ᠯᠢᠳᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠺᠷᠣᠶᠧᠰᠤᠶᠢᠰ ᠬᠠᠭᠠᠨ ᠤ ᠦᠶ᠎ᠡ ᠶᠢᠨ ᠯᠢᠳᠢ᠂ ᠮᠠᠨ ᠤ ᠡᠷᠡᠨ ᠦ ᠡᠮᠦᠨ᠎ᠡVI ᠵᠠᠭᠤᠨ

ᠯᠢᠳᠢ (ᠠᠩᠭᠯᠢ ᠬᠡᠯᠡ:Lydia) ᠨᠢ ᠪᠠᠭ᠎ᠠ ᠠᠽᠢᠶ᠎ᠠ ᠍ ᠶᠢᠨ ᠪᠠᠷᠠᠭᠤᠨ ᠬᠡᠰᠡᠭ ᠦᠨ ᠡᠷᠲᠡᠨ ᠦ ᠨᠡᠷ᠎ᠡ ᠪᠥᠭᠡᠳ ᠥᠨᠥ ᠶᠢᠨ ᠲᠦᠷᠺ ᠤᠯᠤᠰ ᠤᠨ ᠢᠰᠮᠠᠷᠮᠠᠨᠢᠰᠠ ᠮᠤᠵᠢᠭᠤᠳᠠ ᠶᠤᠮ᠃ ᠡᠷᠲᠡ ᠴᠠᠭ ᠤᠭ ᠪᠥᠰᠡ ᠨᠤᠲᠤᠭ ᠤᠨ ᠨᠡᠶᠢᠰᠯᠡᠯ ᠨᠢ ᠰᠠᠷᠳᠢᠰ ᠬᠣᠲᠠ ᠪᠠᠶᠢᠴᠠᠢ᠃ ᠯᠢᠳ ᠦᠨ ᠬᠠᠭᠠᠳ ᠪᠦᠬᠦ ᠪᠠᠷᠠᠭᠤᠨ ᠠᠨᠠᠲ᠋ᠣᠯᠢ ᠍ ᠶᠢ ᠥᠪᠡᠷ ᠦᠨ ᠡᠷᠬᠡᠰᠢᠶᠡᠯ ᠳᠦ ᠪᠡᠨ ᠣᠷᠣᠭᠤᠯᠤᠭᠰᠠᠨ ᠤᠯᠤᠰ ᠢ ᠪᠠᠶᠢᠭᠤᠯᠵᠤ ᠪᠠᠶᠢᠪᠠ᠃ ᠯᠢᠳ ᠢ ᠬᠣᠵᠢᠮ ᠨᠢ ᠷᠤᠮᠠᠨᠢᠶ ᠠ ᠮᠤᠵᠢ ᠬᠡᠮᠡᠨ ᠨᠡᠷᠡᠯᠡᠳᠡᠭ ᠪᠣᠯᠵᠠᠢ᠃ ᠮᠠᠨ ᠤ ᠡᠷᠡᠨ ᠦ ᠡᠮᠦᠨ᠎ᠡ 660 ᠣᠨ ᠤ ᠣᠷᠴᠢᠮ ᠳᠤ ᠤᠭ ᠨᠤᠲᠤᠭ ᠲᠤ ᠵᠣᠭᠣᠰᠤᠨ ᠮᠥᠩᠭᠥ ᠶᠢ ᠠᠩᠬ᠎ᠠ ᠪᠤᠢ ᠪᠣᠯᠭᠠᠭᠰᠠᠨ ᠢᠶᠠᠷ ᠢᠶᠠᠨ ᠠᠯᠳᠠᠷᠰᠢᠵᠠᠢ᠃

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠯᠢᠳᠢ ᠨᠤᠲᠤᠭ

ᠯᠢᠳ ᠦᠨ ᠬᠢᠯᠢ ᠬᠢᠵᠠᠭᠠᠷ ᠵᠠᠭᠤᠨ ᠳᠠᠮᠵᠢᠨ ᠥᠭᠡᠷᠡᠴᠢᠯᠡᠭᠳᠡᠭᠰᠡᠭᠡᠷ ᠢᠷᠡᠵᠡᠢ᠃ ᠠᠩᠬ᠎ᠠ ᠢᠶᠤᠨ ᠤ ᠲᠡᠩᠭᠢᠰᠡᠶᠢᠨ ᠡᠷᠭᠢ ᠬᠠᠪ ᠤᠨ ᠮᠢᠰ ᠦ᠂ ᠺᠠᠷᠢ᠂ ᠹᠷᠢᠭ ᠤᠨ ᠭᠠᠵᠠᠷ ᠨᠤᠲᠤᠭ ᠢ ᠬᠠᠮᠤᠷᠤᠭᠰᠠᠨ ᠪᠠᠶᠢᠳᠠᠭ ᠪᠠᠶᠢᠴᠠᠢ᠃ ᠠᠯᠢᠲᠲ᠋ᠧᠰ ᠪᠣᠯᠤᠨ ᠺᠷᠣᠶᠧᠰᠤᠶᠢᠰ ᠬᠠᠭᠠᠨᠢ ᠦᠶ᠎ᠡ ᠳᠦ ᠰᠠᠷᠳᠢᠰ ᠲᠤ ᠲᠥᠪ ᠲᠡᠢ ᠬᠦᠴᠦᠷᠬᠡᠭ ᠬᠠᠭᠠᠨ ᠳᠤ ᠤᠯᠤᠰ ᠤᠳ ᠪᠤᠢ ᠪᠣᠯᠵᠤ ᠭᠠᠵᠠᠷ ᠨᠤᠲᠤᠭ ᠢᠶᠠᠨ ᠦᠯᠡᠮᠵᠢ ᠲᠡᠯᠡᠵᠦ᠂ ᠪᠠᠭ᠎ᠠ ᠠᠽᠢᠶ᠎ᠠ ᠍ ᠶᠢᠨ ᠪᠠᠷᠠᠭᠤᠨ ᠬᠡᠰᠡᠭ ᠢ ᠲᠡᠷᠡ ᠴᠢᠭ ᠢᠶᠡᠷ ᠨᠢ ᠬᠢᠨᠠᠯᠲᠠᠨ ᠳᠤ ᠪᠠᠨ ᠠᠪᠴᠠᠢ᠃ ᠡᠨᠡ ᠦᠶᠡᠰ ᠡᠬᠢᠯᠡᠨ ᠪᠠᠭ᠎ᠠ ᠠᠽᠢᠶ᠎ᠠ ᠶᠢᠨ ᠪᠠᠷᠠᠭᠤᠨ ᠬᠡᠰᠡᠭ ᠢ ᠯᠢᠳᠢ ᠭᠡᠵᠦ ᠨᠡᠷᠡᠯᠡᠳᠡᠭ ᠪᠣᠯᠵᠠᠢ᠃

ᠬᠡᠯᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠯᠢᠳ ᠦᠨ ᠬᠡᠯᠡ ᠨᠢ ᠡᠨᠡᠳᠬᠡᠭ-ᠧᠦ᠋ᠷᠣᠫᠠ ᠬᠡᠯᠡᠨ ᠦ ᠠᠨᠠᠲ᠋ᠣᠯ ᠤᠨ ᠬᠡᠯᠡᠨ ᠦ ᠪᠦᠯᠦᠭ᠂ ᠯᠤᠪᠢ ᠪᠠᠨ ᠪᠣᠯᠤᠨ ᠬᠢᠲ᠋ᠲ᠋ᠢᠲ ᠬᠡᠯᠡᠨ ᠨᠦᠭᠦᠳ ᠡᠴᠡ ᠪᠦᠷᠢᠳᠳᠡᠭ᠃ ᠯᠢᠳᠢᠴᠦᠳ ᠮᠠᠨ ᠤ ᠡᠷᠡᠨ ᠦ ᠡᠮᠦᠨ᠎ᠡ I ᠵᠠᠭᠤᠨ ᠬᠦᠷᠲᠡᠯ᠎ᠡ ᠤᠭ ᠬᠡᠯᠡ ᠨᠦᠭᠦᠳ ᠢᠶᠡᠷ ᠶᠠᠷᠢᠵᠠᠭᠠᠳᠠᠭ ᠪᠠᠶᠢᠴᠠᠢ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠷᠲᠡᠨ ᠦ ᠲᠡᠦᠬᠡ: ᠮᠠᠶᠣᠨᠢ ᠪᠠ ᠯᠢᠳᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠷᠪᠠᠨ ᠲᠠᠪᠤᠳᠤᠭᠠᠷ ᠵᠠᠭᠤᠨ ᠤ ᠦᠶ᠎ᠡ ᠶᠢᠨ ᠯᠢᠳᠢᠭ ᠬᠠᠷᠠᠭᠤᠯᠤᠭᠰᠠᠨ ᠭᠠᠵᠠᠷ ᠤᠨ ᠵᠢᠷᠤᠭ

ᠮᠠᠨ ᠤ ᠡᠷᠡᠨ ᠦ ᠡᠮᠦᠨ᠎ᠡ ᠳᠣᠯᠤᠳᠤᠭᠠᠷ ᠵᠠᠭᠤᠨ ᠤ ᠦᠶ᠎ᠡ ᠳᠦ ᠬᠢᠲ᠋ᠲ᠋ᠢᠲ ᠡᠵᠡᠨᠲᠦ ᠤᠯᠤᠰ ᠮᠥᠬᠥᠬᠦ ᠳᠦ ᠲᠡᠭᠦᠨ ᠦ ᠰᠠᠭᠤᠷᠢᠨ ᠳᠡᠭᠡᠷ᠎ᠡ ᠰᠢᠨ᠎ᠡ ᠬᠢᠲ᠋ᠲ᠋ᠢᠲ ᠤᠯᠤᠰ ᠪᠤᠢ ᠪᠣᠯᠵᠠᠢ᠃ ᠬᠢᠲ᠋ᠲ᠋ᠢᠲᠦ ᠨᠦᠭᠦᠳ ᠯᠢᠳᠢ ᠨᠤᠲᠤᠭ ᠢ ᠠᠷᠵᠠᠸᠠ ᠭᠡᠵᠦ ᠨᠡᠷᠡᠯᠡᠳᠡᠭ ᠪᠠᠶᠢᠭᠰᠠᠨ ᠪᠥᠭᠡᠳ ᠭᠷᠧᠺ ᠦᠨ ᠲᠡᠦᠬᠡᠨ ᠳᠦ ᠤᠭ ᠬᠠᠭᠠᠨᠲᠤ ᠤᠯᠤᠰ ᠢ ᠮᠠᠶᠣᠨᠢ ᠭᠡᠵᠦ ᠲᠡᠮᠳᠡᠭᠯᠡᠨ ᠦᠯᠡᠳᠡᠭᠡᠵᠢ ᠪᠡᠨ᠃ ᠭᠣᠮᠧᠷ (ᠢᠯᠤᠳᠠ ii. 865; v. 43, xi. 431)


ᠭᠣᠮᠧᠷ ᠤᠨ ᠦᠶ᠎ᠡ ᠳᠦ ᠮᠠᠶᠤᠨᠢᠴᠤᠤᠳ ᠤᠨ ᠨᠡᠶᠢᠰᠯᠡᠯ ᠨᠢ ᠰᠠᠷᠳᠢᠰ ᠬᠣᠲᠠ ᠪᠢᠰᠢ ᠬᠠᠶᠢᠳᠧ ᠬᠡᠮᠡᠬᠦ ᠬᠣᠲᠠ ᠪᠠᠶᠢᠭᠰᠠᠨ ᠠᠵᠢ᠃ ᠭᠡᠬᠦ ᠳᠦ ᠪᠡᠨ ᠤᠭ ᠬᠣᠲᠠ ᠶᠢ ᠶᠠᠭ ᠬᠠᠮᠢᠭ᠎ᠠ ᠪᠠᠶᠢᠭᠰᠠᠨ ᠢ ᠣᠳᠣ ᠪᠠᠷ ᠲᠣᠭᠲᠠᠭᠠᠵᠤ ᠴᠢᠳᠠᠭ᠎ᠠ ᠦᠭᠡᠢ ᠪᠠᠶᠢᠭ᠎ᠠ ᠪᠠ ᠵᠠᠷᠢᠮ ᠰᠤᠳᠤᠯᠤᠭᠠᠴᠢᠳ ᠰᠠᠷᠳᠢᠰ ᠤᠨ ᠡᠷᠲᠡᠨ ᠦ ᠨᠡᠷ᠎ᠡ ᠭᠡᠵᠦ ᠲᠠᠭᠠᠮᠠᠭᠯᠠᠳᠠᠭ ᠪᠠᠶᠢᠨ᠎ᠠ᠃ ᠮᠠᠶᠤᠨᠢᠴᠤᠤᠳ ᠥᠪᠡᠷᠰᠡᠳ ᠦᠨ ᠬᠠᠭᠠᠨᠲᠤ ᠤᠯᠤᠰ ᠤᠨ ᠨᠡᠷ᠎ᠡ ᠪᠡᠨ ᠯᠢᠳᠢᠰ ᠬᠡᠮᠡᠬᠦ ᠬᠠᠭᠠᠨ ᠤ ᠪᠠᠨ ᠨᠡᠷ᠎ᠡ ᠪᠣᠯᠭᠠᠨ ᠥᠭᠡᠷᠡᠴᠢᠯᠡᠭᠰᠡᠨ ᠪᠥᠭᠡᠳ ᠯᠢᠳ ᠦᠨ ᠠᠩᠬᠠᠨ ᠤ ᠬᠠᠭᠠᠨ ᠨᠢ ᠯᠢᠳᠠᠰ ᠤᠨ ᠬᠦᠦ ᠪᠣᠯᠤᠨ ᠠᠲᠲ᠋ᠢᠰ ᠪᠠᠶᠢᠪᠠ᠃ ᠡᠨᠡ ᠶᠠᠪᠤᠳᠠᠯ ᠤᠳ ᠳᠣᠮᠣᠭ ᠬᠡᠯᠪᠡᠷᠢ ᠪᠡᠷ ᠲᠡᠮᠳᠡᠭᠯᠡᠭᠳᠡᠨ ᠦᠯᠡᠳᠡᠭᠰᠡᠨ ᠪᠠᠶᠢᠳᠠᠭ᠃

ᠠᠩᠬᠠᠨ ᠤ ᠵᠣᠭᠣᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠨ ᠤ ᠡᠷᠡᠨ ᠦ ᠡᠮᠦᠨ᠎ᠡVI ᠵᠠᠭᠤᠨ ᠤ ᠡᠬᠢᠨ ᠦᠶ᠎ᠡ ᠶᠢᠨ ᠲᠥᠷᠥ ᠶᠢᠨ ᠵᠣᠭᠣᠰ

ᠲᠡᠦᠬᠡ ᠶᠢᠨ ᠡᠴᠢᠭᠡ ᠬᠡᠮᠡᠨ ᠠᠯᠳᠠᠷᠰᠢᠭᠰᠠᠨ ᠭᠧᠷᠣᠳᠣᠳ ᠍ ᠤᠨ ᠲᠡᠮᠳᠡᠭᠯᠡᠭᠰᠡᠨ ᠢᠶᠡᠷ ᠬᠦᠮᠦᠨ ᠲᠥᠷᠥᠯᠬᠢᠲᠡᠨ ᠦ ᠲᠡᠦᠬᠡᠨ ᠳᠦ ᠯᠢᠳᠢ ᠨᠤᠲᠤᠭ ᠤᠨ ᠬᠦᠮᠦᠰ ᠠᠩᠬᠠᠨ ᠤ ᠵᠣᠭᠣᠰᠤᠨ ᠮᠥᠩᠭᠥ ᠶᠢ ᠭᠦᠢᠯᠭᠡᠭᠡᠨ ᠳᠦ ᠭᠠᠷᠭᠠᠨ᠂ ᠠᠯᠪᠠᠨ ᠶᠣᠰᠣᠭᠠᠷ ᠥᠷᠭᠡᠨ ᠳᠡᠯᠭᠡᠷ ᠠᠰᠢᠭᠯᠠᠵᠤ ᠡᠬᠢᠯᠡᠭᠰᠡᠨ ᠪᠠᠶᠢᠨ᠎ᠠ᠃

ᠮᠠᠨ ᠤ ᠡᠷᠡᠨ ᠦ ᠡᠮᠦᠨ᠎ᠡ 650-600 ᠣᠨ ᠤ ᠣᠷᠴᠢᠮ ᠳᠤ ᠰᠦᠯᠳᠡᠨ ᠳᠠᠷᠤᠳᠠᠰᠤ ᠪᠦᠬᠦᠢ ᠠᠩᠬᠠᠨ ᠤ ᠵᠣᠭᠣᠰᠤᠨ ᠮᠥᠩᠭᠥ ᠶᠢ ᠴᠢᠳᠬᠤᠭᠰᠠᠨ ᠪᠠᠷᠢᠮᠲᠠ ᠤᠭ ᠨᠤᠲᠤᠭ ᠠᠴᠠ ᠣᠯᠳᠠᠳᠠᠭ᠃ ᠠᠩᠬᠠᠨ ᠤ ᠬᠡᠮᠡᠬᠦ ᠤᠭ ᠵᠣᠭᠣᠰ ᠨᠢ ᠠᠯᠲᠠ ᠪᠣᠯᠤᠨ ᠮᠥᠩᠭᠥ ᠪᠡᠷ ᠬᠢᠭᠳᠡᠭᠰᠡᠨ᠂ ᠣᠶᠢᠷᠠᠯᠴᠠᠭ᠎ᠠ ᠪᠠᠷ 4,76 ᠭᠷᠦᠶᠢᠫᠮᠮ ᠵᠢᠩᠲᠡᠢ᠂ ᠬᠠᠭᠠᠨ ᠤ ᠰᠦᠯᠳᠡ ᠪᠣᠯᠬᠤ ᠠᠷᠰᠯᠠᠨᠭᠡᠶᠢᠨ ᠲᠣᠯᠣᠭᠠᠢ ᠶᠢ ᠤᠷᠠᠯᠠᠭᠰᠠᠨ ᠪᠠᠶᠢᠳᠠᠭ ᠪᠠᠶᠢᠴᠠᠢ᠃

14,1 ᠭᠷᠦᠶᠢᠫ ᠵᠢᠩ ᠲᠡᠢ ᠵᠣᠭᠣᠰ ᠨᠢ 1 ᠰᠲ᠋ᠠᠷᠲ᠋ᠧᠷ ᠪᠤᠶᠤ ᠮᠥᠩᠭᠥᠨ ᠦ ᠦᠨᠳᠦᠰᠦᠨ ᠬᠡᠮᠵᠢᠭᠳᠡᠬᠦᠨ᠂ ᠲᠣᠭᠠᠴᠠᠭᠠᠯᠠᠬᠤ ᠰᠠᠭᠤᠷᠢ ᠨᠢᠭᠡᠴᠡ ᠨᠢ ᠪᠣᠯᠵᠤ ᠪᠠᠶᠢᠴᠠᠢ᠃ 1 ᠰᠲ᠋ᠠᠷᠲ᠋ᠧᠷ ᠨᠢ 1 ᠴᠡᠷᠢᠭ ᠲᠦ ᠤᠯᠭᠤᠬᠤ 1 ᠰᠠᠷ᠎ᠠ ᠶᠢᠨ ᠴᠠᠯᠢᠩ ᠤᠨ ᠬᠡᠮᠵᠢᠶ᠎ᠡ ᠶᠢ ᠪᠠᠰᠠ ᠳᠠᠪᠬᠤᠷ ᠢᠯᠡᠷᠬᠡᠶᠢᠯᠡᠵᠦ ᠪᠠᠶᠢᠪᠠ᠃

ᠲᠤᠬᠠᠢ ᠶᠢᠨ ᠦᠶ᠎ᠡ ᠳᠦ ᠯᠢᠳ ᠦᠨ ᠺᠷᠣᠶᠧᠰᠤᠶᠢᠰ ᠬᠠᠭᠠᠨ ᠤ ᠨᠡᠷ᠎ᠡ ᠨᠢ ᠡᠳ᠋ ᠪᠠᠶᠠᠯᠢᠭ ᠭᠡᠰᠡᠨ ᠤᠳᠬ᠎ᠠ ᠲᠠᠢ ᠠᠭᠠᠷ ᠨᠢᠭᠡᠨ ᠪᠠᠶᠢᠭᠰᠠᠨ ᠪᠥᠭᠡᠳ ᠰᠠᠷᠳᠢᠰ ᠬᠣᠲᠠ ᠨᠢ ᠪᠠᠶᠠᠨ ᠲᠠᠩᠰᠤᠭ ᠤᠨ ᠳᠡᠭᠡᠳᠦ᠂ ᠭᠠᠶᠢᠬᠠᠯᠲᠠᠢ ᠰᠠᠶᠢᠬᠠᠨ ᠬᠣᠲᠠ ᠪᠠᠶᠢᠴᠠᠢ᠃ ᠮᠠᠨ ᠤ ᠡᠷᠡᠨ ᠦ ᠡᠮᠦᠨ᠎ᠡ 550 ᠣᠨ ᠤ ᠣᠷᠴᠢᠮ ᠳᠤ ᠺᠷᠣᠶᠧᠰᠤᠶᠢᠰ ᠬᠠᠭᠠᠨ ᠡᠹᠧᠰᠰᠤᠰ ᠳᠠᠬᠢ ᠠᠷᠲ᠋ᠧᠮᠢᠰ ᠤᠨ ᠰᠦᠮ᠎ᠡᠡᠶᠢᠭ ᠪᠠᠷᠢᠭᠤᠯᠬᠤ ᠳᠤ ᠵᠣᠷᠢᠭᠤᠯᠤᠨ ᠠᠰᠤᠷᠤ ᠶᠡᠬᠡ ᠬᠡᠮᠵᠢᠶᠡᠨ ᠦ ᠬᠥᠷᠥᠩᠭᠡ ᠵᠠᠷᠤᠴᠠᠭᠤᠯᠤᠭᠰᠠᠨ ᠪᠥᠭᠡᠳ ᠲᠤᠰ ᠰᠦᠮ᠎ᠡ ᠶᠢ ᠶᠢᠷᠲᠢᠨᠴᠦ ᠶᠢᠨ 7 ᠭᠠᠶᠢᠬᠠᠮᠰᠢᠭ ᠤᠨ ᠨᠢᠭᠡ ᠭᠡᠵᠦ ᠦᠵᠡᠳᠡᠭ ᠪᠢᠯᠡ᠃

ᠺᠷᠣᠶᠧᠰᠤᠶᠢᠰ ᠬᠠᠭᠠᠨ ᠮᠠᠨ ᠤ ᠡᠷᠡᠨ ᠦ ᠡᠮᠦᠨ᠎ᠡ 542 ᠣᠨ ᠤ ᠣᠷᠴᠢᠮ ᠳᠤ ᠫᠧᠷᠰᠡᠶᠢᠨ ᠺᠢᠷ II ᠬᠠᠭᠠᠨ ᠳᠤ ᠢᠯᠠᠭᠳᠠᠭᠰᠠᠨ ᠪᠥᠭᠡᠳ ᠲᠡᠭᠦᠨ ᠦ ᠤᠯᠤᠰ ᠤᠨ ᠣᠷᠣ ᠶᠢ ᠰᠠᠲᠷᠠᠫ ᠦᠨ ᠬᠠᠭᠠᠨᠲᠤ ᠤᠯᠤᠰ ᠵᠠᠯᠭᠠᠵᠠᠢ᠃

ᠠᠭᠤᠭᠤᠯ ᠤᠯᠤᠰ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠯᠢᠳᠢ ᠳᠤ ᠨᠤᠲᠤᠭ ᠤᠨ ᠠᠭᠤᠭᠤᠯ ᠢᠷᠭᠡᠳ ᠦᠨ 3 ᠤᠯᠤᠰ ᠳᠠᠷᠠᠭᠠᠯᠠᠨ ᠣᠷᠣᠰᠢᠨ ᠲᠣᠭᠲᠠᠨᠢᠵᠤ ᠪᠠᠶᠢᠭᠰᠠᠨ᠃

ᠠᠲ᠋ᠢᠶᠠᠳ᠋ ᠍ ᠤᠳ /ᠮᠠᠨ ᠤ ᠡᠷᠡᠨ ᠦ ᠡᠮᠦᠨ᠎ᠡ 1300 ᠣᠨ ᠪᠠ ᠲᠡᠭᠦᠨ ᠡᠴᠡ ᠡᠮᠦᠨᠡᠬᠢ ᠦᠶ᠎ᠡ/ᠪᠠ ᠭᠧᠷᠠᠺᠯᠢ ᠳᠤ /ᠮᠠᠨ ᠤ ᠡᠷᠡᠨ ᠦ ᠡᠮᠦᠨ᠎ᠡ 687 ᠣᠨ ᠬᠦᠷᠲᠡᠯ᠎ᠡ/ ᠭᠡᠬᠦ ᠤᠯᠤᠰ ᠤᠳ ᠪᠠᠶᠢᠭᠰᠠᠨ ᠲᠤᠬᠠᠢ ᠭᠧᠷᠣᠳᠣᠳ ᠲᠡᠮᠳᠡᠭᠯᠡᠭᠰᠡᠨ ᠪᠠᠶᠢᠳᠠᠭ᠃ ᠭᠧᠷᠠᠺᠯᠢᠳ ᠤᠨ ᠤᠯᠤᠰ ᠮᠠᠨ ᠤ ᠡᠷᠡᠨ ᠦ ᠡᠮᠦᠨ᠎ᠡ 1185 ᠣᠨ ᠠᠴᠠ 505 ᠣᠨ ᠬᠦᠷᠲᠡᠯ᠎ᠡ 22 ᠬᠠᠭᠠᠨ ᠤ ᠦᠶ᠎ᠡ ᠵᠠᠯᠭᠠᠮᠵᠢᠯᠠᠯ ᠢᠶᠠᠷ ᠯᠢᠳ ᠢ ᠵᠠᠬᠢᠷᠴᠢ ᠪᠠᠶᠢᠴᠠᠢ᠃ ᠲᠡᠳᠡᠭᠡᠷ ᠦᠨ ᠬᠠᠮᠤᠭ ᠤᠨ ᠠᠯᠳᠠᠷᠲᠠᠢ ᠨᠢ ᠮᠠᠨ ᠤ ᠡᠷᠡᠨ ᠦ ᠡᠮᠦᠨ᠎ᠡ 776 ᠣᠨ ᠳᠤ ᠯᠢᠳ ᠦᠨ ᠬᠠᠭᠠᠨ ᠪᠣᠯᠤᠭᠰᠠᠨ ᠠᠯᠢᠲᠲ᠋ᠧᠰ ᠶᠤᠮ᠃ ᠤᠭ ᠤᠯᠤᠰ ᠤᠨ ᠰᠡᠭᠦᠯ ᠦᠨ ᠬᠠᠭᠠᠨ ᠨᠢ 17 ᠵᠢᠯ ᠦᠨ ᠲᠤᠷᠰᠢ ᠲᠥᠷᠥ ᠪᠠᠷᠢᠭᠰᠠᠨ ᠺᠠᠨᠳᠠᠦᠯᠧᠰ ᠪᠤᠶᠤ ᠮᠢᠷᠰᠢᠯᠣᠰ ᠶᠤᠮ᠃

ᠮᠧᠷᠮᠨᠠᠳ ᠤᠳ

  • ᠭᠠᠭᠤ /ᠮᠠᠨ ᠤ ᠡᠷᠡᠨ ᠦ ᠡᠮᠦᠨ᠎ᠡ 690-657/ ᠲᠡᠷᠡ ᠪᠡᠷ ᠮᠧᠷᠮᠨᠠᠳ ᠤᠳ ᠤᠨ ᠠᠩᠬᠠᠨ ᠤ ᠬᠠᠭᠠᠨ ᠪᠥᠭᠡᠳ ᠬᠦᠴᠦᠷᠬᠡᠭ ᠠᠷᠮᠢ ᠪᠤᠢ ᠪᠣᠯᠭᠠᠵᠤ ᠴᠢᠳᠠᠭᠰᠠᠨ ᠪᠠᠶᠢᠨ᠎ᠠ᠃ ᠲᠡᠷᠡ ᠪᠡᠷ ᠬᠠᠭᠠᠨ ᠪᠣᠯᠤᠮᠠᠭᠴᠠ ᠪᠠᠨ ᠤᠯᠤᠰ ᠤᠨ ᠨᠡᠶᠢᠰᠯᠡᠯ ᠢ ᠬᠢᠳᠧᠰ ᠠᠴᠠ ᠰᠠᠷᠳᠢᠰ ᠷᠤ ᠰᠢᠯᠵᠢᠭᠦᠯᠦᠭᠰᠡᠨ ᠶᠤᠮ᠃ ᠰᠣᠨᠢᠷᠬᠠᠯᠲᠠᠢ ᠨᠢ ᠸᠠᠷᠪᠤᠷᠢ ᠨᠤᠭᠤᠳ ᠪᠠᠭ᠎ᠠ ᠠᠽᠢᠶ᠎ᠠ ᠶᠢᠨ ᠬᠣᠲᠤ ᠨᠤᠭᠤᠳ ᠠᠴᠠ ᠵᠥᠪᠬᠡᠨ ᠰᠠᠷᠠᠳᠠᠰ ᠢ ᠯᠠ ᠲᠣᠨᠣᠨ ᠳᠡᠭᠡᠷᠡᠮᠳᠡᠯ ᠦᠭᠡᠢ ᠥᠩᠭᠡᠷᠡᠭᠡᠵᠦ ᠪᠠᠶᠢᠴᠠᠢ᠃ ᠭᠠᠭᠤ ᠶᠢᠨ ᠡᠴᠢᠭᠡ ᠶᠢ ᠨᠢ ᠺᠠᠨᠳᠠᠦᠯᠧᠰ ᠬᠠᠭᠠᠨ ᠰᠢᠳᠬᠡᠨ ᠺᠠᠫᠫᠠᠳᠣᠺᠢᠷᠤ ᠴᠥᠯᠡᠭᠰᠡᠨ ᠪᠣᠯᠪᠠᠴᠤ ᠭᠠᠭᠤ ᠪᠤᠴᠠᠨ ᠢᠷᠡᠵᠦ ᠬᠠᠭᠠᠨ ᠰᠢᠷᠡᠭᠡᠨ ᠳᠦ ᠰᠠᠭᠤᠴᠠᠢ᠃
  • ᠠᠷᠠᠳᠢᠰ II /ᠮᠠᠨ ᠤ ᠡᠷᠡᠨ ᠦ ᠡᠮᠦᠨ᠎ᠡ 652-621/
  • ᠰᠠᠳ᠋ᠢᠲᠲ᠋ᠧᠰ /ᠮᠠᠨ ᠤ ᠡᠷᠡᠨ ᠦ ᠡᠮᠦᠨ᠎ᠡ 621-609/ ᠲᠡᠷᠡ ᠪᠡᠷ ᠨᠡᠯᠢᠶᠡᠳ ᠬᠡᠮᠵᠢᠶᠡᠨ ᠦ ᠭᠠᠵᠠᠷ ᠨᠤᠲᠤᠭ ᠢ ᠪᠤᠰᠤᠳ ᠤᠯᠤᠰ᠂ ᠠᠶᠢᠮᠠᠭ ᠤᠳ ᠠᠴᠠ ᠪᠤᠯᠢᠶᠠᠨ ᠠᠪᠤᠭᠰᠠᠨ ᠪᠥᠭᠡᠳ ᠸᠠᠷᠪᠤᠷ ᠤᠳ ᠲᠠᠢ ᠠᠮᠵᠢᠯᠲᠠ ᠲᠠᠢ ᠲᠤᠯᠤᠯᠳᠤᠵᠤ ᠪᠠᠶᠢᠪᠠ᠃
  • ᠠᠯᠢᠲᠲ᠋ᠧᠰ II /ᠮᠠᠨ ᠤ ᠡᠷᠡᠨ ᠦ ᠡᠮᠦᠨ᠎ᠡ 609-560/ ᠯᠢᠳ ᠦᠨ ᠬᠠᠮᠤᠭ ᠤᠨ ᠠᠯᠳᠠᠷᠲᠠᠢ ᠬᠠᠭᠠᠳ ᠤᠨ ᠨᠢᠭᠡ᠂ ᠳᠠᠶᠢᠨ ᠲᠤᠯᠤᠭᠠᠨ ᠲᠠᠢ ᠪᠠᠶᠢᠭᠰᠠᠨ ᠬᠥᠷᠰᠢ ᠣᠷᠣᠨ ᠨᠤᠭᠤᠳ ᠲᠠᠢ ᠪᠠᠨ ᠡᠪ ᠦᠨ ᠬᠡᠯᠡᠯᠴᠡᠭᠡᠷ ᠪᠠᠶᠢᠭᠤᠤᠯᠵᠤ᠂ ᠤᠯᠤᠰ ᠤᠨ ᠬᠢᠯᠢ ᠪᠡᠨ ᠲᠦᠪᠰᠢᠳᠬᠡᠭᠰᠡᠨ ᠨᠢ ᠲᠡᠭᠦᠨ ᠢ ᠠᠯᠳᠠᠷᠲᠠᠢ ᠪᠣᠯᠭᠠᠭᠰᠠᠨ ᠪᠠᠶᠢᠨ᠎ᠠ᠃ ᠮᠧᠳᠧᠰᠡᠶᠢᠨ ᠬᠠᠭᠠᠨ ᠺᠢᠶᠠᠺᠰᠷᠧᠰ ᠲᠠᠢ ᠬᠢᠭᠰᠡᠨ 15 ᠵᠢᠯ ᠦᠨ ᠳᠠᠶᠢᠨ ᠨᠢ ᠡᠰᠺᠯᠢᠫ ᠦᠨ ᠲᠤᠯᠤᠭᠠᠨ ᠢᠶᠠᠷ ᠲᠡᠭᠦᠰᠦᠭᠰᠡᠨ ᠪᠠᠶᠢᠨ᠎ᠠ᠃ ᠤᠭ ᠲᠤᠯᠤᠭᠠᠨ ᠪᠣᠯᠵᠤ ᠪᠠᠶᠢᠬᠤ ᠦᠶ᠎ᠡ ᠳᠦ ᠭᠡᠨᠡᠳᠲᠡ ᠨᠠᠷᠠ ᠭᠬᠢᠷᠲᠦᠭᠰᠡᠨ ᠨᠢ ᠳᠠᠶᠢᠲᠤᠭᠴᠢ ᠲᠠᠯ᠎ᠠ ᠨᠤᠭᠤᠳ ᠢ ᠡᠪᠯᠡᠷᠡᠯ ᠦᠨ ᠭᠡᠷ᠎ᠡ ᠪᠠᠶᠢᠭᠤᠯᠬᠤ ᠳᠤ ᠬᠦᠷᠭᠡᠭᠰᠡᠨ ᠪᠠᠶᠢᠨ᠎ᠠ᠃ ᠡᠨᠡ ᠭᠠᠶᠢᠬᠠᠯᠲᠠᠢ ᠰᠣᠨᠢᠨ ᠲᠣᠬᠢᠶᠠᠯ ᠨᠢ ᠮᠠᠨ ᠤ ᠡᠷᠡᠨ ᠦ ᠡᠮᠦᠨ᠎ᠡ 585 ᠣᠨ ᠤ 5 ᠰᠠᠷ᠎ᠠ ᠶᠢᠨ 28 ᠍ ᠤ ᠡᠳᠦᠷ ᠪᠣᠯᠵᠠᠢ᠃
  • ᠺᠷᠣᠶᠧᠰᠤᠶᠢᠰ /ᠮᠠᠨ ᠤ ᠡᠷᠡᠨ ᠦ ᠡᠮᠦᠨ᠎ᠡ 560-546/ ᠲᠡᠭᠦᠨ ᠢ ᠪᠠᠶᠠᠨ ᠺᠷᠣᠶᠧᠰᠤᠶᠢᠰ ᠭᠡᠳᠡᠭ ᠢᠶᠡᠷ ᠢᠶᠡᠨ ᠠᠯᠳᠠᠷᠰᠢᠭᠰᠠᠨ ᠭᠡᠵᠦ ᠲᠡᠦᠬᠡᠨ ᠳᠦ ᠲᠡᠮᠳᠡᠭᠯᠡᠭᠰᠡᠨ ᠪᠠᠶᠢᠳᠠᠭ᠃ ᠲᠡᠷᠡ ᠪᠡᠷ ᠮᠠᠨ ᠤ ᠡᠷᠡᠨ ᠦ ᠡᠮᠦᠨ᠎ᠡ 546 ᠣᠨ ᠳᠤ ᠫᠧᠷᠰ ᠦᠨ ᠺᠢᠷ II ᠬᠠᠭᠠᠨ ᠳᠤ ᠢᠯᠠᠭᠳᠠᠭᠰᠠᠨ ᠢᠶᠠᠷ ᠯᠢᠳᠢ ᠳᠤ ᠳᠠᠬᠢᠨ ᠠᠭᠤᠭᠤᠯ ᠨᠤᠲᠤᠭ ᠤᠨ ᠬᠢᠨ ᠬᠠᠭᠠᠨᠲᠤ ᠤᠯᠤᠰ ᠢᠶᠠᠨ ᠪᠠᠶᠢᠭᠤᠯᠵᠤ ᠴᠢᠳᠠᠭ᠎ᠠ ᠦᠭᠡᠢ ᠠᠵᠢ᠃

ᠫᠧᠷᠰ ᠦᠨ ᠡᠵᠡᠨᠲᠦ ᠤᠯᠤᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠨ ᠤ ᠡᠷᠡᠨ ᠦ ᠡᠮᠦᠨ᠎ᠡ 546 ᠣᠨ ᠳᠤ ᠠᠬᠠᠧᠮᠧᠨᠢᠳ ᠤᠨ ᠬᠠᠭᠠᠨ II ᠺᠢᠷ ᠰᠠᠷᠳᠢᠰ ᠬᠣᠲᠠ ᠪᠣᠯᠤᠨ ᠯᠢᠳ ᠢ ᠡᠵᠡᠯᠡᠵᠦ ᠥᠪᠡᠷ ᠦᠨ ᠡᠵᠡᠨᠲᠦ ᠤᠯᠤᠰ ᠲᠤ ᠨᠢᠭᠡᠳᠬᠡᠵᠡᠢ᠃

ᠭᠷᠧᠺ ᠦᠨ ᠡᠵᠡᠨᠲᠦ ᠤᠯᠤᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠺᠧᠳᠣᠨᠢ ᠠᠯᠧᠺᠰᠠᠨᠳᠠᠷ III ᠬᠠᠭᠠᠨ ᠪᠠᠭ᠎ᠠ ᠠᠽᠢᠶ᠎ᠠ ᠳᠠᠬᠢ ᠫᠧᠷᠰ ᠦᠨ ᠰᠠᠲᠷᠠᠫ ᠦᠨ ᠤᠯᠤᠰ ᠢ ᠪᠠᠶᠢᠯᠳᠤᠨ ᠳᠠᠭᠠᠭᠤᠯᠵᠠᠢ᠃ ᠠᠯᠧᠺᠰᠠᠨᠳᠠᠷ ᠤᠨ ᠡᠵᠡᠨᠲᠦ ᠭᠦᠷᠦᠨ ᠲᠡᠭᠦᠨ ᠢ ᠨᠠᠰᠤ ᠨᠥᠭᠴᠢᠭᠰᠡᠨ ᠢᠶᠡᠷ ᠪᠤᠲᠠᠷᠠᠨ ᠤᠨᠠᠭᠰᠠᠨ ᠪᠥᠭᠡᠳ ᠯᠢᠳᠢ ᠨᠤᠲᠤᠭ ᠲᠤ ᠰᠧᠯᠧᠸᠬᠢᠳ ᠦᠨ ᠤᠯᠤᠰ ᠍ ᠤᠨ ᠪᠦᠷᠢᠯᠳᠦᠬᠦᠨ ᠳᠦ ᠶᠣᠰᠣ ᠲᠡᠳᠦᠢ ᠬᠠᠷᠢᠶᠠᠯᠠᠭᠳᠠᠭᠰᠠᠨ ᠠᠲᠲ᠋ᠠᠯᠢᠳ ᠤᠨ ᠤᠯᠤᠰ ᠪᠤᠢ ᠪᠣᠯᠤᠭᠰᠠᠨ ᠪᠠᠶᠢᠨ᠎ᠠ᠃

ᠷᠤᠮᠠᠨᠢᠶ ᠠ ᠯᠢᠳᠢ ᠮᠤᠵᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠨ ᠤ ᠡᠷᠡᠨ ᠦ ᠡᠮᠦᠨ᠎ᠡ 133 ᠣᠨ ᠳᠤ ᠷᠤᠮᠠᠴᠤᠤ ᠳᠤ ᠯᠢᠳ ᠦᠨ ᠨᠡᠶᠢᠰᠯᠡᠯ ᠰᠠᠷᠳᠢᠰ ᠲᠤ ᠣᠷᠣᠵᠤ ᠢᠷᠡᠭᠰᠡᠨ ᠢᠶᠡᠷ ᠷᠤᠮᠠᠨᠢᠶ ᠠ ᠯᠢᠳᠢ ᠮᠤᠵᠢ ᠪᠤᠢ ᠪᠣᠯᠵᠠᠢ᠃ ᠡᠬᠢᠨ ᠦᠶᠡᠳᠡᠭᠡ ᠠᠲᠲ᠋ᠠᠯᠢᠳ ᠦᠨ ᠤᠯᠤᠰ ᠤᠨ ᠬᠠᠭᠠᠨ ᠨᠢ ᠷᠤᠮᠠᠨᠢᠶ ᠠ ᠲᠤᠰ ᠮᠤᠵᠢ ᠶᠢ ᠵᠠᠬᠢᠷᠤᠭᠴᠢ ᠬᠡᠮᠡᠬᠦ ᠡᠭᠦᠷᠭᠡᠲᠡᠢ ᠪᠡᠷ ᠷᠤᠮᠠ ᠳᠤ ᠬᠠᠷᠢᠶᠠᠯᠠᠭᠳᠠᠵᠤ ᠪᠠᠶᠢᠭᠰᠠᠨ᠃

ᠡᠵᠡᠨ ᠬᠠᠭᠠᠨ ᠳ᠋ᠢᠣᠯᠧᠺᠲ᠋ᠢᠨ 296 ᠣᠨ ᠳᠤ ᠳᠥᠷᠪᠡᠯ ᠰᠢᠨᠡᠴᠢᠯᠡᠯ ᠬᠡᠶᠢᠵᠢᠭᠡ᠃ ᠡᠨᠡ ᠰᠢᠨᠡᠴᠢᠯᠡᠯ ᠨᠢ ᠯᠢᠳ ᠢ ᠬᠠᠷᠢᠴᠠᠩᠭᠤᠢ ᠪᠡᠶ᠎ᠡ ᠳᠠᠭᠠᠭᠰᠠᠨ ᠰᠠᠲᠷᠠᠫ ᠮᠠᠶ᠋ᠢᠭ ᠤᠨ ᠷᠤᠮᠠᠨᠢᠶ ᠠ ᠮᠤᠵᠢ ᠪᠣᠯᠭᠠᠨ ᠬᠤᠪᠢᠷᠠᠭᠠᠭᠰᠠᠨ ᠪᠥᠭᠡᠳ ᠨᠡᠶᠢᠰᠯᠡᠯ ᠨᠢ ᠰᠠᠷᠳᠢᠰ ᠬᠣᠲᠠ ᠪᠣᠯᠤᠭᠰᠠᠨ ᠪᠠᠶᠢᠨ᠎ᠠ᠃

ᠸᠢᠽᠠᠨᠲ᠋ᠢ ᠍ ᠶᠢᠨ ᠡᠵᠡᠨ ᠬᠠᠭᠠᠨ ᠭᠧᠷᠠᠺᠯᠢᠤᠰ ᠵᠠᠰᠠᠭ ᠵᠠᠬᠢᠷᠭᠠᠨ ᠤ ᠬᠤᠪᠢᠶᠠᠷᠢ ᠳᠤ ᠨᠢ ᠨᠡᠯᠢᠶᠡᠳ ᠥᠭᠡᠷᠡᠴᠢᠯᠡᠯᠲᠡ ᠣᠷᠣᠭᠤᠯᠤᠭᠰᠠᠨ ᠪᠠᠶᠢᠨ᠎ᠠ᠃

ᠢᠰᠯᠠᠮ ᠍ ᠤᠨ ᠱᠠᠰᠢᠨ ᠢ ᠠᠨᠠᠲ᠋ᠣᠯᠢ ᠳᠤ ᠲᠦᠭᠡᠭᠡᠬᠦ ᠰᠧᠯᠵᠢᠺ ᠲᠦᠷᠦᠭ ᠦᠳᠡᠶᠢᠨ ᠳᠣᠪᠲᠣᠯᠭ᠎ᠠ ᠨᠢ ᠯᠢᠳ ᠢ ᠪᠦᠬᠦᠯᠢ ᠳᠦ ᠨᠢ ᠸᠢᠰᠠᠩᠲᠤ ᠶᠢᠨ ᠪᠦᠷᠢᠯᠳᠦᠬᠦᠨ ᠡᠴᠡ ᠭᠠᠷᠬᠤ ᠳᠤ ᠨᠥᠯᠦᠭᠡᠯᠡᠭᠰᠡᠨ ᠪᠠᠶᠢᠨ᠎ᠠ᠃ ᠵᠠᠭᠠᠯᠮᠠᠶᠢᠲᠠᠨ ᠤ ᠠᠩᠬᠠᠨ ᠤ ᠠᠶᠠᠨ ᠳᠠᠶᠢᠨ ᠢᠶᠠᠷ ᠺᠣᠨᠰᠲ᠋ᠠᠨᠲ᠋ᠢᠨᠣᠫᠣᠯᠢ ᠬᠣᠲᠠ ᠶᠢ ᠲᠦᠷᠦᠭ ᠦᠳ ᠡᠴᠡ ᠪᠤᠯᠢᠶᠠᠨ ᠠᠪᠬᠤ ᠶᠢ ᠣᠷᠣᠯᠳᠤᠭᠰᠠᠨ ᠪᠣᠯᠪᠠᠴᠤ ᠠᠮᠵᠢᠯᠲᠠ ᠣᠯᠤᠭᠰᠠᠨ ᠦᠭᠡᠢ᠃ ᠭᠡᠬᠦ ᠳᠦ ᠪᠡᠨ ᠡᠨᠡ ᠦᠢᠯᠡ ᠠᠵᠢᠯᠯᠠᠭ᠎ᠠ ᠶᠢ ᠨᠢᠺᠧᠢ ᠳᠤ ᠲᠥᠪᠯᠡᠷᠡᠭᠰᠡᠨ ᠸᠢᠰᠠᠩᠲᠤ ᠶᠢᠨ ᠦᠨᠡᠨ ᠠᠯᠳᠠᠷᠲᠠᠨ ᠤ ᠱᠠᠰᠢᠨ ᠲᠤ 《ᠭᠷᠧᠺ ᠦᠨ ᠡᠵᠡᠨᠲᠦ ᠤᠯᠤᠰ》 ᠦᠷᠭᠦᠯᠵᠢᠯᠡᠭᠦᠯᠦᠭᠰᠡᠭᠡᠷ ᠪᠠᠶᠢᠭᠰᠠᠨ ᠶᠤᠮ᠃

ᠢᠰᠯᠠᠮ ᠤᠨ ᠤᠳᠤᠷᠢᠳᠤᠯᠭ᠎ᠠ ᠳᠣᠣᠷ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠯᠢᠳᠢ ᠨᠢ 1390 ᠣᠨ ᠳᠤ ᠪᠢᠯᠢᠺ ᠪᠤᠶᠤ ᠰᠢᠨ᠎ᠡ ᠲᠦᠷᠦᠭ ᠦᠳ ᠲᠦ ᠡᠵᠡᠯᠡᠭᠳᠡᠨ ᠣᠰᠠᠮᠠᠨ ᠤ ᠡᠵᠡᠨ ᠳᠦ ᠭᠦᠷᠦᠨ ᠦ ᠪᠦᠷᠢᠯᠳᠦᠬᠦᠨ ᠬᠡᠰᠡᠭ ᠪᠣᠯᠵᠠᠢ᠃ ᠣᠰᠠᠮᠠᠨ ᠤ ᠲᠦᠷᠦᠭ ᠦᠳ ᠡᠨᠡ ᠨᠤᠲᠤᠭ ᠢ ᠠᠧᠳᠢᠨ ᠮᠤᠵᠢ ᠬᠡᠮᠡᠨ ᠨᠡᠷᠡᠯᠡᠬᠦ ᠪᠣᠯᠵᠤ᠂ ᠤᠯᠠᠮ ᠢᠶᠠᠷ ᠥᠨᠥ ᠶᠢᠨ ᠲᠦᠷᠺ ᠤᠨ ᠬᠠᠮᠤᠭ ᠤᠨ ᠪᠠᠷᠠᠭᠤᠨ ᠬᠢᠵᠠᠭᠠᠷ ᠤᠨ ᠮᠤᠵᠢ ᠪᠣᠯᠵᠠᠢ᠃

ᠯᠠᠪᠠᠯᠠᠬᠤ[ᠵᠠᠰᠠᠪᠤᠷᠢᠯᠠᠬᠤ | ᠺᠣᠳ᠋ ᠢᠶᠠᠷ ᠵᠠᠰᠠᠬᠣ]

http://wiki.uhaan.com/index.php?title=ᠯᠢᠳᠢ&oldid=328779》 ᠍  ᠡᠴᠡ ᠠᠪᠤᠭᠰᠠᠨ

ᠪᠢᠴᠢᠭᠡᠰᠦ