ᠯᠠᠽᠧᠷ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠤᠯᠠᠭᠠᠨ (635 ᠨᠮ), ᠨᠣᠭᠣᠭᠠᠨ (532 ᠨᠮ), ᠬᠥᠬᠡ (445 ᠨᠮ) ᠯᠠᠽᠧᠷ ᠤᠳ

ᠯᠠᠽᠧᠷ ᠨᠢ ᠠᠯᠪᠠᠳᠠᠮᠠᠯ ᠴᠠᠬᠢᠯᠭᠠᠨ ᠰᠣᠷᠢᠨᠵᠢᠨ ᠰᠠᠴᠤᠷᠠᠯ ᠳᠤ ᠰᠠᠭᠤᠷᠢᠯᠠᠭᠰᠠᠨ ᠣᠫᠲ᠋ᠢᠺ ᠥᠰᠬᠡᠯᠲᠡ ᠠᠰᠢᠭᠯᠠᠨ ᠭᠡᠷᠡᠯ ᠰᠠᠴᠤᠷᠭᠠᠳᠠᠭ ᠲᠥᠬᠥᠭᠡᠷᠦᠮᠵᠢ ᠶᠤᠮ᠃ Light Amplification by stimulated Emission of Radiation (ᠠᠩᠭᠯᠢ ᠪᠠᠷ laser) ᠭᠡᠳᠡᠭ ᠨᠡᠷᠡᠰᠢᠯ ᠨᠢ ᠠᠯᠪᠠᠳᠠᠮᠠᠯ ᠰᠠᠴᠤᠷᠠᠯ ᠢᠶᠠᠷ ᠭᠡᠷᠡᠯ ᠢ ᠥᠰᠬᠡᠬᠦ ᠪᠤᠶᠤ Light Amplication by Stimulated Emission of Radiotion ᠭᠡᠰᠡᠨ ᠠᠩᠭᠯᠢ ᠦᠭᠡᠰ ᠦᠨ ᠲᠣᠪᠴᠢᠯᠠᠯ ᠶᠤᠮ᠃ ᠯᠠᠽᠧᠷ ᠤᠨ ᠪᠤᠰᠤᠳ ᠭᠡᠷᠡᠯ ᠦᠨ ᠡᠭᠦᠰᠬᠡᠭᠦᠷ ᠦᠳ ᠡᠴᠡ ᠢᠯᠭᠠᠷᠠᠬᠤ ᠣᠨᠴᠠᠯᠢᠭ ᠨᠢ ᠺᠣᠭᠧᠷᠧᠨᠲ ᠭᠡᠷᠡᠯ ᠰᠠᠴᠤᠷᠭᠠᠳᠠᠭ ᠪᠥᠭᠡᠳ ᠰᠠᠴᠤᠷᠭᠠᠭᠰᠠᠨ ᠲᠤᠶᠠᠭ᠎ᠠ ᠨᠢ ᠵᠦᠭ ᠪᠦᠷᠢ ᠳᠦ ᠰᠠᠷᠨᠢᠯ ᠦᠭᠡᠢ ᠨᠢᠭᠡᠨ ᠴᠡᠭ ᠲᠦ ᠴᠤᠭᠯᠠᠷᠠᠳᠠᠭ ᠶᠠᠪᠤᠳᠠᠯ ᠶᠤᠮ᠃ ᠮᠥᠨ ᠲᠡᠭᠦᠨᠴᠢᠯᠡᠨ ᠯᠠᠽᠧᠷ ᠤᠨ ᠭᠡᠷᠡᠯ ᠨᠢ ᠵᠥᠪᠬᠡᠨ ᠨᠢᠭᠡ ᠥᠩᠭᠡ ᠶᠢᠨ ᠭᠡᠷᠡᠯ ᠠᠭᠤᠯᠠᠳᠠᠭ ᠶᠤᠮ᠃ ᠯᠠᠽᠧᠷ ᠤᠨ ᠭᠡᠷᠡᠯ ᠨᠢ ᠶᠡᠬᠡ ᠡᠨᠧᠷᠭᠢ ᠲᠡᠢ ᠪᠥᠭᠡᠳ ᠨᠢᠳᠦᠨ ᠳᠦ ᠰᠢᠭᠤᠳ ᠲᠤᠰᠬᠠᠪᠠᠰᠤ ᠰᠤᠬᠤᠷᠠᠬᠤ ᠬᠦᠷᠲᠡᠯ᠎ᠡ ᠠᠶᠤᠯᠲᠠᠢ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠭᠦᠰᠦᠯ[ᠵᠠᠰᠠᠪᠤᠷᠢᠯᠠᠬᠤ | ᠺᠣᠳ᠋ ᠢᠶᠠᠷ ᠵᠠᠰᠠᠬᠣ]

1917 ᠣᠨ ᠳᠤ ᠠᠯᠪᠧᠷᠲ ᠡᠶᠢᠨᠱᠲ᠋ᠧᠢ ᠶᠢᠨ ᠯᠠᠽᠧᠷ ᠪᠣᠯᠤᠨ ᠮᠠᠽᠧᠷ ᠍ ᠤᠨ ᠣᠨᠣᠯ ᠢ ᠦᠨᠳᠦᠰᠦᠯᠡᠭᠰᠡᠨ᠃ ᠡᠭᠦᠨ ᠡᠴᠡ ᠬᠣᠶᠢᠰᠢ ᠬᠡᠳᠦ ᠬᠡᠳᠦᠨ ᠡᠷᠲᠦᠮᠲᠦ ᠳᠦ ᠡᠶᠢᠨᠱᠲ᠋ᠧᠢᠨ ᠦ ᠭᠠᠷᠭᠠᠭᠰᠠᠨ ᠣᠨᠣᠯ ᠢ ᠪᠠᠲᠤᠯᠠᠭᠰᠠᠨ᠃

ᠮᠠᠽᠧᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠮᠠᠽᠧᠷ

1953 ᠣᠨ ᠳᠤ ᠵᠥᠪᠯᠡᠯᠲᠦ ᠬᠣᠯᠪᠣᠭᠠᠲᠤ ᠤᠯᠤᠰ ᠍ ᠤᠨ ᠡᠷᠳᠡᠮᠲᠡᠳ ᠪᠣᠯᠬᠤ ᠨᠢᠺᠣᠯᠠᠢ ᠪᠠᠰᠤᠪᠠᠠᠯᠧᠺᠰᠠᠨᠳᠠᠷ ᠫᠷᠣᠬᠤᠪ ᠨᠠᠷᠠ ᠪᠣᠯᠤᠨ ᠠᠮᠧᠷᠢᠺᠠ ᠶᠢᠨ ᠡᠷᠳᠡᠮᠲᠡᠨ ᠴᠢᠷᠠᠯᠽ ᠬᠠᠷ᠎ᠠ ᠳᠤ ᠲᠠᠤᠨ ᠨᠠᠷ ᠪᠡᠶ᠎ᠡ ᠪᠡᠶᠡᠩ ᠡᠴᠡ ᠪᠡᠨ ᠬᠠᠮᠢᠶᠠᠷᠤᠯ ᠦᠭᠡᠢ ᠪᠡᠷ ᠰᠮ ᠍ ᠤᠨ ᠮᠤᠵᠢ ᠳᠤ ᠠᠵᠢᠯᠯᠠᠬᠤ ᠬᠡᠲᠦ ᠪᠣᠭᠣᠨᠢ ᠷᠠᠳᠢᠣᠳᠣᠯᠭᠢᠶᠠᠨᠢ ᠡᠭᠦᠰᠬᠡᠭᠦᠷ МАЗЕР ᠍ ᠢ ᠠᠩᠬ᠎ᠠ ᠵᠣᠬᠢᠶᠠᠨ ᠪᠦᠲᠦᠭᠡᠵᠡᠢ᠃ ᠮᠠᠽᠧᠷ (ᠠᠩᠭᠯᠢ ᠪᠠᠷ maser) ᠭᠡᠳᠡᠭ ᠨᠡᠷᠡᠰᠢᠯ ᠨᠢ ᠠᠯᠪᠠᠳᠠᠮᠠᠯ ᠰᠠᠴᠤᠷᠠᠯ ᠢᠶᠠᠷ ᠮᠢᠺᠷᠣᠳᠣᠯᠭᠢᠶᠠᠨ ᠢ ᠥᠰᠬᠡᠬᠦ ᠪᠤᠶᠤ Microwave Amplication by Stimulated Emission of Radiotion ᠭᠡᠰᠡᠨ ᠠᠩᠭᠯᠢ ᠦᠭᠡᠰ ᠦᠨ ᠲᠣᠪᠴᠢᠯᠠᠯ ᠶᠤᠮ᠃

ᠯᠠᠽᠧᠷ[ᠵᠠᠰᠠᠪᠤᠷᠢᠯᠠᠬᠤ | ᠺᠣᠳ᠋ ᠢᠶᠠᠷ ᠵᠠᠰᠠᠬᠣ]

1960 ᠣᠨ ᠳᠤ ᠠᠮᠧᠷᠢᠺᠠ ᠶᠢᠨ ᠨᠢᠭᠡᠳᠦᠭᠰᠡᠨ ᠤᠯᠤᠰ ᠍ ᠤᠨ ᠲᠧᠣᠳᠣᠷ ᠮᠧᠢᠮᠠᠨ ᠠᠩᠬᠠᠨ ᠤ ᠠᠮᠵᠢᠯᠲᠠ ᠲᠠᠢ ᠯᠠᠽᠧᠷ ᠢ ᠤᠭᠰᠠᠷᠠᠵᠠᠢ᠃

ᠲᠥᠷᠦᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠯᠠᠽᠧᠷ ᠨᠢ ᠭᠡᠷᠡᠯ ᠡᠭᠦᠰᠬᠡᠵᠦ ᠪᠤᠢ ᠠᠷᠤᠭ ᠠᠴᠠ ᠪᠠᠨ ᠬᠠᠮᠢᠶᠠᠷᠤᠭᠠᠳ ᠬᠡᠢ ᠶᠢᠨ ᠯᠠᠽᠧᠷᠬᠢᠮᠢ ᠶᠢᠨ ᠯᠠᠽᠧᠷᠬᠠᠲᠠᠭᠤ ᠪᠡᠶ᠎ᠡ ᠶᠢᠨ ᠯᠠᠽᠧᠷᠬᠠᠭᠠᠰ ᠳᠠᠮᠵᠢᠭᠤᠯᠤᠭᠴᠢ ᠶᠢᠨ ᠯᠠᠽᠧᠷ ᠭᠡᠬᠦ ᠮᠡᠲᠦ ᠬᠡᠳᠦ ᠬᠡᠳᠦᠨ ᠲᠥᠷᠦᠯ ᠪᠠᠶᠢᠳᠠᠭ᠃

ᠬᠡᠷᠡᠭᠯᠡᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠥᠨᠥ ᠴᠠᠭ ᠲᠤ ᠯᠠᠽᠧᠷ ᠤᠨ ᠭᠡᠷᠡᠯ ᠢ ᠡᠩ ᠦᠨ ᠠᠬᠤᠢ ᠶᠢᠨ ᠬᠡᠷᠡᠭᠯᠡᠭᠡᠨ ᠡᠴᠡ ᠡᠬᠢᠯᠡᠭᠦᠯᠦᠭᠡᠳ ᠰᠢᠨᠵᠢᠯᠡᠬᠦ ᠤᠬᠠᠭᠠᠨ᠂ ᠡᠷᠡᠭᠦᠯ ᠮᠡᠨᠳᠦ ᠶᠢᠨ ᠰᠠᠯᠪᠤᠷᠢ᠂ ᠵᠡᠪᠰᠡᠭᠲᠦ ᠬᠦᠴᠦᠨ ᠦ ᠰᠠᠯᠪᠤᠷᠢ᠂ ᠮᠡᠳᠡᠭᠡᠯᠡᠯ ᠬᠣᠯᠪᠣᠭᠠᠨ ᠤ ᠰᠠᠯᠪᠤᠷᠢ᠂ ᠮᠧᠲ᠋ᠠᠯ ᠪᠣᠯᠪᠠᠰᠤᠷᠠᠭᠤᠯᠬᠤ ᠦᠢᠯᠡᠳᠪᠦᠷᠢ ᠵᠡᠷᠭᠡ ᠮᠠᠰᠢ ᠣᠯᠠᠨ ᠰᠠᠯᠪᠤᠷᠢ ᠳᠤ ᠬᠡᠷᠡᠭᠯᠡᠳᠴᠦ ᠪᠠᠶᠢᠭ᠎ᠠ ᠠᠴᠠ ᠴᠤᠬᠤᠰ ᠳᠤᠷᠢᠳᠠᠪᠠᠰᠤ:

  • ᠡᠷᠡᠭᠦᠯ ᠮᠡᠨᠳᠦ: ᠨᠢᠳᠦᠨ ᠦ ᠪᠣᠯᠣᠷ ᠤᠨ ᠬᠠᠭᠠᠯᠭ᠎ᠠ᠂ ᠪᠥᠭᠡᠷᠡᠨ ᠦ ᠴᠢᠯᠠᠭᠤᠨ ᠤ ᠡᠮᠴᠢᠯᠡᠭᠡ᠂ ᠴᠢᠰᠤ ᠭᠠᠷᠭᠠᠯ ᠦᠭᠡᠢ ᠵᠦᠰᠦᠯᠲᠡ ᠬᠢᠬᠦ ᠭᠡᠬᠦ ᠮᠡᠲᠦ
  • ᠠᠵᠤ ᠦᠢᠯᠡᠳᠪᠦᠷᠢ: ᠮᠧᠲ᠋ᠠᠯ ᠬᠠᠶᠢᠯᠠᠭᠤᠯᠬᠤ᠂ ᠭᠠᠩᠨᠠᠬᠤ᠂ ᠵᠦᠰᠦᠬᠦ᠂ ᠤᠷᠲᠤ ᠶᠢ ᠬᠡᠮᠵᠢᠬᠦ ᠭᠡᠬᠦ ᠮᠡᠲᠦ
  • ᠵᠡᠪᠰᠡᠭᠲᠦ ᠬᠦᠴᠦᠨ: ᠣᠨᠢ ᠪᠠᠨ᠂ ᠷᠠᠳᠠᠷ᠂ ᠴᠢᠭᠯᠡᠭᠦᠯᠦᠭᠴᠢ ᠭᠡᠬᠦ ᠮᠡᠲᠦ
  • ᠰᠤᠳᠤᠯᠭ᠎ᠠ: ᠮᠢᠺᠷᠣᠰᠺᠣᠫ᠂ ᠰᠫᠧᠺᠲ᠋ᠷᠣᠰᠺᠣᠫ᠂ ᠬᠡᠮᠵᠢᠯ ᠵᠦᠢ ᠭᠡᠬᠦ ᠮᠡᠲᠦ
  • ᠠᠬᠤᠢ ᠶᠢᠨ ᠲᠧᠭᠨᠣᠯᠣᠭᠢ: ᠬᠡᠪᠯᠡᠭᠴᠢ᠂ ᠳ᠋ᠢᠰᠺ᠂ ᠱᠤᠭᠤᠮᠠᠨ ᠺᠣᠳ᠋ ᠤᠩᠰᠢᠭᠴᠢ᠂ ᠵᠢᠭᠠᠭᠴᠢ (pointer), ᠭᠣᠯᠣᠭᠷᠠᠹ᠂ ᠯᠠᠽᠧᠷ ᠱᠣᠤ ᠭᠡᠬᠦ ᠮᠡᠲᠦ
  • ᠭᠣᠸ᠎ᠠ ᠰᠠᠶᠢᠬᠠᠨ: ᠪᠠᠲᠠᠭᠠᠨ ᠤ ᠡᠮᠴᠢᠯᠡᠭᠡ᠂ ᠢᠯᠡᠭᠦᠳᠡᠯ ᠦᠰᠦ ᠠᠪᠬᠤ ᠭᠡᠬᠦ ᠮᠡᠲᠦ

ᠤᠯᠠᠭᠠᠨ ᠥᠩᠭᠡ ᠶᠢᠨ ᠯᠠᠽᠧᠷ ᠬᠠᠮᠤᠭ ᠤᠨ ᠥᠷᠭᠡᠨ ᠬᠡᠷᠡᠭᠯᠡᠭᠳᠡᠳᠡᠭ᠃ ᠨᠣᠭᠣᠭᠠᠨ ᠥᠩᠭᠡ ᠶᠢᠨ ᠯᠠᠽᠧᠷ ᠤᠯᠠᠭᠠᠨ ᠥᠩᠭᠡ ᠶᠢᠨ ᠯᠠᠽᠧᠷᠠᠨ ᠠᠴᠠ ᠢᠯᠡᠭᠦᠦ ᠲᠣᠳᠣ ᠬᠠᠷᠠᠭᠳᠠᠳᠠᠭ ᠪᠣᠯᠪᠠᠴᠤ ᠦᠢᠯᠡᠳᠪᠦᠷᠢᠯᠡᠬᠦ ᠥᠷᠲᠡᠭ ᠥᠨᠳᠥᠷ ᠪᠥᠭᠡᠳ ᠡᠨᠧᠷᠭᠢ ᠶᠡᠬᠡ ᠵᠠᠷᠤᠴᠠᠭᠤᠯᠳᠠᠭ ᠪᠠᠶᠢᠨ᠎ᠠ᠃

ᠴᠢᠳᠠᠯ ᠠᠴᠠ ᠬᠠᠮᠢᠶᠠᠷᠤᠭᠰᠠᠨ ᠬᠡᠷᠡᠭᠯᠡᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠢᠳᠠᠯ ᠬᠡᠷᠡᠭᠯᠡᠭᠡ
1–5 ᠮᠪᠲ ᠯᠠᠽᠧᠷᠠᠨ ᠵᠢᠭᠠᠭᠴᠢ
5 ᠮᠪᠲ CD ᠲᠣᠭᠯᠠᠭᠤᠯᠤᠭᠴᠢ
5–10 ᠮᠪᠲ DVD ᠲᠣᠭᠯᠠᠭᠤᠯᠤᠭᠴᠢ
100 ᠮᠪᠲ ᠥᠨᠳᠦᠷ ᠬᠤᠷᠳᠤᠨ ᠤ CD ᠪᠢᠴᠢᠭᠴᠢ
250 ᠮᠪᠲ DVD ᠪᠢᠴᠢᠭᠴᠢ
400 ᠮᠪᠲ 4 ᠰᠧᠺᠦᠶᠢᠨᠳ᠋ ᠍ ᠲᠦ ᠬᠠᠶᠢᠷᠴᠠᠭ ᠲᠠᠢ ᠪᠠᠨ ᠪᠠᠶᠢᠭ᠎ᠠ DVD ᠍ ᠢ ᠨᠦᠬᠡᠯᠡᠨ᠎ᠡ
30–100 ᠸ ᠲᠤ ᠮᠡᠰᠡ ᠵᠠᠰᠠᠯ ᠳᠤ
100–3000 ᠸ ᠲᠤ ᠮᠧᠲ᠋ᠠᠯ ᠵᠦᠰᠦᠬᠦ
100 ᠺᠦᠸᠠᠳ᠋ ᠍ ᠲᠤ ᠵᠡᠪᠰᠡᠭ
http://wiki.uhaan.com/index.php?title=ᠯᠠᠽᠧᠷ&oldid=383514》 ᠍  ᠡᠴᠡ ᠠᠪᠤᠭᠰᠠᠨ

ᠪᠢᠴᠢᠭᠡᠰᠦ