ᠯᠢᠭᠳᠡᠨ ᠬᠠᠭᠠᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠯᠢᠭᠳᠡᠨ ᠬᠠᠭᠠᠨ
ᠶᠡᠬᠡ ᠮᠣᠩᠭᠣᠯ ᠤᠯᠤᠰ ᠤᠨ ᠬᠠᠭᠠᠨ
Ligden hutagt khaan.jpg
ᠬᠠᠭᠠᠨᠴᠢᠯᠠᠯ 1603-1634
ᠬᠠᠭᠠᠨ ᠰᠠᠭᠤᠭᠰᠠᠨ 1603
ᠪᠤᠰᠤᠳ ᠬᠡᠷᠭᠡᠮ ᠬᠤᠲᠤᠭᠲᠤ ᠬᠠᠭᠠᠨ
ᠲᠦᠷᠦᠭᠰᠡᠨ ᠣᠩᠨᠠᠭ᠎ᠠ 1588
ᠥᠩᠭᠡᠷᠡᠭᠰᠡᠨ ᠣᠩᠨᠠᠭ᠎ᠠ 1634
ᠡᠮᠦᠨᠡᠬᠢ ᠬᠠᠭᠠᠨ ᠪᠤᠶᠠᠨ ᠰᠡᠴᠡᠨ ᠬᠠᠭᠠᠨ
ᠤᠳᠠᠭᠠᠬᠢ ᠬᠠᠭᠠᠨ ᠡᠵᠡᠢ ᠬᠠᠭᠠᠨ
ᠬᠠᠭᠠᠨ ᠤ ᠣᠪᠤᠭ ᠪᠣᠷᠵᠢᠭᠢᠨ
ᠬᠠᠭᠠᠨ ᠤ ᠳᠠᠭᠤᠯᠠᠯ ᠴᠢᠩᠭᠢᠰ ᠬᠠᠭᠠᠨ ᠤ ᠤᠳᠤᠮ ᠤᠨ ᠰᠡᠭᠦᠯᠴᠢ ᠶᠢᠨ ᠬᠠᠭᠠᠨ᠃
ᠡᠴᠢᠭᠡ ᠮᠠᠩᠬᠤᠱ

ᠯᠢᠭᠳᠡᠨ ᠬᠠᠭᠠᠨ (15881634) ᠨᠢ 1604-1634 ᠤᠨ ᠤ ᠦᠶ᠎ᠡ ᠳᠦ ᠶᠡᠬᠡ ᠮᠣᠩᠭᠣᠯ ᠤᠯᠤᠰ ᠍ ᠤᠨ ᠬᠠᠭᠠᠨ ᠰᠢᠷᠡᠭᠡᠨ ᠳᠦ ᠰᠠᠭᠤᠭᠰᠠᠨ ᠴᠢᠩᠭᠢᠰ ᠬᠠᠭᠠᠨ ᠤ ᠤᠳᠤᠮ᠂ ᠪᠣᠷᠵᠢᠭᠢᠨ ᠣᠪᠤᠭ ᠤᠨ ᠮᠣᠩᠭᠣᠯ ᠤᠨ ᠬᠠᠭᠠᠳ ᠤᠨ ᠰᠡᠭᠦᠯᠴᠢ ᠶᠢᠨ ᠬᠠᠭᠠᠨ ᠶᠤᠮ᠃ ᠲᠡᠭᠦᠨ ᠦ ᠦᠶ᠎ᠡ ᠳᠦ ᠮᠣᠩᠭᠣᠯ ᠤᠨ ᠨᠡᠭᠦᠳᠡᠯᠴᠢᠳ ᠨᠢᠭᠡᠨ ᠬᠠᠭᠠᠨ ᠳᠤ ᠵᠠᠬᠢᠷᠤᠭᠳᠠᠳᠠᠭ ᠦᠭᠡᠢ᠂ ᠣᠯᠠᠨ ᠵᠢᠵᠢᠭ ᠨᠣᠶᠠᠳ ᠤᠨ ᠮᠡᠳᠡᠯ ᠳᠦ ᠬᠤᠪᠢᠶᠠᠭᠳᠠᠵᠤ᠂ ᠪᠤᠲᠠᠷᠠᠵᠤ ᠪᠠᠶᠢᠭᠰᠠᠨ ᠪᠠ ᠯᠢᠭᠳᠡᠨ ᠬᠠᠭᠠᠨ ᠤ ᠵᠠᠬᠢᠷᠭᠠᠨ ᠳᠤ ᠵᠥᠪᠬᠡᠨ ᠴᠠᠬᠠᠷ ᠲᠦᠮᠡᠨ ᠯᠠ ᠣᠷᠣᠰᠢᠵᠤ ᠪᠠᠶᠢᠵᠠᠢ᠃ ᠬᠡᠳᠦᠢ ᠲᠡᠶᠢᠮᠦ ᠪᠣᠯᠪᠠᠴᠤ ᠲᠡᠷᠡᠪᠡᠷ ᠪᠦᠬᠦ ᠮᠣᠩᠭᠣᠯ ᠢ ᠡᠷᠬᠡᠨ ᠳᠦ ᠪᠡᠨ ᠤᠷᠤᠭᠤᠯᠬᠤ ᠲᠥᠷᠥ ᠶᠢᠨ ᠪᠣᠳᠣᠯᠭ᠎ᠠ ᠶᠠᠪᠤᠭᠤᠯᠵᠤ ᠪᠠᠶᠢᠭᠰᠠᠨ ᠶᠤᠮ᠃ ᠭᠡᠪᠡᠴᠦ ᠡᠨᠡ ᠦᠶ᠎ᠡ ᠳᠦ ᠮᠠᠨᠵᠤ ᠵᠢᠨ ᠣᠪᠤᠭ ᠠᠶᠢᠮᠠᠭ ᠤᠳ ᠨᠢᠭᠡᠳᠦᠨ ᠨᠡᠶᠢᠯᠡᠵᠦ᠂ ᠤᠮᠠᠷᠠᠳᠤ ᠠᠯᠲᠠᠨ ᠤᠯᠤᠰ ᠢ ᠪᠠᠶᠢᠭᠤᠯᠵᠤ ᠤᠮᠠᠷᠠᠳᠤ ᠠᠯᠲᠠᠨ ᠤᠯᠤᠰ ᠍ ᠤᠨ ᠬᠠᠭᠠᠨ ᠨᠤᠷᠬᠠᠴᠢ ᠭᠣᠪᠢ ᠶᠢᠨ ᠡᠮᠦᠨᠡᠬᠢ ᠮᠣᠩᠭᠣᠯᠴᠤᠳ ᠢ ᠵᠠᠬᠢᠷᠭᠠᠨ ᠳᠤ ᠪᠠᠨ ᠣᠷᠣᠭᠤᠯᠵᠤ ᠡᠬᠢᠯᠡᠭᠰᠡᠨ ᠲᠡᠦᠬᠡ ᠲᠡᠢ᠃

ᠨᠣᠷᠬᠠᠴᠢ ᠮᠠᠨᠵᠣ ᠵᠢ ᠨᠢᠭᠡᠳᠭᠡᠬᠦ ᠴᠠᠭ ᠦᠶ᠎ᠡ ᠶᠢᠨ ᠮᠣᠩᠭᠣᠯ ᠮᠠᠨᠵᠣ ᠶᠢᠨ ᠬᠠᠷᠢᠴᠠᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

1605 ᠂ 1606ᠤᠨ ᠳᠤ ᠥᠪᠥᠷ ᠬᠠᠯᠬ᠎ᠠ ᠶᠢᠨ ᠪᠠᠶᠠᠭᠤᠳ ᠠᠶᠢᠮᠠᠭ ᠤᠨ ᠨᠣᠶᠠᠨ ᠡᠩᠬᠡ ᠲᠠᠪᠤᠨ ᠣᠲᠣᠭ ᠤᠨ ᠬᠠᠯᠬ᠎ᠠ ᠶᠢᠨ ᠡᠯᠴᠢ ᠶᠢ ᠲᠣᠮᠢᠯᠠᠨ ᠨᠤᠷᠬᠠᠴᠢ ᠪᠠᠭᠠᠲᠤᠷ ᠤᠨ ᠣᠷᠳᠣᠨ ᠳᠤ ᠪᠠᠷᠠᠭᠠᠯᠠᠵᠤ 《ᠬᠦᠨᠳᠦᠯᠡᠯᠲᠦ ᠬᠠᠭᠠᠨ》 ᠬᠡᠮᠡᠨ ᠡᠷᠭᠦᠮᠵᠢᠯᠡᠵᠦ ᠪᠠᠶᠢᠪᠠ᠃ 1608ᠤᠨ ᠳᠤ ᠨᠤᠷᠬᠠᠴᠢ ᠪᠠᠭᠠᠳᠤᠷ ᠤᠨ ᠠᠬᠠᠮᠠᠳ ᠬᠥᠪᠭᠦᠨ ᠴᠣᠶᠢᠯᠠᠨ 5000 ᠴᠡᠷᠢᠭ ᠳᠠᠶᠢᠴᠢᠯᠠᠨ ᠳᠣᠪᠲᠣᠯᠬᠤ ᠪᠠᠷ ᠪᠠᠶᠢᠭᠰᠠᠨ ᠳᠤ ᠣᠯᠠᠨ ᠮᠣᠩᠭᠣᠯ ᠠᠶᠢᠮᠠᠭ ᠤᠳ ᠬᠣᠷᠴᠢᠨ ᠳᠤ ᠡᠯᠴᠢ ᠵᠠᠷᠤᠵᠤ ᠴᠡᠷᠢᠭ ᠦᠨ ᠲᠤᠰᠠᠯᠠᠮᠵᠢ ᠭᠤᠶᠤᠭᠰᠠᠨ ᠪᠠᠶᠢᠨ᠎ᠠ᠃ ᠬᠣᠷᠴᠢᠨ ᠠᠶᠢᠮᠠᠭ ᠯᠢᠭᠳᠡᠨ ᠬᠠᠭᠠᠨ ᠤ ᠵᠠᠷᠯᠢᠭ ᠦᠭᠡᠢ ᠪᠡᠷ ᠳᠤᠷ᠎ᠠ ᠪᠠᠷ ᠴᠡᠷᠢᠭ ᠬᠥᠳᠡᠯᠭᠡᠵᠦ ᠦᠯᠦ ᠪᠣᠯᠬᠤ ᠲᠤᠯᠠ ᠲᠤᠰᠠᠯᠠᠵᠤ ᠴᠢᠳᠠᠬᠤ ᠦᠭᠡᠢ ᠭᠡᠳ ᠡᠯᠴᠢ ᠶᠢ ᠪᠤᠴᠠᠭᠠᠭᠰᠠᠨ ᠪᠠᠶᠢᠨ᠎ᠠ᠃ ᠲᠡᠳᠦᠢ ᠤᠳᠠᠯ ᠦᠭᠡᠢ ᠯᠢᠭᠳᠡᠨ ᠬᠠᠭᠠᠨ ᠤ ᠵᠠᠷᠯᠢᠭ ᠢᠶᠠᠷ ᠬᠣᠷᠴᠢᠨ ᠤ ᠣᠩᠭᠤᠲᠠᠢ ᠪᠠᠭᠠᠳᠤᠷ᠂ ᠬᠥᠪᠡᠭᠦᠨ ᠤᠤᠪᠠ ᠲᠠᠶᠢᠵᠢ ᠨᠠᠷ ᠴᠡᠷᠢᠭ ᠳᠠᠶᠢᠴᠢᠯᠠᠨ ᠮᠠᠨᠵᠤ ᠵᠥᠷᠴᠢᠳ ᠦᠨ ᠴᠡᠷᠢᠭ ᠢ ᠴᠣᠬᠢᠵᠤ ᠤᠬᠤᠷᠢᠭᠤᠯᠵᠠᠢ᠃ ᠣᠩᠭᠤᠲᠠᠢ ᠪᠠᠭᠠᠳᠤᠷ᠂ ᠤᠤᠪᠠ ᠲᠠᠶᠢᠵᠢ ᠨᠠᠷ ᠨᠤᠷᠬᠠᠴᠢ ᠪᠠᠭᠠᠳᠤᠷ ᠤᠨ ᠴᠡᠷᠢᠭ ᠢ ᠳᠠᠶᠢᠯᠠᠵᠤ᠂ ᠬᠢᠶ᠎ᠠ ᠪᠤᠶᠠᠨᠲᠤ ᠶᠢ ᠠᠯᠠᠭᠰᠠᠨ ᠪᠠᠶᠢᠨ᠎ᠠ᠃

ᠵᠥᠷᠴᠢᠳ ᠦᠨ ᠨᠤᠷᠬᠠᠴᠢ ᠪᠠᠭᠠᠳᠤᠷ ᠮᠣᠩᠭᠣᠯ ᠠᠶᠢᠮᠠᠭ ᠤᠳ ᠲᠠᠢ ᠪᠠᠶᠢᠯᠳᠤᠵᠤ ᠠᠮᠵᠢᠯᠲᠠ ᠣᠯᠬᠤ ᠦᠭᠡᠢ ᠪᠡᠨ ᠮᠡᠳᠡᠮᠡᠭᠴᠡ ᠵᠥᠭᠡᠯᠡᠨ ᠠᠷᠭ᠎ᠠ 《ᠤᠷᠤᠭ ᠪᠠᠷᠢᠯᠳᠤᠬᠤ》 ᠵᠠᠮ ᠳᠤ ᠰᠢᠯᠵᠢᠭᠰᠡᠨ ᠶᠤᠮ᠃ ᠨᠤᠷᠬᠠᠴᠢ ᠪᠠᠭᠠᠳᠤᠷ ᠯᠢᠶᠣᠣᠳᠦ᠋ᠩ ᠤᠨ ᠭᠠᠵᠠᠷ ᠲᠤ ᠥᠪᠡᠷ ᠦᠨ ᠪᠠᠶᠢᠷᠢ ᠶᠢ ᠪᠡᠬᠢᠵᠢᠭᠦᠯᠬᠦ ᠶᠢᠨ ᠲᠤᠯᠠᠳᠠ ᠬᠢᠳᠠᠳ ᠤᠨ ᠮᠢᠩ ᠤᠯᠤᠰ ᠢ ᠳᠠᠶᠢᠯᠠᠬᠤ ᠳᠤ ᠬᠦᠴᠦ ᠪᠡᠨ ᠲᠥᠪᠯᠡᠷᠡᠭᠦᠯᠵᠦ᠂ ᠯᠢᠭᠳᠡᠨ ᠬᠠᠭᠠᠨ ᠪᠣᠯᠤᠨ ᠮᠣᠩᠭᠣᠯ ᠠᠶᠢᠮᠠᠭ ᠤᠳ ᠲᠠᠢ ᠢᠯᠡᠳᠲᠡ ᠳᠠᠶᠢᠰᠤᠩᠨᠠᠬᠤ ᠪᠠᠨ ᠪᠣᠯᠢᠵᠤ ᠠᠷᠤ ᠲᠠᠯ᠎ᠠ ᠶᠢᠨ ᠠᠶᠤᠯ ᠦᠭᠡᠢ ᠪᠠᠶᠢᠳᠠᠯ ᠢᠶᠠᠨ ᠬᠠᠩᠭᠠᠬᠤ ᠳᠤ ᠠᠩᠬᠠᠷᠴᠤ ᠡᠬᠢᠯᠡᠵᠡᠢ᠃ ᠮᠣᠩᠭᠣᠯᠴᠤᠳ ᠤᠨ ᠥᠳᠥᠭᠡᠨ ᠬᠠᠳᠬᠤᠯᠭ᠎ᠠ᠂ ᠬᠠᠯᠳᠠᠯᠭ᠎ᠠ᠂ ᠳᠣᠪᠲᠣᠯᠭᠠᠨ ᠳᠤ ᠨᠤᠷᠬᠠᠴᠢ ᠪᠠᠭᠠᠳᠤᠷ ᠬᠦᠯᠢᠴᠡᠩᠭᠦᠢ ᠬᠠᠨᠳᠤᠵᠤ᠂ 《ᠤᠷᠤᠭ ᠪᠣᠯᠤᠶ᠎ᠠ》 ᠭᠡᠬᠦ ᠵᠡᠷᠭᠡ ᠪᠡᠷ ᠬᠢᠯᠢ ᠵᠠᠯᠭᠠᠭ᠎ᠠ ᠤᠷᠤᠰᠢᠬᠤ ᠬᠣᠷᠴᠢᠨ᠂ ᠥᠪᠥᠷ ᠬᠠᠯᠬ᠎ᠠ ᠶᠢᠨ ᠲᠠᠪᠤᠨ ᠣᠲᠣᠭ ᠤᠨ ᠨᠣᠶᠠᠳ᠂ ᠲᠠᠶᠢᠵᠢ ᠨᠠᠷ ᠲᠠᠢ ᠨᠠᠶᠢᠷᠲᠠᠢ ᠬᠠᠷᠢᠯᠴᠠᠵᠤ ᠣᠶᠢᠷᠠᠳᠤᠭᠰᠠᠭᠠᠷ ᠪᠠᠶᠢᠯ᠎ᠠ᠃  ᠨᠤᠷᠬᠠᠴᠢ ᠪᠠᠭᠠᠲᠤᠷ (1575-1626) ᠮᠠᠨᠵᠤ ᠠᠶᠢᠮᠠᠭ ᠤᠳ ᠢ 1616ᠤᠨ ᠳᠤ ᠨᠢᠭᠡᠳᠬᠡᠭᠡᠳ ᠮᠣᠩᠭᠣᠯ ᠤᠨ ᠯᠢᠭᠳᠡᠨ ᠬᠠᠭᠠᠨ ᠳᠤ ᠵᠠᠬᠢᠳᠠᠯ ᠢᠯᠡᠭᠡᠵᠦ᠂ ᠨᠡᠶᠢᠲᠡ ᠶᠢᠨ ᠳᠠᠶᠢᠰᠤᠨ ᠮᠢᠩ ᠤᠯᠤᠰ ᠤᠨ ᠡᠰᠡᠷᠬᠦ ᠬᠠᠮᠲᠤᠷᠠᠵᠤ ᠳᠠᠶᠢᠲᠤᠬᠤ ᠶᠢ ᠰᠠᠨᠠᠯ ᠪᠣᠯᠭᠠᠭᠰᠠᠨ ᠪᠠᠶᠢᠨ᠎ᠠ᠃ 1619 ᠤᠨ ᠳᠤ ᠵᠥᠷᠴᠢᠳ ᠦᠨ ᠨᠤᠷᠬᠠᠴᠢ ᠪᠠᠭᠠᠲᠤᠷ ᠮᠢᠩ ᠤᠯᠤᠰ ᠤᠨ ᠬᠢᠵᠠᠭᠠᠷ ᠲᠤ ᠬᠢᠬᠦ ᠳᠣᠪᠲᠣᠯᠭᠠᠨ ᠢᠶᠠᠨ ᠥᠷᠭᠡᠳᠬᠡᠵᠦ ᠲᠧᠯᠢᠩ ᠳᠠᠪᠠᠭ᠎ᠠ ᠶᠢ ᠡᠵᠡᠯᠡᠨ ᠠᠪᠬᠤ ᠪᠠᠷ ᠬᠥᠳᠡᠯᠵᠦ ᠢᠷᠡᠭᠰᠡᠨ ᠳᠦ ᠮᠢᠩ ᠤᠯᠤᠰ ᠬᠦᠴᠦᠨ ᠮᠡᠬᠦᠰᠳᠡᠵᠦ ᠮᠣᠩᠭᠣᠯ ᠤᠨ ᠯᠢᠭᠳᠡᠨ ᠬᠠᠭᠠᠨ ᠠᠴᠠ ᠲᠤᠰᠠᠯᠠᠮᠵᠢ ᠬᠦᠰᠡᠪᠡ᠃ ᠯᠢᠭᠳᠡᠨ ᠬᠠᠭᠠᠨ ᠵᠠᠷᠯᠢᠭ ᠢᠶᠠᠷ ᠥᠪᠥᠷ ᠬᠠᠯᠬ᠎ᠠ ᠶᠢᠨ ᠬᠣᠩᠭᠢᠷᠠᠳ ᠤᠨ ᠵᠠᠶᠢᠰᠠᠢ ᠨᠣᠶᠠᠨ᠂ ᠵᠠᠷᠤᠳ ᠤᠨ ᠪᠠᠭ᠎ᠠ ᠳᠠᠷᠬᠠᠨ᠂ ᠰᠠᠪᠤᠨ᠂ ᠬᠣᠷᠴᠢᠨ ᠤ ᠮᠢᠩ ᠢᠩᠨ ᠲᠠᠶᠢᠵᠢ ᠪᠠ ᠲᠡᠭᠦᠨ ᠦ ᠬᠥᠪᠡᠭᠦᠨ ᠰᠠᠨᠭᠠᠷᠵᠠᠢ ᠲᠠᠶᠢᠵᠢ ᠨᠠᠷ ᠨᠢᠭᠡᠨ ᠲᠦᠮᠡ ᠢᠯᠡᠭᠦᠦ ᠮᠣᠷᠢᠲᠤ ᠴᠡᠷᠢᠭ ᠳᠠᠶᠢᠴᠢᠯᠠᠨ ᠲᠧᠯᠢᠩ ᠳᠠᠪᠠᠭ᠎ᠠ ᠶᠢ ᠳᠣᠪᠲᠣᠯᠵᠤ ᠡᠵᠡᠯᠡᠭᠰᠡᠨ ᠪᠣᠯᠪᠠᠴᠤ ᠨᠤᠷᠬᠠᠴᠢ ᠪᠠᠭᠠᠲᠤᠷ ᠳᠤ ᠢᠯᠠᠭᠳᠠᠵᠤ᠂ ᠵᠠᠶᠢᠰᠠᠢ ᠨᠣᠶᠠᠨ ᠵᠡᠷᠭᠡ ᠣᠯᠠᠨ ᠨᠣᠶᠠᠳ ᠣᠯᠵᠠᠯᠠᠭᠳᠠᠭᠰᠠᠨ ᠪᠠᠶᠢᠨ᠎ᠠ᠃  ᠨᠤᠷᠬᠠᠴᠢ ᠪᠠᠭᠠᠲᠤᠷ ᠰᠣᠯᠣᠩᠭᠣᠰ ᠢ ᠳᠠᠶᠢᠯᠦᠭᠰᠡᠨ ᠤ ᠪᠠᠨ ᠳᠠᠷᠠᠭ᠎ᠠ ᠬᠢᠳᠠᠳ ᠣᠷᠣᠨ ᠢ ᠪᠠᠶᠢᠯᠳᠤᠨ ᠳᠠᠭᠠᠭᠤᠯᠬᠤ ᠠᠶᠠᠨ ᠳᠠᠶᠢᠨ ᠳᠤ ᠪᠠᠨ ᠥᠪᠡᠷ ᠦᠨ ᠪᠠᠷᠠᠭᠤᠨ ᠵᠢᠭᠦᠷ ᠲᠦ ᠪᠠᠶᠢᠭ᠎ᠠ ᠮᠣᠩᠭᠣᠯ ᠠᠶᠢᠮᠠᠭ ᠤᠳ ᠢ ᠥᠪᠡᠷᠲᠡᠭᠡᠨ ᠲᠠᠲᠠᠬᠤ᠂ ᠨᠥᠯᠦᠭᠡᠨ ᠳᠦ ᠪᠡᠨ ᠣᠷᠣᠭᠤᠯᠬᠤ ᠶᠢ ᠴᠢᠷᠮᠠᠶᠢᠵᠤ᠂ ᠲᠡᠷᠡ ᠳᠤᠮᠳᠠ ᠪᠠᠨ ᠯᠢᠭᠳᠡᠨ ᠬᠠᠭᠠᠨ ᠢ ᠥᠪᠡᠷ ᠦᠨ ᠭᠣᠣᠯ ᠬᠣᠯᠪᠣᠭᠠᠲᠠᠨ ᠢᠶᠠᠨ ᠪᠣᠯᠭᠠᠬᠤ ᠶᠢ ᠰᠠᠨᠠᠭᠠᠷᠬᠠᠵᠤ ᠡᠬᠢᠯᠡᠪᠡ᠃

ᠮᠠᠨᠵᠤ-ᠵᠥᠷᠴᠢᠳ ᠦᠨ ᠤᠮᠠᠷᠠᠳᠤ ᠠᠯᠲᠠᠨ ᠤᠯᠤᠰ᠂ ᠮᠣᠩᠭᠣᠯ ᠤᠯᠤᠰ ᠬᠣᠶᠠᠷ ᠤᠨ ᠬᠣᠭᠣᠷᠣᠨᠳᠣ ᠪᠣᠯᠤᠭᠰᠠᠨ ᠠᠩᠬᠠᠨ ᠤ ᠲᠤᠯᠤᠯᠳᠤᠭᠠᠨ ᠳᠤ ᠨᠤᠷᠬᠠᠴᠢ ᠪᠠᠭᠠᠲᠤᠷ  ᠢᠯᠠᠯᠲᠠ ᠪᠠᠷ ᠥᠨᠳᠥᠷᠯᠡᠭᠰᠡᠨ ᠨᠢ ᠮᠠᠨᠵᠤ ᠵᠥᠷᠴᠢᠳ ᠦᠨ ᠬᠤᠪᠢ ᠳᠤ ᠮᠣᠩᠭᠣᠯ ᠠᠶᠢᠮᠠᠭ ᠤᠳ ᠢ ᠬᠣᠪᠢᠨ ᠳᠤ ᠪᠠᠨ ᠲᠠᠳᠠᠬᠣ ᠪᠣᠯᠤᠮᠵᠢ ᠶᠢ ᠨᠡᠮᠡᠭᠳᠡᠭᠦᠯᠪᠡ᠃

ᠨᠣᠷᠬᠠᠴᠢ ᠮᠠᠨᠵᠣ ᠵᠢ ᠨᠢᠭᠡᠳᠭᠡᠭᠰᠡᠨ ᠦ ᠲᠠᠷᠠᠭᠠᠬᠢ ᠮᠣᠩᠭᠣᠯ ᠮᠠᠨᠵᠣ ᠶᠢᠨ ᠬᠠᠷᠢᠴᠠᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠧᠯᠢᠩ ᠦᠨ ᠲᠤᠯᠤᠯᠳᠤᠭᠠᠨ ᠠᠴᠠ ᠬᠣᠶᠢᠰᠢ ᠵᠥᠷᠴᠢᠳ ᠦᠨ ᠨᠤᠷᠬᠠᠴᠢ ᠪᠠᠭᠠᠲᠤᠷ ᠮᠢᠩ ᠤᠯᠤᠰ ᠢ ᠳᠠᠶᠢᠯᠠᠶ᠎ᠠ ᠭᠡᠪᠡᠯ ᠡᠬᠢᠯᠡᠭᠡᠳ ᠮᠣᠩᠭᠣᠯ ᠤᠨ ᠯᠢᠭᠳᠡᠨ ᠬᠠᠭᠠᠨ ᠤ ᠬᠦᠴᠦ ᠶᠢ ᠰᠤᠯᠠᠷᠠᠭᠤᠯᠬᠤ᠂ ᠠᠷᠤ ᠲᠠᠯ᠎ᠠ ᠪᠠᠨ ᠪᠡᠬᠢᠵᠢᠭᠦᠯᠬᠦ ᠶᠣᠰᠣᠲᠠᠢ ᠪᠣᠯᠤᠭᠰᠠᠨ ᠪᠠᠶᠢᠨ᠎ᠠ᠃ ᠯᠢᠭᠳᠡᠨ ᠬᠠᠭᠠᠨ ᠤ ᠮᠡᠳᠡᠯ ᠳᠦ ᠪᠤᠢ ᠴᠠᠬᠠᠷ ᠠᠶᠢᠮᠠᠭ ᠬᠦᠴᠦᠷᠬᠡᠭ ᠲᠤᠯᠠ ᠥᠪᠥᠷ ᠬᠠᠯᠬ᠎ᠠ᠂ ᠬᠣᠷᠴᠢᠨ᠂ ᠬᠠᠷᠠᠴᠢᠨ᠂ ᠨᠠᠶᠢᠮᠠᠨ᠂ ᠠᠣᠬᠠᠨ᠂ ᠪᠠᠭᠠᠷᠢᠨ ᠵᠡᠷᠭᠡ ᠣᠯᠠᠨ ᠮᠣᠩᠭᠣᠯ ᠠᠶᠢᠮᠠᠭ ᠤᠳ ᠢ ᠤᠷᠤᠭ ᠤᠨ ᠬᠣᠯᠪᠣᠭᠠᠨ ᠳᠤ ᠪᠠᠨ ᠳᠤᠯᠳᠤᠶᠢᠳᠤᠨ 《ᠠᠶᠤᠯᠭᠠᠨ ᠰᠦᠷᠳᠡᠭᠦᠯᠬᠦ》 ᠪᠠ 《ᠠᠷᠭᠠᠳᠠᠨ ᠲᠠᠲᠠᠬᠤ》 ᠵᠠᠮ ᠢᠶᠠᠷ ᠨᠤᠷᠬᠠᠴᠢ ᠬᠦᠴᠦᠷᠬᠡᠭ ᠯᠢᠭᠳᠡᠨ ᠬᠠᠭᠠᠨ ᠤ ᠬᠦᠴᠦ ᠶᠢ ᠰᠤᠯᠠᠷᠠᠭᠤᠯᠵᠤ ᠡᠬᠢᠯᠡᠵᠡᠢ᠃

ᠯᠢᠭᠳᠡᠨ ᠬᠠᠭᠠᠨ ᠤᠷᠢᠳᠤ ᠨᠢ ᠮᠢᠩ ᠤᠯᠤᠰ ᠢ ᠤᠳᠠᠭ᠎ᠠ ᠳᠠᠷᠠᠭ᠎ᠠ ᠳᠣᠪᠲᠣᠯᠵᠤ᠂ ᠮᠢᠩ ᠤᠯᠤᠰ ᠯᠢᠭᠳᠡᠨ ᠬᠠᠭᠠᠨ ᠢ ᠠᠯᠲᠠ ᠮᠥᠩᠭᠥ ᠪᠡᠷ ᠬᠠᠬᠤᠤᠯᠢᠳᠠᠭᠰᠠᠨ ᠲᠤᠯᠠ ᠳᠠᠬᠢᠨ ᠮᠢᠩ ᠤᠯᠤᠰ ᠲᠠᠢ ᠪᠠᠶᠢᠯᠳᠤᠬᠤ ᠶᠢ ᠰᠣᠨᠢᠷᠬᠠᠬᠤ ᠦᠭᠡᠢ ᠪᠠᠶᠢᠯ᠎ᠠ᠃ ᠮᠥᠨ ᠨᠤᠷᠬᠠᠴᠢ ᠶᠢ ᠥᠪᠡᠷ ᠲᠡᠢ ᠨᠢ ᠲᠡᠭᠰᠢ ᠵᠢᠨᠳᠠᠭᠠᠨ ᠳᠤ ᠬᠠᠷᠢᠴᠠᠭᠰᠠᠨ ᠳᠤ ᠳᠤᠷ᠎᠎ᠠ ᠦᠭᠡᠶᠢᠴᠡᠵᠦ᠂ ᠬᠠᠮᠲᠤᠷᠠᠵᠤ ᠠᠵᠢᠯᠯᠠᠬᠤ ᠠᠴᠠ ᠲᠠᠲᠠᠭᠠᠯᠵᠠᠭᠰᠠᠨ ᠪᠠᠶᠢᠨ᠎ᠠ᠃

ᠲᠡᠭᠦᠨ ᠦ ᠬᠣᠶᠢᠨ᠎ᠠ᠂ 1619 ᠤᠨ ᠤ 11 ᠍ ᠳ᠋ᠦᠭᠡᠷ ᠰᠠᠷ᠎ᠠ ᠶᠢᠨ ᠡᠴᠦᠰ ᠢᠶᠡᠷ ᠯᠢᠭᠳᠡᠨ ᠬᠠᠭᠠᠨ ᠤ ᠡᠯᠴᠢ ᠬᠠᠩᠭᠠᠯ ᠪᠠᠶᠢᠬᠤ ᠮᠠᠨᠵᠤ ᠵᠥᠷᠴᠢᠳ ᠦᠨ ᠬᠠᠭᠠᠨ ᠤ ᠣᠷᠳᠣᠨ ᠳᠤ ᠣᠴᠢᠵᠤ ᠨᠤᠷᠬᠠᠴᠢ ᠪᠠᠭᠠᠲᠤᠷ ᠲᠦ ᠢᠯᠡᠭᠡᠭᠰᠡᠨ ᠯᠢᠭᠳᠡᠨ ᠬᠠᠭᠠᠨ ᠤ ᠪᠢᠴᠢᠭ ᠢ ᠡᠷᠭᠦᠭᠰᠡᠨ ᠪᠠᠶᠢᠨ᠎ᠠ᠃

ᠯᠢᠭᠳᠡᠨ ᠬᠠᠭᠠᠨ ᠤ ᠪᠢᠴᠢᠭ: ᠪᠢ ᠪᠣᠯ ᠪᠠᠭᠠᠲᠤᠷ ᠠᠭᠤᠤ ᠰᠤᠤᠲᠤ ᠡᠵᠡᠨ ᠴᠢᠩᠭᠢᠰ ᠬᠠᠭᠠᠨ ᠤ ᠤᠳᠤᠮ ᠯᠢᠭᠳᠡᠨ ᠪᠠᠭᠠᠲᠤᠷ ᠴᠢᠩᠭᠢᠰ ᠬᠠᠭᠠᠨ ᠪᠥᠭᠡᠳ ᠳᠥᠴᠢᠨ ᠲᠦᠮᠡᠨ ᠮᠣᠩᠭᠣᠯ ᠤᠨ ᠡᠵᠡᠨ ᠪᠢᠯᠡ᠃  ᠨᠤᠷᠬᠠᠴᠢ ᠴᠢ ᠪᠣᠯᠪᠠᠰᠤ ᠤᠰᠤᠨ ᠤ ᠭᠤᠷᠪᠠᠨ ᠲᠦᠮᠡᠨ ᠵᠥᠷᠴᠢᠳ ᠦᠨ ᠡᠵᠡᠨ ᠪᠢᠯᠡ᠃ ᠬᠡᠷᠪᠡ᠂ ᠴᠢ ᠮᠢᠨᠦ ᠡᠮᠦᠨ᠎ᠡ ᠡᠴᠡ ᠳᠣᠪᠲᠣᠯᠬᠤ ᠭᠡᠵᠦ ᠪᠠᠶᠢᠭ᠎ᠠ ᠪᠣᠯ ᠰᠠᠶᠢᠲᠤᠷ ᠪᠣᠳᠣᠲᠤᠭᠠᠢ᠃ ᠴᠢ ᠨᠠᠩᠭᠢᠶᠠᠳ ᠣᠷᠣᠨ ᠳᠤ ᠭᠠᠢ ᠭᠠᠮᠰᠢᠭ ᠶᠡᠬᠡ ᠲᠠᠷᠢᠪᠠᠢ᠃ ᠮᠢᠩ ᠬᠢᠭᠡᠳ ᠪᠢᠳᠡᠨ ᠦ ᠬᠣᠶᠠᠷ ᠤᠯᠤᠰ ᠳᠠᠶᠢᠰᠤᠨ ᠤᠯᠤᠰ ᠤᠳ ᠪᠦᠯᠦᠭᠡ᠃ ᠪᠢᠳᠡ ᠴᠢᠮᠠᠢ ᠦᠬᠡᠷ ᠵᠢᠯ ᠡᠴᠡ ᠡᠬᠢᠯᠡᠨ ᠮᠢᠩ ᠤᠯᠤᠰ ᠢ ᠨᠢᠭᠡ ᠪᠤᠰᠤ ᠤᠳᠠᠭ᠎ᠠ ᠳᠠᠶᠢᠯᠠᠭᠰᠠᠨ ᠢ ᠮᠡᠳᠡᠨ᠎ᠡ᠃ ᠡᠨᠡ ᠵᠢᠯ ᠦᠨ ᠵᠤᠨ ᠪᠢ ᠥᠪᠡᠷ ᠢᠶᠡᠨ ᠮᠢᠩ ᠤᠯᠤᠰ ᠤᠨ ᠭᠤᠸᠠᠨᠠᠨ ᠤ ᠡᠰᠡᠷᠬᠦ ᠴᠡᠷᠢᠭᠯᠡᠵᠦ ᠬᠣᠲᠠ ᠶᠢ ᠡᠵᠡᠯᠡᠨ ᠠᠪᠴᠤ ᠲᠡᠨᠳᠡ ᠬᠤᠷᠢᠶᠠᠭᠰᠠᠨ ᠠᠯᠪᠠ ᠶᠢ ᠬᠤᠷᠢᠶᠠᠮᠵᠢᠯᠠᠨ ᠠᠪᠤᠭᠰᠠᠨ ᠪᠣᠯᠠᠢ᠃ ᠬᠡᠷᠪᠡ ᠴᠢᠨᠤ ᠴᠡᠷᠢᠭ ᠭᠤᠸᠠᠨᠠᠨ ᠢ ᠳᠠᠶᠢᠯᠠᠬᠤ ᠬᠡᠮᠡᠪᠡᠯ ᠪᠢ ᠨᠣᠮᠣᠬᠠᠳᠬᠠᠨ ᠳᠠᠷᠤᠨ᠎ᠠ᠃ ᠮᠣᠩᠭᠣᠯ ᠤᠯᠤᠰ ᠡᠷᠲᠡᠨ ᠡᠴᠡ ᠮᠢᠩ ᠤᠯᠤᠰ ᠲᠠᠢ ᠥᠰᠢᠶ᠎ᠡ ᠲᠡᠢ ᠪᠣᠯᠬᠤ ᠠᠴᠠ ᠵᠥᠷᠴᠢᠳ ᠨᠠᠷ ᠲᠠᠢ ᠥᠰᠢᠶ᠎ᠡ ᠠᠲᠠᠭ᠎ᠠ ᠦᠭᠡᠢ᠃ ᠪᠢᠳᠡ ᠲᠠᠰᠤᠷᠠᠭᠰᠠᠨ ᠡᠯᠴᠢᠨ ᠬᠠᠷᠢᠯᠴᠠᠭ᠎ᠠ ᠪᠠᠨ ᠰᠡᠷᠭᠦᠭᠡᠬᠦ ᠪᠤᠢ ᠵᠠ》 ....

ᠯᠢᠭᠳᠡᠨ ᠬᠠᠭᠠᠨ ᠴᠠᠭᠠᠰᠢ ᠨᠢ ᠵᠠᠶᠢᠰᠠᠢ ᠲᠡᠷᠢᠭᠦᠲᠡᠢ ᠬᠣᠷᠴᠢᠨ᠂ ᠥᠪᠥᠷ ᠬᠠᠯᠬ᠎ᠠ ᠶᠢᠨ ᠨᠣᠶᠠᠳ ᠢ ᠶᠠᠮᠠᠷ ᠴᠤ ᠪᠣᠯᠵᠣᠯ ᠦᠭᠡᠢ ᠪᠡᠷ ᠰᠤᠯᠠᠯᠠᠬᠤ᠂ ᠲᠡᠭᠦᠨ ᠦ ᠡᠵᠡᠯᠡᠨ ᠪᠤᠢ ᠭᠤᠸᠠᠨᠠᠨ ᠬᠣᠳᠠ ᠳᠤ ᠴᠡᠷᠢᠭᠯᠡᠬᠦ ᠪᠡᠨ ᠲᠠᠲᠠᠭᠠᠯᠵᠠᠬᠤ ᠶᠢ ᠱᠠᠭᠠᠷᠳᠠᠭᠰᠠᠨ ᠪᠠᠶᠢᠨ᠎ᠠ᠃  ᠨᠤᠷᠬᠠᠴᠢ ᠪᠠᠭᠠᠲᠤᠷ ᠡᠨᠡᠬᠦ ᠵᠠᠬᠢᠳᠠᠯ ᠳᠤ ᠡᠭᠳᠡᠭᠦᠴᠡᠵᠦ᠂ ᠮᠣᠩᠭᠣᠯ ᠡᠯᠴᠢ ᠶᠢ ᠪᠠᠷᠢᠵᠤ ᠬᠣᠷᠢᠭᠠᠳ᠂ 1620 ᠤᠨ ᠳᠤ ᠬᠠᠷᠢᠭᠤ ᠡᠯᠴᠢ ᠡᠯᠡᠭᠡᠪᠡ: 《ᠲᠠ ᠶᠠᠭᠤᠨ ᠤ ᠤᠴᠢᠷ ᠥᠪᠡᠷ ᠢ ᠪᠡᠨ ᠮᠠᠨ ᠤ ᠤᠯᠤᠰ ᠠᠴᠠ ᠳᠡᠭᠡᠭᠰᠢ ᠳᠥᠴᠢᠨ ᠲᠦᠮᠡᠨ ᠤᠯᠤᠰ ᠬᠡᠮᠡᠨ ᠡᠷᠭᠦᠮᠵᠢᠯᠡᠨᠡᠮ ᠪᠤᠢ᠃ ᠮᠢᠩ ᠤᠯᠤᠰ ᠳᠠᠶᠢᠳᠤ (ᠶᠡᠬᠡ ᠨᠡᠶᠢᠰᠯᠡᠯ) ᠍  ᠶᠢ ᠠᠪᠬᠤ ᠦᠶ᠎ᠡ ᠳᠦ ᠲᠠᠨ ᠤ ᠳᠥᠴᠢᠨ ᠲᠦᠮᠡᠨ ᠮᠣᠩᠭᠣᠯᠴᠤᠳ ᠪᠦᠷᠢᠨ ᠢᠶᠡᠨ ᠪᠤᠲᠠ ᠨᠢᠷᠭᠡᠭᠦᠯᠵᠦ᠂ ᠳᠥᠩᠭᠡᠵᠢ ᠵᠢᠷᠭᠤᠭᠠᠨ ᠲᠦᠮᠡᠨ ᠬᠦᠮᠦᠨ ᠠᠮᠢ ᠵᠣᠯᠢᠨ ᠭᠠᠷᠤᠭᠰᠠᠨ ᠢ ᠪᠢᠳᠡ ᠰᠣᠨᠣᠰᠤᠭᠰᠠᠨ ᠪᠢᠯᠡ᠃ ᠲᠡᠳᠡ ᠵᠢᠷᠭᠤᠭᠠᠨ ᠲᠦᠮᠡᠨ ᠴᠤ ᠲᠠᠩᠳᠠ ᠪᠦᠭᠦᠳᠡ ᠪᠦᠷᠢᠨ ᠵᠠᠬᠢᠷᠤᠭᠳᠠᠭ᠎ᠠ ᠦᠭᠡᠢ ᠪᠣᠯᠠᠢ᠃ 《ᠯᠢᠭᠳᠡᠨ ᠳᠥᠴᠢᠨ ᠲᠦᠮᠡᠨ ᠮᠣᠩᠭᠣᠯ ᠤᠨ ᠡᠵᠡᠨ ᠬᠡᠮᠡᠨ ᠪᠠᠷᠳᠠᠮᠨᠠᠪᠠᠴᠤ᠂ ᠲᠡᠭᠦᠨ ᠦ ᠮᠡᠳᠡᠯ ᠥᠴᠥᠬᠡᠨ᠂ ᠴᠠᠬᠠᠷ ᠤᠨ ᠡᠵᠡᠨ ᠲᠡᠳᠦᠢ ᠡᠴᠡ ᠦᠯᠦ ᠬᠡᠲᠦᠷᠬᠦ ᠪᠢᠰᠢᠦ᠃ ᠮᠢᠩ ᠤᠯᠤᠰ ᠪᠢᠳᠡᠨ ᠡᠴᠡ ᠠᠶᠤᠬᠤ ᠶᠢᠨ ᠤᠴᠢᠷ ᠲᠠ ᠪᠦᠭᠦᠳᠡ ᠶᠢ ᠪᠡᠯᠡᠭ ᠮᠥᠩᠭᠥ ᠪᠡᠷ ᠲᠠᠲᠠᠵᠤ ᠪᠠᠶᠢᠨ᠎ᠠ᠃ ᠲᠠ ᠪᠣᠯᠤᠨ ᠪᠢᠳᠡ ᠬᠡᠯᠡ ᠶᠠᠷᠢᠶ᠎ᠠ ᠦᠭᠡᠷ᠎ᠡ ᠪᠣᠯᠪᠠᠴᠤ ᠡᠮᠭᠡᠨᠢᠯ ᠦᠨ ᠬᠤᠪᠴᠠᠰᠤ ᠡᠮᠥᠰᠬᠦ ᠶᠣᠰᠣ ᠵᠢᠷᠤᠮ ᠪᠢᠳᠡᠨ ᠳᠦ ᠨᠢᠭᠡᠨ ᠠᠳᠠᠯᠢ ᠪᠣᠯᠠᠢ᠃ ᠮᠢᠩ ᠤᠯᠤᠰ ᠪᠤᠯ ᠪᠢᠳᠡᠨ ᠦ ᠵᠠᠨᠤᠯᠲᠤ ᠳᠠᠶᠢᠰᠤᠨ ᠪᠣᠯᠠᠢ᠃ ᠡᠵᠡᠨ ᠬᠠᠭᠠᠨ ᠲᠩᠷᠢ ᠭᠠᠵᠠᠷ ᠤᠨ ᠥᠷᠥᠰᠢᠶᠡᠯ ᠬᠦᠷᠲᠡᠵᠦ᠂ ᠲᠡᠳᠡᠨ ᠦ ᠡᠰᠡᠷᠬᠦ ᠳᠠᠶᠢᠲᠤᠵᠤ᠂ ᠬᠣᠲᠠ ᠶᠢ ᠨᠢ ᠨᠤᠷᠠᠭᠠᠵᠤ᠂ ᠬᠦᠮᠦᠨ ᠠᠷᠠᠳ ᠢ ᠨᠢ ᠤᠰᠠᠳᠬᠠᠪᠠ᠃ ᠲᠩᠷᠢ ᠭᠠᠵᠠᠷ ᠲᠤ ᠢᠪᠡᠭᠡᠭᠳᠡᠭᠰᠡᠨ ᠡᠵᠡᠨ ᠬᠠᠭᠠᠨ ᠲᠠᠢ ᠬᠠᠮᠲᠤ ᠪᠠᠷ ᠭᠦᠨᠵᠡᠭᠡᠢ ᠵᠠᠨᠤᠯᠲᠤ ᠳᠠᠶᠢᠰᠤᠨ ᠮᠢᠩ ᠤᠳ ᠢ ᠳᠠᠶᠢᠯᠠᠬᠤ ᠬᠡᠲᠦ ᠶᠢᠨ ᠰᠠᠨᠠᠭ᠎ᠠ ᠥᠪᠥᠷᠯᠡᠶ᠎ᠡ ᠭᠡᠰᠡᠨ᠃ ᠲᠡᠶᠢᠮᠦ ᠦᠭᠡ ᠬᠡᠯᠡ ᠢᠯᠡᠭᠦᠦ ᠴᠤᠬᠠᠭ ᠪᠤᠰᠤ ᠭᠡᠵᠦ ᠦᠦ》 ᠭᠡᠳ ᠴᠠᠬᠠᠷ ᠨᠢ ᠮᠢᠩ ᠦᠨ ᠳᠠᠶᠢᠨ ᠳᠤ ᠢᠯᠠᠭᠳᠠᠵᠤ ᠪᠠᠶᠢᠭᠰᠠᠨ ᠢ ᠳᠤᠷᠠᠳᠤᠭᠠᠳ᠂ ᠮᠢᠩ ᠤᠯᠤᠰ ᠤᠨ ᠡᠰᠡᠷᠬᠦ ᠵᠥᠷᠴᠢᠳ᠂ ᠮᠣᠩᠭᠣᠯ ᠨᠠᠷ ᠬᠣᠯᠪᠣᠭᠠᠲᠠᠨ ᠪᠣᠯᠵᠤ ᠲᠡᠮᠡᠴᠡᠬᠦ ᠶᠢ ᠰᠠᠨᠠᠯ ᠪᠣᠯᠭᠠᠭᠠᠳ ᠬᠣᠷᠢᠭᠳᠠᠵᠤ ᠪᠤᠢ ᠵᠠᠷᠢᠮ ᠨᠣᠶᠠᠳ ᠢ ᠰᠤᠯᠠᠯᠠᠭᠰᠠᠨ ᠴᠤ ᠵᠠᠶᠢᠰᠠᠢ ᠨᠣᠶᠠᠨ ᠢ ᠲᠦᠮᠡᠨ ᠲᠠᠯ᠎ᠠ ᠪᠠᠷ ᠰᠤᠯᠢᠵᠤ ᠠᠪᠤᠰᠤᠭᠠᠢ ᠭᠡᠵᠦ ᠡᠯᠴᠢ ᠢᠯᠡᠭᠡᠪᠡ᠃ ᠯᠢᠭᠳᠡᠨ ᠬᠠᠭᠠᠨ ᠬᠢᠯᠢᠩᠨᠡᠵᠦ᠂ ᠵᠥᠷᠴᠢᠳ ᠦᠨ ᠡᠯᠴᠢ ᠶᠢ ᠬᠣᠷᠢᠭᠰᠠᠨ ᠳᠤ ᠨᠤᠷᠬᠠᠴᠢ ᠪᠠᠭᠠᠲᠤᠷ ᠤᠨ ᠣᠷᠳᠣᠨ ᠳᠤ ᠮᠠᠨᠵᠤ ᠵᠥᠷᠴᠢᠳ ᠦᠨ ᠡᠯᠴᠢ ᠶᠢ ᠬᠣᠷᠢᠶᠠᠭᠰᠠᠨ ᠲᠤᠬᠠᠢ ᠬᠤᠳᠠᠯ ᠴᠤᠤ ᠦᠭᠡ ᠬᠦᠷᠴᠦ᠂ ᠯᠢᠭᠳᠡᠨ ᠬᠠᠭᠠᠨ ᠤ ᠡᠯᠴᠢ ᠬᠠᠩᠭᠠᠯ ᠪᠠᠶᠢᠬᠤ ᠶᠢ ᠬᠣᠷᠢᠵᠠᠢ᠃ ᠡᠶᠢᠨᠬᠦᠦ ᠤᠮᠠᠷᠠᠳᠤ ᠠᠯᠲᠠᠨ ᠤᠯᠤᠰ ᠪᠠ ᠮᠣᠩᠭᠣᠯ ᠤᠯᠤᠰ ᠬᠣᠶᠠᠷ ᠤᠨ ᠬᠣᠭᠣᠷᠣᠨᠳᠣ ᠨᠣᠴᠢᠲᠠᠢ ᠵᠥᠷᠢᠴᠡᠯ ᠪᠤᠢ ᠪᠣᠯᠪᠠ᠃

ᠯᠢᠭᠳᠡᠨ ᠬᠠᠭᠠᠨ ᠮᠢᠩ ᠣᠯᠣᠰ ᠲᠠᠢ ᠬᠣᠯᠪᠣᠭ᠎ᠠ ᠪᠠᠶᠢᠭᠣᠯᠣᠭᠰᠠᠨ ᠪᠠ ᠲᠡᠬᠦᠨ ᠦ ᠦᠷ᠎ᠡ ᠨᠦᠯᠦᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠨᠵᠤ ᠵᠥᠷᠴᠢᠳ ᠨᠠᠷ ᠬᠦᠴᠦᠷᠬᠡᠭᠵᠢᠭᠰᠡᠨ ᠲᠡᠢ ᠬᠣᠯᠪᠣᠭᠳᠠᠭᠤᠯᠤᠨ᠂ ᠮᠢᠩ ᠤᠯᠤᠰ ᠤᠨ ᠡᠷᠬᠡ ᠪᠠᠷᠢᠭᠴᠢᠳ ᠮᠠᠨᠵᠤ ᠵᠥᠷᠴᠢᠳ ᠪᠠ ᠮᠣᠩᠭᠣᠯ ᠬᠣᠶᠠᠷ ᠤᠨ ᠠᠯᠢᠨ ᠲᠠᠢ ᠨᠢ ᠬᠣᠯᠪᠣᠭᠠᠲᠠᠨ ᠪᠣᠯᠬᠤ ᠲᠤᠬᠠᠢ ᠵᠥᠪᠯᠡᠯᠳᠦᠨ ᠬᠡᠯᠡᠯᠴᠡᠬᠦ ᠳᠦ ᠪᠡᠨ ᠨᠠᠩᠭᠢᠶᠠᠳ ᠲᠦᠰᠢᠮᠡᠳ: 《ᠵᠥᠷᠴᠢᠳ ᠨᠠᠷ ᠡᠷᠲᠡᠨ ᠡᠴᠡ ᠵᠠᠯᠢᠬᠠᠢ ᠬᠦᠮᠦᠰ ᠲᠤᠯᠠ ᠶᠠᠭᠠᠬᠢᠵᠤ ᠴᠤ ᠮᠡᠳᠡᠨ᠎ᠡ᠃ ᠬᠠᠷᠢᠨ ᠤᠮᠠᠷᠠᠳᠤ ᠶᠢᠨ ᠮᠣᠩᠭᠣᠯᠴᠤᠳ ᠪᠣᠯᠪᠠᠰᠤ ᠳᠣᠪᠲᠣᠯᠵᠤ ᠡᠳ᠋ ᠠᠭᠤᠷᠠᠳᠠᠰᠤ ᠪᠤᠯᠢᠶᠠᠬᠤ ᠠᠴᠠ ᠥᠭᠡᠷ᠎ᠡ ᠦᠭᠡᠢ᠂ ᠬᠡᠯᠡᠭᠰᠡᠨ ᠳᠦ ᠪᠡᠨ ᠬᠦᠷᠳᠡᠭ ᠬᠦᠮᠦᠰ ᠲᠤᠯᠠ ᠮᠣᠩᠭᠣᠯ ᠲᠠᠢ ᠬᠣᠯᠪᠣᠭᠠᠲᠠᠨ ᠪᠣᠯᠬᠤ ᠨᠢ ᠵᠥᠪ》 ᠭᠡᠵᠦ ᠲᠣᠭᠲᠠᠭᠰᠠᠨ ᠪᠠᠶᠢᠨ᠎ᠠ᠃

1619 ᠤᠨ ᠳᠤ ᠯᠢᠭᠳᠡᠨ ᠬᠠᠭᠠᠨ ᠮᠢᠩ ᠤᠯᠤᠰ ᠲᠠᠢ ᠴᠡᠷᠢᠭ ᠦᠨ ᠬᠣᠯᠪᠣᠭᠠᠲᠠᠨ ᠤ ᠭᠡᠷ᠎ᠡ ᠪᠠᠶᠢᠭᠤᠯᠵᠤ᠂ ᠮᠢᠩ ᠤᠯᠤᠰ ᠠᠴᠠ ᠠᠪᠬᠤ ᠱᠠᠩ ᠬᠠᠷᠠᠮᠵᠢ ᠪᠠᠨ 4000 ᠯᠠᠩ ᠴᠠᠭᠠᠨ ᠮᠥᠩᠭᠥ ᠶᠢ 20000 ᠯᠠᠩ ᠴᠠᠭᠠᠨ ᠮᠥᠩᠭᠥ ᠪᠣᠯᠭᠠᠵᠠᠢ᠃

ᠯᠢᠭᠳᠡᠨ ᠬᠠᠭᠠᠨ ᠤ ᠡᠨᠡ ᠦᠢᠯᠡ ᠠᠵᠢᠯᠯᠠᠭ᠎ᠠ ᠥᠪᠥᠷ ᠮᠣᠩᠭᠣᠯ ᠤᠨ ᠪᠦᠬᠦ ᠨᠣᠶᠠᠳ ᠤᠨ ᠲᠣᠷ᠎ᠠ ᠦᠭᠡᠶᠢᠴᠢᠯ ᠢ ᠬᠦᠷᠭᠡᠵᠥ ᠂ ᠮᠣᠩᠭᠣᠯᠴᠤᠳ ᠨᠠᠩᠭᠢᠶᠠᠳ ᠢ ᠦᠵᠡᠨ ᠶᠠᠳᠠᠬᠤ ᠦᠵᠡᠯ ᠰᠠᠨᠠᠭ᠎ᠠ ᠶᠢ ᠰᠡᠳᠡᠷᠡᠭᠡᠭᠰᠡᠨ ᠦᠷ᠎ᠡ ᠨᠦᠯᠦᠭᠡ ᠪᠣᠯᠵᠠᠢ ᠃ ᠮᠣᠩᠭᠣᠯ ᠨᠣᠶᠠᠳ ᠯᠢᠭᠳᠡᠨ ᠬᠠᠭᠠᠨ ᠠᠴᠠ ᠨᠢᠭᠤᠷ ᠪᠤᠷᠤᠭᠤᠯᠠᠨ ᠮᠠᠨᠵᠤ ᠵᠥᠷᠴᠢᠳ ᠦᠨ ᠨᠤᠷᠬᠠᠴᠢ ᠪᠠᠭᠠᠲᠤᠷ ᠢ ᠲᠦᠰᠢᠬᠦ ᠪᠣᠯᠵᠠᠢ᠃ ᠯᠢᠭᠳᠡᠨ ᠬᠠᠭᠠᠨ ᠪᠠ ᠮᠢᠩ ᠤᠯᠤᠰ ᠤᠨ ᠬᠣᠯᠪᠣᠭᠠᠲᠠᠨ ᠤ ᠭᠡᠷ᠎ᠡ ᠪᠠᠶᠢᠭᠤᠯᠬᠤ ᠠᠴᠠ ᠡᠮᠦᠨ᠎ᠡ ᠮᠣᠩᠭᠣᠯ ᠨᠣᠶᠠᠳ ᠴᠥᠮ ᠯᠢᠭᠳᠡᠨ ᠬᠠᠭᠠᠨ ᠢ ᠳᠠᠭᠠᠵᠤ᠂ ᠲᠡᠭᠦᠨ ᠦ ᠦᠭᠡ ᠵᠠᠷᠯᠢᠭ ᠢ ᠮᠥᠷᠳᠡᠵᠦ ᠪᠠᠶᠢᠯ᠎ᠠ᠃

ᠯᠢᠭᠳᠡᠨ ᠬᠠᠭᠠᠨ ᠤ ᠪᠣᠳᠣᠯᠭ᠎ᠠ ᠳᠤ ᠳᠤᠷ᠎ᠠ ᠦᠭᠡᠶᠢᠴᠡᠭᠰᠡᠨ ᠦᠵᠦᠮᠦᠴᠢᠨ᠂ ᠰᠥᠨᠢᠳ᠂ ᠬᠠᠭᠤᠴᠢᠳ᠂ ᠠᠪᠠᠭ᠎ᠠ ᠵᠡᠷᠭᠡ ᠠᠶᠢᠮᠠᠭ ᠤᠳ ᠡᠯᠡᠰᠦᠨ ᠭᠣᠪᠢ ᠶᠢ ᠭᠠᠲᠤᠯᠠᠵᠤ᠂ ᠬᠠᠯᠬ᠎ᠠ ᠶᠢᠨ ᠰᠡᠴᠡᠨ ᠬᠠᠭᠠᠨ ᠱᠣᠯᠣ ᠶᠢᠨ ᠨᠤᠲᠤᠭ ᠲᠤ ᠨᠡᠭᠦᠵᠦ ᠢᠷᠡᠪᠡ᠃

1623 ᠤᠨ ᠤ 5 ᠍ᠳ᠋ᠣᠭᠠᠷ ᠰᠠᠷ᠎ᠠ ᠳᠤ ᠯᠢᠭᠳᠡᠨ ᠬᠠᠭᠠᠨ ᠵᠠᠷᠤᠳ ᠠᠶᠢᠮᠠᠭ ᠤᠨ ᠰᠠᠪᠤᠨ ᠨᠣᠶᠠᠨ ᠢ《ᠤᠮᠠᠷᠠᠳᠤ ᠠᠯᠲᠠᠨ ᠤᠯᠤᠰ ᠲᠠᠢ ᠳᠠᠯᠳᠠᠭᠤᠷ ᠬᠠᠷᠢᠯᠴᠠᠪᠠ》ᠬᠡᠮᠡᠨ ᠳᠣᠪᠲᠣᠯᠤᠭᠰᠠᠨ ᠳᠤ ᠰᠠᠪᠤᠨ ᠨᠣᠶᠠᠨ ᠶᠠᠯ᠎ᠠ ᠠᠰᠠᠭᠤᠬᠤ ᠠᠴᠠ ᠠᠶᠤᠵᠤ ᠬᠥᠷᠰᠢ ᠬᠣᠷᠴᠢᠨ ᠤ ᠨᠤᠲᠤᠭ ᠲᠤ ᠣᠷᠣᠵᠤ ᠢᠷᠡᠭᠰᠡᠨ ᠦ ᠳᠠᠷᠠᠭ᠎ᠠ ᠂ ᠶᠠᠯᠠᠲᠤ ᠬᠥᠮᠥᠨ ᠢ ᠣᠷᠣᠩᠨᠠᠭᠤᠯᠤᠭᠰᠠᠨ ᠶᠠᠯ᠎ᠠ ᠨᠥᠮᠥᠷᠬᠦ ᠡᠴᠡ ᠡᠮᠢᠶᠡᠨ ᠬᠣᠷᠴᠢᠨ ᠤ ᠤᠤᠪᠠ ᠲᠠᠶᠢᠵᠢ ᠤᠮᠠᠷᠠᠳᠤ ᠠᠯᠲᠠᠨ ᠤᠯᠤᠰ ᠲᠤ ᠳᠠᠭᠠᠷ᠎ᠠ ᠤᠷᠤᠪᠠ᠃ ᠯᠢᠭᠳᠡᠨ ᠬᠠᠭᠠᠨ ᠤ ᠠᠪᠠᠭ᠎ᠠ ᠠᠬ᠎ᠠ ᠳᠠᠶᠢᠴᠢᠨ ᠲᠠᠶᠢᠵᠢ ᠰᠢᠨ᠎ᠡ ᠮᠢᠩᠭᠠᠨ ᠣᠲᠣᠭ ᠢ ᠠᠪᠴᠤ ᠤᠤᠪᠠ ᠨᠣᠶᠠᠨ ᠤ ᠬᠠᠮᠠᠭᠠᠯᠠᠯᠲᠠᠨ ᠳᠤ ᠣᠷᠣᠵᠠᠢ᠃ ᠥᠪᠥᠷ ᠬᠠᠯᠬ᠎ᠠ ᠶᠢᠨ ᠨᠣᠶᠠᠳ ᠲᠠᠶᠢᠵᠢ ᠨᠠᠷ ᠯᠢᠭᠳᠡᠨ ᠬᠠᠭᠠᠨ ᠤ ᠰᠢᠳᠬᠡᠯ ᠡᠴᠡ ᠠᠶᠤᠵᠤ ᠮᠠᠨᠵᠤ-ᠵᠥᠷᠴᠢᠳ ᠤᠷᠤᠭᠤ ᠣᠴᠢᠵᠤ ᠴᠢᠳᠠᠬᠤ ᠦᠭᠡᠢ ᠪᠠᠶᠢᠭ᠎ᠠ ᠪᠠᠨ ᠮᠡᠳᠡᠭᠳᠡᠵᠦ᠂ ᠨᠤᠷᠬᠠᠴᠢ ᠳᠤ ᠪᠠᠶᠢᠩᠭᠤ ᠡᠯᠴᠢ ᠢᠯᠡᠭᠡᠵᠦ ᠪᠠᠶᠢᠪᠠ᠃

1623 ᠤᠨ ᠤ 5 ᠍ᠳ᠋ᠣᠭᠠᠷ ᠰᠠᠷ᠎ᠠ ᠳᠤ ᠠᠪᠠᠬᠠᠢ ᠬᠤᠩᠲᠠᠶᠢᠵᠢ᠂ ᠳᠡᠭᠡᠯᠡᠢ ᠲᠡᠷᠢᠭᠦᠲᠡᠢ ᠵᠥᠷᠴᠢᠳ ᠦᠨ 3000 ᠴᠡᠷᠢᠭ ᠵᠠᠷᠤᠳ ᠤᠨ ᠠᠨᠠᠨᠳᠠ ᠲᠠᠶᠢᠵᠢ ᠶᠢ ᠪᠤᠲᠠ ᠴᠤᠬᠢᠵᠤ ᠠᠶᠢᠮᠠᠭ ᠣᠯᠠᠨ ᠢ ᠨᠢ ᠬᠤᠷᠢᠶᠠᠨ ᠠᠪᠴᠠᠢ᠃

1623 ᠤᠨ ᠳᠤ ᠨᠤᠷᠬᠠᠴᠢ ᠬᠣᠷᠴᠢᠨ ᠤ ᠤᠤᠪᠠ ᠲᠠᠶᠢᠵᠢ ᠳᠤ ᠡᠯᠴᠢ ᠢᠯᠡᠭᠡᠨ 1624 ᠤᠨ ᠳᠤ ᠲᠠᠩᠭᠠᠷᠢᠭ ᠡᠷᠭᠦᠭᠦᠯᠵᠦ ᠬᠣᠯᠪᠣᠭᠠᠲᠠᠨ ᠢᠶᠠᠨ ᠪᠣᠯᠭᠠᠪᠠ᠃ ᠯᠢᠭᠳᠡᠨ ᠬᠠᠭᠠᠨ 《ᠡᠩᠬᠡ ᠲᠥᠷᠥ ᠪᠡᠷ ᠨᠢᠭᠡᠳᠬᠡᠬᠦ ᠪᠣᠳᠣᠯᠭ᠎ᠠ》 ᠨᠢ ᠠᠮᠵᠢᠯᠲᠠ ᠦᠭᠡᠢ ᠪᠣᠯᠤᠮᠠᠭᠴᠠ 《ᠳᠠᠶᠢᠴᠢᠨ ᠲᠥᠷᠥ ᠪᠡᠷ ᠨᠢᠭᠡᠳᠬᠡᠬᠦ ᠪᠣᠳᠣᠯᠭ᠎ᠠ》 ᠍ ᠳᠦ ᠰᠢᠯᠵᠢᠵᠦ᠂ 1625 ᠤᠨ ᠤ 4 ᠍ ᠳ᠋ᠦᠭᠡᠷ ᠰᠠᠷ᠎ᠠ ᠳᠤ ᠬᠣᠷᠴᠢᠨ ᠠᠶᠢᠮᠠᠭ ᠲᠤ ᠳᠣᠪᠲᠣᠯᠵᠤ ᠵᠦᠷᠦᠭᠡ ᠬᠣᠲᠠ ᠶᠢ ᠪᠦᠰᠡᠯᠡᠭᠰᠡᠨ ᠳᠦ ᠬᠣᠷᠴᠢᠨ ᠤ ᠤᠤᠪᠠ ᠲᠠᠶᠢᠵᠢ ᠤᠮᠠᠷᠠᠳᠤ ᠠᠯᠲᠠᠨ ᠤᠯᠤᠰ ᠲᠤ ᠡᠯᠴᠢ ᠢᠯᠡᠭᠡᠨ ᠲᠤᠰᠠᠯᠠᠮᠵᠢ ᠬᠦᠰᠡᠪᠡ᠃ ᠨᠤᠷᠬᠠᠴᠢ ᠪᠠᠭᠠᠳᠤᠷ ᠴᠡᠷᠢᠭᠯᠡᠵᠦ᠂ ᠬᠣᠷᠴᠢᠨ ᠤ ᠨᠤᠲᠤᠭ ᠤᠨ ᠭᠠᠳᠠᠨ᠎ᠠ ᠴᠡᠷᠢᠭ ᠦᠨ ᠦᠵᠡᠯᠭᠡ ᠬᠢᠭᠡᠳ ᠥᠪᠡᠷ ᠦᠨ ᠭᠤᠲᠠᠭᠠᠷ ᠪᠡᠶᠢᠯᠡ ᠮᠠᠩᠭᠤᠲᠠᠢ᠂ ᠳᠥᠲᠦᠭᠡᠷ ᠪᠡᠶᠢᠯᠡ ᠠᠪᠠᠬᠠᠢ ᠬᠤᠩᠲᠠᠶᠢᠵᠢ ᠨᠠᠷ ᠢᠶᠠᠷ 5000 ᠰᠢᠯᠢᠳᠡᠭ ᠮᠣᠷᠢᠲᠠᠨ ᠴᠡᠷᠢᠭ ᠢ ᠤᠳᠤᠷᠢᠳᠤᠭᠤᠯᠤᠨ ᠬᠣᠷᠴᠢᠨ ᠳᠤ ᠲᠤᠰᠠᠯᠠᠬᠣ ᠢᠶᠠᠷ ᠢᠯᠡᠭᠡᠵᠦ᠂ ᠥᠪᠡᠷ ᠢᠶᠡᠨ ᠭᠡᠳᠡᠷᠭᠦ ᠪᠤᠴᠠᠵᠠᠢ᠃ ᠯᠢᠭᠳᠡᠨ ᠬᠠᠭᠠᠨ ᠮᠠᠨᠵᠤ ᠵᠥᠷᠴᠢᠳ ᠦᠨ ᠴᠡᠷᠢᠭ ᠠᠶᠢᠰᠤᠢ ᠶᠢ ᠮᠡᠳᠡᠭᠡᠳ ᠪᠦᠰᠡᠯᠡᠯᠲᠡ ᠪᠡᠨ ᠵᠣᠭᠰᠣᠭᠠᠵᠤ ᠭᠡᠳᠡᠷᠭᠦ ᠪᠤᠴᠠᠭᠰᠠᠨ ᠪᠠᠶᠢᠨ᠎ᠠ᠃ ᠡᠨᠡ ᠦᠶ᠎ᠡ ᠳᠦ ᠥᠪᠥᠷ ᠬᠠᠯᠬ᠎ᠠ ᠶᠢᠨ ᠪᠠᠶᠠᠭᠤᠳ ᠤᠨ ᠨᠣᠶᠠᠨ ᠡᠩᠬᠡ ᠠᠯᠪᠠᠲᠤ ᠨᠠᠷ ᠢᠶᠠᠨ ᠳᠠᠭᠠᠭᠤᠯᠤᠨ ᠤᠮᠠᠷᠠᠳᠤ ᠠᠯᠲᠠᠨ ᠤᠯᠤᠰ ᠲᠤ ᠳᠠᠭᠠᠷ᠎ᠠ ᠤᠷᠤᠪᠠ᠃ 1625 ᠤᠨ ᠳᠤ ᠬᠣᠷᠴᠢᠨ ᠤ ᠤᠤᠪᠠ ᠲᠠᠶᠢᠵᠢ᠂ ᠵᠥᠷᠴᠢᠳ ᠦᠨ ᠨᠤᠷᠬᠠᠴᠢ ᠬᠠᠭᠠᠨ ᠳᠤ ᠪᠠᠷᠠᠭᠠᠯᠠᠨ 9 ᠴᠠᠭᠠᠨ ᠪᠡᠯᠡᠭ ᠰᠡᠯᠲᠡ ᠶᠢ ᠡᠷᠭᠦᠵᠦ ᠳᠠᠪᠬᠤᠷ ᠤᠷᠤᠭ ᠪᠠᠷᠢᠯᠳᠤᠪᠠ᠃ ᠮᠠᠨᠵᠤ ᠪᠠ ᠴᠠᠬᠠᠷ ᠬᠣᠶᠠᠷ ᠤᠨ ᠬᠣᠭᠣᠷᠣᠨᠳᠣ ᠪᠣᠯᠤᠭᠰᠠᠨ ᠠᠩᠬᠠᠨ ᠤ ᠵᠡᠪᠰᠡᠭᠲᠦ ᠮᠥᠷᠭᠥᠯᠳᠦᠭᠡᠨ ᠳᠦ ᠮᠠᠨᠵᠤ ᠨᠠᠷ ᠳᠠᠪᠠᠭᠤᠷᠠᠵᠤ᠂ ᠨᠤᠷᠬᠠᠴᠢ ᠪᠠᠭᠠᠳᠤᠷ ᠡᠮᠦᠨᠡᠲᠦ ᠮᠣᠩᠭᠣᠯ ᠤᠷᠤᠭᠤ ᠴᠡᠷᠢᠭᠯᠡᠵᠦ ᠣᠷᠣᠬᠤ ᠪᠠᠷ ᠵᠣᠷᠢᠮᠠᠭ ᠰᠢᠢᠳᠪᠦᠷᠢ ᠭᠠᠷᠭᠠᠭᠰᠠᠨ ᠪᠠᠶᠢᠨ᠎ᠠ᠃

1626 ᠤᠨ ᠳᠤ ᠮᠠᠨᠵᠤ ᠵᠥᠷᠴᠢᠳ ᠦᠨ ᠶᠡᠬᠡ ᠴᠡᠷᠢᠭ ᠮᠣᠩᠭᠣᠯ ᠤᠨ ᠨᠤᠲᠤᠭ ᠲᠤ ᠴᠥᠮᠦᠷᠡᠵᠦ᠂ 《ᠤᠯᠠᠭᠠᠳᠤ ᠡᠯᠴᠢ ᠶᠢ ᠤᠤᠯᠭᠠᠯᠠᠪᠠ》 ᠭᠡᠵᠦ ᠰᠢᠯᠲᠠᠭᠯᠠᠨ ᠵᠠᠷᠤᠳ᠂ ᠪᠠᠭᠠᠷᠢᠨ ᠠᠶᠢᠮᠠᠭ ᠢ ᠳᠣᠪᠲᠣᠯᠵᠤ ᠬᠦᠮᠦᠨ ᠮᠠᠯ ᠣᠯᠠᠨ ᠢ ᠣᠯᠵᠠᠯᠠᠵᠤ ᠠᠪᠴᠠᠢ᠃ 1626 ᠤᠨ ᠤ 5 ᠍ᠳ᠋ᠣᠭᠠᠷ ᠰᠠᠷ᠎ᠠ ᠳᠤ《ᠬᠦᠨᠳᠦᠯᠡᠯᠳᠥ ᠬᠠᠭᠠᠨ》 ᠨᠤᠷᠬᠠᠴᠢ ᠪᠠᠭᠠᠳᠤᠷ 10000 ᠴᠡᠷᠢᠭ ᠢᠶᠡᠷ ᠨᠠᠶᠢᠮᠠᠨ ᠵᠠᠮ ᠢᠶᠠᠷ ᠳᠣᠪᠲᠣᠯᠵᠤ᠂ ᠰᠢᠷ᠎ᠠ ᠮᠥᠷᠡᠨ ᠢ ᠭᠠᠲᠤᠯᠠᠵᠤ ᠪᠠᠭᠠᠷᠢᠨ ᠠᠶᠢᠮᠠᠭ ᠢ ᠳᠣᠪᠲᠣᠯᠵᠤ ᠨᠠᠨᠤᠭ ᠲᠠᠶᠢᠵᠢ ᠶᠢ ᠬᠣᠷᠢᠶᠠᠨ᠂ ᠪᠠᠭᠠᠷᠢᠨ᠂ ᠠᠤᠬᠠᠨ᠂ ᠨᠠᠶᠢᠮᠠᠨ᠂ ᠠᠷᠤ ᠬᠣᠷᠴᠢᠨ᠂ ᠬᠡᠰᠢᠭᠲᠡᠨ ᠠᠶᠢᠮᠠᠭ ᠤᠳ ᠤᠨ ᠨᠤᠲᠤᠭ ᠢ ᠡᠵᠡᠯᠡᠨ ᠠᠪᠴᠤ᠂ ᠨᠠᠮᠤᠷ 10 ᠳ᠋ᠣᠭᠠᠷ ᠰᠠᠷ᠎ᠠ ᠳᠤ ᠮᠠᠨᠵᠤ ᠶᠢᠨ ᠴᠡᠷᠢᠭ ᠵᠠᠷᠤᠳ ᠠᠶᠢᠮᠠᠭ ᠢ ᠳᠣᠪᠲᠣᠯᠵᠤ ᠪᠠᠭ᠎ᠠ ᠳᠠᠷᠬᠠᠨ ᠲᠡᠷᠢᠭᠦᠲᠡᠢ 14 ᠲᠠᠶᠢᠵᠢ ᠶᠢ ᠲᠠᠶᠢᠯᠠᠵᠤ ᠪᠤᠴᠠᠵᠠᠢ᠃

ᠬᠠᠯᠬ᠎ᠠ ᠮᠣᠩᠭᠣᠯ ᠪᠠ ᠯᠢᠭᠳᠡᠨ ᠬᠠᠭᠠᠨ ᠤ ᠬᠠᠷᠢᠴᠠᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠯᠬ᠎ᠠ ᠶᠢᠨ ᠵᠡᠭᠦᠨ ᠭᠠᠷᠤᠨ ᠱᠣᠯᠣ ᠶᠢ ᠲᠦᠰᠢᠨ ᠰᠠᠭᠤᠭᠰᠠᠨ ᠥᠪᠥᠷ ᠮᠣᠩᠭᠣᠯ ᠦᠵᠦᠮᠦᠴᠢᠨ᠂ ᠰᠥᠨᠢᠳ᠂ ᠬᠠᠭᠤᠴᠢᠳ᠂ ᠠᠪᠠᠭ᠎ᠠ ᠵᠡᠷᠭᠡ ᠠᠶᠢᠮᠠᠭ  ᠤᠨ ᠨᠣᠶᠠᠳ ᠤᠨ ᠨᠦᠯᠦᠭᠡᠯᠡᠯ ᠢᠶᠡᠷ ᠬᠠᠯᠬ᠎ᠠ ᠳᠤ ᠯᠢᠭᠳᠡᠨ ᠬᠠᠭᠠᠨ ᠳᠤ ᠳᠠᠶᠢᠰᠣᠩᠨᠠᠬᠣ ᠠᠭᠣᠷ ᠠᠮᠢᠰᠬᠣᠯ ᠲᠠᠷᠬᠠᠭᠰᠠᠨ ᠪᠠᠶᠢᠨ᠎ᠠ᠃ ᠲᠡᠳᠡᠭᠡᠷ ᠠᠶᠢᠮᠠᠭ ᠤᠨ ᠵᠠᠷᠢᠮ ᠨᠣᠶᠠᠳ ᠬᠠᠯᠬ᠎ᠠ ᠳᠤ ᠨᠤᠲᠤᠭᠯᠠᠬᠤ ᠬᠤᠭᠤᠴᠠᠭᠠᠨ ᠳᠤ ᠪᠠᠨ ᠯᠢᠭᠳᠡᠨ ᠬᠠᠭᠠᠨ ᠤ ᠡᠰᠡᠷᠬᠦ ᠮᠥᠴᠡᠭᠡᠷᠬᠡᠨ ᠲᠡᠮᠡᠴᠡᠵᠦ ᠰᠡᠴᠡᠨ ᠬᠠᠨ ᠤ ᠨᠤᠲᠤᠭ ᠠᠴᠠ ᠲᠦᠰᠢᠶᠡᠲᠦ ᠬᠠᠨ ᠤ ᠨᠤᠲᠤᠭ ᠢ ᠳᠠᠭᠠᠷᠢᠨ ᠥᠩᠭᠡᠷᠡᠵᠦ᠂ 1631 ᠤᠨ ᠳᠤ ᠬᠠᠷᠠᠴᠢᠨ᠂ ᠲᠦᠮᠡᠳ᠂ ᠣᠷᠳᠣᠰ᠂ ᠶᠦᠩᠰᠢᠶᠠᠪᠤᠤ᠂ ᠠᠰᠤᠳ ᠠᠶᠢᠮᠠᠭ ᠤᠨ ᠨᠣᠶᠠᠳ ᠲᠠᠢ ᠬᠣᠯᠪᠣᠭᠠᠯᠠᠨ᠂ ᠬᠥᠬᠡ ᠬᠣᠳᠠ ᠳᠤ ᠪᠠᠶᠢᠭᠰᠠᠨ ᠯᠢᠭᠳᠡᠨ ᠬᠠᠭᠠᠨ ᠤ 40000 ᠴᠡᠷᠢᠭ ᠢ ᠪᠤᠲᠠ ᠴᠣᠬᠢᠬᠤ ᠳᠤ ᠣᠷᠣᠯᠴᠠᠵᠠᠢ᠃ ᠡᠭᠦᠨ ᠢ ᠬᠠᠯᠬ᠎ᠠ ᠶᠢᠨ ᠨᠣᠶᠠᠳ ᠤᠳ ᠬᠥᠬᠢᠭᠦᠯᠦᠨ ᠥᠭᠡᠭᠰᠢᠭᠦᠯᠦᠭᠰᠡᠨ ᠨᠢ ᠳᠠᠮᠵᠢᠭ ᠦᠭᠡᠢ ᠶᠤᠮ᠃

ᠬᠠᠯᠬ᠎ᠠ ᠶᠢᠨ ᠨᠣᠶᠠᠳ ᠤᠨ ᠣᠯᠠᠩᠬᠢ ᠨᠢ ᠯᠢᠭᠳᠡᠨ ᠬᠤᠲᠤᠭᠲᠤ ᠬᠠᠭᠠᠨ ᠥᠪᠥᠷ ᠮᠣᠩᠭᠣᠯ ᠤᠨ ᠨᠣᠶᠠᠳ ᠪᠠ ᠮᠠᠨᠵᠤ ᠶᠢᠨ ᠬᠠᠮᠲᠤᠷᠠᠭᠰᠠᠨ ᠬᠦᠴᠦᠨ ᠳᠤ ᠴᠣᠬᠢᠭᠳᠠᠬᠤ ᠶᠢᠨ ᠬᠠᠮᠲᠤ ᠬᠠᠯᠬ᠎ᠠ ᠳᠤ ᠰᠢᠷᠭᠤᠨ ᠣᠷᠣᠵᠤ ᠢᠷᠡᠵᠦ ᠥᠪᠡᠷᠰᠡᠳ ᠦᠨ ᠬᠢᠨᠢ ᠡᠷᠬᠡ ᠮᠡᠳᠡᠯ᠂ ᠪᠡᠶ᠎ᠡ ᠪᠡᠨ ᠳᠠᠭᠠᠭᠰᠠᠨ ᠪᠠᠶᠢᠳᠠᠯ ᠳᠤ ᠬᠠᠯᠳᠠᠬᠤ ᠬᠡᠮᠡᠨ ᠪᠣᠯᠭᠣᠮᠵᠢᠯᠠᠵᠤ ᠲᠡᠭᠦᠨ ᠢ ᠡᠰᠡᠷᠭᠦᠴᠡᠨ ᠲᠡᠮᠡᠴᠡᠬᠦ ᠳᠦ ᠪᠡᠯᠡᠳᠬᠡᠬᠦ ᠪᠣᠯᠵᠠᠢ᠃

1627 ᠤᠨ ᠤ ᠦᠶ᠎ᠡ ᠳᠦ ᠯᠢᠭᠳᠡᠨ ᠬᠠᠭᠠᠨ ᠪᠠᠷᠠᠭᠤᠨ ᠭᠤᠷᠪᠠᠨ ᠲᠦᠮᠡᠨ ᠢ ( ᠣᠷᠳᠣᠰ᠂ ᠬᠠᠷᠠᠴᠢᠨ᠂ ᠲᠦᠮᠡᠳ ) ᠳᠠᠶᠢᠯᠠᠬᠤ ᠴᠢᠮᠡᠭᠡ ᠶᠢ ᠰᠣᠨᠣᠰᠤᠭᠰᠠᠨ ᠠᠷᠤ ᠬᠠᠯᠬ᠎ᠠ ᠶᠢᠨ ᠵᠠᠰᠠᠭᠲᠤ ᠬᠠᠨ ᠂ ᠬᠣᠲᠣᠭᠣᠶᠢᠳ ᠤᠨ ᠠᠯᠲᠠᠨ ᠬᠠᠨ ᠨᠠᠷ ᠲᠠᠩᠨᠠᠭᠤᠯ ᠲᠤᠷᠰᠢᠭᠤᠯ ᠶᠠᠪᠤᠭᠤᠯᠵᠤ ᠪᠠᠶᠢᠳᠠᠯ ᠢ ᠠᠵᠢᠭᠯᠠᠬᠣ ᠭᠡᠬᠦ ᠳᠦ ᠯᠢᠭᠳᠡᠨ ᠬᠠᠭᠠᠨ ᠲᠡᠳᠡᠨ ᠢ ᠨᠢ ᠪᠠᠷᠢᠵᠤ ᠠᠪᠤᠨ ᠴᠥᠮ ᠢ ᠨᠢ ᠠᠯᠠᠵᠠᠢ᠃ ᠡᠨᠡ ᠮᠡᠲᠦ ᠪᠠᠶᠢᠳᠠᠯ ᠠᠴᠠ ᠪᠣᠯᠤᠨ ᠯᠢᠭᠳᠡᠨ ᠬᠠᠭᠠᠨ ᠢ ᠠᠷᠤ ᠬᠠᠯᠬ᠎ᠠ ᠳᠤ ᠴᠡᠷᠢᠭᠯᠡᠬᠦ ᠨᠢ ᠭᠡᠵᠦ ᠰᠠᠨᠳᠤᠷᠤᠭᠰᠠᠨ ᠠᠷᠤ ᠬᠠᠯᠬ᠎ᠠ ᠶᠢᠨ ᠨᠣᠶᠠᠳ ᠤᠳ ᠤᠨ ᠳᠤᠮᠳᠠ ᠪᠠᠭ᠎ᠠ ᠦᠭᠡᠢ ᠬᠥᠯ ᠦᠢᠮᠡᠭᠡᠨ ᠪᠣᠯᠵᠤ ᠡᠰᠡᠷᠭᠦᠴᠡᠨ ᠲᠡᠮᠡᠴᠡᠬᠥ ᠪᠡᠷ ᠪᠡᠯᠡᠳᠬᠡᠵᠦ ᠪᠠᠶᠢᠪᠠ᠃

1631 ᠤᠨ ᠳᠤ ᠬᠠᠯᠬ᠎ᠠ ᠶᠢᠨ ᠬᠠᠮᠤᠭ ᠤᠨ ᠪᠠᠷᠠᠭᠤᠨ ᠬᠣᠶᠢᠳᠤ ᠵᠠᠬ᠎ᠠ ᠳᠤ ᠣᠷᠣᠰᠢᠨ ᠰᠠᠭᠤᠵᠤ ᠪᠠᠶᠢᠭᠰᠠᠨ ᠣᠮᠪᠣ-ᠡᠷᠳᠡᠨᠢ ᠲᠠᠶᠢᠵᠢ ᠯᠢᠭᠳᠡᠨ ᠬᠤᠲᠤᠭᠲᠤ ᠬᠠᠭᠠᠨ ᠳᠣᠪᠲᠣᠯᠤᠨ ᠢᠷᠡᠬᠦ ᠭᠡᠵᠦ ᠪᠤᠢ ᠲᠤᠯᠠ ᠭᠠᠯᠲᠤ ᠵᠡᠪᠰᠡᠭ ᠢᠶᠡᠷ ᠲᠤᠰᠠᠯᠠᠨ᠎ᠠ ᠤᠤ ᠭᠡᠵᠦ ᠣᠷᠣᠰ ᠤᠨ ᠬᠠᠭᠠᠨ ᠳᠤ ᠡᠯᠴᠢ ᠵᠠᠷᠤᠵᠤ ᠪᠠᠶᠢᠭᠰᠠᠨ ᠲᠡᠳᠦᠢ ᠦᠭᠡᠢ ᠯᠢᠭᠳᠡᠨ ᠤ 《ᠠᠶᠤᠯ ᠠᠴᠠ》 ᠠᠪᠤᠷᠠᠭᠳᠠᠬᠤ ᠶᠢᠨ ᠲᠤᠯᠠᠳᠠ ᠣᠷᠣᠰ ᠤᠨ ᠴᠠᠭᠠᠨ ᠬᠠᠭᠠᠨ ᠳᠤ ᠳᠠᠭᠠᠷ᠎ᠠ ᠤᠷᠤᠬᠤ ᠠᠰᠠᠭᠤᠳᠠᠯ ᠢ ᠲᠠᠲᠠᠭᠠᠯᠵᠠᠬᠤ ᠦᠭᠡᠢ ᠪᠠᠶᠢᠭᠰᠠᠨ ᠨᠢ 《ᠥᠪᠡᠷ ᠦᠨ ᠲᠥᠷᠥᠯ ᠳᠦ ᠪᠡᠨ ᠵᠠᠬᠢᠷᠤᠭᠳᠠᠭᠰᠠᠨ ᠠᠴᠠ ᠥᠷᠥᠭᠡᠯ ᠦᠨ ᠳᠣᠣᠷ᠎ᠠ ᠪᠣᠭᠣᠯᠴᠢᠯᠠᠭᠳᠠᠭᠰᠠᠨ ᠨᠢ ᠳᠡᠭᠡᠷ᠎ᠡ 》ᠭᠡᠬᠦ ᠰᠤᠩᠭᠤᠯᠲᠠ ᠶᠢ ᠪᠤᠢ ᠪᠣᠯᠭᠠᠭᠰᠠᠨ ᠶᠤᠮ᠃

ᠬᠠᠯᠬ᠎ᠠ ᠶᠢᠨ ᠨᠣᠶᠠᠳ ᠤᠳ ᠤᠨ ᠳᠤᠮᠳᠠ ᠠᠴᠠ ᠯᠢᠭᠳᠡᠨ ᠬᠤᠲᠤᠭᠲᠤ ᠬᠠᠭᠠᠨ ᠤ ᠲᠡᠮᠡᠴᠡᠯ ᠨᠡᠶᠢᠲᠡ ᠮᠣᠩᠭᠣᠯ ᠤᠨ ᠲᠤᠰᠠᠭᠠᠷ ᠲᠣᠭᠲᠠᠨᠢᠯ ᠤᠨ ᠬᠡᠷᠡᠭ ᠲᠦ ᠭᠦᠨ ᠬᠣᠯᠪᠣᠭᠳᠠᠯ ᠲᠠᠢ ᠶᠢ ᠤᠬᠠᠮᠰᠠᠷᠯᠠᠨ ᠲᠡᠭᠦᠨ ᠦ ᠲᠡᠮᠡᠴᠡᠯ ᠢ ᠳᠡᠮᠵᠢᠬᠦ ᠲᠠᠯ᠎ᠠ ᠶᠢ ᠪᠠᠷᠢᠮᠲᠠᠯᠠᠭᠰᠠᠨ ᠴᠣᠭᠲᠤ ᠬᠤᠩᠲᠠᠶᠢᠵᠢ ᠠᠴᠠ ᠥᠭᠡᠷ᠎ᠡ ᠲᠡᠦᠬᠡᠨ ᠳᠦ ᠨᠡᠷ᠎ᠡ ᠭᠠᠷᠴᠤ ᠲᠡᠮᠳᠡᠭᠯᠡᠭᠳᠡᠭᠰᠡᠨ ᠬᠦᠮᠦᠨ ᠠᠯᠠᠭ᠎ᠠ ᠪᠠᠶᠢᠨ᠎ᠠ᠃ 1624 ᠤᠨ ᠳᠤ ᠯᠢᠭᠳᠡᠨ ᠢ ᠬᠠᠭᠠᠨ ᠰᠢᠷᠡᠭᠡᠨ ᠳᠦ ᠰᠠᠭᠤᠭᠰᠠᠨ ᠤ 20 ᠵᠢᠯ ᠦᠨ ᠣᠢ ᠶᠢ ᠲᠣᠬᠢᠶᠠᠯᠳᠤᠭᠤᠯᠤᠨ ᠴᠣᠭᠲᠤ ᠲᠠᠶᠢᠵᠢ ᠶᠢᠨ ᠬᠠᠳᠠᠨ ᠳᠤ ᠰᠡᠶᠢᠯᠦᠭᠦᠯᠦᠭᠰᠡᠨ 7 ᠪᠠᠳᠠᠭ ᠰᠢᠯᠦᠭ᠂ ᠳᠠᠭᠠᠯᠳᠤᠪᠤᠷᠢ ᠪᠢᠴᠢᠭᠡᠰᠦᠨ ᠳᠦ ᠲᠡᠭᠦᠨ ᠦ ᠤᠯᠤᠰ ᠲᠥᠷᠥ᠂ ᠭᠦᠨ ᠤᠬᠠᠭᠠᠨ᠂ ᠱᠠᠰᠢᠨ ᠤ ᠦᠵᠡᠯ ᠪᠣᠳᠣᠯ ᠲᠤᠰᠬᠠᠯ ᠢᠶᠠᠨ ᠣᠯᠵᠠᠢ᠃ ᠰᠢᠯᠦᠭ ᠲᠦ ᠠᠪᠠᠭ᠎ᠠ ᠡᠭᠡᠴᠢ ᠬᠠᠯᠠᠭᠤᠲᠤ ᠶᠢ ᠪᠠᠨ ᠰᠠᠨᠠᠨ ᠮᠥᠷᠥᠭᠡᠳᠬᠦ ᠰᠡᠳᠬᠢᠯ ᠢᠶᠡᠷ ᠢᠶᠡᠨ ᠳᠠᠮᠵᠢᠭᠤᠯᠠᠨ ᠯᠢᠭᠳᠡᠨ ᠬᠠᠭᠠᠨ ᠢ ᠳᠡᠮᠵᠢᠭᠰᠡᠨ ᠰᠠᠨᠠᠭ᠎ᠠ ᠪᠠᠨ ᠢᠯᠡᠷᠬᠡᠶᠢᠯᠡᠬᠦ ᠳᠦ ᠪᠡᠨ:

«ᠬᠠᠯᠬ᠎ᠠ ᠤᠷᠤᠨ ᠤᠳ ᠤᠨ ᠭᠠᠵᠠᠷ ᠬᠣᠯᠠ ᠪᠣᠯᠪᠠᠰᠤ ᠪᠡᠷ᠎ ᠬᠠᠶᠢᠷᠠᠯᠠᠨ ᠰᠠᠨᠠᠭᠠᠯᠵᠠᠬᠤ ᠠᠭᠠᠷ ᠨᠢᠭᠡᠨ ᠪᠤᠢ ᠵᠠ᠂ ᠡᠨᠡ ᠪᠡᠶᠡᠨ ᠳᠤ ᠪᠠᠨ ᠡᠰᠡ ᠵᠤᠯᠭᠠᠪᠠᠰᠤ ᠡᠭᠦᠨ ᠡᠴᠡ ᠬᠤᠶᠢᠲᠤ ᠲᠦᠷᠦᠯ ᠳᠠᠬᠢᠨ ᠲᠦᠷᠦᠶ᠎ ᠡ » «ᠡᠬᠡ ᠨᠢ ᠭᠠᠭᠴᠠ ᠬᠦᠦ  ᠪᠡᠨ ᠬᠠᠶᠢᠷᠠᠯᠠᠬᠤ ᠮᠡᠲᠦ ᠡᠯᠳᠡᠪ ᠦᠢᠯᠡ ᠪᠡᠷ ᠬᠠᠷᠢᠯᠴᠠᠨ ᠠᠭᠤᠰᠤᠯᠠᠯᠴᠠᠬᠤ ᠪᠣᠯᠲᠤᠭᠠᠢ» ᠬᠡᠮᠡᠵᠡᠢ᠃

ᠳᠡᠭᠡᠷ᠎ᠡ ᠥᠭᠦᠯᠡᠰᠡᠨᠴᠢᠯᠡᠨ ᠠᠷᠤ ᠬᠠᠯᠬ᠎ᠠ ᠶᠢᠨ ᠨᠣᠶᠠᠳ ᠤᠳ ᠯᠢᠭᠳᠡᠨ ᠬᠠᠭᠠᠨ ᠢ ᠳᠡᠮᠵᠢᠬᠦ ᠶᠢ ᠪᠢᠲᠡᠭᠡᠢ ᠬᠡᠯᠡ ᠣᠷᠭᠣᠵᠤ ᠪᠣᠰᠤᠭᠰᠠᠨ ᠠᠯᠪᠠᠲᠤ ᠠᠶᠢᠮᠠᠭ ᠤᠳ ᠢ ᠨᠢ ᠣᠷᠣᠩᠨᠠᠭᠤᠯᠤᠨ ᠡᠰᠡᠷᠭᠦᠴᠡᠵᠦ ᠤᠯᠠᠮ ᠢᠶᠠᠷ ᠯᠢᠭᠳᠡᠨ ᠬᠠᠭᠠᠨ ᠤ ᠡᠰᠡᠷᠬᠦ ᠲᠡᠮᠡᠴᠡᠬᠦ ᠳᠦ ᠨᠢ ᠥᠳᠥᠭᠡᠨ ᠲᠤᠷᠬᠢᠷᠠᠵᠤ ᠪᠠᠶᠢᠯ᠎ᠠ᠃ ᠨᠥᠭᠥᠭᠡ ᠲᠠᠯ᠎ᠠ ᠪᠠᠷ ᠠᠷᠤ ᠬᠠᠯᠬ᠎ᠠ ᠳᠤ ᠰᠢᠷᠭᠤᠯᠠᠨ ᠣᠷᠣᠵᠤ ᠢᠷᠡᠭᠰᠡᠨ ᠠᠪᠠᠭ᠎ᠠ ᠪᠣᠯᠤᠨ ᠴᠠᠬᠠᠷ ᠤᠨ ᠪᠠᠷᠠᠭᠤᠨ ᠭᠠᠷ ᠤᠨ ᠰᠥᠨᠢᠳ᠂ ᠦᠵᠦᠮᠦᠴᠢᠨ᠂ ᠬᠠᠭᠤᠴᠢᠳ ᠡᠳᠡᠭᠡᠷ ᠠᠶᠢᠮᠠᠭ ᠤᠳ ᠨᠢ ᠬᠠᠯᠬ᠎ᠠ ᠶᠢᠨ ᠵᠡᠬᠦᠨ ᠭᠠᠷ ᠤᠨ ᠱᠣᠯᠣᠶ ᠶᠢ《ᠰᠡᠴᠡᠨ ᠬᠠᠨ》ᠴᠣᠯᠠ ᠡᠷᠭᠦᠮᠵᠢᠯᠡᠵᠦ ᠲᠡᠭᠦᠨ ᠦ ᠠᠯᠪᠠᠲᠤ ᠪᠣᠯᠤᠭᠰᠠᠨ ᠪᠠᠶᠢᠨ᠎ᠠ᠃ ᠡᠨᠡ ᠡᠭᠦᠳᠡᠨ ᠡᠴᠡ ᠠᠪᠴᠤ ᠦᠵᠡᠪᠡᠯ ᠬᠠᠯᠬ᠎ᠠ ᠶᠢᠨ ᠰᠡᠴᠡᠨ ᠬᠠᠨ ᠠᠶᠢᠮᠠᠭ ᠮᠠᠨᠵᠤ ᠴᠢᠩ ᠤᠯᠤᠰ ᠪᠣᠯᠤᠨ ᠲᠡᠭᠦᠨ ᠳᠦ ᠳᠠᠭᠠᠷ᠎ᠠ ᠣᠷᠣᠭᠰᠠᠨ ᠦᠪᠦᠷ ᠮᠣᠩᠭᠣᠯᠴᠣᠳ ᠦᠨ ᠬᠠᠮᠲᠤ ᠯᠢᠭᠳᠡᠨ ᠬᠠᠭᠠᠨ ᠤ ᠡᠰᠡᠷᠬᠦ ᠬᠡᠳᠦ ᠬᠡᠳᠦᠨ ᠤᠳᠠᠭ᠎ᠠ ᠶᠢᠨ ᠳᠠᠶᠢᠨ ᠳᠤ ᠣᠷᠣᠯᠴᠠᠭᠰᠠᠨ ᠭᠡᠵᠦ ᠦᠵᠡᠵᠦ ᠪᠣᠯᠬᠤ ᠶᠤᠮ᠃

ᠮᠠᠨᠵᠣ ᠭᠦᠷᠦᠨ ᠪᠣᠯᠤᠨ ᠠᠷᠤ ᠶᠢᠨ ᠠᠶᠢᠮᠠᠭ ᠤᠳ ( ᠠᠷᠤ ᠬᠣᠷᠴᠢᠨ᠂ ᠣᠩᠨᠢᠭᠤᠳ᠂ ᠳᠥᠷᠪᠡᠨ ᠬᠡᠦᠬᠡᠳ᠂ ᠠᠰᠦᠳ) ᠨᠢ ᠮᠣᠩᠭᠣᠯ ᠤᠨ ( ᠴᠠᠬᠠᠷ ᠤᠨ ) ᠬᠠᠭᠠᠨ ᠯᠢᠭᠳᠡᠨ ᠤ ᠡᠰᠡᠷᠬᠦ ᠴᠡᠷᠢᠭ ᠤᠯᠤᠰ ᠲᠥᠷᠥ ᠶᠢᠨ ᠬᠣᠯᠪᠣᠭ᠎ᠠ ᠪᠠᠶᠢᠭᠤᠯᠤᠭᠰᠠᠨ ᠳᠤ 1630 ᠤᠨ ᠳᠤ ᠯᠢᠭᠳᠡᠨ ᠬᠠᠭᠠᠨ ᠡᠳᠡᠭᠡᠷ ᠤᠷᠪᠠᠭᠴᠢᠳ ᠢ ᠪᠣᠯᠤᠨ ᠠᠷᠤ ᠬᠠᠯᠬ ᠠ ᠤᠷᠤᠭᠤ ᠵᠢᠭᠤᠲᠠᠭᠰᠠᠨ ᠠᠶᠢᠮᠠᠭ ᠤᠳ ᠢ ᠵᠠᠯᠬᠠᠨ ᠴᠡᠭᠡᠷᠯᠡᠭᠦᠯᠬᠦ ᠳᠠᠶᠢᠨ ᠶᠠᠪᠤᠭᠤᠯᠤᠭᠰᠠᠨ ᠪᠠᠶᠢᠨ᠎ᠠ᠃ ᠡᠨᠡ ᠳᠠᠶᠢᠨ ᠯᠢᠭᠳᠡᠨ ᠬᠠᠭᠠᠨ ᠬᠢᠭᠡᠳ ᠠᠷᠤ ᠶᠢᠨ ᠠᠶᠢᠮᠠᠭ ᠤᠳ ᠪᠣᠯᠤᠨ ᠠᠷᠤ ᠬᠠᠯᠬ᠎ᠠ ᠶᠢᠨ ᠬᠣᠭᠣᠷᠣᠨᠳᠣ ᠶᠠᠪᠤᠭᠳᠠᠵᠠᠢ᠃ ᠯᠢᠭᠳᠡᠨ ᠬᠠᠭᠠᠨ ᠥᠪᠡᠷ ᠦᠨ ᠰᠢᠭᠤᠳ ᠬᠠᠷᠢᠶᠠᠲᠤ ᠠᠶᠢᠮᠠᠭ ᠪᠣᠯᠤᠨ 1627 ᠤᠨ ᠳᠤ ᠳᠠᠭᠠᠷ᠎ᠠ ᠣᠷᠣᠭᠤᠯᠤᠭᠰᠠᠨ ᠪᠠᠷᠠᠭᠤᠨ ᠭᠤᠷᠪᠠᠨ ᠲᠦᠮᠡᠳ ᠦᠨ ( ᠣᠷᠳᠣᠰ᠂ ᠲᠦᠮᠡᠳ ) ᠴᠡᠷᠢᠭ ᠢ ᠳᠠᠶᠢᠴᠢᠯᠠᠭᠰᠠᠨ ᠪᠠᠶᠢᠨ᠎ᠠ᠃

ᠯᠢᠭᠳᠡᠨ ᠬᠠᠭᠠᠨ ᠤ ᠴᠡᠷᠢᠭ ᠲᠡᠢ ᠠᠷᠤ ᠬᠠᠯᠬ᠎ᠠ᠂ ᠲᠡᠭᠦᠨ ᠦ ᠬᠠᠷᠢᠶᠠᠲᠤ ᠠᠪᠠᠭ᠎ᠠ ᠨᠠᠷ ᠯᠠ ᠯᠢᠭᠳᠡᠨ ᠬᠠᠭᠠᠨ ᠲᠠᠢ ᠨᠡᠯᠢᠶᠡᠳ ᠲᠤᠯᠤᠭᠰᠠᠨ ᠪᠣᠯᠤᠯᠲᠠᠢ ᠪᠠᠶᠢᠨ᠎ᠠ᠃ ᠠᠷᠤ ᠬᠣᠷᠴᠢᠨ᠂ ᠣᠩᠨᠢᠭᠤᠳ᠂ ᠳᠥᠷᠪᠡᠨ ᠬᠡᠦᠬᠡᠳ ᠨᠠᠷ ᠨᠢ ᠴᠥᠮ ᠡᠮᠦᠨᠡᠰᠢ ᠮᠠᠨᠵᠣ ᠭᠦᠷᠦᠨ ᠢ ᠪᠠᠷᠠᠭᠠᠳᠠᠨ ᠨᠡᠭᠦᠨ ᠵᠠᠶᠢᠯᠠᠵᠠᠢ᠃ ᠯᠢᠭᠳᠡᠨ ᠬᠠᠭᠠᠨ ᠤ ᠠᠷᠤ ᠬᠠᠯᠬ᠎ᠠ ᠲᠠᠢ ᠳᠠᠶᠢᠨ ᠪᠣᠯᠤᠭᠰᠠᠨ ᠲᠤᠬᠠᠢ ᠮᠠᠨᠵᠣ ᠭᠦᠷᠦᠨ ᠦ《ᠬᠠᠭᠤᠴᠢᠨ ᠮᠠᠨᠵᠤ ᠪᠢᠴᠢᠭ ᠦᠨ ᠳᠠᠩᠰᠠ》 ᠳᠦ ᠪᠤᠢ ᠨᠢᠭᠡᠨ ᠵᠠᠬᠢᠳᠠᠯ ᠳᠤ :《 ᠬᠠᠯᠬ᠎ᠠ ᠶᠢᠨ ᠪᠤᠭᠤᠲᠠᠢ ᠬᠣᠰᠢᠭᠤᠴᠢ 300 ᠬᠦᠮᠦᠨ ᠲᠤᠷᠰᠢᠭᠤᠯ᠂ ᠴᠠᠬᠠᠷ ᠤᠨ ᠵᠠᠬ᠎ᠠ ᠶᠢ ᠳᠣᠪᠲᠣᠯᠵᠤ ᠭᠠᠷᠬᠤᠢ》 ᠭᠡᠬᠦ ᠮᠡᠲᠦ ᠪᠡᠷ ᠠᠷᠤ ᠬᠠᠯᠬ᠎ᠠ ᠶᠢᠨ ᠣᠷᠣᠯᠴᠠᠭ᠎ᠠ ᠶᠢ ᠲᠡᠮᠳᠡᠭᠡᠯᠡᠭᠰᠡᠨ ᠪᠠᠶᠢᠨ᠎ᠠ᠃

ᠤᠷᠪᠠᠭᠴᠢ ᠨᠠᠷ ᠲᠤ ᠬᠣᠷᠣᠰᠤᠭᠰᠠᠨ ᠯᠢᠭᠳᠡᠨ ᠬᠠᠭᠠᠨ 1631 ᠤᠨ ᠳᠤ ᠬᠢᠩᠭᠠᠨ ᠤ ᠨᠢᠷᠤᠭᠤ ᠶᠢ ᠳᠠᠪᠠᠵᠤ ᠤᠷᠪᠠᠭᠰᠠᠨ ᠬᠣᠷᠴᠢᠨ ᠲᠡᠷᠢᠭᠦᠲᠡᠢ ᠠᠶᠢᠮᠠᠭ ᠤᠳ ᠲᠤ ᠴᠣᠬᠢᠯᠲᠠ ᠥᠭᠴᠡᠢ᠃

ᠯᠢᠭᠳᠡᠨ ᠬᠠᠭᠠᠨ ᠣᠯᠠᠭᠠᠨ ᠤ ᠱᠠᠰᠢᠨ ᠲᠠᠢ ᠬᠣᠯᠪᠣᠭᠠᠯᠠᠬᠣ ᠣᠷᠣᠯᠳᠣᠯᠭ᠎ᠠ ᠪᠠ ᠨᠠᠰᠣ ᠪᠠᠷᠠᠭᠰᠠᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠯᠢᠭᠳᠡᠨ ᠬᠤᠲᠤᠭᠳᠣ ᠬᠠᠭᠠᠨ᠂ ᠬᠠᠯᠬ᠎ᠠ ᠶᠢᠨ ᠴᠣᠭᠲᠤ ᠬᠤᠩᠲᠠᠶᠢᠵᠢ ᠂ ᠲᠦᠪᠡᠳ ᠦᠨ ᠵᠠᠩᠪᠠ ᠬᠠᠭᠠᠨ ᠳᠠᠨᠽᠠᠨᠸᠠᠮᠪ᠂ ᠺᠠᠮ ᠮᠤᠵᠢ ᠶᠢᠨ ᠪᠡᠷᠢ ᠠᠶᠢᠮᠠᠭ ᠤᠨ ᠨᠣᠶᠠᠨ ᠳᠣᠨᠢᠶᠳᠳᠣᠷᠵᠢ ᠨᠠᠷ ᠤᠯᠠᠭᠠᠨ ᠤ ᠱᠠᠰᠢᠨ ᠢ ᠳᠡᠮᠵᠢᠨ ᠮᠠᠨᠵᠤ ᠶᠢᠨ ᠬᠠᠭᠠᠨ ᠤ ᠳᠡᠮᠵᠢᠯᠭᠡ ᠶᠢ ᠬᠦᠯᠢᠶᠡᠬᠦ ᠪᠣᠯᠤᠭᠰᠠᠨ ᠰᠢᠷ᠎ᠠ ᠶᠢᠨ ᠱᠠᠰᠢᠨ ᠤ ᠡᠰᠡᠷᠬᠦ ᠲᠡᠮᠡᠴᠡᠬᠦ ᠪᠡᠷ ᠬᠣᠯᠪᠣᠭᠠᠲᠠᠨ ᠪᠣᠯᠵᠠᠢ᠃ ᠮᠠᠨᠵᠤ ᠶᠢᠨ ᠬᠠᠭᠠᠨ ᠠᠪᠠᠬᠠᠢ 1632 ᠤᠨ ᠤ 4 ᠰᠠᠷ᠎ᠠ ᠳᠤ ᠥᠪᠡᠷ ᠦᠨ ᠪᠡᠶ᠎ᠡ ᠪᠡᠷ ᠴᠡᠷᠢᠭ ᠤᠳᠤᠷᠢᠳᠥᠵᠤ ᠬᠣᠷᠴᠢᠨ᠂ ᠬᠠᠷᠠᠴᠢᠨ ᠂ ᠠᠣᠬᠠᠨ ᠂ ᠪᠠᠭᠠᠷᠢᠨ᠂ ᠵᠠᠷᠤᠳ᠂ ᠨᠠᠶᠢᠮᠠᠨ᠂ ᠲᠦᠮᠡᠳ ᠂ ᠠᠷᠤ ᠬᠣᠷᠴᠢᠨ ᠂ ᠬᠣᠩᠭᠢᠷᠠᠳ᠂ ᠠᠰᠤᠳ ᠠᠶᠢᠮᠠᠭ ᠤᠨ ᠮᠣᠩᠭᠣᠯ ᠴᠡᠷᠢᠭ ᠲᠡᠢ ᠵᠠᠮ ᠵᠠᠭᠤᠷ᠎ᠠ ᠨᠡᠶᠢᠯᠡᠵᠦ ᠂ ᠬᠢᠩᠭᠠᠨ ᠳᠠᠪᠠᠭ᠎ᠠ ᠶᠢ ᠳᠠᠪᠠᠵᠠᠢ᠃ ᠭᠡᠲᠡᠯ᠎ᠡ ᠮᠠᠨᠵᠤ ᠶᠢᠨ ᠴᠡᠷᠢᠭ ᠲᠦ ᠶᠠᠪᠤᠭᠰᠠᠨ ᠬᠣᠶᠠᠷ ᠮᠣᠩᠭᠣᠯ ᠬᠦᠮᠦᠨ ᠨᠢᠭᠤᠴᠠ ᠪᠠᠷ ᠣᠷᠭᠣᠨ ᠯᠢᠭᠳᠡᠨ ᠬᠠᠭᠠᠨ ᠳᠤ ᠮᠡᠳᠡᠭᠡ ᠬᠦᠷᠭᠡᠭᠰᠡᠨ ᠨᠢ ᠯᠢᠭᠳᠡᠨ ᠬᠤᠲᠤᠭᠲᠤ ᠬᠠᠭᠠᠨ ᠢ ᠭᠡᠨᠡᠳᠡᠭᠦᠯᠦᠨ ᠴᠤᠬᠢᠬᠤ ᠭᠡᠰᠡᠨ ᠮᠠᠨᠵᠤ ᠶᠢᠨ ᠬᠠᠭᠠᠨ ᠤ ᠣᠷᠣᠯᠳᠤᠯᠭ᠎ᠠ ᠶᠢ ᠪᠦᠲᠦᠯ ᠦᠭᠡᠢ ᠪᠣᠯᠭᠠᠵᠤ ᠯᠢᠭᠳᠡᠨ ᠳᠦ ᠮᠠᠨᠵᠤ ᠶᠢᠨ ᠭᠣᠣᠯ ᠬᠦᠴᠦ ᠲᠡᠢ ᠲᠤᠯᠭᠠᠷᠠᠨ ᠪᠠᠶᠢᠯᠳᠤᠬᠤ ᠠᠴᠠ ᠵᠠᠶᠢᠯᠠᠰᠬᠢᠵᠤ ᠂ ᠴᠠᠭ ᠬᠣᠵᠢᠵᠤ ᠬᠦᠴᠦ ᠪᠡᠨ ᠰᠡᠯᠪᠢᠬᠦ ᠡᠭᠦᠳᠡᠨ ᠡᠴᠡ ᠬᠥᠬᠡᠨᠠᠭᠤᠷ ᠢ ᠴᠢᠭᠯᠡᠨ ᠳᠤᠲᠠᠭᠠᠬᠤ ᠪᠣᠯᠤᠮᠵᠢ ᠣᠯᠭᠤᠵᠠᠢ᠃ ᠯᠢᠭᠳᠡᠨ ᠬᠠᠭᠠᠨ ᠲᠠᠢ ᠬᠠᠮᠲᠤ ᠴᠠᠬᠠᠷ ᠠᠴᠠ ᠠᠩᠬ᠎ᠠ ᠳᠤᠲᠠᠭᠠᠭᠰᠠᠨ ᠬᠦᠮᠦᠨ ᠠᠮᠠ ᠶᠢᠨ ᠲᠣᠭ᠎ᠠ 10 ᠲᠦᠮᠡ ᠢᠯᠡᠭᠦᠦ ᠪᠠᠶᠢᠭᠰᠠᠨ ᠪᠣᠯᠪᠠᠴᠤ ᠵᠠᠮ ᠵᠠᠭᠤᠷ᠎ᠠ ᠳᠤ ᠠᠷᠪᠠᠨ ᠤ ᠳᠣᠯᠣᠭ᠎ᠠ ᠨᠠᠶᠢᠮᠠᠨ ᠬᠤᠪᠢ ᠨᠢ ᠭᠡᠭᠡᠭᠳᠡᠨ ᠬᠣᠴᠣᠷᠤᠭᠰᠠᠨ ᠪᠠᠶᠢᠨ᠎ᠠ᠃ ᠯᠢᠭᠳᠡᠨ ᠬᠠᠭᠠᠨ ᠬᠥᠬᠡᠨᠠᠭᠤᠷ ᠲᠤ ᠣᠴᠢᠬᠤ ᠪᠣᠯᠤᠭᠰᠠᠨ ᠰᠢᠯᠲᠠᠭᠠᠨ ᠨᠢ ᠮᠠᠨᠵᠤ ᠪᠣᠯᠤᠨ ᠬᠢᠲᠠᠳ ᠠᠴᠠ ᠵᠠᠶᠢᠳᠠᠭᠤ ᠡᠨᠡ ᠨᠤᠲᠤᠭ ᠲᠤ ᠬᠦᠴᠦ ᠪᠡᠨ ᠵᠤᠵᠠᠭᠠᠳᠬᠠᠨ ᠰᠡᠯᠪᠢᠵᠦ᠂ ᠤᠷᠢᠳ ᠬᠣᠯᠪᠣᠭ᠎ᠠ ᠲᠣᠭᠲᠠᠭᠠᠭᠰᠠᠨ ᠲᠦᠪᠡᠳ ᠦᠨ ᠤᠯᠠᠭᠠᠨ ᠤ ᠱᠠᠰᠢᠨᠲᠠᠨ ᠤ ᠪᠦᠯᠦᠭᠯᠡᠯ ᠲᠡᠢ ᠬᠠᠮᠲᠤᠷᠠᠨ ᠰᠢᠷ᠎ᠠ ᠶᠢᠨ ᠱᠠᠰᠢᠨᠲᠠᠨ ᠤ ᠡᠰᠡᠷᠬᠦ ᠲᠡᠮᠡᠴᠡᠬᠦ ᠵᠠᠮ ᠢᠶᠠᠷ ᠬᠥᠬᠡ ᠨᠠᠭᠤᠷ ᠲᠤ ᠪᠡᠬᠢᠵᠢᠨ ᠰᠡᠷᠭᠦᠬᠦ ᠶᠢ ᠡᠷᠡᠮᠡᠯᠵᠡᠵᠦ ᠪᠠᠶᠢᠭᠰᠠᠨ ᠳᠤ ᠣᠷᠣᠰᠢᠨ᠎ᠠ᠃ ᠯᠢᠭᠳᠡᠨ ᠬᠤᠲᠤᠭᠲᠤ ᠬᠠᠭᠠᠨ ᠬᠥᠬᠡᠨᠠᠭᠤᠷ ᠢ ᠵᠣᠷᠢᠨ ᠶᠠᠪᠤᠬᠤ ᠵᠠᠮ ᠳᠤ ᠪᠠᠨ 1634 ᠤᠨ ᠳᠤ ᠰᠢᠷ᠎ᠠ ᠲᠠᠯ᠎ᠠ ᠭᠡᠳᠡᠭ ᠭᠠᠵᠠᠷ ᠴᠡᠴᠡᠭ ᠡᠪᠡᠳᠴᠢᠨ ᠢᠶᠡᠷ ᠡᠪᠡᠳᠴᠦ 43 ᠨᠠᠰᠤᠲᠠᠢ ᠳᠤ ᠪᠠᠨ ᠲᠩᠷᠢ ᠳᠦ ᠬᠠᠯᠢᠵᠠᠢ᠃

ᠯᠢᠭᠳᠡᠨ ᠬᠤᠲᠤᠭᠲᠤ ᠬᠠᠭᠠᠨ ᠤ ᠦᠷ᠎ᠡ ᠬᠣᠶᠢᠴᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠯᠢᠭᠳᠡᠨ ᠬᠣᠳᠣᠭᠳᠣ ᠬᠠᠭᠠᠨ ᠤ ᠬᠦᠪᠡᠬᠦᠨ ᠡᠵᠡᠢ ᠬᠣᠩᠭᠣᠷ ᠮᠠᠨᠵᠣ ᠳᠤ ᠪᠠᠭᠣᠵᠣ ᠦᠭᠭᠦᠭᠡᠳ ᠬᠠᠭᠠᠨ ᠤ ᠲᠠᠮᠠᠭ᠎ᠠ ᠵᠢ ᠬᠠᠭᠠᠨ ᠳᠤ ᠨᠢ ᠡᠷᠬᠦᠪᠡ᠃ ᠮᠠᠨᠵᠣ ᠶᠢᠨ ᠬᠠᠭᠠᠨ ᠪᠠᠭᠣᠵᠣ ᠦᠭᠭᠦᠭᠰᠡᠨ ᠡᠵᠡᠢ ᠬᠣᠩᠭᠣᠷ ᠲᠤ ᠴᠢᠨ ᠸᠠᠩ ᠤᠨ ᠵᠡᠷᠭᠡ ᠡᠷᠬᠦᠮᠵᠢᠯᠡᠵᠡᠢ᠃ ᠡᠵᠡᠢ ᠬᠣᠩᠭᠣᠷ ᠨᠠᠰᠣ ᠪᠠᠷᠠᠭᠰᠠᠨ ᠤ ᠲᠠᠷᠠᠭ᠎ᠠ ᠲᠡᠬᠦᠨ ᠦ ᠬᠦᠥ ᠠᠪᠨᠠᠢ ᠡᠴᠢᠭᠡ ᠶᠢᠨ ᠢᠶᠡᠨ ᠴᠢᠨ ᠸᠠᠩ ᠵᠡᠷᠭᠡ ᠵᠢ ᠵᠠᠯᠭᠠᠮᠵᠢᠯᠠᠵᠠᠢ᠃ ᠬᠣᠵᠢᠮ ᠨᠢ ᠠᠪᠨᠠᠢ ᠶᠢᠨ ᠬᠦᠥ ᠪᠦᠷᠢᠨ᠎ᠡ ᠴᠢᠨ ᠸᠠᠩ ᠤᠨ ᠬᠡᠷᠬᠢᠮ ᠢ ᠵᠠᠯᠭᠠᠮᠵᠢᠯᠠᠵᠠᠢ᠃ ᠪᠦᠷᠢᠨ᠎ᠡ ᠮᠠᠨᠵᠤ ᠠᠴᠠ ᠤᠷᠪᠠᠭᠰᠠᠨ ᠪᠣᠯᠪᠠᠴᠤ ᠵᠣᠷᠢᠭᠰᠠᠨ ᠬᠡᠷᠡᠭ ᠨᠢ ᠪᠦᠲᠦᠯ ᠦᠭᠡᠢ ᠪᠠᠷᠢᠭᠳᠠᠨ ᠠᠯᠠᠭᠳᠠᠵᠠᠢ᠃ ᠡᠭᠦᠨ ᠦ ᠤᠯᠠᠮ ᠠᠴᠠ ᠯᠢᠭᠳᠡᠨ ᠦ ᠦᠷ᠎ᠡ ᠠᠴᠢ ᠨᠠᠷ ᠪᠦᠷᠢᠮᠦᠰᠦᠨ ᠲᠠᠰᠤᠷᠠᠵᠤ ᠰᠥᠨᠥᠭᠰᠡᠨ ᠪᠢᠯᠡ᠃

ᠯᠢᠭᠳᠡᠨ ᠬᠤᠲᠤᠭᠲᠤ ᠬᠠᠭᠠᠨ ᠤ ᠲᠠᠮᠠᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠤᠨ ᠲᠤᠯᠭᠤᠷ ᠲᠥᠷᠥ ᠶᠢ ᠦᠨᠳᠦᠰᠦᠯᠡᠭᠴᠢ ᠰᠤᠤᠲᠤ ᠪᠣᠭᠳᠠ ᠴᠢᠩᠭᠢᠰ ᠬᠠᠭᠠᠨ ᠤ ᠡᠨᠡᠬᠦ ᠲᠥᠷᠥ ᠶᠢᠨ ᠲᠠᠮᠠᠭ᠎ᠠ ᠠᠷᠪᠠᠨ ᠳᠣᠯᠤᠳᠤᠭᠠᠷ ᠵᠠᠭᠤᠨ ᠬᠦᠷᠲᠡᠯ᠎ᠡ ᠬᠡᠷᠡᠭᠯᠡᠭᠳᠡᠵᠦ ᠪᠠᠶᠢᠭᠰᠠᠨ ᠪᠥᠭᠡᠳ ᠴᠠᠬᠠᠷ ᠤᠨ ᠯᠢᠭᠳᠡᠨ ᠬᠠᠭᠠᠨ ᠮᠠᠨᠵᠤ ᠳᠤ ᠬᠦᠴᠦᠨ ᠮᠡᠬᠦᠰᠳᠡᠵᠦ ᠬᠥᠬᠡᠨᠠᠭᠤᠷ ᠤᠨ ᠵᠦᠭ ᠳᠤᠲᠠᠭᠠᠵᠤ ᠪᠡᠶ᠎ᠡ ᠪᠠᠷᠠᠬᠤ ᠪᠣᠯᠤᠮᠠᠭᠴᠠ ᠲᠠᠮᠠᠭ᠎ᠠ ᠶᠢ ᠳᠠᠶᠢᠰᠤᠨ ᠤ ᠭᠠᠷ ᠲᠤ ᠣᠷᠣᠭᠤᠯᠬᠤ ᠦᠭᠡᠢ ᠶᠢᠨ ᠲᠤᠯᠠᠳᠠ ᠠᠷᠤ᠂ ᠥᠪᠥᠷ ᠮᠣᠩᠭᠣᠯ ᠤᠨ ᠵᠡᠯᠢᠭᠦᠳ ᠠᠭᠤᠯᠠᠰ ᠤᠨ ᠠᠯᠢ ᠨᠢᠭᠡᠨ ᠬᠠᠳᠠᠨ ᠬᠣᠩᠭᠢᠯ ᠳᠤ ᠡᠭᠡᠨᠡᠭᠲᠡ ᠳᠠᠯᠳᠠᠯᠠᠨ ᠨᠢᠭᠤᠭᠰᠠᠨ ᠲᠤᠬᠠᠢ ᠰᠤᠷᠪᠤᠯᠵᠢ ᠪᠦᠲᠦᠭᠡᠯ ᠦᠳ ᠲᠦ ᠲᠡᠮᠳᠡᠭᠯᠡᠭᠰᠡᠨ ᠪᠠᠶᠢᠳᠠᠭ᠃ ᠯᠢᠭᠳᠡᠨ ᠬᠠᠭᠠᠨ ᠤ ᠬᠤᠪᠢ ᠳᠤ ᠴᠢᠩᠭᠢᠰ ᠦᠨ ᠤᠳᠤᠮ ᠤᠨ ᠰᠡᠭᠦᠯᠴᠢ ᠶᠢᠨ ᠬᠠᠭᠠᠨ᠂ ᠮᠣᠩᠭᠣᠯ ᠤᠯᠤᠰ ᠤᠨ ᠨᠢᠭᠡᠳᠦᠮᠡᠯ ᠪᠠᠶᠢᠳᠠᠯ ᠢ ᠰᠡᠷᠭᠦᠭᠡᠬᠦ ᠶᠢᠨ ᠲᠥᠯᠥᠭᠡ ᠲᠡᠮᠡᠴᠡᠵᠦ ᠶᠠᠪᠤᠭᠰᠠᠨ ᠡᠬᠡ ᠣᠷᠣᠨᠴᠢ ᠦᠵᠡᠯ ᠲᠡᠢ ᠬᠦᠮᠦᠨ ᠪᠠᠶᠢᠵᠠᠢ᠃ ᠡᠶᠢᠮᠦ ᠡᠴᠡ ᠦᠶ᠎ᠡ ᠳᠠᠮᠵᠢᠨ ᠢᠷᠡᠭᠰᠡᠨ ᠶᠡᠬᠡ ᠬᠠᠭᠠᠨ ᠤ ᠬᠠᠰ ᠲᠠᠮᠠᠭ᠎ᠠ ᠶᠢ ᠮᠣᠩᠭᠣᠯ ᠦᠨᠳᠦᠰᠦᠨ ᠦ ᠤᠯᠤᠰ ᠲᠥᠷᠥ ᠶᠢᠨ ᠣᠷᠣᠰᠢᠨ ᠲᠣᠭᠲᠠᠨᠢᠬᠤ ᠶᠢᠨ ᠪᠡᠯᠭᠡᠳᠡᠯ ᠪᠣᠯᠭᠠᠵᠤ ᠮᠠᠨᠵᠤ ᠨᠠᠷ ᠠᠴᠠ ᠨᠢᠭᠤᠴᠠᠯᠠᠭᠰᠠᠨ ᠭᠡᠳᠡᠭ ᠳᠣᠮᠣᠭ ᠶᠠᠷᠢᠶ᠎ᠠ ᠪᠠᠶᠢᠳᠠᠭ᠃

ᠲᠠᠮᠠᠭ᠎ᠠ ᠲᠣᠭᠤᠭᠠᠨᠲᠡᠮᠦᠷ ᠬᠠᠭᠠᠨ ᠤ ᠦᠶ᠎ᠡ ᠳᠦ ᠦᠷᠡᠭᠳᠡᠭᠡᠳ᠂ ᠲᠡᠭᠦᠨ ᠢ ᠢᠮᠠᠭ᠎ᠠ ᠣᠯᠤᠭᠠᠳ᠂ ᠢᠮᠠᠭᠠᠨ ᠤ ᠡᠵᠡᠨ ᠯᠢᠭᠳᠡᠨ ᠬᠠᠭᠠᠨ ᠳᠤ ᠥᠭᠭᠦᠭᠡᠳ᠂ ᠤᠯᠠᠮ ᠢᠶᠠᠷ ᠰᠤᠲᠠᠢ ᠨᠡᠷ᠎ᠡ ᠲᠡᠢ ᠬᠠᠲᠤᠨ ᠳᠤ ᠨᠢ ᠪᠠᠶᠢᠵᠤ ᠪᠠᠶᠢᠭᠠᠳ ᠮᠠᠨᠵᠤ ᠶᠢᠨ ᠬᠠᠭᠠᠨ ᠳᠤ ᠰᠢᠯᠵᠢᠭᠰᠡᠨ ᠳᠣᠮᠣᠭ ᠲᠠᠢ᠃

ᠬᠠᠷᠢᠨ ᠲᠡᠦᠬᠡᠨ ᠰᠤᠷᠪᠤᠯᠵᠢ ᠳᠤ ᠯᠢᠭᠳᠡᠨ ᠬᠠᠭᠠᠨ ᠤ ᠬᠦᠦ ᠡᠵᠡᠢ ᠬᠣᠩᠭᠣᠷ (ᠳᠡᠭᠡᠷᠡᠬᠢ ᠰᠤᠷᠪᠤᠯᠵᠢ ᠳᠤ ᠡᠷᠬᠡᠬᠣᠩᠭᠣᠷ) ᠠᠪᠤ ᠶᠢ ᠪᠠᠨ ᠨᠠᠰᠤ ᠪᠠᠷᠠᠭᠰᠠᠨ ᠤ ᠳᠠᠷᠠᠭ᠎ᠠ ᠵᠢᠯ ᠪᠤᠶᠤ 1635 ᠤᠨ ᠳᠤ ᠬᠠᠰᠪᠤᠤ ᠲᠠᠮᠠᠭ᠎ᠠ ᠶᠢ ᠨᠤᠷᠬᠠᠴᠢ ᠶᠢᠨ ᠬᠦᠦ ᠠᠮᠪᠠᠭᠠᠢ ᠳᠤ ᠠᠪᠠᠴᠢᠵᠤ ᠥᠭᠭᠦᠭᠰᠡᠨ ᠭᠡᠰᠡᠨ ᠥᠭᠡᠷ᠎ᠡ ᠮᠡᠳᠡᠭᠡ ᠪᠠᠶᠢᠳᠠᠭ᠃ ᠡᠵᠡᠢ ᠬᠣᠩᠭᠣᠷ ᠥᠪᠡᠷ ᠢᠶᠡᠨ ᠪᠣᠯ ᠪᠠᠭᠤᠵᠤ ᠥᠭᠬᠦ ᠪᠡᠷ ᠣᠴᠢᠭᠰᠠᠨ ᠪᠢᠯᠡ᠃

ᠯᠢᠭᠳᠡᠨ ᠬᠠᠭᠠᠨ ᠠᠴᠠ ᠲᠠᠮᠠᠭ᠎ᠠ ᠬᠤᠷᠢᠶᠠᠭᠰᠠᠨ ᠲᠤᠬᠠᠢ᠂ ᠶᠤᠸᠠᠨ ᠤᠯᠤᠰ ᠤᠨ ᠶᠡᠬᠡ ᠬᠠᠰᠪᠤᠤ ᠡᠷᠳᠡᠨᠢ ᠬᠡᠮᠡᠨ ᠲᠤᠰᠬᠠᠶᠢᠯᠠᠨ ᠲᠠᠬᠢᠵᠤ ᠰᠢᠲᠦᠳᠡᠭ ᠪᠠᠶᠢᠭᠰᠠᠨ ᠲᠤᠬᠠᠢ ᠮᠠᠨᠵᠤ ᠴᠢᠩ ᠭᠦᠷᠦᠨ ᠦ ᠲᠡᠦᠬᠡᠨ ᠳᠦ ᠪᠢᠴᠢᠵᠦ ᠳᠤᠷᠠᠳᠤᠭᠰᠠᠨ ᠪᠤᠢ᠃ ᠲᠡᠷᠡᠬᠦ ᠲᠠᠮᠠᠭᠠᠨ ᠤ ᠬᠠᠮᠲᠤ ᠪᠠᠷ ᠳᠣᠮᠣᠭᠲᠤ ᠭᠤᠷᠪᠠᠨ ᠡᠷᠳᠡᠨᠢ ᠶᠢ ᠲᠠᠬᠢᠵᠤ ᠪᠠᠶᠢᠭᠰᠠᠨ ᠰᠦᠮ᠎ᠡ ᠳᠦ ᠮᠦᠭᠳᠡᠨ ᠪᠤᠶᠤ ᠣᠳᠣ ᠶᠢᠨ ᠬᠢᠲᠠᠳ ᠤᠨ ᠯᠢᠶᠣᠣᠨᠢᠩ ᠮᠤᠵᠢ ᠶᠢᠨ ᠮᠦᠭᠳᠡᠨ ᠬᠣᠲᠠ ᠶᠢᠨ ᠰᠢᠷ᠎ᠠ ᠰᠦᠮ᠎ᠡ ᠳᠦ ᠲᠠᠬᠢᠭᠳᠠᠵᠤ ᠪᠠᠶᠢᠭᠰᠠᠨ ᠲᠡᠷᠡ ᠲᠠᠮᠠᠭ᠎ᠠ ᠶᠢ ᠮᠠᠨᠵᠤ ᠨᠤᠭᠤᠳ 《ᠶᠤᠸᠠᠨ ᠤᠯᠤᠰ ᠤᠨ ᠶᠡᠬᠡ ᠬᠠᠰᠪᠤᠤ ᠲᠠᠮᠠᠭ᠎ᠠ》 ᠬᠡᠮᠡᠨ ᠵᠠᠷᠯᠠᠵᠤ᠂ ᠰᠢᠲᠦᠵᠦ᠂ ᠬᠠᠭᠠᠳ ᠨᠢ ᠲᠡᠷᠡ ᠲᠠᠮᠠᠭᠠᠨ ᠤ ᠦᠯᠢᠭᠡᠷ ᠢᠶᠡᠷ ᠰᠢᠨ᠎ᠡ ᠲᠠᠮᠠᠭ᠎ᠠ ᠦᠢᠯᠡᠳᠦᠭᠦᠯᠵᠦ ᠪᠠᠶᠢᠭᠰᠠᠨ ᠭᠡᠳᠡᠭ᠃

ᠮᠦᠭᠳᠡᠨ ᠳᠦ ᠲᠠᠬᠢᠭᠳᠠᠵᠤ ᠪᠠᠶᠢᠭᠰᠠᠨ ᠲᠡᠷᠡ ᠲᠠᠮᠠᠭ᠎ᠠ 《ᠲᠥᠷᠥ ᠶᠢᠨ ᠵᠠᠷᠯᠢᠭ ᠤᠯᠠᠮᠵᠢᠯᠠᠬᠤ ᠡᠷᠳᠡᠨᠢ》 ᠭᠡᠰᠡᠨ ᠡᠷᠲᠡᠨ ᠦ ᠳᠥᠷᠪᠡᠨ ᠬᠢᠲᠠᠳ ᠦᠰᠦᠭ ᠲᠠᠢ᠂ ᠤᠷᠲᠤ ᠦᠷᠭᠡᠨ ᠨᠢ ᠠᠳᠠᠯᠢᠬᠠᠨ 13 ᠰᠠᠨᠲ᠋ᠢᠮᠧᠲ᠋ᠷ ᠲᠡᠭᠰᠢ ᠳᠥᠷᠪᠡᠯᠵᠢᠨ ᠪᠠᠶᠢᠵᠠᠢ᠃ ᠬᠠᠷᠢᠨ ᠰᠢᠷ᠎ᠠ ᠬᠠᠳᠠᠭ ᠤᠨ ᠳᠡᠭᠡᠷᠡᠬᠢ ᠳᠠᠷᠤᠳᠠᠰᠤ ᠨᠢ ᠬᠢᠯᠪᠠᠷ ᠤᠩᠰᠢᠭᠳᠠᠬᠤ  ᠦᠭᠡᠢ ᠰᠣᠨᠢᠨ᠂ ᠡᠪᠬᠢᠮᠡᠯ ᠨᠠᠶᠢᠮᠠᠨ ᠦᠰᠦᠭ ᠲᠡᠢ᠂ ᠤᠷᠲᠤ ᠦᠷᠭᠡᠨ ᠨᠢ ᠠᠳᠠᠯᠢᠬᠠᠨ 8.2 ᠰᠠᠨᠲ᠋ᠢᠮᠧᠲ᠋ᠷ ᠲᠡᠭᠰᠢ ᠳᠥᠷᠪᠡᠯᠵᠢᠨ ᠪᠠᠶᠢᠪᠠ᠃

ᠱᠠᠰᠢᠨ᠂ ᠰᠤᠶᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠯᠢᠭᠳᠡᠨ ᠬᠠᠭᠠᠨ ᠡᠨᠡᠳᠬᠡᠭ᠂ ᠲᠥᠪᠡᠳ ᠬᠡᠯᠡ ᠪᠢᠴᠢᠭ ᠲᠦ ᠰᠠᠶᠢᠲᠤᠷ ᠰᠤᠷᠤᠯᠴᠠᠨ ᠣᠶᠤᠨ ᠤ ᠥᠨᠳᠥᠷ ᠪᠣᠯᠪᠠᠰᠤᠷᠠᠯ ᠡᠵᠡᠮᠰᠢᠵᠡᠢ᠃ ᠮᠥᠨ ᠪᠤᠷᠬᠠᠨ ᠱᠠᠰᠢᠨ ᠢ ᠳᠡᠯᠭᠡᠷᠡᠭᠦᠯᠬᠦ ᠳᠦ ᠮᠠᠰᠢ ᠠᠩᠬᠠᠷᠴᠤ ᠣᠯᠠᠨ ᠰᠦᠮ᠎ᠡ ᠬᠡᠶᠢᠳ ᠪᠠᠷᠢᠭᠤᠯᠤᠭᠰᠠᠨ ᠪᠢᠯᠡ᠃ ᠲᠡᠭᠦᠨ ᠦ ᠮᠣᠩᠭᠣᠯ ᠤᠨ ᠲᠡᠦᠬᠡᠨ ᠳᠦ ᠭᠦᠢᠴᠡᠳᠭᠡᠭᠰᠡᠨ ᠨᠢᠭᠡᠨ ᠯᠤᠲᠤ ᠶᠡᠬᠡ ᠦᠢᠯᠡ ᠪᠣᠯ ᠪᠤᠷᠬᠠᠨ ᠤ ᠱᠠᠰᠢᠨ ᠤ ᠬᠥᠯᠭᠡᠨ ᠶᠡᠬᠡ ᠰᠤᠳᠤᠷ 108 ᠪᠣᠲᠢ 《ᠭᠠᠨᠵᠤᠤᠷ》 ᠍ ᠢ ᠣᠷᠴᠢᠭᠤᠯᠤᠭᠤᠯᠤᠨ᠂ ᠠᠯᠲᠠᠨ ᠦᠰᠦᠭ ᠢᠶᠡᠷ ᠪᠠᠷᠯᠠᠭᠤᠯᠬᠤ ᠠᠵᠢᠯ ᠢ ᠭᠠᠷᠳᠠᠨ ᠵᠣᠬᠢᠶᠠᠨ ᠪᠠᠶᠢᠭᠤᠯᠵᠠᠢ᠃ ᠠᠯᠲᠠᠨ ᠦᠰᠦᠭ ᠢᠶᠡᠷ ᠪᠠᠷᠯᠠᠵᠤ᠂ 9 ᠡᠷᠳᠡᠨᠢ ᠪᠡᠷ ᠴᠢᠮᠡᠭᠰᠡᠨ ᠲᠡᠶᠢᠮᠦ ᠲᠣᠮᠣ ᠬᠡᠮᠵᠢᠶᠡᠨ ᠦ ᠨᠣᠮ ᠢ ᠪᠦᠲᠦᠭᠡᠭᠰᠡᠨ ᠨᠢ ᠬᠦᠮᠦᠨ ᠲᠥᠷᠥᠯᠬᠢᠲᠡᠨ ᠦ ᠰᠤᠶᠤᠯ ᠤᠨ ᠨᠢᠭᠡᠨ ᠦᠨᠡᠲᠦ ᠥᠪ ᠶᠤᠮ᠃ ᠮᠥᠨ ᠬᠤᠪᠢᠯᠠᠢ ᠬᠠᠭᠠᠨ ᠤ ᠵᠠᠷᠯᠢᠭ ᠢᠶᠠᠷ ᠮᠢᠩᠭᠠᠨ ᠯᠠᠩ ᠠᠯᠲᠠ ᠪᠠᠷ ᠪᠦᠲᠦᠭᠡᠭᠰᠡᠨ ᠮᠠᠾᠬᠠᠯᠠ ᠪᠤᠷᠬᠠᠨ ᠢ ᠮᠣᠩᠭᠣᠯ ᠤᠨ ᠨᠡᠶᠢᠰᠯᠡᠯ ᠴᠠᠭᠠᠨ ᠬᠣᠳᠠ ᠳᠤ ᠵᠠᠯᠠᠵᠤ᠂ ᠠᠯᠲᠠᠨ ᠳᠡᠭᠡᠪᠦᠷᠲᠦ ᠰᠦᠮ᠎ᠡ ᠳᠦ ᠪᠠᠶᠢᠷᠢᠯᠠᠭᠤᠯᠤᠭᠰᠠᠨ ᠪᠠᠶᠢᠨ᠎ᠠ᠃


ᠡᠮᠦᠨᠡᠬᠢ
ᠪᠤᠶᠠᠨ ᠰᠡᠴᠡᠨ ᠬᠠᠭᠠᠨ
ᠮᠣᠩᠭᠣᠯ ᠤᠨ ᠬᠠᠭᠠᠨ
{{{on}}}
ᠳᠠᠷᠠᠭᠠᠬᠢ
ᠡᠵᠡᠢ ᠬᠠᠭᠠᠨ

ᠪᠢᠴᠢᠭᠡᠰᠦ