ᠯᠢᠨ ᠳᠦ ᠯᠢᠽ - ᠠᠮᠧᠷᠢᠺᠠ ᠶᠢᠨ ᠨᠢᠭᠡᠳᠦᠭᠰᠡᠨ ᠤᠯᠤᠰ ᠤᠨ ᠲᠤᠰᠠᠯᠠᠮᠵᠢ ᠶᠢᠨ ᠬᠥᠲᠥᠯᠪᠦᠷᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠠᠮᠧᠷᠢᠺᠠ ᠶᠢᠨ ᠨᠢᠭᠡᠳᠦᠭᠰᠡᠨ ᠤᠯᠤᠰ ᠤᠨ ᠶᠡᠷᠦᠩᠬᠡᠶᠢᠯᠡᠭᠴᠢ ᠹ᠃ᠷᠦᠽᠸᠧᠯᠲ ᠶᠡᠬᠡ ᠪᠷᠢᠲ᠋ᠠᠨ(ᠠᠩᠭᠯᠢ) ᠪᠠ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠲᠤ ᠦᠵᠡᠭᠦᠯᠬᠦ ᠯᠢᠨ ᠳᠦ ᠯᠢᠽᠢ ᠶᠢ 1941 ᠣᠨ ᠳᠤ ᠪᠠᠲᠤᠯᠠᠵᠤ ᠪᠠᠶᠢᠭ᠎ᠠ ᠨᠢ
ᠢᠷᠡᠨ᠂ ᠲᠧᠭᠷᠡᠨ 1943 ᠣᠨ᠃ ᠬᠣᠯᠪᠣᠭᠠᠲᠠᠨ ᠨᠤᠭᠤᠳ ᠤᠨ ᠳᠡᠭᠡᠳᠦ ᠵᠥᠪᠯᠡᠯ ᠦᠨ ᠭᠡᠷ᠎ᠡ᠃ ᠢᠣᠰᠢᠹ ᠰᠲ᠋ᠠᠯᠢᠨᠹᠷᠠᠨᠺᠯᠢᠨ ᠷᠦᠽᠸᠧᠯᠲᠤᠢᠨᠰᠲ᠋ᠣᠨ ᠴᠧᠷᠴᠢᠯᠯ

ᠯᠢᠨ ᠳᠦ ᠯᠢᠽ (ᠠᠩᠭᠯ᠃ Lend-Lease) ᠲᠤᠰᠠᠯᠠᠮᠵᠢ ᠵᠡᠭᠡᠯᠢ ᠶᠢᠨ ᠬᠥᠲᠦᠯᠪᠦᠷᠢ ᠶᠢ ᠠᠮᠧᠷᠢᠺᠠ ᠶᠢᠨ ᠨᠢᠭᠡᠳᠦᠭᠰᠡᠨ ᠤᠯᠤᠰ ᠍ ᠤᠨ ᠵᠠᠰᠠᠭ ᠤᠨ ᠭᠠᠵᠠᠷ 1941 ᠣᠨ ᠤ 3 ᠍ ᠳᠤᠭᠠᠷ ᠰᠠᠷ᠎ᠠ ᠶᠢᠨ 11 ᠍ ᠳᠤ ᠪᠠᠲᠤᠯᠠᠵᠤ ᠶᠡᠬᠡ ᠪᠷᠢᠲ᠋ᠠᠨ(ᠠᠩᠭᠯᠢ)ᠵᠥᠪᠯᠡᠯᠲᠦ ᠬᠣᠯᠪᠣᠭᠠᠲᠤ ᠤᠯᠤᠰᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠵᠡᠷᠭᠡ ᠳᠡᠯᠡᠬᠡᠢ ᠶᠢᠨ 2 ᠍ ᠳᠤᠭᠠᠷ ᠳᠠᠶᠢᠨ ᠤ ᠬᠣᠯᠪᠣᠭᠠᠲᠠᠨ ᠨᠤᠭᠤᠳ ᠲᠤ ᠵᠡᠪᠰᠡᠭ᠂ ᠡᠳ᠋ ᠮᠠᠲ᠋ᠧᠷᠢᠶᠠᠯ ᠤᠨ ᠲᠤᠰᠠᠯᠠᠯᠴᠠᠭ᠎ᠠ ᠶᠢ ᠳᠠᠶᠢᠨ ᠢ ᠳᠠᠭᠤᠰᠬᠤ ᠬᠦᠷᠲᠡᠯ᠎ᠡ ᠦᠵᠡᠭᠦᠯᠵᠡᠢ᠃ ᠨᠡᠶᠢᠲᠡ 50,1 ᠲᠡᠷᠪᠤᠮ ᠠᠮᠠ᠃ᠳ᠋ᠣᠯᠯᠠᠷ ᠤᠨ (ᠥᠨᠥᠳᠥᠷ ᠦᠨ ᠬᠠᠩᠰᠢ ᠪᠠᠷ 656 ᠲᠡᠷᠪᠤᠮ ᠠᠮᠠ᠃ᠳᠣᠯᠣ) ᠲᠤᠰᠠᠯᠠᠮᠵᠢ ᠵᠡᠭᠡᠯᠢ ᠶᠢ ᠦᠵᠡᠭᠦᠯᠦᠭᠰᠡᠨ ᠨᠢ ᠠᠮᠧᠷᠢᠺᠠ ᠶᠢᠨ ᠨᠢᠭᠡᠳᠦᠭᠰᠡᠨ ᠤᠯᠤᠰ ᠤᠨ ᠨᠡᠶᠢᠲᠡ ᠳᠠᠶᠢᠨ ᠤ ᠦᠶ᠎ᠡ ᠶᠢᠨ ᠵᠠᠷᠤᠯᠭ᠎ᠠ ᠶᠢᠨ 17% ᠪᠣᠯᠤᠭᠰᠠᠨ ᠶᠤᠮ᠃ ᠡᠭᠦᠨ ᠡᠴᠡ 31,4 ᠲᠡᠷᠪᠤᠮ ᠠᠮᠠ᠃ᠳᠣᠯᠣ ᠶᠡᠬᠡ ᠪᠷᠢᠲ᠋ᠠᠨᠢᠳ᠂ 11,3 ᠲᠡᠷᠪᠤᠮ ᠠᠮᠠ᠃ᠳᠣᠯᠣ ᠵᠥᠪᠯᠡᠯᠲᠦ ᠬᠣᠯᠪᠣᠭᠠᠲᠤ ᠤᠯᠤᠰ ᠲᠤ᠂ 3,2 ᠲᠡᠷᠪᠤᠮ ᠠᠮᠠ᠃ᠳᠣᠯᠣ ᠹᠷᠠᠨᠼᠢ ᠳᠤ᠂ 1,6 ᠲᠡᠷᠪᠤᠮ ᠠᠮᠠ᠃ᠳᠣᠯᠣ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠳᠦ ᠣᠨᠣᠭᠳᠠᠵᠠᠢ᠃ ᠡᠭᠦᠨ ᠡᠴᠡ ᠵᠥᠪᠬᠡᠨ 10% ᠍ ᠢ ᠨᠢ ᠠᠮᠧᠷᠢᠺᠠ ᠶᠢᠨ ᠨᠢᠭᠡᠳᠦᠭᠰᠡᠨ ᠤᠯᠤᠰ ᠡᠷᠭᠢᠭᠦᠯᠵᠦ ᠠᠪᠴᠠᠢ᠃ ᠶᠡᠬᠡ ᠪᠷᠢᠲ᠋ᠠᠨ(ᠠᠩᠭᠯᠢ) ᠭᠡᠬᠦ ᠳᠦ 2006 ᠣᠨ ᠳᠤ ᠯᠧᠨᠳ ᠯᠢ ᠵ᠎ᠡ ᠲᠥᠯᠦᠵᠦ ᠳᠠᠭᠤᠰᠬᠠᠭᠰᠠᠨ ᠪᠠᠶᠢᠨ᠎ᠠ᠃ ᠮᠥᠨ ᠺᠠᠨᠠᠳᠠ ᠪᠠ ᠶᠡᠬᠡ ᠪᠷᠢᠲ᠋ᠠᠨ(ᠠᠩᠭᠯᠢ) ᠤᠯᠤᠰ ᠤᠳ ᠳᠠᠶᠢᠨ ᠤ ᠦᠶ᠎ᠡ ᠪᠡᠷ ᠵᠥᠪᠯᠡᠯᠲᠦ ᠬᠣᠯᠪᠣᠭᠠᠲᠤ ᠤᠯᠤᠰ ᠳᠤ ᠶᠡᠬᠡ ᠬᠡᠮᠵᠢᠶᠡᠨ ᠦ ᠵᠡᠪᠰᠡᠭ ᠪᠠ ᠮᠠᠲ᠋ᠧᠷᠢᠶᠠᠯ ᠤᠨ ᠲᠤᠰᠠᠯᠠᠮᠵᠢ ᠶᠢ ᠲᠤᠰ ᠲᠤ ᠪᠠᠨ ᠦᠵᠡᠭᠦᠯᠦᠭᠰᠡᠨ ᠪᠠᠶᠢᠨ᠎ᠠ᠃ ᠮᠣᠩᠭᠣᠯ ᠤᠯᠤᠰ ᠮᠥᠨ ᠳᠠᠶᠢᠨ ᠤ ᠦᠶ᠎ᠡ ᠪᠡᠷ ᠵᠥᠪᠯᠡᠯᠲᠦ ᠬᠣᠯᠪᠣᠭᠠᠲᠤ ᠤᠯᠤᠰ ᠲᠤ ᠨᠢᠰᠬᠦ ᠣᠩᠭᠣᠴᠠᠨ ᠤ ᠨᠢᠭᠡ ᠪᠦᠲᠦᠨ ᠡᠰᠺᠠᠳ᠋ᠷᠢᠯ᠂ ᠲᠠᠩᠺ ᠤᠨ ᠨᠢᠭᠡ ᠬᠣᠷᠢᠶ᠎ᠠ ᠶᠢ ᠠᠷᠠᠳ ᠢᠷᠭᠡᠳ ᠡᠴᠡ ᠥᠭᠭᠦᠭᠰᠡᠨ ᠠᠯᠲᠠ ᠮᠥᠩᠭᠥ ᠵᠡᠷᠭᠡ ᠦᠨᠡᠲᠦ ᠮᠧᠲ᠋ᠠᠯ ᠢᠶᠠᠷ ᠬᠤᠳᠠᠯᠳᠤᠵᠤ ᠠᠪᠴᠤ ᠥᠭᠴᠦ᠂ 50000 ᠮᠣᠷᠢ ᠶᠢ ᠪᠡᠯᠡᠭᠯᠡᠵᠦ 500000 ᠮᠣᠷᠢ ᠶᠢ ᠬᠢᠮᠳᠠᠷᠠᠭᠤᠯᠤᠭᠰᠠᠨ ᠦᠨ᠎ᠡ ᠪᠡᠷ ᠥᠭᠴᠦ᠂ ᠬᠡᠳᠦ ᠬᠡᠳᠦᠨ ᠸᠠᠭᠣᠨ ᠤ ᠴᠤᠪᠤᠭ᠎ᠠ ᠬᠦᠨᠡᠰᠦ ᠪᠠ ᠡᠳ᠋ ᠮᠠᠲ᠋ᠧᠷᠢᠶᠠᠯ ᠤᠨ ᠲᠤᠰᠠᠯᠠᠮᠵᠢ ᠶᠢ ᠦᠵᠡᠭᠦᠯᠦᠭᠰᠡᠨ ᠪᠠᠶᠢᠨ᠎ᠠ᠃


ᠵᠥᠪᠯᠡᠯᠲᠦ ᠬᠣᠯᠪᠣᠭᠠᠲᠤ ᠤᠯᠤᠰ ᠲᠤ ᠦᠵᠡᠭᠦᠯᠦᠭᠰᠡᠨ ᠵᠡᠭᠡᠯᠢ ᠲᠤᠰᠠᠯᠠᠮᠵᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠠᠷᠰᠢᠪ 1945 ᠣᠨ᠃ ᠯᠢᠨ ᠳᠦ ᠯᠢᠰ ᠢᠶᠡᠷ ᠥᠭᠭᠦᠭᠰᠡᠨ ᠸᠢᠯᠯᠢᠰ ᠵᠢᠫ᠂ ᠫᠣᠯᠢᠰᠢᠡᠶᠢᠨ 1 ᠍ ᠳᠤᠭᠠᠷ ᠠᠷᠮᠢ᠃
ᠠᠮᠧᠷᠢᠺᠠ ᠶᠢᠨ ᠨᠢᠭᠡᠳᠦᠭᠰᠡᠨ ᠤᠯᠤᠰ ᠤᠨ ᠠᠯᠢᠰᠺᠡᠶᠢᠨ ᠹᠡᠢᠷ ᠪᠠᠩᠬᠢᠰ ᠬᠣᠲᠠ ᠶᠢᠨ ᠯᠢᠨ ᠳᠦ ᠯᠢᠽᠢ ᠶᠢᠨ ᠳᠤᠷᠠᠰᠬᠠᠯ ᠬᠥᠰᠢᠶ᠎ᠡ᠂ ᠠᠮᠧᠷᠢᠺᠠ ᠶᠢᠨ ᠨᠢᠭᠡᠳᠦᠭᠰᠡᠨ ᠤᠯᠤᠰ ᠠᠴᠠ ᠵᠥᠪᠯᠡᠯᠲᠦ ᠬᠣᠯᠪᠣᠭᠠᠲᠤ ᠤᠯᠤᠰ ᠷᠤ ᠬᠣᠶᠢᠳᠤ ᠲᠤᠶᠢᠯ ᠤᠨ ᠪᠦᠰᠡ ᠶᠢᠨ ᠳᠠᠯᠠᠢ ᠶᠢᠨ ᠵᠠᠮ ᠢᠶᠠᠷ ᠨᠢᠰᠬᠦ ᠣᠩᠭᠣᠴᠠᠨ ᠨᠤᠭᠤᠳ ᠨᠡᠶᠢᠯᠡᠭᠦᠯᠵᠦ ᠪᠠᠶᠢᠭᠰᠠᠨ ᠦᠢᠯᠡ ᠶᠠᠪᠤᠳᠠᠯ ᠳᠤ ᠵᠣᠷᠢᠭᠤᠯᠪᠠ᠃
ᠵᠥᠪᠯᠡᠯᠲᠦ ᠬᠣᠯᠪᠣᠭᠠᠲᠤ ᠤᠯᠤᠰ ᠤᠨ БМ-13 "ᠺᠠᠲ᠋ᠶᠱᠠ" ᠨᠢ ᠪᠦᠭᠦᠳᠡ ᠯᠢᠨ ᠳᠦ ᠯᠢᠰ ᠢᠶᠡᠷ ᠥᠭᠭᠦᠭᠰᠡᠨ Studebaker US6 ᠠᠴᠢᠶᠠᠨ ᠤ ᠲᠡᠷᠭᠡ ᠳᠡᠭᠡᠷ᠎ᠡ ᠰᠠᠭᠤᠷᠢᠯᠠᠳᠠᠭ ᠪᠠᠶᠢᠴᠠᠢ᠃ ᠨᠡᠶᠢᠲᠡ 100 000 ᠰᠢᠷᠬᠡᠭ ᠢ ᠠᠮᠧᠷᠢᠺᠠ ᠶᠢᠨ ᠨᠢᠭᠡᠳᠦᠭᠰᠡᠨ ᠤᠯᠤᠰ ᠠᠴᠠ ᠵᠥᠪᠯᠡᠯᠲᠦ ᠬᠣᠯᠪᠣᠭᠠᠲᠤ ᠤᠯᠤᠰ ᠳᠦ ᠣᠯᠭᠤᠭᠰᠠᠨ᠃
1945 ᠣᠨ ᠳᠤ ᠪᠧᠷᠯᠢᠨᠢ ᠭᠤᠳᠤᠮᠵᠢᠨ ᠳᠤ Studebaker US6 ᠠᠴᠢᠶᠠᠨ ᠤ ᠲᠡᠷᠭᠡᠨ ᠦ ᠳᠡᠷᠭᠡᠳᠡ ᠣᠷᠣᠰ ᠴᠡᠷᠢᠭ ᠦᠳ᠃ ᠡᠨᠡ ᠠᠴᠢᠶᠠᠨ ᠤ ᠲᠡᠷᠭᠡ ᠶᠢ 1960 ᠍ ᠊ᠭᠠᠳ ᠣᠨ ᠬᠦᠷᠲᠡᠯ᠎ᠡ ᠵᠥᠪᠯᠡᠯᠲᠦ ᠬᠣᠯᠪᠣᠭᠠᠲᠤ ᠤᠯᠤᠰ ᠳᠦ ᠥᠷᠭᠡᠨ ᠠᠰᠢᠭᠯᠠᠭᠰᠠᠨ ᠵᠠᠷᠢᠮ ᠴᠥᠭᠡᠨ ᠨᠢ ᠪᠦᠷ 1980 ᠣᠨ ᠬᠦᠷᠭᠡᠵᠡᠢ᠃

ᠳᠡᠯᠡᠬᠡᠢ ᠶᠢᠨ 2 ᠍ ᠳᠦᠭᠡᠷ ᠳᠠᠶᠢᠨ ᠢᠶᠠᠷ ᠠᠮᠧᠷᠢᠺᠠ ᠶᠢᠨ ᠨᠢᠭᠡᠳᠦᠭᠰᠡᠨ ᠤᠯᠤᠰ ᠠᠴᠠ ᠵᠥᠪᠯᠡᠯᠲᠦ ᠬᠣᠯᠪᠣᠭᠠᠲᠤ ᠤᠯᠤᠰ ᠳᠦ ᠦᠵᠡᠭᠦᠯᠦᠭᠰᠡᠨ ᠵᠡᠪᠰᠡᠭ ᠪᠠ ᠡᠳ᠋ ᠮᠠᠲ᠋ᠧᠷᠢᠶᠠᠯ ᠤᠨ ᠲᠤᠰᠠᠯᠠᠮᠵᠢ:

ᠨᠢᠰᠬᠦ ᠣᠩᠭᠣᠴᠠ 14 795
ᠲᠠᠩᠺ 7 056
ᠵᠢᠫ ᠮᠠᠰᠢᠨ 51 503
ᠠᠴᠢᠶᠠᠨ ᠤ ᠲᠡᠷᠭᠡ 375 883
ᠮᠣᠲ᠋ᠣᠼᠢᠺᠠᠯ 35 170
ᠲᠷᠠᠺᠲ᠋ᠣᠷ 8 071
ᠶᠡᠬᠡ ᠪᠤᠤ 8 218
ᠪᠤᠤ 131 633
ᠲᠡᠰᠦᠷᠡᠬᠦ ᠪᠣᠳᠠᠰ 345 735 ᠲᠣᠨ
ᠪᠠᠷᠢᠯᠭ᠎ᠠ ᠶᠢᠨ ᠲᠣᠨᠣᠭ ᠲᠥᠬᠥᠭᠡᠷᠦᠮᠵᠢ ᠠᠮᠠ᠃ᠳᠣᠯᠣ 10 910 000 ᠠᠮᠠ᠃ᠳᠣᠯᠣ
ᠸᠠᠭᠣᠨ ᠴᠢᠷᠭᠡᠦᠯ 11 155
ᠭᠠᠯᠲᠤ ᠲᠡᠷᠭᠡᠨ ᠦ ᠵᠢᠳᠬᠦᠭᠦᠷ ᠲᠣᠯᠣᠭᠠᠢ 1 981
ᠠᠴᠢᠶᠠᠨ ᠤ ᠤᠰᠤᠨ ᠣᠩᠭᠣᠴᠠ 90
ᠱᠤᠩᠪᠠᠭᠴᠢ ᠬᠥᠯᠥᠭ 105
ᠲᠣᠷᠫᠡᠳ᠋ ᠍ ᠦᠨ ᠵᠠᠪᠢ 197
ᠵᠠᠪᠢᠨ ᠦ ᠬᠥᠳᠡᠯᠭᠡᠭᠦᠷ 7 784
ᠬᠦᠨᠡᠰᠦ 4 478 000 ᠲᠣᠨ
ᠲᠣᠨᠣᠭ ᠲᠥᠬᠥᠭᠡᠷᠦᠮᠵᠢ 1 078 965 000 ᠠᠮᠠ᠃ᠳᠣᠯᠣ
ᠥᠩᠭᠡᠲᠦ ᠮᠧᠲ᠋ᠠᠯ 802 000 ᠲᠣᠨ
ᠲᠦᠯᠡᠰᠢ 2 670 000 ᠲᠣᠨ
ᠬᠢᠮᠢ ᠶᠢᠨ ᠪᠣᠳᠠᠰ 842 000 ᠲᠣᠨ
ᠳᠠᠪᠤᠤ 106 893 000 ᠲᠣᠨ
ᠠᠷᠠᠰᠤ ᠰᠢᠷᠢᠢ ᠠ 49 860 ᠲᠣᠨ
ᠳᠤᠭᠤᠢ 3 786 000
ᠲᠦᠷᠡᠢ ᠲᠡᠢ ᠭᠤᠲᠤᠯ 15 417 001 ᠬᠣᠣᠰ


ᠯᠢᠨ ᠳᠦ ᠯᠢᠰ ᠢᠶᠡᠷ ᠬᠣᠯᠪᠣᠭᠠᠲᠠᠨ ᠨᠤᠭᠤᠳ ᠠᠴᠠ ᠲᠤᠰᠠᠯᠠᠭᠰᠠᠨ ᠪᠠ ᠵᠥᠪᠯᠡᠯᠲᠦ ᠬᠣᠯᠪᠣᠭᠠᠲᠤ ᠤᠯᠤᠰ ᠳᠦ ᠳᠠᠶᠢᠨ ᠤ ᠦᠶ᠎ᠡ ᠪᠡᠷ ᠦᠢᠯᠡᠳᠪᠦᠷᠢᠯᠡᠭᠰᠡᠨ ᠢᠵᠢᠯ ᠪᠠᠷᠠᠭᠠᠨ ᠤ ᠵᠥᠷᠢᠭᠦᠨ ᠦ ᠵᠢᠭ᠌ᠰᠠᠭᠠᠯᠳᠠ[1][2]:

ᠪᠠᠷᠠᠭ᠎ᠠ ᠪᠦᠲᠦᠭᠡᠭᠳᠡᠬᠦᠨ ᠵᠥᠪᠯᠡᠯᠲᠦ ᠬᠣᠯᠪᠣᠭᠠᠲᠤ ᠤᠯᠤᠰ ᠳᠦ ᠦᠢᠯᠡᠳᠪᠦᠷᠢᠯᠡᠭᠰᠡᠨ ᠯᠢᠨ ᠳᠦ ᠯᠢᠰ ᠢᠶᠡᠷ ᠠᠪᠤᠭᠰᠠᠨ ᠵᠥᠷᠢᠭᠦᠦ᠂ %
ᠲᠡᠰᠦᠷᠡᠬᠦ ᠪᠣᠳᠠᠰ ᠮᠢᠩ᠃ᠲᠣᠩ 558 295,6 53 %
ᠪᠠᠯ ᠮᠢᠩ᠃ᠲᠣᠩ 534 404 76 %
ᠬᠥᠩᠭᠡᠨᠴᠠᠭᠠᠨ ᠮᠢᠩ᠃ᠲᠣᠩ 283 301 106 %
ᠲᠤᠭᠤᠯᠭ᠎ᠠ᠂ ᠮᠢᠩ᠃ᠲᠣᠩ 13 29 223 %
ᠺᠣᠪᠠᠯᠲ᠂ ᠲᠣᠩ 340 470 138 %
ᠨᠢᠰᠬᠦ ᠣᠩᠭᠣᠴᠠᠨ ᠤ ᠲᠦᠯᠡᠰᠢ ᠮᠢᠩ᠃ᠲᠣᠩ 4700 (5500[3]) 1087 23 %
ᠮᠠᠰᠢᠨ ᠤ ᠳᠤᠭᠤᠢ᠂ ᠮᠢᠩ᠃ᠱ᠃ 3988 3659 92 %
ᠨᠣᠣᠰᠣ ᠮᠢᠩ᠃ᠲᠣᠩ 96 98 102 %
ᠡᠯᠡᠰᠦᠨ ᠰᠢᠬᠢᠷ ᠮᠢᠩ᠃ᠲᠣᠩ 995 658 66 %
ᠯᠠᠵᠠᠯᠠᠭᠰᠠᠨ ᠮᠢᠬ᠎ᠠ᠂ ᠰᠠᠶ᠋ᠢ ᠯᠠᠵᠠ 432,5 2077 480 %
ᠬᠦᠨᠡᠰᠦᠨ ᠦ ᠲᠣᠰ ᠮᠢᠩ᠃ᠲᠣᠩ 565 602 107 %

ᠯᠢᠨ ᠳᠦ ᠯᠢᠽ ᠡᠭᠦᠰᠦᠭᠰᠡᠨ ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠡᠯᠡᠬᠡᠢ ᠶᠢᠨ ᠬᠣᠶᠠᠳᠤᠭᠠᠷ ᠳᠠᠶᠢᠨ ᠤ ᠡᠬᠢᠨ ᠦᠶ᠎ᠡ ᠳᠦ ᠨᠠᠼᠢᠰᠲ ᠭᠧᠷᠮᠠᠨ ᠤ ᠡᠰᠡᠷᠬᠦ ᠠᠩᠭᠯᠢ-ᠹᠷᠠᠨᠼᠢ ᠶᠢᠨ ᠬᠣᠯᠪᠣᠭ᠎ᠠ ᠲᠤᠯᠤᠯᠳᠤᠵᠤ ᠪᠠᠶᠢᠬᠤ ᠦᠶ᠎ᠡ ᠳᠦ ᠹᠷᠠᠨᠼᠢ ᠪᠤᠲᠠ ᠴᠣᠬᠢᠭᠳᠠᠭᠰᠠᠨ ᠤ ᠳᠠᠷᠠᠭ᠎ᠠ ᠠᠩᠭᠯᠢ ᠶᠢᠨ ᠨᠥᠭᠡᠴᠡ ᠳᠠᠭᠤᠰᠴᠤ ᠡᠬᠢᠯᠡᠭᠰᠡᠨ ᠨᠢ ᠴᠢᠨᠠᠭᠰᠢᠳᠠ ᠳᠠᠶᠢᠨ ᠢ ᠦᠷᠭᠦᠯᠵᠢᠯᠡᠭᠦᠯᠬᠦ ᠳᠦ ᠬᠦᠨᠳᠦᠷᠡᠯ ᠤᠴᠠᠷᠠᠭᠤᠯᠵᠤ ᠡᠬᠢᠯᠡᠵᠡᠢ᠃ ᠡᠨᠡ ᠦᠶ᠎ᠡ ᠳᠦ ᠠᠮᠧᠷᠢᠺᠠ ᠶᠢᠨ ᠨᠢᠭᠡᠳᠦᠭᠰᠡᠨ ᠤᠯᠤᠰ ᠨᠢ ᠡᠳ᠋ ᠍ ᠦᠨ ᠵᠠᠰᠠᠭ ᠤᠨ ᠬᠤᠪᠢ ᠳᠤ ᠠᠰᠤᠷᠤ ᠶᠡᠬᠡ ᠪᠣᠯᠤᠮᠵᠢ ᠪᠦᠬᠦᠢ ᠪᠠᠶᠢᠭᠰᠠᠨ ᠪᠥᠭᠡᠳ ᠠᠩᠭᠯᠢ ᠶᠢᠨ ᠲᠠᠯ᠎ᠠ АНУеыг ᠥᠪᠡᠷ ᠦᠨ ᠲᠠᠯ᠎ᠠ ᠳᠤ ᠬᠣᠯᠪᠣᠭᠠᠲᠠᠨ ᠪᠣᠯᠭᠠᠬᠤ ᠬᠦᠰᠡᠯ ᠡᠷᠡᠮᠡᠯᠵᠡᠯ ᠲᠡᠢ ᠪᠠᠶᠢᠭᠰᠠᠨ ᠪᠥᠭᠡᠳ ᠡᠨᠡ ᠴᠢᠭᠯᠡᠯ ᠢᠶᠡᠷ ᠦᠢᠯᠡ ᠠᠵᠢᠯᠯᠠᠭ᠎ᠠ ᠪᠠᠨ ᠶᠠᠪᠤᠭᠤᠯᠵᠤ ᠪᠠᠶᠢᠪᠠ᠃ ᠠᠮᠧᠷᠢᠺᠠ ᠶᠢᠨ ᠨᠢᠭᠡᠳᠦᠭᠰᠡᠨ ᠤᠯᠤᠰ ᠨᠢ ᠥᠪᠡᠷ ᠦᠨ ᠬᠡᠯᠡ ᠰᠣᠶᠣᠯ ᠨᠢᠭᠡᠲᠡᠢ ᠢᠵᠠᠭᠤᠷ ᠤᠨ ᠨᠢᠭᠡ ᠤᠭᠰᠢᠯ ᠲᠠᠢ ᠠᠩᠭᠯᠢ ᠶᠢᠨ ᠲᠠᠯ᠎ᠠ ᠶᠢ ᠳᠡᠮᠵᠢᠵᠦ ᠪᠠᠶᠢᠭᠰᠠᠨ ᠪᠣᠯᠪᠠᠴᠤ ᠢᠯᠡ ᠪᠡᠷ ᠰᠢᠭᠤᠳ ᠭᠢᠲ᠋ᠯᠧᠷ ᠦᠨ ᠡᠰᠡᠷᠬᠦ ᠳᠠᠶᠢᠨ ᠳᠤ ᠣᠷᠣᠬᠤ ᠠᠴᠠ ᠪᠤᠯᠵᠠᠭᠠᠷᠠᠨ ᠪᠤᠯᠲᠠᠵᠤ ᠪᠠᠶᠢᠴᠠᠢ᠃ ᠠᠮᠧᠷᠢᠺᠠ ᠶᠢᠨ ᠨᠢᠭᠡᠳᠦᠭᠰᠡᠨ ᠤᠯᠤᠰ ᠨᠢ ᠨᠠᠼᠢᠰᠲ ᠭᠧᠷᠮᠠᠨ ᠤ ᠬᠦᠴᠦᠷᠬᠡᠭᠵᠢᠵᠦ ᠪᠠᠶᠢᠭ᠎ᠠ ᠶᠢ ᠡᠭᠳᠡᠭᠦᠴᠡᠨ ᠬᠠᠷᠠᠵᠤ᠂ ᠲᠡᠭᠦᠨ ᠳᠦ ᠰᠠᠭᠠᠳ ᠪᠣᠯᠬᠤ ᠲᠠᠯ᠎ᠠ ᠳᠡᠭᠡᠷ᠎ᠡ ᠰᠢᠭᠤᠳ ᠪᠤᠰᠤ ᠠᠷᠭ᠎ᠠ ᠬᠡᠮᠵᠢᠶ᠎ᠡ ᠨᠦᠭᠦᠳ ᠢ ᠠᠪᠴᠤ ᠪᠠᠶᠢᠭᠰᠠᠨ ᠪᠠᠶᠢᠨ᠎ᠠ᠃ ᠡᠳᠡᠭᠡᠷ ᠦᠨ ᠨᠢᠭᠡ ᠴᠢᠬᠤᠯᠠ ᠠᠷᠭ᠎ᠠ ᠨᠢ ᠭᠧᠷᠮᠠᠨ ᠤ ᠡᠰᠡᠷᠬᠦ ᠳᠠᠶᠢᠲᠤᠭᠴᠢ ᠲᠠᠯ᠎ᠠ ᠳᠤ ᠵᠡᠪᠰᠡᠭ᠂ ᠲᠧᠭᠨᠢᠭ᠂ ᠲᠦᠭᠦᠬᠡᠢ ᠡᠳ᠋ ᠍ ᠢᠶᠡᠷ ᠲᠤᠰᠠᠯᠠᠮᠵᠢ ᠶᠢ ᠣᠯᠭᠣᠬᠤ ᠲᠡᠭᠦᠨ ᠢᠶᠡᠨ ᠵᠡᠭᠡᠯᠢ ᠪᠡᠷ ᠣᠯᠭᠣᠬᠤ ᠶᠠᠪᠤᠳᠠᠯ ᠪᠠᠶᠢᠪᠠ᠃ ᠭᠡᠲᠡᠯ᠎ᠡ ᠲᠤᠬᠠᠢ ᠶᠢᠨ ᠦᠶ᠎ᠡ ᠶᠢᠨ ᠠᠮᠧᠷᠢᠺᠠ ᠶᠢᠨ ᠨᠢᠭᠡᠳᠦᠭᠰᠡᠨ ᠤᠯᠤᠰ ᠤᠨ ᠬᠠᠤᠯᠢ ᠪᠠᠷ ᠵᠡᠭᠡᠯᠢ ᠠᠪᠬᠤ ᠶᠢᠨ ᠲᠤᠯᠠᠳᠠ ᠡᠮᠦᠨ᠎ᠡ ᠨᠢ ᠠᠪᠤᠭᠰᠠᠨ ᠵᠢᠭᠡᠯᠡᠯᠭᠡ ᠵᠠᠪᠠᠯ ᠲᠥᠯᠦᠭᠰᠡᠨ ᠪᠠᠶᠢᠬᠤ ᠡᠭᠦᠷᠭᠡ ᠲᠡᠢ ᠪᠠᠶᠢᠴᠠᠢ᠃ ᠠᠩᠭᠯᠢ ᠨᠢ ᠠᠮᠧᠷᠢᠺᠠ ᠶᠢᠨ ᠨᠢᠭᠡᠳᠦᠭᠰᠡᠨ ᠤᠯᠤᠰ ᠳᠦ ᠳᠡᠯᠡᠬᠡᠢ ᠶᠢᠨ ᠨᠢᠭᠡᠳᠦᠭᠡᠷ ᠳᠠᠶᠢᠨ ᠤ ᠦᠶ᠎ᠡ ᠳᠦ ᠠᠪᠤᠭᠰᠠᠨ ᠵᠡᠭᠡᠯᠢ ᠶᠢᠨ ᠥᠷᠢ ᠲᠡᠢ ᠪᠠᠶᠢᠭᠰᠠᠨ ᠲᠤᠯᠠ ᠰᠢᠭᠤᠳ ᠳᠠᠬᠢᠨ ᠵᠡᠭᠡᠯᠢ ᠣᠯᠭᠣᠬᠤ ᠠᠰᠠᠭᠤᠳᠠᠯ ᠬᠦᠨᠳᠦᠷᠡᠵᠡᠢ᠃ ᠡᠭᠦᠨ ᠦ ᠡᠰᠡᠷᠭᠦ ᠠᠮᠧᠷᠢᠺᠠ ᠶᠢᠨ ᠨᠢᠭᠡᠳᠦᠭᠰᠡᠨ ᠤᠯᠤᠰ ᠤᠨ ᠡᠷᠬᠡ ᠠᠰᠢᠭ ᠤᠨ ᠡᠭᠦᠳᠡᠨ ᠡᠴᠡ ᠳᠠᠶᠢᠲᠤᠭᠴᠢ ᠲᠠᠯ ᠤᠳ ᠤᠨ ᠠᠮᠧᠷᠢᠺᠠ ᠶᠢᠨ ᠡᠷᠬᠡ ᠠᠰᠢᠭ ᠢ ᠬᠠᠮᠠᠭᠠᠯᠠᠵᠤ ᠪᠠᠶᠢᠭ᠎ᠠ ᠲᠠᠯ᠎ᠠ ᠳᠤ ᠡᠮᠦᠨ᠎ᠡ ᠨᠢ ᠥᠷᠢ ᠲᠡᠢ ᠪᠠᠶᠢᠭᠰᠠᠨ ᠴᠤ ᠲᠡᠭᠦᠨ ᠳᠦ ᠵᠡᠭᠡᠯᠢ ᠪᠡᠷ ᠵᠡᠷ ᠵᠡᠪᠰᠡᠭ ᠪᠣᠯᠤᠨ ᠪᠤᠰᠤᠳ ᠬᠡᠷᠡᠭᠴᠡᠭᠡ ᠲᠡᠢ ᠵᠦᠢᠯᠡᠰ ᠢ ᠣᠯᠭᠤᠬᠤ ᠣᠨᠴᠠᠭᠠᠢ ᠡᠷᠬᠡ ᠶᠢ ᠠᠮᠧᠷᠢᠺᠠ ᠶᠢᠨ ᠨᠢᠭᠡᠳᠦᠭᠰᠡᠨ ᠤᠯᠤᠰ ᠤᠨ ᠶᠡᠷᠦᠩᠬᠡᠶᠢᠯᠡᠭᠴᠢ ᠳᠤ ᠣᠯᠭᠤᠬᠤ ᠲᠤᠬᠠᠢ "ᠯᠢᠨ ᠳᠦ ᠯᠢᠽᠢ ᠶᠢᠨ ᠲᠤᠬᠠᠢ ᠬᠠᠤᠯᠢ" ᠍ ᠢ ᠶᠡᠷᠦᠩᠬᠡᠶᠢᠯᠡᠭᠴᠢ ᠷᠦᠽᠸᠧᠯᠲ ᠰᠠᠨᠠᠭᠠᠴᠢᠯᠠᠨ ᠰᠧᠨᠠᠲ ᠢᠶᠠᠷ ᠪᠠᠲᠤᠯᠠᠭᠤᠯᠤᠭᠰᠠᠨ ᠪᠠᠶᠢᠨ᠎ᠠ᠃ ᠢᠩᠭᠢᠭᠡᠳ ᠠᠩᠭᠯᠢ ᠨᠢ ᠠᠮᠧᠷᠢᠺᠠ ᠶᠢᠨ ᠨᠢᠭᠡᠳᠦᠭᠰᠡᠨ ᠤᠯᠤᠰ ᠠᠴᠠ ᠨᠡᠮᠡᠵᠦ ᠵᠡᠭᠡᠯᠢ ᠠᠪᠬᠤ ᠡᠷᠬᠡ ᠨᠡᠭᠡᠭᠡᠭᠳᠡᠭᠰᠡᠨ ᠪᠥᠭᠡᠳ ᠭᠡᠬᠦ ᠳᠦ ᠪᠡᠨ ᠠᠩᠬᠠᠨ ᠤ ᠯᠢᠨ ᠳᠦ ᠯᠢᠽᠢ ᠶᠢᠨ ᠵᠡᠭᠡᠯᠢ ᠶᠢ ᠠᠩᠭᠯᠢ ᠪᠢᠰᠢ ᠬᠠᠷᠢᠨ ᠭᠷᠧᠺ ᠤᠯᠤᠰ ᠠᠪᠤᠭᠰᠠᠨ ᠪᠠᠶᠢᠳᠠᠭ ᠲᠡᠦᠬᠡ ᠲᠡᠢ᠃


ᠶᠡᠬᠡ ᠪᠷᠢᠲ᠋ᠠᠨ(ᠠᠩᠭᠯᠢ) ᠠᠴᠠ ᠵᠥᠪᠯᠡᠯᠲᠦ ᠬᠣᠯᠪᠣᠭᠠᠲᠤ ᠤᠯᠤᠰ ᠲᠤ ᠦᠵᠡᠭᠦᠯᠦᠭᠰᠡᠨ ᠲᠤᠰᠠᠯᠠᠮᠵᠢ[ᠵᠠᠰᠠᠪᠤᠷᠢᠯᠠᠬᠤ | ᠺᠣᠳ᠋ ᠢᠶᠠᠷ ᠵᠠᠰᠠᠬᠣ]

1941 ᠣᠨ ᠤ 7 ᠰᠠᠷ᠎ᠠ ᠳᠤ ᠭᠧᠷᠮᠠᠨ ᠨᠤᠭᠤᠳ ᠣᠷᠣᠰ ᠷᠤ ᠳᠠᠭᠠᠷᠢᠭᠰᠠᠨ ᠤ ᠳᠥᠩᠭᠡᠵᠢ ᠳᠠᠷᠠᠭᠠᠬᠠᠨ ᠨᠢ ᠶᠡᠬᠡ ᠪᠷᠢᠲ᠋ᠠᠨ(ᠠᠩᠭᠯᠢ) ᠠᠴᠠ 40 ᠬᠠᠪᠺᠧᠷ ᠪᠠᠶᠢᠯᠳᠤᠭᠠᠨ ᠤ ᠣᠩᠭᠣᠴᠠ ᠪᠠ 550 ᠮᠧᠬᠠᠨᠢᠭᠴᠢ ᠳᠤ᠂ ᠨᠢᠰᠬᠡᠭᠴᠢᠳ ᠠᠴᠢᠭᠰᠠᠨ ᠬᠣᠶᠢᠳᠤ ᠲᠤᠶᠢᠯ ᠤᠨ ᠵᠠᠮ ᠤᠨ ᠠᠴᠢᠶᠠᠨ ᠤ ᠬᠥᠯᠥᠭ ᠣᠩᠭᠣᠴᠠᠨ ᠤ ᠴᠤᠪᠤᠭ᠎ᠠ ᠮᠤᠷᠮᠠᠨᠰᠺ ᠷᠤ ᠬᠥᠳᠡᠯᠵᠦ 9 ᠰᠠᠷ᠎ᠠ ᠳᠤ ᠢᠷᠡᠵᠦ ᠪᠠᠶᠢᠴᠠᠢ᠃ 1945 ᠣᠨ ᠤ 5 ᠰᠠᠷ᠎ᠠ ᠬᠦᠷᠲᠡᠯ᠎ᠡ ᠨᠡᠶᠢᠲᠡ 3000 "ᠬᠠᠷ᠎ᠠ ᠰᠠᠯᠬᠢ" ᠪᠠᠶᠢᠯᠳᠤᠭᠠᠨ ᠤ ᠣᠩᠭᠣᠴᠠ᠂ 4000 ᠪᠤᠰᠤᠳ ᠣᠩᠭᠣᠴᠠ᠂ 5000 ᠲᠠᠩᠺ᠂ 5000 ᠲᠠᠩᠺ ᠡᠰᠡᠷᠭᠦᠴᠡᠬᠦ ᠪᠤᠤ᠂ 15 ᠰᠠᠶ᠎ᠠ ᠭᠤᠲᠤᠯ ᠭᠡᠳ ᠨᠡᠶᠢᠲᠡ 4 ᠰᠠᠶ᠎ᠠ ᠲᠣᠨ ᠲᠤᠰᠠᠯᠠᠮᠵᠢ ᠡᠭᠦᠨ ᠳᠦ ᠮᠥᠨ ᠡᠮᠨᠡᠯᠭᠡ ᠶᠢᠨ ᠮᠠᠲ᠋ᠧᠷᠢᠠᠯ ᠤᠳ᠂ ᠬᠦᠨᠡᠰᠦ ᠭᠡᠳ ᠪᠦᠬᠦ ᠲᠥᠷᠦᠯ ᠦᠨ ᠪᠠᠷᠠᠭ᠎ᠠ ᠶᠢ ᠠᠩᠭᠯᠢᠴᠢ ᠨᠤᠭᠤᠳ ᠣᠷᠣᠰ ᠤᠳ ᠲᠤ ᠲᠤᠰᠠᠯᠠᠮᠵᠢ ᠪᠣᠯᠭᠠᠨ ᠥᠭᠴᠡᠢ᠃ ᠪᠤᠴᠠᠬᠤ ᠤᠰᠤᠨ ᠣᠩᠭᠣᠴᠠᠨ ᠨᠤᠭᠤᠳ ᠨᠢ ᠣᠷᠣᠰ ᠠᠴᠠ ᠠᠮᠧᠷᠢᠺᠠ ᠶᠢᠨ ᠨᠢᠭᠡᠳᠦᠭᠰᠡᠨ ᠤᠯᠤᠰ ᠲᠤ ᠲᠥᠯᠦᠵᠦ ᠪᠠᠶᠢᠭᠰᠠᠨ ᠠᠯᠲᠠ ᠶᠢ ᠠᠴᠢᠵᠤ ᠪᠠᠶᠢᠪᠠ᠃ ᠠᠩᠭᠯᠢ ᠠᠮᠧᠷᠢᠺᠠ ᠶᠢᠨ ᠥᠭᠭᠦᠭᠰᠡᠨ ᠴᠧᠷᠴᠢᠯ ᠲᠠᠩᠺᠠᠨ ᠨᠤᠭᠤᠳ ᠨᠢ ᠯᠧᠨᠢᠩᠷᠠᠳ᠋ ᠍ ᠤᠨ ᠲᠤᠯᠤᠯᠳᠤᠭᠠᠨ ᠳᠤ ᠪᠠ ᠺᠠᠸᠺᠽᠠᠰ ᠤᠨ ᠹᠷᠣᠨᠲᠣᠳ ᠡᠭᠦᠷᠭᠡ ᠭᠦᠢᠴᠡᠳᠭᠡᠵᠦ ᠪᠠᠶᠢᠪᠠ᠃

ᠡᠷᠭᠢᠨ ᠲᠥᠯᠦᠯᠲᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠠᠰᠢᠩᠲ᠋ᠣᠨ ᠠᠴᠠ ᠪᠦᠬᠦ ᠵᠦᠢᠯᠡᠰ ᠢ 90% ᠍ ᠶᠢᠨ ᠬᠢᠮᠳᠠᠷᠠᠭᠤᠯᠤᠯ ᠢᠶᠠᠷ ᠲᠣᠭᠠᠴᠠᠵᠤ ᠪᠠᠶᠢᠪᠠ᠃ ᠤᠴᠢᠷ ᠨᠢ ᠳᠠᠶᠢᠨ ᠤ ᠦᠶ᠎ᠡ ᠳᠦ ᠬᠣᠯᠪᠣᠭᠠᠲᠠᠨ ᠨᠤᠭᠤᠳ ᠤᠨ ᠠᠮᠰᠠᠭᠰᠠᠨ ᠬᠦᠮᠦᠨ ᠦ ᠠᠮᠢ ᠬᠣᠬᠢᠷᠠᠯ᠂ ᠡᠳ᠋ ᠍ ᠦᠨ ᠵᠠᠰᠠᠭ ᠤᠨ ᠰᠦᠢᠳᠬᠡᠯ ᠨᠢ ᠬᠠᠩᠭᠠᠯᠲᠠᠲᠠᠢ ᠬᠢᠮᠳᠠᠷᠠᠭᠤᠯᠬᠤ ᠦᠨᠳᠦᠰᠦᠯᠡᠯ ᠬᠡᠮᠡᠨ ᠸᠠᠰᠢᠩᠲ᠋ᠣᠨ ᠤ ᠤᠯᠤᠰ ᠲᠥᠷᠦᠴᠢᠳ ᠪᠣᠳᠣᠯᠴᠠᠵᠠᠢ᠃ ᠳᠠᠶᠢᠨ ᠳᠠᠭᠤᠰᠬᠤ ᠳᠤ 1945 ᠣᠨ ᠤ 9 ᠰᠠᠷ᠎ᠠ ᠳᠤ ᠶᠡᠬᠡᠬᠡᠨ ᠬᠡᠮᠵᠢᠶᠡᠨ ᠦ ᠯᠢᠨ ᠳᠦ ᠯᠢᠽᠢ ᠶᠢᠨ ᠡᠳ᠋ ᠪᠠᠷᠠᠭ᠎ᠠ᠂ ᠲᠣᠨᠣᠭ ᠲᠥᠬᠦᠭᠡᠷᠦᠮᠵᠢ ᠠᠩᠭᠯᠢ ᠶᠢᠨ ᠪᠣᠭᠣᠮᠲᠠ ᠨᠤᠭᠤᠳ ᠲᠤ ᠳᠠᠮᠵᠢᠬᠤ ᠪᠠᠭᠠᠵᠢ ᠳᠤ ᠬᠠᠳᠠᠭᠠᠯᠠᠭᠳᠠᠵᠤ ᠪᠠᠶᠢᠭᠰᠠᠨ ᠢ ᠠᠩᠭᠯᠢᠴᠢ ᠨᠤᠭᠤᠳ ᠳᠠᠶᠢᠨ ᠤ ᠳᠠᠷᠠᠭᠠᠬᠢ ᠰᠡᠷᠭᠦᠭᠡᠨ ᠪᠣᠰᠬᠠᠯᠲᠠ ᠳᠤ ᠪᠠᠨ ᠬᠡᠷᠡᠭᠯᠡᠬᠦ ᠶᠢ ᠬᠦᠰᠴᠢ ᠠᠮᠧᠷᠢᠺᠠ ᠠᠴᠠ ᠵᠢᠩᠬᠢᠨᠢ ᠦᠨ᠎ᠡ ᠡᠴᠡ ᠨᠢ 90% ᠍ ᠪᠠᠷ ᠬᠢᠮᠳᠠᠷᠠᠭᠤᠯᠵᠤ ᠠᠪᠴᠠᠢ᠃ 2006 ᠣᠨ ᠤ 12 ᠰᠠᠷ᠎ᠠ ᠶᠢᠨ 31 ᠍ ᠳᠤ ᠶᠡᠬᠡ ᠪᠷᠢᠲ᠋ᠠᠨ(ᠠᠩᠭᠯᠢ) ᠯᠢᠨ ᠳᠦ ᠯᠢᠽᠢ ᠶᠢᠨ ᠰᠡᠭᠦᠯᠴᠢ ᠶᠢᠨ ᠲᠥᠯᠦᠪᠦᠷᠢ 83,3 ᠰᠠᠶ᠎ᠠ ᠠᠮᠠ᠃ᠳ᠋ᠣᠯᠯᠠᠷ ᠢ (42,5 ᠹᠦᠨᠲ ᠰᠲ᠋ᠧᠷᠯᠢᠨ ᠢ) ᠲᠥᠯᠵᠢᠭᠡ᠃

ᠠᠩᠭᠯᠢ ᠶᠢᠨ ᠡᠷᠭᠢᠨ ᠲᠥᠯᠦᠯᠲᠡ ᠶᠢᠨ ᠲᠥᠷᠥᠯ ᠳᠦ ᠨᠠᠷᠢᠨ ᠲᠧᠭᠨᠣᠯᠣᠭᠢ ᠨᠤᠭᠤᠳ ᠢ ᠠᠮᠧᠷᠢᠺᠠ ᠳᠤ ᠳᠠᠮᠵᠢᠭᠤᠯᠬᠤ ᠠᠵᠢᠯᠯᠠᠭ᠎ᠠ ᠨᠤᠭᠤᠳ ᠪᠠᠭᠲᠠᠵᠠᠢ ᠡᠭᠦᠨ ᠳᠦ ᠷᠠᠳᠠᠷ᠂ ᠰᠣᠨᠠᠷ᠂ ᠲᠡᠶᠢᠷᠦᠯᠲᠡᠲᠦ ᠬᠥᠳᠡᠯᠭᠡᠭᠦᠷ᠂ ᠴᠥᠮ᠎ᠡ ᠶᠢᠨ ᠲᠧᠭᠨᠣᠯᠣᠭᠢ ᠨᠤᠭᠤᠳ᠂ ᠲᠠᠩᠺ ᠡᠰᠡᠷᠭᠦᠴᠡᠭᠴᠢ ᠳᠦ᠂ ᠫᠤᠤᠵᠢᠩ᠂ ᠰᠤᠫᠧᠷ ᠴᠡᠨᠡᠭᠯᠡᠭᠴᠢ ᠳᠦ᠂ ᠭᠢᠷᠣᠰᠺᠣᠫ ᠬᠠᠷᠠᠭᠠᠯᠠᠭᠴᠢ᠂ ᠱᠤᠩᠪᠠᠭᠴᠢ ᠬᠥᠯᠥᠭ ᠢᠯᠡᠷᠡᠭᠦᠯᠦᠭᠴᠢ᠂ ᠳᠣᠲᠣᠷ᠎ᠠ ᠠᠴᠠ ᠪᠠᠨ ᠪᠥᠭᠯᠡᠭᠳᠡᠳᠡᠭ ᠲᠦᠯᠡᠰᠢᠨ ᠦ ᠲᠠᠩᠺ᠂ ᠬᠤᠪᠠᠨᠴᠠᠷ ᠲᠡᠰᠯᠡᠭᠴᠢ ᠳᠦ ᠣᠷᠣᠵᠠᠢ᠃

ᠭᠡᠷ᠎ᠡ ᠶᠢᠨ ᠳᠠᠭᠠᠤ ᠠᠮᠧᠷᠢᠺᠠ ᠶᠢᠨ ᠨᠢᠭᠡᠳᠦᠭᠰᠡᠨ ᠤᠯᠤᠰ ᠲᠤ ᠳᠠᠶᠢᠨ ᠦ ᠳᠠᠷᠠᠭᠠᠴᠢ ᠠᠴᠠ ᠡᠷᠭᠢᠨ ᠲᠥᠯᠦᠯᠲᠡ ᠬᠢᠬᠦ ᠶᠣᠰᠣᠲᠠᠢ ᠪᠠᠶᠢᠭᠰᠠᠨ ᠪᠣᠯᠪᠠᠴᠤ ᠬᠦᠢᠲᠡᠨ ᠳᠠᠶᠢᠨ ᠦ ᠡᠬᠢᠯᠡᠯ ᠦᠨ ᠨᠥᠬᠥᠴᠡᠯ ᠡᠴᠡ ᠪᠣᠯᠵᠤ ᠵᠥᠪᠯᠡᠯᠲᠦ ᠬᠣᠯᠪᠣᠭᠠᠲᠤ ᠤᠯᠤᠰ ᠠᠴᠠ ᠲᠥᠯᠦᠪᠦᠷᠢ ᠬᠢᠭᠳᠡᠬᠦ ᠶᠢ ᠣᠭᠲᠣ ᠨᠠᠶᠢᠳᠠᠭ᠎ᠠ ᠦᠭᠡᠢ ᠶᠤᠮ᠃ 2 ᠰᠠᠶ᠎ᠠ ᠳ᠋ᠣᠯᠯᠠᠷ ᠢ ᠣᠷᠣᠰ ᠠᠴᠠ ᠠᠮᠧᠷᠢᠺᠠ ᠳᠤ ᠶᠠᠩᠵᠤ ᠪᠦᠷᠢ ᠶᠢᠨ ᠬᠡᠯᠪᠡᠷᠢ ᠪᠡᠷ ᠡᠬᠢᠨ ᠦ ᠦᠶ᠎ᠡ ᠳᠦ ᠲᠥᠯᠦᠵᠢᠭᠡ᠃ ᠠᠮᠧᠷᠢᠺᠠ ᠶᠢᠨ ᠨᠢᠭᠡᠳᠦᠭᠰᠡᠨ ᠤᠯᠤᠰ ᠠᠴᠠ 1,3 ᠲᠡᠷᠪᠤᠮ ᠠᠮᠠ᠃ᠳᠣᠯᠣ ᠲᠥᠯᠦᠬᠦ ᠶᠢ ᠬᠦᠰᠡᠭᠰᠡᠨ ᠪᠣᠯᠪᠠᠴᠤ ᠣᠷᠣᠰ ᠤᠳ ᠶᠡᠷᠦᠳᠡᠭᠡᠨ 170 ᠰᠠᠶ᠎ᠠ ᠶᠢ ᠲᠥᠯᠦᠬᠦ ᠶᠢ ᠰᠠᠨᠠᠯ ᠪᠣᠯᠭᠠᠪᠠ᠃ 1972 ᠣᠨ ᠬᠦᠷᠲᠡᠯ᠎ᠡ ᠡᠨᠡ ᠲᠥᠯᠦᠪᠦᠷᠢ ᠶᠢᠨ ᠮᠠᠷᠭᠤᠭᠠᠨ ᠰᠢᠢᠳᠦᠭᠳᠡᠬᠦ ᠦᠭᠡᠢ ᠪᠠᠶᠢᠭᠰᠠᠭᠠᠷ ᠣᠷᠣᠰ ᠤᠳ 722 ᠰᠠᠶ᠋ᠢ ᠳ᠋ᠣᠯᠯᠠᠷ ᠢ ᠤᠯᠭᠤᠬᠤ ᠰᠠᠨᠠᠯ ᠢ ᠠᠮᠧᠷᠢᠺᠠ ᠨᠤᠭᠤᠳ ᠬᠦᠯᠢᠶᠡᠨ ᠠᠪᠴᠠᠢ᠃ ᠳᠠᠶᠢᠨ ᠤ ᠦᠶ᠎ᠡ ᠳᠦ ᠣᠷᠣᠰ ᠤᠳ ᠠᠮᠧᠷᠢᠺᠠ ᠷᠤ ᠰᠠᠶᠢᠨ ᠲᠣᠳᠣᠷᠬᠠᠢ ᠦᠭᠡᠢ ᠲᠣᠭᠠᠨ ᠤ ᠭᠠᠵᠠᠷ ᠤᠨ ᠬᠣᠪᠣᠷ ᠮᠢᠨᠧᠷᠠᠯ ᠢ ᠡᠷᠭᠢᠨ ᠲᠥᠯᠦᠯᠲᠡᠨ ᠳᠦ ᠠᠴᠢᠭᠤᠯᠵᠤ ᠪᠠᠶᠢᠴᠠᠢ᠃

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. ᠣᠷᠤᠭᠤᠯᠵᠤ ᠬᠡᠷᠡᠭᠯᠡᠭᠰᠡᠨ ᠠᠯᠳᠠᠭ᠎ᠠ ᠄ ᠬᠦᠴᠦᠨ ᠦᠭᠡᠢ <ref> ᠲᠡᠮᠳᠡᠭ ᠄ name ᠶ᠋ᠢᠨ ᠴᠢᠨᠠᠷ ᠨᠢ news.bbc.co.uk ᠪᠤᠯᠬᠤ ᠣᠷᠤᠯᠪᠤᠷᠢ ᠋ᠳ᠋ᠥ ᠦᠰᠦᠭ ᠬᠠᠨᠭᠭᠠᠭᠰᠠᠨ ᠦᠭᠡᠢ
  2. ᠬᠣᠯᠪᠣᠭᠠᠨ ᠤ ᠨᠥᠭᠡᠴᠡ ᠶᠢᠨ ᠠᠭᠧᠨᠲᠯᠢᠭ «ᠡᠬᠡ ᠣᠷᠣᠨ ᠤ ᠳᠠᠶᠢᠨ ᠤ ᠦᠶ᠎ᠡ ᠶᠢᠨ ᠨᠥᠭᠡᠴᠡ»
  3. ᠣᠷᠤᠭᠤᠯᠵᠤ ᠬᠡᠷᠡᠭᠯᠡᠭᠰᠡᠨ ᠠᠯᠳᠠᠭ᠎ᠠ ᠄ ᠬᠦᠴᠦᠨ ᠦᠭᠡᠢ <ref> ᠲᠡᠮᠳᠡᠭ ᠄ name ᠶ᠋ᠢᠨ ᠴᠢᠨᠠᠷ ᠨᠢ militera.lib.ru ᠪᠤᠯᠬᠤ ᠣᠷᠤᠯᠪᠤᠷᠢ ᠋ᠳ᠋ᠥ ᠦᠰᠦᠭ ᠬᠠᠨᠭᠭᠠᠭᠰᠠᠨ ᠦᠭᠡᠢ

ᠪᠢᠴᠢᠭᠡᠰᠦ