ ᠲᠦᠭᠡᠭᠡᠬᠦ ᠡᠴᠡ ᠡᠮᠦᠨ᠎ᠡ 2009 ᠣᠨ ᠤ ᠳᠤᠮᠳᠠ ᠦᠶᠡᠰ ᠡᠬᠢᠯᠡᠨ ᠪᠡᠯᠡᠳᠴᠦ ᠡᠬᠢᠯᠡᠳᠡᠭ᠃ ᠲᠡᠷᠡ ᠪᠡᠷ ᠯᠣᠨᠳᠣᠨ ᠬᠣᠲᠠ ᠶᠢ 2031 ᠣᠨ ᠭᠡᠬᠦ ᠳᠦ 7.56 ᠰᠠᠶ᠋ᠢ ᠠᠴᠠ 9.11 ᠰᠠᠶ᠎ᠠ ᠬᠦᠮᠦᠨ ᠠᠮᠠ ᠲᠠᠢ ᠬᠣᠲᠠ ᠪᠣᠯᠬᠤ ᠲᠠᠯ᠎ᠠ ᠪᠠᠷ 2009 ᠣᠨ ᠤ 8 ᠰᠠᠷ᠎ᠠ ᠳᠤ ᠮᠡᠳᠡᠭᠳᠡᠯ ᠬᠢᠭᠰᠡᠨ ᠪᠠᠶᠢᠨ᠎ᠠ᠃

ᠯᠣᠨᠳᠣᠨ ᠳᠣᠲᠣᠷᠠᠬᠢ ᠣᠷᠣᠨ ᠨᠤᠲᠤᠭ ᠤᠨ 33 ᠡᠷᠬᠡ ᠪᠦᠬᠦᠢ ᠪᠠᠶᠢᠭᠤᠯᠤᠯᠭ᠎ᠠ ᠨᠤᠭᠤᠳ ᠨᠢ ᠯᠣᠨᠳᠣᠨ ᠺᠣᠷᠫᠣᠷᠠᠼᠢ ᠪᠣᠯᠤᠨ ᠪᠠᠭ᠎ᠠ ᠯᠣᠨᠳᠣᠩ ᠤᠨ 32 ᠵᠥᠪᠯᠡᠯ ᠲᠡᠢ ᠶᠤᠮ᠃ ᠲᠡᠳᠡᠭᠡᠷ ᠨᠢ ᠬᠣᠭ ᠬᠠᠶᠠᠭᠳᠠᠯ ᠢ ᠵᠠᠶᠢᠯᠠᠭᠤᠯᠬᠤ᠂ ᠲᠤᠬᠠᠢ ᠶᠢᠨ ᠭᠠᠵᠠᠷ ᠤᠨ ᠵᠠᠮ᠂ ᠨᠡᠶᠢᠭᠡᠮ ᠤᠨ ᠦᠢᠯᠡᠴᠢᠯᠡᠭᠡ᠂ ᠰᠤᠷᠭᠠᠭᠤᠯᠢ᠂ ᠣᠷᠣᠨ ᠨᠤᠲᠤᠭ ᠤᠨ ᠲᠥᠯᠥᠪᠯᠡᠭᠡ ᠵᠡᠷᠭᠡ ᠠᠰᠠᠭᠤᠳᠠᠯ ᠢ ᠯᠣᠨᠳᠣᠨ ᠬᠣᠲᠠ ᠶᠢᠨ ᠲᠥᠪ ᠵᠠᠬᠢᠷᠭᠠᠭ᠎ᠠ ᠪᠠᠷ ᠪᠤᠰᠤ ᠥᠪᠡᠷᠰᠡᠳ ᠢᠶᠡᠨ ᠬᠠᠷᠢᠭᠤᠴᠠᠨ ᠠᠵᠢᠯᠯᠠᠳᠠᠭ᠃

ᠬᠣᠲᠠ ᠶᠢᠨ ᠴᠠᠭᠳᠠᠭ᠎ᠠ ᠶᠢᠨ ᠦᠢᠯᠡᠴᠢᠯᠡᠭᠡ ᠨᠢ ᠬᠣᠲᠠ ᠶᠢᠨ ᠴᠠᠭᠳᠠᠭ᠎ᠠ ᠶᠢᠨ ᠭᠠᠵᠠᠷ ᠢᠶᠠᠷ ᠤᠳᠤᠷᠢᠳᠤᠭᠳᠠᠳᠠᠭ ᠪᠠ ᠯᠣᠨᠳᠣᠩ ᠤᠨ ᠲᠥᠪ ᠡᠴᠡ ᠨᠡᠶᠢᠲᠡ ᠯᠣᠨᠳᠣᠩ ᠤᠨ ᠠᠰᠠᠭᠤᠳᠠᠯ ᠢ ᠤᠳᠤᠷᠢᠳᠥᠳᠠᠭ ᠶᠤᠮ᠃ ᠯᠣᠨᠳᠣᠩ ᠤᠨ ᠲᠥᠪ ᠵᠠᠬᠢᠷᠭ᠎ᠠ ᠨᠢ ᠥᠪᠡᠷ ᠦᠨ ᠴᠠᠭᠳᠠᠭ᠎ᠠ ᠶᠢᠨ ᠬᠦᠴᠦ ᠪᠣᠯᠬᠤ-ᠯᠣᠨᠳᠣᠩ ᠤᠨ ᠴᠠᠭᠳᠠᠭ᠎ᠠ ᠶᠢᠨ ᠭᠠᠵᠠᠷ ᠲᠠᠢ ᠪᠠᠶᠢᠳᠠᠭ᠃ ᠶᠡᠬᠡ ᠪᠷᠢᠲ᠋ᠠᠨ ᠦ ᠲᠡᠭᠡᠭᠡᠪᠦᠷᠢ ᠶᠢᠨ ᠴᠠᠭᠳᠠᠭ᠎ᠠ ᠶᠢᠨ ᠭᠠᠵᠠᠷ ᠨᠢ ᠨᠡᠶᠢᠰᠯᠡᠯ ᠬᠣᠲᠠ ᠶᠢᠨ ᠲᠡᠮᠦᠷ ᠵᠠᠮ ᠪᠣᠯᠤᠨ ᠮᠧᠲ᠋ᠷᠣ᠋ ᠳᠣᠲᠣᠷ᠎ᠠ ᠴᠠᠭᠳᠠᠭ᠎ᠠ ᠶᠢᠨ ᠦᠢᠯᠡᠴᠢᠯᠡᠭᠡ ᠶᠢ ᠦᠵᠡᠭᠦᠯᠬᠦ ᠡᠭᠦᠷᠭᠡ ᠲᠡᠢ᠃

ᠯᠣᠨᠳᠣᠩ ᠤᠨ ᠭᠠᠯ ᠲᠦᠢᠮᠡᠷ ᠲᠡᠢ ᠲᠡᠮᠡᠴᠡᠬᠦ ᠭᠠᠵᠠᠷ ᠨᠢ ᠨᠡᠶᠢᠲᠡ ᠯᠣᠨᠳᠣᠨ ᠳᠤ ᠦᠢᠯᠡᠴᠢᠯᠡᠭᠡ ᠪᠡᠨ ᠦᠵᠡᠭᠦᠯᠳᠡᠭ᠃ 5800 ᠭᠠᠯ ᠲᠦᠢᠮᠡᠷ ᠲᠡᠢ ᠲᠡᠮᠡᠴᠡᠭᠴᠢ ᠠᠵᠢᠯᠲᠠᠨ᠂ ᠠᠯᠪᠠᠨ ᠬᠠᠭᠠᠭᠴᠢ ᠲᠠᠢ ᠨᠡᠶᠢᠲᠡ 7000 ᠣᠷᠴᠢᠮ ᠠᠵᠢᠯᠲᠠᠨ ᠲᠠᠢ ᠳᠡᠯᠡᠬᠡᠢ ᠳᠦ 3 ᠍ ᠳᠦ ᠤᠷᠤᠬᠤ ᠲᠣᠮᠣ ᠬᠡᠮᠵᠢᠶᠡᠨ ᠦ ᠭᠠᠯ ᠲᠦᠢᠮᠡᠷ ᠲᠡᠢ ᠲᠡᠮᠡᠴᠡᠬᠦ ᠪᠠᠶᠢᠭᠤᠯᠤᠯᠭ᠎ᠠ ᠪᠣᠯᠬᠤ ᠯᠣᠨᠳᠣᠩ ᠤᠨ ᠭᠠᠯ ᠲᠦᠢᠮᠡᠷ᠂ ᠲᠦᠷᠭᠡᠨ ᠲᠤᠰᠯᠠᠰᠴᠢ ᠶᠢᠨ ᠠᠰᠠᠭᠤᠳᠠᠯ ᠡᠷᠬᠢᠯᠡᠬᠦ ᠪᠠᠶᠢᠭᠤᠯᠤᠯᠭ᠎ᠠ ᠪᠠᠷ ᠤᠳᠤᠷᠢᠳᠤᠭᠤᠯᠳᠠᠭ᠃

ᠦᠨᠳᠦᠰᠦᠨ ᠦ ᠡᠷᠡᠭᠦᠯ ᠮᠡᠨᠳᠦ ᠶᠢᠨ ᠲᠦᠷᠭᠡᠨ ᠲᠤᠰᠠᠯᠠᠮᠵᠢ ᠶᠢᠨ ᠦᠢᠯᠡᠴᠢᠯᠡᠭᠡ ᠨᠢ ᠳᠡᠯᠡᠬᠡᠢ ᠳᠦ ᠲᠣᠮᠣ ᠬᠡᠮᠵᠢᠶᠡᠨ ᠳᠦ ᠲᠣᠭᠠᠴᠠᠭᠳᠠᠬᠤ ᠦᠨ᠎ᠡ ᠲᠥᠯᠦᠪᠦᠷᠢ ᠦᠭᠡᠢ ᠦᠢᠯᠡᠴᠢᠯᠡᠭᠡ ᠦᠵᠡᠭᠦᠯᠳᠡᠭ NHC ᠯᠣᠨᠳᠣᠨ ᠬᠣᠲᠠ ᠶᠢᠨ ᠲᠦᠷᠭᠡᠨ ᠲᠤᠰᠠᠯᠠᠮᠵᠢ ᠶᠢᠨ ᠭᠠᠵᠠᠷ ᠢᠶᠠᠷ ᠬᠠᠩᠭᠠᠭᠳᠠᠳᠠᠭ᠃

ᠬᠠᠲᠤᠨ ᠬᠠᠭᠠᠨ ᠤ ᠡᠷᠭᠢ ᠶᠢᠨ ᠬᠠᠷᠠᠭᠤᠯ ᠤᠨ ᠠᠯᠪᠠ ᠪᠣᠯᠤᠨ ᠬᠠᠭᠠᠨ ᠤ ᠦᠨᠳᠦᠰᠦᠨ ᠦ ᠠᠪᠤᠷᠠᠬᠤ ᠢᠰᠲ᠋ᠢᠲ᠋ᠦᠶᠢᠲ ТАМЭС ᠭᠣᠣᠯ ᠢ ᠬᠢᠨᠠᠵᠤ ᠠᠵᠢᠯᠯᠠᠳᠠᠭ᠃ ᠠᠪᠤᠷᠠᠬᠤ ᠦᠢᠯᠡᠴᠢᠯᠡᠭᠡ ᠨᠢ ᠭᠡᠨᠡᠳᠲᠡ ᠶᠢᠨ ᠠᠶᠤᠯ ᠳᠤ ᠪᠠᠶᠢᠳᠠᠯ ᠤᠨ ᠬᠣᠣᠷ ᠤᠷᠰᠢᠭ ᠠᠴᠠ ᠰᠡᠷᠭᠡᠶᠢᠯᠡᠵᠦ ТАМЭС ᠭᠣᠣᠯ ᠳᠤ ᠵᠣᠷᠢᠭᠤᠯᠵᠤ ᠪᠠᠶᠢᠭᠤᠯᠤᠭᠳᠠᠭᠰᠠᠨ᠃

ᠦᠨᠳᠦᠰᠦᠨ ᠦ ᠵᠠᠰᠠᠭᠯᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠯᠣᠨᠳᠣᠨ ᠪᠣᠯ ᠴᠢᠬᠤᠯᠠ ᠬᠣᠲᠠ ᠤᠴᠢᠷ ᠨᠢ Westminster ᠣᠷᠳᠣᠨ ᠢ ᠲᠣᠭᠣᠷᠢᠭᠠᠳ ᠨᠢᠭᠡᠳᠦᠭᠰᠡᠨ ᠸᠠᠩᠲᠤ ᠤᠯᠤᠰ ᠤᠨ ᠵᠠᠰᠠᠭ ᠤᠨ ᠭᠠᠵᠠᠷ ᠤᠨ ᠣᠷᠳᠣᠨ ᠪᠠᠶᠢᠳᠠᠭ᠃ ᠣᠯᠠᠨ ᠵᠠᠰᠠᠭ ᠤᠨ ᠭᠠᠵᠠᠷ ᠤᠨ ᠠᠭᠧᠨᠲᠯᠢᠭ ᠤᠳ ᠫᠠᠷᠠᠯᠮᠧᠨᠲ ᠲᠠᠢ ᠠᠳᠠᠯᠢ Whitehall ᠍ ᠦᠨ ᠳᠠᠭᠠᠤ 10 Downing ᠭᠤᠳᠤᠮᠵᠢᠨ ᠳᠤ ᠶᠡᠷᠦᠩᠬᠡᠢ ᠰᠠᠶᠢᠳ ᠤᠨ ᠣᠷᠳᠣᠨ ᠳᠤ ᠪᠠᠶᠢᠷᠢᠯᠠᠳᠠᠭ᠃ ᠶᠡᠬᠡ ᠪᠷᠢᠲ᠋ᠠᠨ(ᠠᠩᠭᠯᠢ) ᠤᠨ ᠫᠠᠷᠯᠠᠮᠧᠨᠲ ᠨᠢ 《ᠫᠠᠷᠯᠠᠮᠧᠨᠲ ᠤᠨ ᠡᠬᠡ》 ᠭᠡᠵᠦ ᠨᠡᠷᠡᠯᠡᠭᠳᠡᠨ ᠣᠯᠠᠨ ᠤᠯᠤᠰ ᠲᠤ ᠨᠡᠷ᠎ᠡ ᠬᠦᠨᠳᠦᠲᠡᠢ ᠪᠠᠶᠢᠳᠠᠭ᠃ ᠤᠴᠢᠷ ᠨᠢ ᠪᠤᠰᠤᠳ ᠫᠠᠷᠯᠠᠮᠧᠨᠲ ᠤᠨ ᠰᠢᠰᠲ᠋ᠧᠮ ᠦᠨ ᠵᠠᠭᠪᠤᠷ ᠪᠣᠯᠵᠤ ᠪᠠᠶᠢᠳᠠᠭ ᠪᠠ ᠪᠤᠰᠤᠳ ᠣᠯᠠᠨ ᠫᠠᠷᠠᠯᠮᠧᠨᠲ ᠦᠳ ᠶᠡᠬᠡ ᠪᠷᠢᠲ᠋ᠠᠨ(ᠠᠩᠭᠯᠢ) ᠤᠨ ᠫᠠᠷᠯᠠᠮᠧᠨᠲ ᠤᠨ ᠪᠠᠷᠢᠮᠲᠠ ᠶᠢ ᠬᠡᠷᠡᠭᠯᠡᠳᠡᠭ᠃

ᠭᠠᠵᠠᠷ ᠵᠦᠢ ᠶᠢᠨ ᠪᠠᠶᠢᠳᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠷᠠᠭᠤᠨ ᠪᠣᠯᠤᠨ ᠲᠥᠪ ᠯᠣᠨᠳᠣᠨ SPOT ᠭᠡᠳᠡᠭ ᠳᠠᠭᠠᠭᠤᠯᠢ ᠬᠣᠲᠠ ᠠᠴᠠ ᠰᠠᠶᠢᠨ ᠬᠠᠷᠠᠭᠳᠠᠳᠠᠭ᠃ ᠯᠣᠨᠳᠣᠩ ᠤᠨ ᠭᠠᠵᠠᠷ ᠵᠦᠢ ᠶᠢᠨ ᠪᠠᠶᠢᠳᠠᠯ ᠢ ᠠᠦ᠋ᠲ᠋ᠣ᠋ ᠵᠠᠮ ᠤᠨ ᠳ᠋ᠤᠭᠠᠷ᠂ ᠬᠠᠤᠯᠢ ᠶᠢᠨ ᠬᠡᠯᠡᠯᠴᠡᠭᠦᠯᠭᠡ᠂ ᠦᠶ᠎ᠡ ᠮᠥᠴᠡᠯᠭᠡ ᠲᠣᠳᠣᠷᠬᠠᠶᠢᠯᠠᠵᠤ ᠪᠣᠯᠤᠨ᠎ᠠ᠃ ᠯᠣᠨᠳᠣᠩ ᠤᠨ ᠲᠥᠪ ᠨᠢ ᠬᠠᠭᠤᠴᠢᠨ ᠪᠤᠶᠤ ᠡᠷᠲᠡᠨ ᠦ ᠵᠢᠵᠢᠭ ᠯᠣᠨᠳᠣᠨ ᠪᠥᠭᠡᠳ ᠡᠨᠡ ᠨᠢ 1 ᠮᠢᠯ ᠺᠦᠸᠠᠳ᠋ ᠲᠠᠯᠠᠪᠠᠢ ᠡᠰᠡᠪᠡᠯ ᠬᠣᠲᠠ ᠭᠡᠵᠦ ᠨᠡᠷᠡᠯᠡᠭᠳᠡᠵᠦ ᠵᠠᠩᠰᠢᠭᠰᠠᠨ ᠶᠤᠮ᠃ ᠯᠣᠨᠳᠣᠨ ᠬᠣᠲᠠ ᠶᠢᠨ ᠭᠠᠵᠠᠷ ᠨᠤᠲᠤᠭ ᠸᠢᠺᠲ᠋ᠣᠷ ᠬᠠᠭᠠᠨ ᠤ ᠦᠶ᠎ᠡ ᠮᠥᠨ ᠳᠡᠯᠡᠬᠡᠢ ᠶᠢᠨ ᠳᠠᠶᠢᠨ ᠤ ᠦᠶ᠎ᠡ ᠨᠦᠭᠦᠳ ᠲᠦ ᠶᠡᠬᠡ ᠪᠡᠷ ᠲᠡᠯᠡᠭᠰᠡᠨ᠃ ᠭᠡᠪᠡᠴᠦ 1940 ᠣᠨ ᠠᠴᠠ ᠡᠨᠡ ᠪᠠᠶᠢᠳᠠᠯ ᠪᠦᠷᠢᠨ ᠵᠣᠭᠰᠣᠭᠰᠠᠨ᠃ ᠤᠴᠢᠷ ᠨᠢ ᠳᠡᠯᠡᠬᠡᠢ ᠶᠢᠨ II ᠳᠠᠶᠢᠨ ᠪᠤᠶᠤ ᠨᠣᠭᠣᠭᠠᠨ ᠪᠥᠰᠡ ᠶᠢᠨ ᠬᠠᠤᠯᠢ ᠦᠢᠯᠡᠴᠢᠯᠡᠵᠦ ᠪᠠᠶᠢᠪᠠ᠃

ᠠᠩᠭᠯᠢ ᠶᠢᠨ ᠯᠣᠨᠳᠣᠨ ᠮᠤᠵᠢ ᠨᠢ ᠳᠡᠯᠡᠬᠡᠢ ᠨᠡᠶᠢᠲᠡ ᠳᠦ ᠳᠡᠯᠡᠬᠡᠢ ᠶᠢᠨ ᠳᠠᠶᠢᠨ ᠤ ᠦᠶ᠎ᠡ ᠳᠦ ᠨᠣᠭᠣᠭᠠᠨ ᠪᠦᠰᠦᠲᠡᠨ ᠨᠦᠭᠦᠳ ᠢᠶᠡᠷ ᠤᠳᠤᠷᠢᠳᠤᠭᠤᠯᠵᠤ ᠪᠠᠶᠢᠭᠰᠠᠨ ᠶᠡᠬᠡ ᠯᠣᠨᠳᠣᠨ ᠭᠡᠳᠡᠭ ᠢᠶᠡᠷ ᠢᠶᠡᠨ ᠠᠯᠳᠠᠷᠲᠠᠢ᠃ ᠮᠥᠨ ᠶᠡᠬᠡ ᠯᠣᠨᠳᠣᠨ ᠭᠡᠵᠦ ᠨᠡᠷᠡᠯᠡᠭᠳᠡᠳᠡᠭ᠂ ᠪᠠ ᠳᠡᠯᠡᠬᠡᠢ ᠶᠢᠨ II ᠳᠠᠶᠢᠨ ᠪᠠ ᠨᠣᠭᠣᠭᠠᠨ ᠪᠥᠰᠡ ᠶᠢ ᠤᠳᠤᠷᠢᠳᠤᠭᠰᠠᠨ ᠭᠠᠵᠠᠷ ᠶᠤᠮ᠃

ᠶᠡᠬᠡ ᠯᠣᠨᠳᠣᠩ ᠤᠨ ᠤᠷᠪᠠᠨ ᠤ ᠳᠡᠭᠦᠷᠭᠡ ᠨᠢ ᠬᠣᠲᠠ ᠶᠢᠨ ᠬᠦᠮᠦᠨ ᠠᠮᠠ ᠶᠢᠨ ᠡᠩ ᠦᠨ ᠪᠦᠳᠦᠭᠦᠯᠢᠭ ᠠᠮᠢᠳᠤᠷᠠᠯ ᠤᠨ ᠨᠢᠭᠤᠷ ᠴᠢᠷᠠᠢ ᠶᠤᠮ᠃ ᠡᠨᠡ ᠨᠢ ᠯᠣᠨᠳᠣᠩ ᠤᠨ ᠠᠯᠤᠰ ᠤᠨ ᠲᠣᠮᠣᠬᠠᠨ ᠳᠡᠭᠦᠷᠭᠡ ᠨᠦᠭᠦᠳ ᠦᠨ ᠨᠢᠭᠡ ᠶᠠᠭᠤᠮ᠎ᠠ᠃

ᠯᠣᠨᠳᠣᠨ ᠬᠣᠲᠠ ᠪᠣᠯ 607 ᠮᠢᠯ /1570 ᠺᠢᠯᠣᠮᠧᠲ᠋ᠷ ᠺᠦᠸᠠᠳ᠋/ ᠭᠠᠵᠠᠷ ᠨᠤᠲᠤᠭ ᠲᠠᠢ᠃ Thames ᠭᠣᠣᠯ ᠨᠢ ᠪᠠᠷᠠᠭᠤᠨ ᠤᠷᠢᠳᠤ ᠠᠴᠠ ᠵᠡᠭᠦᠨ ᠲᠡᠰᠢ ᠬᠣᠲᠠ ᠶᠢ ᠬᠥᠨᠳᠡᠯᠡᠨ ᠳᠠᠭᠠᠷᠢᠵᠤ ᠤᠷᠤᠰᠳᠠᠭ᠃ Thames ᠭᠣᠣᠯ ᠨᠢ Parliament, Addington ᠪᠤᠶᠤ Primrose ᠨᠢᠷᠤᠭᠤᠳ ᠤᠨ ᠬᠣᠭᠣᠷᠣᠨᠳᠣ ᠤᠷᠤᠰᠳᠠᠭ᠃ ᠡᠮᠦᠨ᠎ᠡ ᠨᠢ Thames ᠭᠣᠣᠯ ᠮᠠᠰᠢ ᠭᠦᠨ ᠪᠥᠭᠡᠳ ᠣᠳᠣ ᠪᠠᠶᠢᠭ᠎ᠠ ᠦᠶᠡᠰ ᠢᠶᠡᠨ 5 ᠳᠠᠬᠢᠨ ᠶᠡᠬᠡ ᠤᠰᠤ ᠲᠠᠢ ᠮᠥᠷᠡᠨ ᠪᠠᠶᠢᠭᠰᠠᠨ ᠭᠡᠳᠡᠭ᠃ ᠸᠢᠺᠲ᠋ᠣᠷᠢᠶᠠᠭ ᠤᠨ ᠦᠶᠡᠰ ᠭᠣᠣᠯ ᠤᠨ ᠲᠦᠪᠰᠢᠨ ᠪᠠᠭᠠᠰᠴᠤ᠂ ᠪᠠᠭ᠎ᠠ᠂ ᠵᠢᠵᠢᠭ ᠰᠠᠯᠠᠭ᠎ᠠ ᠨᠤᠭᠤᠳ ᠨᠢ ᠰᠢᠷᠭᠢᠵᠦ ᠠᠯᠠᠭ᠎ᠠ ᠪᠣᠯᠤᠭᠰᠠᠨ᠃ ᠰᠡᠭᠦᠯ ᠦᠨ ᠦᠶ᠎ᠡ ᠳᠦ ᠵᠢᠯ ᠢᠷᠡᠬᠦ ᠲᠤᠰᠤᠮ ᠳᠠᠯᠠᠢ ᠶᠢᠨ ᠲᠦᠷᠡᠯᠭᠡ ᠶᠡᠬᠡᠰᠴᠦ᠂ Thames ᠭᠣᠣᠯ ᠤᠨ ᠲᠦᠪᠰᠢᠨ ᠠᠭᠠᠵᠢᠮ ᠠᠭᠠᠵᠢᠮ ᠢᠶᠠᠷ ᠨᠡᠮᠡᠭᠳᠡᠵᠦ ᠪᠠᠶᠢᠨ᠎ᠠ᠃ ᠡᠭᠦᠨ ᠦ ᠤᠯᠠᠮ ᠠᠴᠠ ᠤᠤᠯ ᠤᠨ ᠤᠰᠤ ᠪᠠᠭᠤᠬᠤ ᠦᠶ᠎ᠡ ᠪᠡᠷ ᠦᠶᠡᠷ ᠪᠣᠯᠬᠤ ᠮᠠᠭᠠᠳᠯᠠᠯ ᠶᠡᠬᠡ ᠲᠡᠢ ᠪᠣᠯᠤᠭᠰᠠᠨ᠃ ᠡᠨᠡᠬᠦ ᠦᠶᠡᠷ ᠦᠨ ᠠᠶᠤᠯ ᠠᠴᠠ ᠤᠷᠢᠳᠴᠢᠯᠠᠨ ᠰᠡᠷᠭᠡᠶᠢᠯᠡᠵᠦ 1974 ᠣᠨ ᠳᠤ Woolwich ᠪᠣᠯᠤᠨ Barrier ᠣᠷᠴᠢᠮ ᠤᠨ Thames ᠭᠣᠣᠯ ᠤᠨ ᠳᠡᠭᠡᠭᠦᠷ ᠬᠥᠨᠳᠡᠯᠡᠨ ᠳᠠᠯᠠᠨ ᠪᠠᠷᠢᠵᠤ ᠡᠬᠢᠯᠡᠭᠰᠡᠨ ᠪᠠ ᠡᠨᠡ ᠨᠢ 2030 ᠍ ᠊ᠭᠠᠳ ᠣᠨ ᠤ ᠦᠶ᠎ᠡ ᠳᠦ ᠠᠰᠢᠭᠯᠠᠯᠲᠠᠨ ᠳᠤ ᠤᠷᠤᠬᠤ ᠪᠠ ᠵᠢᠷᠤᠭ ᠲᠥᠰᠥᠯ ᠢᠨᠵᠧᠨᠧᠷ ᠦᠨ ᠠᠵᠢᠯ ᠤᠨᠳ ᠬᠢᠭᠳᠡᠬᠦ ᠪᠡᠷ ᠰᠢᠢᠳᠦᠭᠳᠡᠭᠰᠡᠨ ᠪᠠᠶᠢᠨ᠎ᠠ᠃

ᠪᠣᠯᠪᠠᠰᠤᠷᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠯᠣᠨᠳᠣᠨ ᠳᠠᠬᠢ ᠪᠣᠯᠪᠠᠰᠤᠷᠠᠯ ᠤᠨ ᠰᠢᠰᠲ᠋ᠧᠮ

Royal Holloway ᠪᠣᠯ ᠯᠣᠨᠳᠣᠩ ᠤᠨ ᠳᠡᠭᠡᠳᠦ ᠪᠣᠯᠪᠠᠰᠤᠷᠠᠯ ᠤᠨ ᠢᠨᠰᠲ᠋ᠢᠲ᠋ᠦᠶᠢᠲ ᠤᠨ ᠬᠣᠯᠪᠣᠭ᠎ᠠ ᠪᠥᠭᠡᠳ ᠯᠣᠨᠳᠣᠩ ᠤᠨ ᠶᠡᠬᠡ ᠰᠤᠷᠭᠠᠭᠤᠯᠢ ᠶᠢᠨ ᠨᠢᠭᠡᠨ ᠰᠠᠯᠪᠤᠷᠢ ᠶᠤᠮ᠃ ᠳᠡᠭᠡᠳᠦ ᠰᠤᠷᠭᠠᠭᠤᠯᠢ ᠪᠣᠯᠤᠨ ᠺᠣᠯᠯᠧᠵᠢ᠂ ᠰᠢᠨᠵᠢᠯᠡᠬᠦ ᠤᠬᠠᠭᠠᠨ ᠬᠥᠭᠵᠢᠯ ᠦᠨ ᠲᠥᠪ ᠪᠣᠯᠬᠤ ᠯᠣᠨᠳᠣᠨ ᠬᠣᠳᠠ ᠳᠤ 378000 ᠣᠶᠤᠲᠠᠨ ᠰᠤᠷᠤᠯᠴᠠᠳᠠᠭ᠃ ᠯᠣᠨᠳᠣᠨ ᠳᠠᠬᠢ ᠶᠡᠬᠡᠩᠬᠢ ᠪᠠᠭ᠎ᠠ ᠪᠣᠯᠤᠨ ᠳᠤᠮᠳᠠ ᠰᠤᠷᠭᠠᠭᠤᠯᠢ ᠨᠤᠭᠤᠳ ᠨᠢ ᠠᠩᠭᠯᠢ ᠶᠢᠨ ᠪᠣᠯᠪᠠᠰᠤᠷᠠᠯ ᠤᠨ ᠰᠢᠰᠲ᠋ᠧᠮ ᠦᠨ ᠳᠠᠭᠠᠤ ᠦᠢᠯᠡ ᠠᠵᠢᠯᠯᠠᠭ᠎ᠠ ᠶᠢ ᠪᠠᠨ ᠶᠠᠪᠤᠭᠤᠯᠳᠠᠭ᠃ ᠯᠣᠨᠳᠣᠩ ᠤᠨ ᠶᠡᠬᠡ ᠰᠤᠷᠭᠠᠭᠤᠯᠢ ᠨᠤᠭᠤᠳ ᠨᠢ ᠧᠦᠢᠷᠣᠫᠠ ᠪᠣᠯᠤᠨ ᠨᠢᠭᠡᠳᠦᠭᠰᠡᠨ ᠸᠠᠩᠲᠤ ᠤᠯᠤᠰ ᠤᠨ ᠬᠠᠮᠤᠭ ᠤᠨ ᠲᠣᠮᠣ ᠵᠢᠭᠠᠬᠤ ᠠᠷᠭ᠎ᠠ ᠵᠦᠢ ᠶᠢᠨ ᠰᠤᠷᠭᠠᠭᠤᠯᠢ ᠪᠥᠭᠡᠳ 125000 ᠣᠶᠤᠲᠠᠨ ᠰᠤᠷᠤᠯᠴᠠᠳᠠᠭ᠃ ᠮᠥᠨ ᠡᠨᠡ ᠰᠤᠷᠭᠠᠭᠤᠯᠢ ᠶᠢᠨ ᠬᠠᠷᠢᠶᠠᠨ ᠳᠤ 20 ᠺᠣᠯᠯᠧᠵᠢ ᠪᠠᠶᠢᠳᠠᠭ᠃ ᠺᠣᠯᠯᠧᠵᠢ ᠨᠤᠭᠤᠳ ᠨᠢ ᠥᠪᠡᠷ ᠦᠨ ᠤᠳᠤᠷᠢᠳᠤᠯᠭ᠎ᠠ ᠲᠠᠢ᠂ ᠮᠥᠨ ᠥᠪᠡᠷ ᠥᠪᠡᠷ ᠦᠨ ᠭᠡᠰᠡᠨ ᠳᠦᠷᠢᠮ ᠵᠢᠷᠤᠮ ᠲᠠᠢ ᠪᠥᠭᠡᠳ ᠡᠳᠡᠭᠡᠷ ᠺᠣᠯᠯᠧᠵᠢ ᠨᠤᠭᠤᠳ ᠢ ᠲᠡᠭᠦᠰᠦᠭᠴᠢᠳ ᠨᠢ ᠯᠣᠨᠳᠣᠩ ᠤᠨ ᠶᠡᠬᠡ ᠰᠤᠷᠭᠠᠭᠤᠯᠢ ᠶᠢᠨ ᠭᠡᠷᠡᠴᠢᠯᠡᠭᠡ ᠲᠡᠢ ᠲᠡᠭᠦᠰᠳᠡᠭ᠃ ᠡᠭᠦᠨ ᠡᠴᠡ ᠨᠡᠷᠡᠯᠡᠬᠦ ᠶᠤᠮ ᠪᠣᠯ Royal Holloway, Birkbeck, UCL,[208] King's, Goldsmiths, Queen Mary[209] ᠪᠥᠭᠡᠳ ᠮᠥᠨ ᠲᠤᠰᠬᠠᠢ ᠮᠡᠷᠭᠡᠵᠢᠯ ᠦᠨ ᠢᠨᠰᠲ᠋ᠢᠲ᠋ᠦᠶᠢᠲ ᠤᠳ ᠪᠣᠯᠬᠤ London School of Economics,[210] SOAS,[211] Royal Academy of Music,[212] Courtauld Institute of Art ᠪᠠ Institute of Education ᠨᠠᠷ ᠪᠣᠯᠤᠨ᠎ᠠ᠃ [213] Imperial College London ᠪᠣᠯᠤᠨ University College London Times Higher Education ᠰᠡᠳᠬᠦᠯ ᠡᠴᠡ ᠵᠠᠷᠯᠠᠭᠰᠠᠨ 2008 ᠣᠨ ᠤ ᠳᠡᠯᠡᠬᠡᠢ ᠶᠢᠨ ᠰᠢᠯᠢᠳᠡᠭ 10 ᠶᠡᠬᠡ ᠳᠡᠭᠡᠳᠦ ᠰᠤᠷᠭᠠᠭᠤᠯᠢ ᠨᠤᠭᠤᠳ ᠤᠨ 6 ᠪᠣᠯᠤᠨ 7 ᠳ᠋ᠤᠭᠠᠷ ᠪᠠᠶᠢᠷᠢ ᠨᠤᠭᠤᠳ ᠢ ᠡᠵᠡᠯᠡᠵᠦ ᠪᠠᠶᠢᠭᠰᠠᠨ᠃ ᠮᠥᠨ ᠲᠡᠭᠦᠨᠴᠢᠯᠡᠨ ᠯᠣᠨᠳᠣᠩ ᠤᠨ ᠡᠳ᠋ ᠍ ᠦᠨ ᠵᠠᠰᠠᠭ ᠤᠨ ᠳᠡᠭᠡᠳᠦ ᠰᠤᠷᠭᠠᠭᠤᠯᠢ ᠨᠢ ᠳᠡᠯᠡᠬᠡᠢ ᠶᠢᠨ ᠨᠡᠶᠢᠭᠡᠮ ᠰᠢᠨᠵᠢᠯᠡᠬᠦ ᠤᠬᠠᠭᠠᠨ ᠤ ᠤᠳᠤᠷᠢᠳᠤᠯᠭ᠎ᠠ ᠶᠢᠨ ᠢᠨᠰᠲ᠋ᠢᠲ᠋ᠦᠶᠢᠲ ᠵᠢᠭᠠᠬᠤ ᠪᠣᠯᠤᠨ ᠰᠤᠳᠤᠯᠭ᠎ᠠ ᠰᠢᠨᠵᠢᠯᠡᠭᠡᠨ ᠦ ᠲᠥᠪ ᠦᠳ ᠲᠡᠢ᠃ ᠰᠤᠶᠤᠯ ᠤᠷᠠᠯᠢᠭ ᠤᠨ ᠰᠤᠷᠭᠠᠭᠤᠯᠢ ᠨᠤᠭᠤᠳ ᠤᠨ ᠲᠡᠷᠢᠭᠦᠨ ᠪᠠᠶᠢᠷᠢᠨ ᠳᠤ Royal College of Music, Royal College of Art, ᠪᠠ Guildhall School of Music and Drama ᠣᠷᠣᠳᠠᠭ᠃ Senate House ᠨᠢ ᠯᠣᠨᠳᠣᠩ ᠤᠨ ᠶᠡᠬᠡ ᠰᠤᠷᠭᠠᠭᠤᠯᠢ ᠶᠢᠨ ᠨᠢᠭᠡ ᠰᠠᠯᠪᠤᠷᠢ ᠶᠤᠮ᠃ ᠯᠣᠨᠳᠣᠩ ᠤᠨ ᠪᠤᠰᠤᠳ ᠶᠡᠬᠡ ᠰᠤᠷᠭᠠᠭᠤᠯᠢ ᠨᠤᠭᠤᠳ ᠪᠣᠯᠬᠤ Brunel University, City University, London Metropolitan University, Middlesex University, University of East London, University of the Arts London, University of Westminster, Kingston University ᠪᠠ London South Bank University ᠯᠣᠨᠳᠣᠩ ᠤᠨ ᠶᠡᠬᠡ ᠰᠤᠷᠭᠠᠭᠤᠯᠢ ᠶᠢᠨ ᠬᠠᠷᠢᠶ᠎ᠠ ᠪᠢᠰᠢ ᠪᠥᠭᠡᠳ ᠭᠡᠪᠡᠴᠦ ᠠᠯᠢᠪᠠ ᠲᠡᠷᠢᠭᠦᠯᠡᠭᠴᠢᠳ ᠪᠣᠯᠤᠨ ᠣᠯᠠᠨ ᠤᠯᠤᠰ ᠤᠨ ᠪᠤᠰᠤᠳ ᠰᠤᠷᠤᠯᠴᠠᠭᠴᠢ ᠳᠤ ᠯᠣᠨᠳᠣᠩ ᠤᠨ ᠶᠡᠬᠡ ᠰᠤᠷᠭᠠᠭᠤᠯᠢ ᠶᠢ ᠰᠣᠩᠭᠣᠳᠠᠭ᠃ 1992 ᠣᠨ ᠠᠴᠠ ᠵᠠᠷᠢᠮ ᠲᠧᠭᠨᠢᠭ ᠦᠨ ᠶᠡᠬᠡ ᠰᠤᠷᠭᠠᠭᠤᠯᠢ ᠨᠤᠭᠤᠳ ᠨᠢᠭᠡᠳᠴᠦ ᠵᠠᠷᠢᠮ ᠨᠢ ᠪᠦᠷᠢ ᠡᠷᠲᠡ ᠦᠢᠯᠡ ᠠᠵᠢᠯᠯᠠᠭ᠎ᠠ ᠶᠢ ᠪᠠᠨ ᠡᠬᠢᠯᠡᠵᠦ ᠪᠠᠶᠢᠭᠰᠠᠨ᠃ Imperial College London 2007 ᠣᠨ ᠳᠤ ᠯᠣᠨᠳᠣᠩ ᠤᠨ ᠶᠡᠬᠡ ᠰᠤᠷᠭᠠᠭᠤᠯᠢ ᠠᠴᠠ ᠭᠠᠷᠴᠤ ᠪᠡᠶ᠎ᠡ ᠳᠠᠭᠠᠭᠰᠠᠨ ᠰᠤᠷᠭᠠᠭᠤᠯᠢ ᠪᠣᠯᠤᠭᠰᠠᠨ᠃ 2003 ᠣᠨ ᠳᠤ University of North London ᠪᠠ London Guildhall University ᠰᠤᠷᠭᠠᠭᠤᠯᠢ ᠨᠤᠭᠤᠳ ᠨᠢᠭᠡᠳᠦᠭᠰᠡᠨ᠃ London Metropolitan University ᠨᠢ ᠨᠡᠶᠢᠰᠯᠡᠯ ᠬᠣᠲᠠ ᠶᠢᠨ ᠪᠡᠶ᠎ᠡ ᠳᠠᠭᠠᠭᠰᠠᠨ ᠬᠠᠮᠤᠭ ᠤᠨ ᠲᠣᠮᠣ ᠰᠤᠷᠭᠠᠭᠤᠯᠢ ᠪᠠ ᠡᠨᠡ ᠰᠤᠷᠭᠠᠭᠤᠯᠢ ᠳᠤ 155 ᠣᠷᠣᠨ ᠤ 34,000 ᠣᠶᠤᠲᠠᠨ ᠨᠤᠭᠤᠳ ᠰᠤᠷᠤᠯᠴᠠᠳᠠᠭ᠃ ᠯᠣᠨᠳᠣᠨ ᠪᠣᠯ London Business School ᠪᠠ Cass Business School ᠪᠢᠽᠢᠨ᠋ᠧᠰ ᠦᠨ ᠰᠤᠷᠭᠠᠭᠤᠯᠢ ᠨᠤᠭᠤᠳ ᠨᠢ ᠪᠢᠽᠢᠨ᠋ᠧᠰ ᠦᠨ ᠪᠣᠯᠪᠠᠰᠤᠷᠠᠯ ᠤᠨ ᠰᠤᠷᠭᠠᠯᠲᠠ ᠪᠠᠷ ᠢᠶᠠᠨ ᠳᠡᠯᠡᠬᠡᠢ ᠳᠦ ᠲᠡᠷᠢᠭᠦᠯᠡᠳᠡᠭ᠃ ᠮᠥᠨ ᠡᠭᠦᠨ ᠳᠡᠭᠡᠷ᠎ᠡ ᠲᠡᠷᠢᠭᠦᠨ ᠦ Schiller International University, Richmond University ᠪᠠ Regent's College ᠰᠤᠷᠭᠠᠭᠤᠯᠢ ᠨᠤᠭᠤᠳ ᠪᠠᠶᠢᠳᠠᠭ᠃

ᠤᠷᠠᠨ ᠪᠠᠷᠢᠯᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠦᠭᠦᠷᠭᠡ ᠨᠦᠭᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠯᠣᠨᠳᠣᠩ ᠤᠨ ᠭᠠᠵᠠᠷ ᠤᠳ ᠤᠨ ᠵᠢᠭ᠌ᠰᠠᠭᠠᠯᠳᠠ ᠳᠤ ᠲᠥᠪ ᠯᠣᠨᠳᠣᠨ᠂ ᠳᠣᠲᠣᠭᠠᠳᠤ ᠪᠣᠯᠤᠨ ᠭᠠᠳᠠᠭᠠᠳᠤ ᠯᠣᠨᠳᠣᠨ ᠪᠠᠭᠠᠳᠤᠨ᠎ᠠ᠃ ᠯᠣᠨᠳᠣᠩ ᠤᠨ ᠭᠠᠵᠠᠷ ᠨᠤᠲᠤᠭ ᠢ ᠣᠯᠠᠨ ᠤᠳᠠᠭ᠎ᠠ (e.g. Bloomsbury, Knightsbridge, Mayfair, Whitechapel, Fitzrovia) ᠭᠡᠬᠦ ᠮᠡᠲᠦ ᠳᠦᠭᠦᠷᠭᠡ ᠨᠦᠭᠦᠳ ᠲᠦ ᠬᠤᠪᠢᠶᠠᠵᠤ ᠪᠠᠶᠢᠭᠰᠠᠨ᠃ ᠲᠣᠰᠬᠣᠨ ᠤ ᠨᠡᠷ᠎ᠡ ᠶᠢ ᠰᠦᠮ᠎ᠡ ᠶᠢᠨ ᠬᠠᠷᠢᠶᠠᠲᠤ ᠨᠤᠲᠤᠭ ᠤᠳ ᠪᠣᠯᠤᠨ ᠬᠣᠲᠠ᠂ ᠳᠡᠭᠦᠷᠭᠡ ᠨᠦᠭᠦᠳ ᠦᠨ ᠠᠯᠪᠠᠨ ᠶᠣᠰᠣᠨ ᠤ ᠪᠤᠰᠤ ᠨᠡᠷ᠎ᠡ ᠥᠭᠴᠦ ᠪᠠᠶᠢᠭᠰᠠᠨ᠃ ᠣᠷᠣᠨ ᠨᠤᠲᠤᠭ ᠲᠤ ᠡᠶᠢᠮᠦᠷᠬᠡᠦ ᠨᠡᠷ᠎ᠡ ᠨᠦᠭᠦᠳ ᠨᠢ ᠥᠪᠡᠷ ᠥᠪᠡᠷ ᠦᠨ ᠭᠡᠰᠡᠨ ᠥᠪᠡᠷᠮᠢᠴᠡ ᠰᠢᠨᠵᠢ ᠴᠢᠨᠠᠷ ᠢ ᠦᠯᠡᠳᠡᠭᠡᠨ ᠤᠯᠠᠮᠵᠢᠯᠠᠭᠳᠠᠨ ᠦᠯᠡᠳᠡᠭᠰᠡᠨ ᠪᠠᠶᠢᠳᠠᠭ᠃ ᠭᠡᠪᠡᠴᠦ ᠶᠡᠬᠡᠩᠬᠢ ᠨᠡᠷ᠎ᠡ ᠨᠢ ᠣᠷᠴᠢᠨ ᠦᠶ᠎ᠡ ᠳᠦ ᠠᠯᠪᠠᠨ ᠶᠣᠰᠣᠨ ᠤ ᠬᠢ ᠪᠢᠰᠢ ᠪᠣᠯᠤᠭᠰᠠᠨ ᠶᠤᠮ᠃ ᠬᠡᠳᠦᠢ ᠲᠡᠶᠢᠮᠦ ᠪᠣᠯᠪᠠᠴᠤ 1965 ᠣᠨ ᠠᠴᠠ ᠡᠷᠲᠡᠨ ᠦ ᠯᠣᠨᠳᠣᠨ ᠬᠣᠲᠠ ᠨᠢ 32 ᠵᠢᠵᠢᠭ ᠳᠡᠭᠦᠷᠭᠡ ᠪᠣᠯᠤᠨ ᠬᠤᠪᠢᠶᠠᠭᠳᠠᠵᠤ᠂ ᠲᠥᠷᠥᠯ ᠪᠦᠷᠢ ᠶᠢᠨ ᠡᠳ᠋ ᠍ ᠦᠨ ᠵᠠᠰᠠᠭ᠂ ᠰᠠᠩᠬᠦᠦ ᠪᠡᠷ ᠨᠣᠶᠠᠷᠬᠠᠬᠤ ᠪᠣᠯᠤᠭᠰᠠᠨ᠃ ᠳᠡᠯᠡᠬᠡᠢ ᠶᠢᠨ ᠭᠤᠷᠪᠠᠨ ᠲᠣᠮᠣ ᠡᠳ᠋ ᠍ ᠦᠨ ᠵᠠᠰᠠᠭ ᠤᠨ ᠲᠥᠪ ᠦᠨ ᠨᠢᠭᠡ ᠨᠢ ᠯᠣᠨᠳᠣᠨ ᠬᠣᠳᠠ ᠳᠤ ᠪᠠᠶᠢᠳᠠᠭ᠃ ᠡᠭᠦᠨ ᠳᠦ ᠵᠡᠭᠡᠯᠢ ᠶᠢᠨ ᠪᠠᠩᠬᠢ᠂ ᠣᠯᠠᠨ ᠤᠯᠤᠰ ᠤᠨ ᠪᠦᠩᠳᠠ ᠶᠢᠨ ᠪᠠᠶᠢᠭᠤᠯᠤᠯᠭ᠎ᠠ ᠮᠥᠨ ᠭᠠᠳᠠᠭᠠᠳᠤ ᠶᠢᠨ ᠠᠷᠠᠯᠵᠢᠶ᠎ᠠ᠂ ᠮᠧᠨᠧᠵᠮᠧᠨᠲ᠂ ᠭᠠᠳᠠᠭᠠᠳᠤ ᠶᠢᠨ ᠦᠨᠡᠲᠦ ᠴᠠᠭᠠᠰᠤᠨ ᠤ ᠬᠤᠳᠠᠯᠳᠤᠭᠠᠨ ᠤ ᠰᠠᠩᠭ᠎ᠠ ᠨᠤᠭᠤᠳ ᠪᠠᠭᠠᠳᠤᠨ᠎ᠠ᠃ ᠭᠣᠣᠯ ᠲᠡᠷᠢᠭᠦᠯᠡᠬᠦ ᠡᠳ᠋ ᠍ ᠦᠨ ᠵᠠᠰᠠᠭ ᠤᠨ ᠲᠥᠪ ᠨᠢ ᠮᠧᠲ᠋ᠠᠯ ᠤᠨ ᠠᠷᠠᠯᠵᠢᠶ᠎ᠠ᠃ ᠡᠭᠦᠨ ᠦ ᠬᠠᠮᠤᠭ ᠤᠨ ᠲᠣᠮᠣ ᠨᠢ ᠠᠯᠲᠠᠨ ᠤ ᠵᠠᠬ᠎ᠠ ᠵᠡᠭᠡᠯᠢ ᠶᠤᠮ᠃ ᠮᠥᠨ ᠡᠪᠳᠡᠷᠡᠭᠰᠡᠨ ᠤᠰᠤᠨ ᠣᠩᠭᠣᠴᠠᠨ ᠤ ᠵᠠᠬ᠎ᠠ᠂ ᠭᠠᠳᠠᠭᠠᠳᠤ ᠶᠢᠨ ᠪᠠᠩᠬᠢ᠂ ᠬᠥᠷᠥᠩᠭᠡ ᠣᠷᠣᠭᠤᠯᠤᠯᠲᠠ ᠬᠢᠭᠰᠡᠨ ᠪᠠᠶᠢᠰᠢᠩ ᠪᠤᠰᠤᠳ ᠲᠥᠪ ᠦᠳ ᠣᠷᠣᠨ᠎ᠠ᠃ ᠬᠣᠲᠠ ᠨᠢ ᠥᠪᠡᠷ ᠦᠨ ᠭᠡᠰᠡᠨ ᠪᠡᠶ᠎ᠡ ᠳᠠᠭᠠᠭᠰᠠᠨ ᠰᠲ᠋ᠠᠲ᠋ᠦ᠋ᠰ ᠲᠠᠢ᠃ ᠯᠣᠨᠳᠣᠩ ᠤᠨ ᠰᠢᠨ᠎ᠡ ᠡᠳ᠋ ᠍ ᠦᠨ ᠵᠠᠰᠠᠭ ᠨᠢ ᠬᠣᠲᠠ ᠶᠢ ᠵᠡᠭᠦᠨ ᠵᠦᠭ ᠦᠨ ᠭᠠᠵᠠᠷ ᠨᠤᠲᠤᠭ ᠢ ᠠᠷᠠᠯᠵᠢᠶᠠᠨ ᠤ ᠲᠥᠪ ᠲᠦ Canary Wharf ᠭᠡᠳᠡᠭ ᠴᠣᠭᠴᠠᠯᠠᠪᠤᠷᠢ ᠨᠣᠶᠠᠷᠬᠠᠳᠠᠭ᠃ ᠪᠤᠰᠤᠳ ᠪᠢᠽᠢᠨ᠋ᠧᠰ ᠦᠳ ᠨᠢ City of Westminster, UK's national government, ᠬᠣᠳᠠ ᠳᠤ ᠪᠠᠶᠢᠷᠢᠯᠳᠤᠭ᠃ ᠬᠠᠭᠠᠨᠲᠤ ᠤᠯᠤᠰ ᠤᠨ ᠵᠠᠰᠠᠭ ᠤᠨ ᠭᠠᠵᠠᠷ ᠨᠢ Westminster Abbey ᠍ ᠳᠦ ᠪᠠᠶᠢᠳᠠᠭ᠃ ᠯᠣᠨᠳᠣᠩ ᠤᠨ ᠪᠠᠷᠠᠭᠤᠨ ᠬᠡᠰᠡᠭ ᠲᠦ ᠵᠤᠭ᠎ᠠ ᠴᠡᠩᠭᠡᠯ ᠦᠨ ᠭᠠᠵᠠᠷ᠂ ᠳᠡᠯᠭᠡᠭᠦᠷ ᠳᠦᠭᠦᠷᠡᠩ ᠪᠠᠶᠢᠳᠠᠭ᠃ Oxford ᠭᠤᠳᠤᠮᠵᠢ᠂ Leicester ᠲᠠᠯᠠᠪᠠᠢ᠂ Covent ᠴᠡᠴᠡᠷᠯᠢᠭ᠂ Piccadilly ᠼᠢᠷᠺ ᠪᠠᠶᠢᠳᠠᠭ᠃ ᠪᠠᠷᠠᠭᠤᠨ ᠯᠣᠨᠳᠣᠨ ᠳᠤ ᠶᠡᠬᠡ ᠲᠠᠩᠰᠤᠭ᠂ ᠮᠥᠨ ᠦᠨᠡᠲᠡᠢ᠂ ᠬᠤᠪᠢ ᠤᠨ ᠭᠠᠵᠠᠷ ᠤᠳ ᠪᠠᠶᠢᠳᠠᠭ᠃ ᠵᠢᠱᠢᠶ᠎ᠡ ᠨᠢ: 10 ᠰᠠᠶ᠎ᠠ ᠹᠦᠨᠲ ᠰᠲ᠋ᠧᠷᠯᠢᠩ ᠦᠨ ᠦᠨᠡᠲᠡᠢ Notting Hill, Knightsbridge ᠪᠣᠯᠤᠨ Chelsea ᠨᠡᠷᠡᠲᠡᠢ ᠦᠯᠦ ᠬᠥᠳᠡᠯᠬᠦ ᠬᠥᠷᠥᠩᠭᠡ ᠨᠦᠭᠦᠳ ᠪᠠᠶᠢᠳᠠᠭ᠃ ᠲᠥᠪ ᠯᠣᠨᠳᠣᠨ ᠳᠤ ᠪᠠᠶᠢᠳᠠᠭ Royal Borough of Kensington ᠪᠣᠯᠤᠨ Chelsea ᠬᠥᠷᠥᠩᠭᠡ ᠨᠦᠭᠦᠳ ᠦᠨ ᠳᠤᠮᠳᠠᠴᠢ ᠦᠨ᠎ᠡ ᠨᠢ 894,000 ᠹᠦᠨᠲ ᠰᠲ᠋ᠧᠷᠯᠢᠨ ᠢ ᠪᠠᠶᠢᠳᠠᠭ᠃ ᠯᠣᠨᠳᠣᠩ ᠤᠨ ᠵᠡᠭᠦᠨ ᠮᠤᠵᠢ ᠨᠢ ᠵᠡᠭᠦᠨ ᠯᠣᠨᠳᠣᠨ ᠪᠠ ᠵᠡᠭᠦᠨ ᠳᠠᠭᠠᠪᠤᠷᠢ ᠬᠣᠲᠤ ᠨᠤᠭᠤᠳ ᠠᠴᠠ ᠪᠦᠷᠢᠳᠳᠡᠭ᠃ ᠵᠡᠭᠦᠨ ᠳᠠᠭᠠᠪᠤᠷᠢ ᠬᠣᠲᠠ ᠨᠢ ᠭᠠᠳᠠᠭᠠᠳᠤ ᠶᠢᠨ ᠴᠠᠭᠠᠴᠢᠳ ᠠᠮᠢᠳᠤᠷᠠᠳᠠᠭ ᠬᠠᠮᠤᠭ ᠤᠨ ᠶᠠᠳᠠᠭᠤ ᠳᠡᠭᠦᠷᠭᠡ ᠪᠣᠯᠬᠤ ᠯᠣᠨᠳᠣᠨ ᠤᠰᠤᠨ ᠣᠩᠭᠣᠴᠠᠨ ᠤ ᠵᠣᠭᠰᠣᠭᠠᠯ ᠶᠤᠮ᠃ ᠵᠡᠭᠦᠨ ᠯᠣᠨᠳᠣᠨ ᠠᠴᠠ ᠡᠷᠲᠡᠨ ᠦ ᠦᠢᠯᠡᠳᠪᠦᠷᠢ ᠶᠢᠨ ᠬᠥᠭᠵᠢᠯ ᠢ ᠬᠠᠷᠠᠵᠤ ᠪᠣᠯᠬᠤ ᠪᠥᠭᠡᠳ ᠣᠳᠣ 2012 ᠣᠨ ᠤ ᠣᠯᠢᠮᠫᠢᠺ ᠢ ᠵᠣᠬᠢᠶᠠᠨ ᠪᠠᠶᠢᠭᠤᠯᠬᠤ ᠪᠣᠯᠤᠭᠰᠠᠨ ᠲᠠᠢ ᠬᠣᠯᠪᠣᠭᠳᠠᠭᠤᠯᠤᠨ London Riverside ᠪᠠ Lower Lea Valley ᠬᠡᠰᠡᠭ ᠦᠳ ᠣᠷᠣᠳᠠᠭ Thames Gateway ᠍ ᠢ ᠳᠠᠬᠢᠨ ᠰᠡᠷᠭᠦᠭᠡᠨ ᠪᠣᠰᠬᠠᠨ ᠬᠥᠭᠵᠢᠭᠦᠯᠵᠦ ᠪᠠᠶᠢᠨ᠎ᠠ᠃

ᠴᠡᠴᠡᠷᠯᠢᠭ ᠲᠦ ᠬᠦᠷᠢᠶᠡᠯᠡᠩᠭᠢ ᠨᠦᠭᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠥᠪ ᠯᠣᠨᠳᠣᠩ ᠤᠨ ᠬᠠᠮᠤᠭ ᠤᠨ ᠲᠣᠮᠣ ᠴᠡᠴᠡᠷᠯᠢᠭ ᠲᠦ ᠬᠦᠷᠢᠶᠡᠯᠡᠩᠭᠢ ᠨᠦᠭᠦᠳ ᠪᠣᠯᠬᠤ Royal Parks ᠮᠥᠨ ᠵᠡᠷᠭᠡᠴᠡᠭᠡ ᠤᠷᠤᠰᠢᠬᠤ Kensington Gardens ᠫᠠᠷᠺ ᠤᠳ ᠨᠢ ᠲᠥᠪ ᠯᠣᠨᠳᠣᠩ ᠤᠨ ᠪᠠᠷᠠᠭᠤᠨ ᠵᠠᠬ᠎ᠠ ᠳᠤ᠂ Regent's Park ᠨᠢ ᠬᠣᠶᠢᠳᠤ ᠵᠠᠬ᠎ᠠ ᠳᠤ ᠨᠢ ᠪᠠᠶᠢᠷᠢᠯᠠᠳᠠᠭ᠃ ᠡᠳᠡᠭᠡᠷ ᠫᠠᠷᠺ ᠤᠳ ᠲᠤ ᠯᠣᠨᠳᠣᠩ ᠤᠨ ᠠᠮᠢᠲᠠᠨ ᠤ ᠬᠦᠷᠢᠶᠡᠯᠡᠩ᠂ ᠳᠡᠯᠡᠬᠡᠢ ᠶᠢᠨ ᠡᠷᠲᠡᠨ ᠦ ᠰᠢᠨᠵᠢᠯᠡᠬᠦ ᠤᠬᠠᠭᠠᠨ ᠤ ᠬᠦᠷᠢᠶᠡᠯᠡᠩ᠂ ᠮᠥᠨ ᠡᠭᠦᠨ ᠦ ᠵᠡᠷᠭᠡᠴᠡᠭᠡ ᠵᠢᠭᠤᠯᠴᠢᠳ ᠤᠨ ᠰᠣᠨᠢᠷᠬᠠᠯ ᠲᠠᠲᠠᠬᠤ Madame Tussauds ᠮᠦᠽᠧᠢ ᠪᠠᠶᠢᠳᠠᠭ᠃ ᠮᠥᠨ ᠲᠥᠪ ᠯᠣᠨᠳᠣᠩ ᠤᠨ ᠣᠶᠢᠷᠠᠯᠴᠠᠭ᠎ᠠ Green Park , St. James's Park ᠨᠡᠷ᠎ᠡ ᠲᠡᠢ ᠵᠢᠵᠢᠭ ᠫᠠᠷᠺ ᠤᠳ ᠪᠠᠶᠢᠳᠠᠭ᠃ Hyde Park ᠨᠢ ᠰᠫᠣᠷᠲ ᠤᠨ ᠲᠣᠭᠯᠠᠯᠲᠠ ᠨᠤᠭᠤᠳ ᠪᠣᠯᠤᠨ ᠵᠠᠷᠢᠮ ᠦᠶ᠎ᠡ ᠳᠦ ᠵᠠᠳᠠᠭᠠᠢ ᠲᠠᠯᠠᠪᠠᠢ ᠶᠢᠨ ᠲᠣᠭᠯᠠᠯᠲᠠ ᠨᠤᠭᠤᠳ ᠪᠣᠯᠳᠠᠭ ᠢᠶᠠᠷ ᠢᠶᠠᠨ ᠣᠨᠴᠠᠯᠢᠭ᠃ ᠳᠡᠭᠡᠷᠡᠬᠢ ᠲᠣᠮᠣ ᠫᠠᠷᠺ ᠤᠳ ᠨᠢ ᠬᠣᠲᠠ ᠶᠢᠨ ᠲᠥᠪ ᠡᠴᠡ ᠭᠠᠳᠠᠭᠰᠢ ᠪᠠᠨ ᠴᠢᠭᠯᠡᠯ ᠢᠶᠡᠷ ᠳ᠋ᠤᠭᠠᠷᠯᠠᠭᠳᠠᠭᠰᠠᠨ ᠪᠠᠶᠢᠳᠠᠭ᠃ ᠡᠭᠦᠨ ᠳᠦ Royal Parks ᠵᠡᠭᠦᠨ ᠤᠷᠤᠭᠰᠢ ᠪᠠᠨ᠂ Bushy Park, Richmond Park ᠫᠠᠷᠺ ᠤᠳ ᠨᠢ ᠪᠠᠷᠠᠭᠤᠨ ᠤᠷᠤᠭᠰᠢ ᠪᠠᠨ᠂ Victoria Park, East London ᠬᠣᠲᠠ ᠶᠢᠨ ᠲᠥᠪ ᠡᠴᠡ ᠵᠡᠭᠦᠨ ᠲᠡᠰᠢ ᠴᠢᠭᠯᠡᠯ ᠢᠶᠡᠷ ᠳ᠋ᠤᠭᠠᠷᠯᠠᠭᠳᠠᠭᠰᠠᠨ ᠪᠠᠶᠢᠳᠠᠭ᠃ ᠬᠣᠶᠢᠳᠤ ᠵᠦᠭ ᠲᠤ ᠪᠠᠶᠢᠷᠢᠯᠠᠳᠠᠭ Regent's Park ᠨᠢ ᠴᠡᠩᠭᠡᠭ ᠠᠭᠠᠷ᠂ ᠵᠤᠭᠠᠯᠠᠬᠤ ᠭᠠᠵᠠᠷ ᠢᠶᠠᠷ ᠢᠶᠠᠨ ᠣᠨᠴᠠᠯᠢᠭ ᠪᠠᠶᠢᠳᠠᠭ᠃ ᠬᠣᠶᠢᠳᠤ ᠯᠣᠨᠳᠣᠩ ᠤᠨ Hampstead Heath ᠫᠠᠷᠺᠠᠳ 3,2 ᠺᠢᠯᠣᠮᠧᠲ᠋ᠷ ᠺᠦᠸᠠᠳ᠋ ᠲᠠᠯᠠᠪᠠᠢ ᠪᠦᠬᠦᠢ ᠪᠠᠶᠢᠭᠠᠯᠢ ᠶᠢᠨ ᠲᠥᠷᠬᠥ ᠪᠡᠨ ᠬᠠᠳᠠᠭᠠᠯᠠᠭᠰᠠᠨ ᠴᠢᠯᠦᠭᠡᠲᠦ ᠭᠠᠵᠠᠷ ᠪᠠᠶᠢᠳᠠᠭ᠃ ᠲᠡᠦᠬᠡ ᠶᠢᠨ ᠳᠤᠷᠠᠰᠬᠠᠯᠲᠤ Kenwood House –ᠳ ᠵᠤᠨ ᠤ ᠰᠠᠷ᠎ᠠ ᠨᠤᠭᠤᠳ ᠲᠤ ᠨᠠᠭᠤᠷᠠᠨ ᠳᠡᠭᠡᠷ᠎ᠡ ᠪᠣᠯᠳᠠᠭ ᠰᠣᠩᠭᠣᠳᠠᠭ ᠬᠥᠭᠵᠢᠮ ᠦᠨ ᠲᠣᠭᠯᠠᠯᠲᠠ ᠪᠣᠯᠵᠤ ᠳᠣᠯᠣᠭ᠎ᠠ ᠬᠣᠨᠣᠭ ᠪᠦᠷᠢ ᠶᠢᠨ ᠰᠡᠭᠦᠯᠡᠷ ᠲᠠᠶᠢᠰᠠ ᠵᠠᠰᠠᠯ᠂ ᠭᠠᠯ ᠳᠤ ᠨᠠᠭᠠᠳᠤᠮ᠂ ᠬᠥᠭᠵᠢᠮ ᠢᠶᠡᠷ ᠢᠶᠡᠨ ᠮᠢᠩᠭ᠎ᠠ ᠮᠢᠩᠭᠠᠨ ᠬᠦᠮᠦᠨ ᠦ ᠰᠣᠨᠢᠷᠬᠠᠯ ᠢ ᠲᠠᠲᠠᠵᠤ ᠪᠠᠶᠢᠳᠠᠭ᠃ ᠠᠶᠠᠯᠠᠯ ᠵᠢᠭᠤᠯᠴᠢᠯᠠᠯ ᠳᠤ 2003 ᠣᠨ ᠤ ᠯᠣᠨᠳᠣᠩ ᠤᠨ ᠬᠤᠪᠢ ᠤᠨ ᠦᠢᠯᠡᠳᠪᠦᠷᠢ ᠶᠢᠨ 350,000 ᠠᠵᠢᠯᠴᠢᠳ ᠤᠨ ᠪᠦᠲᠦᠨ ᠴᠠᠭ ᠢᠶᠠᠷ ᠠᠵᠢᠯᠯᠠᠭᠰᠠᠨ ᠲᠠᠢ ᠲᠡᠩᠴᠡᠭᠦᠦ ᠬᠡᠮᠵᠢᠶᠡᠨ ᠦ ᠪᠤᠶᠤ ᠵᠢᠯ ᠳᠤ ᠣᠶᠢᠷᠠᠯᠴᠠᠭ᠎ᠠ ᠪᠠᠷ 15 ᠲᠡᠷᠪᠤᠮ ᠫᠠᠦᠨᠳ᠋ ᠍ ᠤᠨ ᠵᠠᠷᠤᠳᠠᠯ ᠭᠠᠷᠭᠠᠳᠠᠭ᠃ 2007 ᠣᠨ ᠤ 10 ᠳ᠋ᠤᠭᠠᠷ ᠰᠠᠷ᠎ᠠ ᠳᠤ ᠯᠣᠨᠳᠣᠨ ᠨᠢ ᠳᠡᠯᠡᠬᠡᠢ ᠶᠢᠨ ᠬᠠᠮᠤᠭ ᠤᠨ ᠠᠯᠳᠠᠷᠲᠠᠢ 150 ᠬᠣᠲᠠ ᠶᠢ ᠲᠡᠷᠢᠭᠦᠯᠡᠵᠦ 2006 ᠣᠨ ᠳᠤ 15,6 ᠰᠠᠶ᠎ᠠ ᠵᠢᠭᠤᠯᠴᠢᠳ ᠤᠨ ᠰᠣᠨᠢᠷᠬᠠᠯ ᠢ ᠲᠠᠲᠠᠵᠤ ᠴᠢᠳᠠᠭᠰᠠᠨ᠃ ᠯᠣᠨᠳᠣᠩ ᠤᠨ ᠳᠠᠷᠠᠭ᠎ᠠ ᠪᠠᠩ ᠢᠺᠣᠩ (10.35 ᠰᠠᠶ᠋ᠢ) 2 ᠳ᠋ᠤᠭᠠᠷ ᠪᠠᠶᠢᠷᠢᠨ ᠳᠤ᠂ ᠫᠠᠷᠢᠰ ᠬᠣᠲᠠ (ᠳᠥᠩᠭᠡᠵᠢ 9.7 ᠰᠠᠶ᠎ᠠ) ᠍ ᠢᠶᠠᠷ 3 ᠳ᠋ᠤᠭᠠᠷ ᠪᠠᠶᠢᠷᠢᠨ ᠳᠤ ᠰᠢᠯᠭᠠᠷᠠᠵᠠᠢ᠃ ᠨᠢᠭᠡᠳᠦᠭᠰᠡᠨ ᠸᠠᠩᠲᠤ ᠤᠯᠤᠰ ᠤᠨ ᠬᠣᠶᠠᠷ ᠳ᠋ᠡᠬᠢ ᠲᠣᠮᠣ ᠪᠣᠭᠣᠮᠲᠠ ᠨᠢ ᠵᠢᠯ ᠳᠤ 53 ᠰᠠᠶ᠎ᠠ ᠲᠣᠨ ᠠᠴᠢᠶ᠎ᠠ ᠶᠢ ᠵᠥᠭᠡᠭᠡᠵᠦ ᠲᠡᠭᠡᠭᠡᠪᠦᠷᠢᠯᠡᠳᠡᠭ᠃

ᠲᠡᠭᠡᠭᠡᠪᠦᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠯᠣᠨᠳᠣᠩ ᠤᠨ ᠲᠡᠭᠡᠭᠡᠪᠦᠷᠢ ᠪᠠ ᠶᠠᠪᠠᠭᠠᠨ ᠢᠶᠠᠷ ᠪᠣᠯᠤᠨ ᠳᠤᠭᠤᠢ ᠪᠠᠷ ᠶᠠᠪᠤᠬᠤ ᠠᠰᠠᠭᠤᠳᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠡᠭᠡᠭᠡᠪᠦᠷᠢ ᠪᠣᠯ ᠯᠣᠨᠳᠣᠨ ᠬᠣᠲᠠ ᠶᠢᠨ ᠵᠠᠬᠢᠷᠤᠭᠴᠢ ᠶᠢᠨ ᠠᠯᠪᠠ ᠪᠠᠷ ᠤᠳᠤᠷᠢᠳᠤᠭᠤᠯᠳᠠᠭ 4 ᠭᠠᠵᠠᠷ ᠤᠨ ᠨᠢᠭᠡ ᠪᠣᠯᠪᠠᠴᠤ ᠵᠠᠬᠢᠷᠤᠭᠴᠢ ᠶᠢᠨ ᠰᠠᠩᠬᠦᠦ ᠶᠢᠨ ᠬᠢᠨᠠᠯᠲᠠ ᠨᠢ ᠬᠢᠵᠠᠭᠠᠷ ᠲᠠᠢ ᠤᠴᠢᠷ ᠠᠴᠠ ᠲᠡᠮᠦᠷ ᠵᠠᠮ ᠤᠨ ᠰᠦᠯᠵᠢᠶ᠎ᠡ ᠶᠢ ᠪᠦᠷᠢᠨ ᠬᠢᠨᠠᠵᠤ ᠴᠢᠳᠠᠳᠠᠭ ᠦᠭᠡᠢ᠃ 2007 ᠣᠨ ᠤ 11 ᠳ᠋ᠦᠭ ᠢᠶᠡᠷ ᠰᠠᠷ᠎ᠠ ᠳᠤ ᠲᠡᠷᠡ ᠪᠡᠷ ᠬᠣᠶᠢᠳᠤ ᠴᠢᠭᠯᠡᠯ ᠦᠨ ᠮᠧᠲ᠋ᠷᠣᠨ ᠤ ᠵᠠᠮ ᠢ ᠯᠣᠨᠳᠣᠩ ᠤᠨ ᠭᠠᠵᠠᠷ ᠳᠡᠭᠡᠷᠡᠬᠢ ᠲᠡᠮᠦᠷ ᠵᠠᠮ ᠤᠨ ᠰᠦᠯᠵᠢᠶᠡᠨ ᠦ ᠠᠳᠠᠯᠢ ᠬᠡᠳᠦ ᠬᠡᠳᠦᠨ ᠰᠢᠨ᠎ᠡ ᠥᠭᠡᠷ᠎ᠡ ᠴᠢᠭᠯᠡᠯ ᠦᠳ ᠢ ᠪᠠᠷᠢᠬᠤ ᠪᠣᠯᠤᠮᠵᠢ ᠶᠢ ᠰᠤᠳᠤᠯᠤᠭᠰᠠᠨ᠃ ᠨᠡᠶᠢᠲᠡ ᠶᠢᠨ ᠲᠡᠭᠡᠭᠡᠪᠦᠷᠢ ᠶᠢᠨ ᠰᠦᠯᠵᠢᠶ᠎ᠡ ᠨᠢ ᠳᠡᠯᠡᠬᠡᠢ ᠳᠡᠭᠡᠷᠡᠬᠢ ᠬᠠᠮᠤᠭ ᠤᠨ ᠥᠷᠭᠡᠨ ᠠᠭᠤᠳᠠᠮ ᠭᠠᠵᠠᠷ ᠢ ᠬᠠᠮᠤᠷᠤᠭᠰᠠᠨ ᠰᠦᠯᠵᠢᠶᠡᠨ ᠦ ᠨᠢᠭᠡ ᠪᠠ ᠯᠣᠨᠳᠣᠩ ᠤᠨ ᠲᠡᠭᠡᠭᠡᠪᠦᠷᠢ ᠶᠢᠨ ᠭᠠᠵᠠᠷ ᠢᠶᠠᠷ ᠤᠳᠤᠷᠢᠳᠤᠭᠤᠯᠳᠠᠭ᠃ ᠡᠨᠡ ᠨᠢ ᠣᠯᠢᠮᠫᠣᠳ ᠵᠣᠷᠢᠭᠤᠯᠵᠤ 7 ᠲᠡᠷᠪᠤᠮ ᠹᠦᠨᠲ ᠰᠲ᠋ᠧᠷᠯᠢᠩ ᠦᠨ (10 ᠲᠡᠷᠪᠤᠮ ᠧᠦ᠋ᠷᠣ) ᠬᠥᠭᠵᠢᠯ ᠦᠨ ᠲᠥᠯᠥᠪᠯᠡᠭᠡ ᠶᠢ ᠪᠠᠭᠲᠠᠭᠠᠭᠰᠠᠨ᠂ ᠵᠠᠮ ᠢ ᠬᠠᠶ᠋ᠢᠭᠵᠢᠭᠤᠯᠬᠤ ᠬᠥᠷᠥᠩᠭᠡ ᠣᠷᠣᠭᠤᠯᠤᠯᠲᠠ ᠶᠢᠨ ᠬᠥᠲᠥᠯᠪᠦᠷᠢ᠂ ᠵᠠᠮ ᠤᠨ ᠪᠥᠭᠯᠡᠷᠡᠯ ᠦᠨ ᠠᠰᠠᠭᠤᠳᠠᠯ᠂ ᠪᠤᠰᠤᠳ ᠠᠰᠠᠭᠤᠳᠠᠯ ᠤᠨ ᠨᠢᠭᠤᠷ ᠴᠢᠷᠠᠢ ᠨᠢ ᠪᠣᠯᠵᠤ ᠪᠠᠶᠢᠨ᠎ᠠ᠃ ᠯᠣᠨᠳᠣᠨ ᠨᠢ ᠬᠠᠮᠤᠭ ᠤᠨ ᠰᠠᠶᠢᠨ ᠨᠡᠶᠢᠲᠡ ᠶᠢᠨ ᠲᠡᠭᠡᠭᠡᠪᠦᠷᠢ ᠲᠡᠢ ᠬᠣᠳᠠ ᠳᠤ ᠲᠣᠭᠠᠴᠠᠭᠳᠠᠳᠠᠭ᠃ ᠳᠤᠭᠤᠢ ᠤᠨᠠᠬᠤ ᠶᠠᠪᠤᠳᠠᠯ ᠨᠢ ᠯᠣᠨᠳᠣᠩ ᠤᠨ ᠣᠷᠣᠰᠢᠨ ᠰᠠᠭᠤᠭᠴᠢᠳ ᠲᠤ ᠶᠡᠬᠡᠳᠡ ᠳᠡᠯᠭᠡᠷᠴᠢ ᠪᠠᠶᠢᠭ᠎ᠠ᠃ ᠯᠣᠨᠳᠣᠩ ᠤᠨ ᠳᠤᠭᠤᠢ ᠪᠠᠷ ᠵᠣᠷᠴᠢᠬᠤ ᠺᠣᠮᠫᠠᠨᠢ ᠳᠤ ᠠᠵᠢᠯ ᠳᠤ ᠬᠠᠮᠤᠭ ᠤᠨ ᠰᠠᠶᠢᠨ ᠪᠡᠯᠡᠳᠬᠡᠵᠦ ᠪᠠᠶᠢᠨ᠎ᠠ᠃

ᠲᠡᠮᠦᠷ ᠵᠠᠮ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠡᠯᠡᠬᠡᠢ ᠶᠢᠨ ᠬᠠᠮᠤᠭ ᠤᠨ ᠠᠩᠬᠠᠨ ᠤ ᠮᠧᠲ᠋ᠷᠣ᠋ ᠪᠣᠯᠬᠤ ᠯᠣᠨᠳᠣᠩ ᠤᠨ ᠮᠧᠲ᠋ᠷᠣᠨ ᠤ Paddington ᠍ ᠤ ᠪᠠᠭᠤᠳᠠᠯ ᠮᠧᠲ᠋ᠷᠣ᠋ ᠨᠢ st.Pancras International ᠵᠣᠭᠰᠣᠭᠠᠯ ᠠᠴᠠ ᠬᠥᠳᠡᠯᠵᠦ ᠰᠢᠭᠤᠳ Pairs ᠪᠣᠯᠤᠨ Liverpool ᠵᠣᠭᠰᠣᠭᠠᠯ ᠷᠤ ᠣᠴᠢᠳᠠᠭ᠃

ᠨᠡᠶᠢᠲᠡ ᠶᠢᠨ ᠲᠡᠭᠡᠭᠡᠪᠦᠷᠢ ᠶᠢᠨ ᠰᠦᠯᠵᠢᠶᠡᠨ ᠦ ᠭᠣᠣᠯ ᠬᠡᠰᠡᠭ ᠨᠢ 11 ᠴᠢᠭᠯᠡᠯ ᠡᠴᠡ ᠪᠦᠷᠢᠳᠦᠭᠰᠡᠨ ᠯᠣᠨᠳᠣᠩ ᠤᠨ ᠮᠧᠲ᠋ᠷᠣ᠋ ᠶᠤᠮ᠃ ᠡᠨᠡ ᠨᠢ 1863 ᠣᠨ ᠠᠴᠠ ᠦᠢᠯᠡ ᠠᠵᠢᠯᠯᠠᠭ᠎ᠠ ᠶᠢ ᠪᠠᠨ ᠡᠬᠢᠯᠡᠭᠰᠡᠨ ᠪᠥᠭᠡᠳ ᠳᠡᠯᠡᠬᠡᠢ ᠶᠢᠨ ᠬᠠᠮᠤᠭ ᠤᠨ ᠠᠩᠬᠠᠨ ᠤ᠂ ᠬᠠᠮᠤᠭ ᠤᠨ ᠦᠨᠡᠲᠡᠢ᠂ ᠬᠠᠮᠤᠭ ᠤᠨ ᠤᠷᠲᠤ ᠮᠧᠲ᠋ᠷᠣᠨ ᠤ ᠨᠢᠭᠡ ᠶᠠᠭᠤᠮ᠎ᠠ᠃ ᠡᠨᠡ ᠮᠧᠲ᠋ᠷᠣ᠋ 1890 ᠣᠨ ᠠᠴᠠ ᠳᠡᠯᠡᠬᠡᠢ ᠶᠢᠨ ᠬᠠᠮᠤᠭ ᠤᠨ ᠠᠩᠬᠠᠨ ᠤ ᠭᠠᠵᠠᠷ ᠳᠣᠣᠷᠠᠬᠢ ᠴᠠᠬᠢᠯᠭᠠᠨ ᠵᠠᠮ ᠪᠣᠯᠬᠤ City & South London Railway ᠶᠤᠮ᠃ ᠮᠧᠲ᠋ᠷᠣ᠋ ᠍ ᠪᠠᠷ ᠡᠳᠦᠷ ᠲᠦ 3 ᠰᠠᠶ᠎ᠠ ᠭᠠᠷᠤᠢ᠂ ᠵᠢᠯ ᠳᠤ 1 ᠲᠡᠷᠪᠤᠮ ᠬᠦᠮᠦᠨ ᠵᠣᠷᠴᠢᠳᠠᠭ᠃ ᠡᠨᠡ ᠨᠢ ᠯᠣᠨᠳᠣᠨ ᠳᠤ ᠵᠢᠯ ᠳᠤ 244 ᠮᠢᠯ ᠭᠠᠵᠠᠷ ᠲᠤ ᠣᠶᠢᠷᠠᠯᠴᠠᠭ᠎ᠠ ᠪᠠᠷ 1,1 ᠲᠡᠷᠪᠤᠮ ᠬᠦᠮᠦᠨ ᠢ ᠵᠥᠭᠡᠭᠡᠪᠦᠷᠢᠯᠡᠳᠡᠭ ᠭᠡᠰᠡᠨ ᠦᠭᠡ ᠶᠤᠮ᠃ ᠬᠣᠲᠠ ᠶᠢᠨ ᠬᠠᠮᠤᠭ ᠤᠨ ᠠᠩᠬᠠᠨ ᠤ ᠮᠧᠲ᠋ᠷᠣ᠋ ᠨᠢ 1863 ᠣᠨ ᠳᠤ ᠨᠡᠭᠡᠭᠡᠭᠳᠡᠭᠰᠡᠨ ᠪᠥᠭᠡᠳ ᠥᠨᠥ ᠶᠢᠨ ᠪᠠᠶᠢᠳᠠᠯ ᠢᠶᠠᠷ ᠡᠨᠡ ᠨᠢ 500 ᠸᠠᠭᠣᠨ ᠪᠦᠬᠦᠢ 275 ᠵᠣᠭᠰᠣᠭᠠᠯ ᠲᠠᠢ ᠪᠣᠯᠲᠠᠯ᠎ᠠ ᠪᠠᠨ ᠥᠷᠭᠡᠵᠢᠭᠰᠡᠨ ᠪᠠᠶᠢᠨ᠎ᠠ᠃ ᠮᠧᠲ᠋ᠷᠣᠨ ᠤ ᠬᠠᠮᠤᠭ ᠤᠨ ᠠᠴᠢᠶᠠᠯᠠᠯ ᠲᠠᠢ ᠵᠣᠭᠰᠣᠭᠠᠯ ᠪᠣᠯᠬᠤ Waterloo ᠵᠣᠭᠰᠣᠭᠠᠯ ᠨᠢ ᠥᠷᠯᠥᠭᠡ ᠢᠳᠡ ᠠᠴᠢᠶᠠᠯᠠᠯ ᠤᠨ ᠦᠶ᠎ᠡ ᠳᠦ 46,000 ᠵᠣᠷᠴᠢᠭᠴᠢᠳ ᠲᠤ ᠦᠢᠯᠡᠴᠢᠯᠡᠳᠡᠭ᠃ ᠮᠧᠲ᠋ᠷᠣ᠋ ᠨᠢ ᠨᠡᠶᠢᠲᠡ ᠳᠦ ᠪᠡᠨ 412 ᠴᠠᠬᠢᠯᠭᠠᠨ ᠱᠠᠲᠤ ᠪᠠ 112 ᠯᠢᠹᠲ ᠢ ᠵᠠᠮ ᠤᠨ ᠪᠥᠭᠯᠡᠷᠡᠯ ᠡᠴᠡ ᠬᠠᠮᠠᠭᠠᠯᠠᠵᠤ ᠪᠠᠶᠢᠳᠠᠭ᠃

ᠠᠦ᠋ᠲ᠋ᠣ᠋ ᠵᠠᠮ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠥᠪ ᠯᠣᠨᠳᠣᠨ ᠲᠠᠢ ᠬᠣᠯᠪᠣᠭᠳᠠᠭᠰᠠᠨ ᠬᠣᠲᠠ ᠶᠢᠨ ᠵᠠᠬ᠎ᠠ ᠳᠤ ᠪᠠᠶᠢᠳᠠᠭ ᠨᠡᠶᠢᠲᠡ ᠶᠢᠨ ᠡᠵᠡᠮᠰᠢᠯ ᠦᠨ ᠭᠠᠵᠠᠷ ᠷᠤ ᠶᠠᠪᠤᠳᠠᠭ ᠵᠠᠮ ᠢᠶᠠᠷ ᠶᠡᠬᠡᠩᠬᠢ ᠳᠦ ᠪᠡᠨ ᠮᠠᠰᠢᠨ ᠪᠣᠯᠤᠨ ᠨᠡᠶᠢᠲᠡ ᠶᠢᠨ ᠲᠡᠭᠡᠭᠡᠪᠦᠷᠢ ᠶᠢᠨ ᠬᠡᠷᠡᠭᠰᠡᠯ ᠦᠳ ᠶᠠᠪᠤᠳᠠᠭ᠃ ᠬᠣᠲᠠ ᠶᠢᠨ ᠲᠥᠪ ᠦᠨ ᠵᠠᠮ ᠪᠠ ᠬᠣᠲᠠ ᠶᠢᠨ ᠡᠮᠦᠨᠡᠲᠦ ᠪᠣᠯᠤᠨ ᠬᠣᠶᠢᠳᠤ ᠵᠠᠬ᠎ᠠ ᠷᠤ ᠶᠠᠪᠤᠳᠠᠭ ᠵᠠᠮ ᠤᠳ ᠨᠢ ᠰᠢᠯᠤᠭᠤᠨ ᠪᠠ ᠲᠣᠭᠣᠷᠢᠭ ᠬᠡᠯᠪᠡᠷᠢ ᠪᠡᠷ ᠪᠠᠶᠢᠳᠠᠭ ᠪᠥᠭᠡᠳ ᠠᠭᠤᠯᠵᠠᠪᠤᠷᠢ ᠨᠤᠭᠤᠳ ᠨᠢ ᠲᠣᠭᠣᠷᠢᠭ ᠬᠡᠯᠪᠡᠷᠢ ᠪᠡᠷ ᠣᠭᠲᠣᠯᠴᠠᠳᠠᠭ᠃ ᠮ 25 ᠳ᠋ᠤᠭᠠᠷ ᠲᠠᠢ ᠵᠠᠮ ᠨᠢ ᠬᠠᠮᠤᠭ ᠤᠨ ᠤᠷᠲᠤ ᠰᠢᠯᠤᠭᠤᠨ ᠵᠠᠮ ᠪᠥᠭᠡᠳ ᠡᠨᠡ ᠨᠢ 121,5 ᠮᠢᠯ ᠪᠤᠶᠤ 195.5 ᠺᠢᠯᠣᠮᠧᠲ᠋ᠷ ᠶᠤᠮ᠃ ᠬᠣᠲᠠ ᠶᠢᠨ ᠰᠢᠯᠤᠭᠤᠨ ᠵᠠᠮ ᠤᠨ ᠰᠦᠯᠵᠢᠶᠡᠨ ᠦ ᠳᠡᠯᠭᠡᠷᠡᠩᠭᠦᠢ ᠪᠦᠳᠦᠭᠦᠪᠴᠢ ᠵᠢᠷᠤᠭ ᠢ ᠠᠩᠬ᠎ᠠ 1960 ᠣᠨ ᠳᠤ ᠪᠡᠯᠡᠳᠬᠡᠭᠰᠡᠨ ᠪᠥᠭᠡᠳ ᠡᠨᠡ ᠠᠵᠢᠯ 1970 ᠣᠨ ᠠᠴᠠ ᠲᠠᠰᠤᠯᠳᠠᠭᠰᠠᠨ᠃ 2003 ᠣᠨ ᠳᠤ ᠬᠣᠲᠠ ᠶᠢᠨ ᠲᠥᠪ ᠦᠨ ᠵᠠᠮ ᠤᠨ ᠬᠥᠳᠡᠯᠭᠡᠭᠡᠨ ᠦ ᠪᠠᠭᠲᠠᠭᠠᠮᠵᠢ ᠪᠠᠭᠤᠷᠴᠢ ᠪᠥᠭᠯᠡᠷᠡᠯ ᠡᠭᠦᠰᠴᠢ ᠪᠠᠶᠢᠭ᠎ᠠ ᠲᠠᠢ ᠲᠠᠨᠢᠯᠴᠠᠵᠤ᠂ ᠬᠢᠨᠠᠵᠤ ᠪᠠᠶᠢᠭᠰᠠᠨ᠃ ᠴᠥᠭᠡᠨ ᠵᠢᠱᠢᠶ᠎ᠡ ᠳᠤᠷᠢᠳᠬᠤ ᠳᠤ ᠵᠢᠯᠣᠭᠣᠴᠢ ᠨᠠᠷ ᠲᠥᠪ ᠯᠣᠨᠳᠣᠩ ᠤᠨ ᠬᠠᠮᠤᠭ ᠤᠨ ᠶᠡᠬᠡ ᠲᠦᠭᠵᠢᠷᠡᠯ ᠲᠡᠢ ᠵᠠᠮ ᠤᠳ ᠢᠶᠠᠷ ᠶᠠᠪᠤᠬᠤ ᠳᠤ ᠪᠠᠨ ᠡᠳᠦᠷ ᠲᠦ 8 ᠫᠠᠤᠨ ᠳᠤ ᠲᠥᠯᠥᠬᠦ ᠶᠢ ᠱᠠᠭᠠᠷᠳᠠᠳᠠᠭ ᠪᠣᠯᠤᠭᠰᠠᠨ᠃ ᠬᠣᠲᠠ ᠶᠢᠨ ᠪᠠᠶᠢᠩᠭᠤ ᠲᠦᠭᠵᠢᠷᠡᠯ ᠡᠭᠦᠰᠳᠡᠭ ᠳᠡᠭᠦᠷᠭᠡ ᠳᠦ ᠣᠷᠣᠰᠢᠨ ᠰᠠᠭᠤᠳᠠᠭ ᠵᠢᠯᠣᠭᠣᠴᠢ ᠨᠠᠷ ᠲᠤ ᠮᠠᠰᠢᠨ ᠢᠶᠠᠨ ᠲᠠᠯᠪᠢᠭᠠᠳ ᠨᠡᠶᠢᠲᠡ ᠶᠢᠨ ᠲᠡᠭᠡᠭᠡᠪᠦᠷᠢ ᠪᠡᠷ ᠶᠠᠪᠤᠬᠤ ᠨᠢ ᠬᠢᠮᠳᠠ ᠲᠥᠰᠥᠷ ᠪᠣᠯᠤᠭᠰᠠᠨ᠃ ᠮ 25 ᠳ᠋ᠤᠭᠠᠷ ᠲᠠᠢ ᠵᠠᠮ ᠨᠢ ᠬᠠᠮᠤᠭ ᠤᠨ ᠶᠡᠬᠡ ᠠᠴᠢᠶᠠᠯᠠᠯ ᠲᠠᠢ ᠬᠣᠲᠠ ᠠᠴᠠ ᠭᠠᠷᠳᠠᠭ ᠰᠢᠯᠤᠭᠤᠨ ᠵᠠᠮ ᠪᠠ ᠯᠣᠨᠳᠣᠨ ᠪᠣᠯ ᠵᠠᠮ ᠤᠨ ᠵᠠᠰᠠᠷᠠᠰᠢ ᠦᠭᠡᠢ ᠲᠦᠭᠵᠢᠷᠡᠯ ᠲᠡᠢ ᠬᠣᠲᠠ ᠶᠤᠮ᠃ ᠮᠠᠰᠢᠨ ᠤ ᠳᠤᠮᠳᠠᠴᠢ ᠬᠤᠷᠳᠤ ᠨᠢ ᠴᠠᠭ ᠲᠤ 10,6 ᠺᠢᠯᠣᠮᠧᠲ᠋ᠷ/ᠴᠠᠭ ᠪᠠᠶᠢᠳᠠᠭ᠃

ᠬᠥᠭᠵᠢᠮ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠯᠣᠨᠳᠣᠨ ᠪᠣᠯ ᠰᠣᠩᠭᠣᠳᠠᠭ ᠪᠠ ᠠᠷᠠᠳ ᠤᠨ ᠤᠷᠠᠯᠢᠭ᠂ ᠤᠷᠠᠯᠢᠭ ᠤᠨ ᠬᠠᠮᠲᠤᠯᠢᠭ᠂ ᠮᠡᠷᠭᠡᠵᠢᠯ ᠦᠨ ᠬᠥᠭᠵᠢᠮᠴᠢᠳ ᠪᠣᠯᠤᠨ ᠬᠥᠭᠵᠢᠮ ᠦᠨ ᠮᠡᠷᠭᠡᠵᠢᠯᠲᠡᠨ ᠨᠦᠭᠦᠳ ᠪᠡᠯᠡᠳᠬᠡᠬᠦ EMI ᠭᠡᠬᠦ ᠮᠡᠲᠦ ᠬᠥᠭᠵᠢᠮ ᠦᠨ ᠺᠣᠮᠫᠠᠨᠢ ᠨᠤᠭᠤᠳ ᠤᠨ ᠭᠣᠣᠯ ᠲᠥᠪ ᠨᠢ ᠶᠠᠭᠤᠮ᠎ᠠ᠃ ᠯᠣᠨᠳᠣᠨ ᠪᠣᠯ Barbican Arts Centre, Cadogan Hall, Royal Albert Hall ᠵᠡᠷᠭᠡ ᠣᠯᠠᠨ ᠨᠠᠶᠢᠷᠠᠯ ᠬᠥᠭᠵᠢᠮ᠂ ᠬᠠᠮᠲᠤᠯᠢᠭ ᠤᠳ ᠤᠨ ᠭᠣᠣᠯ ᠭᠡᠷ ᠨᠢ ᠶᠤᠮ᠃ ᠯᠣᠨᠳᠣᠨ ᠳᠤ Royal Opera House ᠪᠠ Coliseum Theatre ᠭᠡᠳᠡᠭ ᠳᠠᠭᠤᠷᠢ ᠶᠢᠨ ᠬᠣᠶᠠᠷ ᠲᠢᠶᠠᠲ᠋ᠷ ᠪᠠᠶᠢᠳᠠᠭ᠃ ᠯᠣᠨᠳᠣᠨ ᠪᠣᠯ Royal Opera ᠣᠷᠳᠣᠨ ᠳᠤ ᠪᠠᠶᠢᠳᠠᠭ ᠨᠢᠭᠡᠳᠦᠭᠰᠡᠨ ᠸᠠᠩᠲᠤ ᠤᠯᠤᠰ ᠤᠨ ᠬᠠᠮᠤᠭ ᠤᠨ ᠲᠣᠮᠣ ᠣᠷᠭᠠᠨ ᠬᠥᠭᠵᠢᠮ ᠦᠨ ᠭᠡᠷ ᠨᠢ ᠶᠤᠮ᠃ ᠪᠤᠰᠤᠳ ᠭᠣᠣᠯ ᠬᠥᠭᠵᠢᠮ ᠦᠨ ᠵᠢᠮᠰᠡᠭ ᠦᠳ ᠨᠢ ᠦᠨᠳᠦᠰᠦᠨ ᠪᠣᠯᠤᠨ ᠴᠣᠭᠴᠢᠨ ᠳᠤᠭᠠᠩ ᠰᠦᠮ᠎ᠡ ᠨᠦᠭᠦᠳ ᠲᠦ ᠪᠠᠶᠢᠷᠢᠯᠠᠳᠠᠭ᠃

ᠰᠫᠣᠷᠲ[ᠵᠠᠰᠠᠪᠤᠷᠢᠯᠠᠬᠤ | ᠺᠣᠳ᠋ ᠢᠶᠠᠷ ᠵᠠᠰᠠᠬᠣ]

Wembley ᠴᠡᠩᠭᠡᠯᠳᠦᠬᠦ ᠬᠦᠷᠢᠶᠡᠯᠡᠩ ᠪᠣᠯ ᠠᠩᠭᠯᠢ ᠶᠢᠨ ᠬᠥᠯ ᠪᠥᠮᠪᠥᠭᠡ ᠶᠢᠨ ᠭᠠᠯ ᠭᠣᠯᠣᠮᠲᠠ ᠪᠠ ᠳᠡᠯᠡᠬᠡᠢ ᠶᠢᠨ ᠬᠠᠮᠤᠭ ᠤᠨ ᠦᠨᠡᠲᠡᠢ ᠴᠡᠩᠭᠡᠯ ᠳᠦ ᠬᠢ ᠬᠦᠷᠢᠶᠡᠯᠡᠩ ᠪᠥᠭᠡᠳ Wimbledon ᠍ ᠤ ᠠᠪᠤᠷᠭᠤ ᠰᠢᠯᠭᠠᠷᠠᠭᠤᠯᠬᠤ ᠪᠣᠯᠤᠨ Grand Slam ᠍ ᠤᠨ ᠲᠧᠨᠨᠢᠰᠦᠨ ᠦ ᠲᠡᠮᠡᠴᠡᠭᠡᠨ ᠵᠣᠬᠢᠶᠠᠨ ᠪᠠᠶᠢᠭᠤᠯᠤᠭᠳᠠᠳᠠᠭ᠃ ᠯᠣᠨᠳᠣᠨ ᠵᠤᠨ ᠤ ᠣᠯᠢᠮᠫᠢᠺ ᠢ 1908 ᠪᠠ 1948 ᠣᠨ ᠨᠤᠭᠤᠳ ᠲᠤ 2 ᠤᠳᠠᠭ᠎ᠠ ᠵᠣᠬᠢᠶᠠᠨ ᠪᠠᠶᠢᠭᠤᠯᠤᠭᠰᠠᠨ᠃ 2005 ᠣᠨ ᠤ ᠳᠣᠯᠣᠳᠤᠭᠠᠷ ᠰᠠᠷ᠎ᠠ ᠳᠤ 2012 ᠣᠨ ᠤ ᠨᠠᠭᠠᠳᠤᠮ ᠢ ᠵᠣᠬᠢᠶᠠᠨ ᠪᠠᠶᠢᠭᠤᠯᠬᠤ ᠪᠠᠷ ᠰᠣᠩᠭᠣᠭᠳᠠᠭᠰᠠᠨ ᠪᠠ ᠳᠡᠯᠡᠬᠡᠢ ᠳᠦ ᠵᠤᠨ ᠤ ᠣᠯᠢᠮᠫᠢᠺ ᠢ 3 ᠳᠠᠬᠢ ᠤᠳᠤᠭ᠎ᠠ ᠪᠠᠨ ᠵᠣᠬᠢᠶᠠᠵᠤ ᠪᠠᠶᠢᠭ᠎ᠠ ᠠᠩᠬᠠᠨ ᠤ ᠬᠣᠲᠠ ᠶᠤᠮ᠃ ᠮᠥᠨ ᠯᠣᠨᠳᠣᠨ 1934 ᠣᠨ ᠳᠤ British Empire Games ᠵᠣᠬᠢᠶᠠᠨ ᠪᠠᠶᠢᠭᠤᠯᠤᠭᠰᠠᠨ᠃

ᠯᠣᠨᠳᠣᠨ ᠳᠤ ᠰᠫᠣᠷᠲ ᠤᠨ ᠶᠡᠬᠡᠩᠬᠢ ᠬᠦᠮᠦᠨ ᠨᠢ ᠬᠥᠯ ᠪᠥᠮᠪᠥᠭᠡ ᠲᠣᠭᠯᠠᠳᠠᠭ᠃ ᠯᠣᠨᠳᠣᠨ ᠪᠣᠯ ᠭᠤᠴᠢᠨ ᠬᠥᠯ ᠪᠥᠮᠥᠪ ᠶᠢᠨ ᠺ ᠯᠪ ᠬᠣᠯᠪᠣᠭ᠎ᠠ ᠲᠠᠢ ᠪᠠ ᠡᠭᠦᠨ ᠳᠦ Arsenal, Chelsea, Fulham, Tottenham Hotspur ᠪᠠ West Ham United ᠲᠠᠪᠤᠨ ᠺ ᠯᠪ ᠲᠡᠷᠢᠭᠦᠯᠡᠳᠡᠭ᠃ ᠮᠥᠨ ᠯᠣᠨᠳᠣᠨ Guinness Premiership ᠳᠥᠷᠪᠡᠨ ᠷᠠᠭᠦᠪᠢ ᠡᠪᠯᠡᠯ ᠪᠠᠭ ᠤᠳ (London Irish, Saracens, Wasps ᠪᠠ Harlequins) ᠪᠠᠶᠢᠳᠠᠭ ᠴᠤ᠂ ᠣᠳᠣ ᠯᠣᠨᠳᠣᠨ ᠳᠤ ᠵᠥᠪᠬᠡᠨ Harlequins ᠲᠣᠭᠯᠠᠳᠠᠭ (ᠣᠳᠣ ᠶᠡᠬᠡ ᠯᠣᠨᠳᠣᠨ ᠠᠴᠠ ᠭᠤᠷᠪᠠᠨ ᠪᠠᠭ ᠲᠣᠭᠯᠠᠵᠤ ᠪᠠᠶᠢᠭ᠎ᠠ ᠴᠤ ᠮ 25 ᠍ ᠳᠦ Saracens still ᠪᠠᠭᠲᠤᠭᠰᠠᠨ᠃) ᠯᠣᠨᠳᠣᠨ ᠳᠤ ᠬᠣᠶᠠᠷ ᠮᠡᠷᠭᠡᠵᠢᠯ ᠦᠨ rugby league ᠺ ᠯᠪ ᠪᠠᠶᠢᠳᠠᠭ Harlequins Rugby League.

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: ᠯᠣᠨᠳᠣᠨ
http://wiki.uhaan.com/index.php?title=ᠯᠣᠨᠳᠣᠨ&oldid=443815》 ᠍  ᠡᠴᠡ ᠠᠪᠤᠭᠰᠠᠨ

ᠪᠢᠴᠢᠭᠡᠰᠦ