ᠯᠠᠲ᠋ᠸᠪᠢᠶ ᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠪᠦᠭᠦᠳᠡ ᠨᠠᠶᠢᠷᠠᠮᠳᠠᠬᠤ ᠯᠠᠲ᠋ᠸᠪᠢᠶ ᠠ ᠤᠯᠤᠰ
Latvijas Republika
ᠲᠥᠷᠥ ᠶᠢᠨ ᠳᠠᠯᠪᠠᠭ᠎ᠠ ᠲᠥᠷᠥ ᠶᠢᠨ ᠰᠦᠯᠳᠡ
ᠲᠥᠷᠥ ᠶᠢᠨ ᠳᠠᠭᠤᠯᠠᠯ ᠤᠨ ᠨᠡᠷ᠎ᠡ:
ᠯᠠᠲ᠋ᠪ᠃ "Dievs, svētī Latviju!"
«ᠪᠤᠷᠬᠠᠨ ᠯᠠᠲ᠋ᠪ ᠢ ᠠᠳᠢᠰᠯᠠᠭ!»
ᠯᠠᠲ᠋ᠸᠪᠢᠶ ᠠ ᠤᠯᠤᠰ ᠤᠨ ᠭᠠᠵᠠᠷ ᠨᠤᠲᠤᠭ (ᠤᠯᠠᠭᠠᠨ ᠢᠶᠠᠷ ᠳᠡᠪᠢᠰᠬᠡᠷᠯᠡᠭᠰᠡᠨ)
ᠯᠠᠲ᠋ᠸᠪᠢᠶ ᠠ ᠤᠯᠤᠰ ᠤᠨ ᠭᠠᠵᠠᠷ ᠨᠤᠲᠤᠭ (ᠤᠯᠠᠭᠠᠨ ᠢᠶᠠᠷ ᠳᠡᠪᠢᠰᠬᠡᠷᠯᠡᠭᠰᠡᠨ)
ᠨᠡᠶᠢᠰᠯᠡᠯ 
(ᠶᠡᠬᠡ ᠬᠣᠲᠠ)
Coat of Arms of Riga.svg ᠷᠢᠭᠠ
ᠠᠯᠪᠠᠨ ᠬᠡᠯᠡ ᠯᠠᠲ᠋ᠸᠪᠢᠶ ᠠ ᠬᠡᠯᠡ
ᠠᠷᠠᠳ ᠲᠦᠮᠡᠨ 
(2011 ᠤᠨ)
62.1% - ᠯᠠᠲ᠋ᠸᠪᠢᠶ ᠠ
26.9% - ᠣᠷᠣᠰ
11.0% - ᠪᠤᠰᠤᠳ
ᠣᠯᠠᠨ ᠲᠦᠮᠡᠨ ᠯᠠᠲ᠋ᠸ ᠤᠨ ᠬᠢᠨ
ᠲᠥᠷᠥ ᠵᠠᠰᠠᠭ ᠫᠠᠷᠯᠠᠮᠧᠨᠲ ᠤᠨ ᠪᠦᠭᠦᠳᠡ ᠨᠠᠶᠢᠷᠠᠮᠳᠠᠬᠤ ᠵᠠᠰᠠᠭ
 -  ᠶᠡᠷᠦᠩᠬᠡᠶᠢᠯᠡᠭᠴᠢ ᠠᠨᠳᠠᠷᠢᠰ ᠪᠧᠷᠵᠡᠨᠱ
 -  ᠶᠡᠷᠦᠩᠬᠡᠢ ᠰᠠᠶᠢᠳ ᠸᠠᠯᠳᠢᠰ ᠳᠣᠮᠪᠷᠣᠪᠰᠺᠢᠰ
ᠤᠯᠤᠰ ᠤᠨ ᠬᠤᠷᠠᠯ ᠯᠠᠲ᠋ᠪ᠃ "Saeima"
(«ᠴᠢᠭᠤᠯᠭᠠᠨ»)
ᠲᠤᠰᠠᠭᠠᠷ ᠲᠣᠭᠲᠠᠨᠢᠭᠰᠠᠨ ᠨᠢ
 -  ᠲᠤᠩᠬᠠᠭᠯᠠᠭᠰᠠᠨ 1918 ᠣᠨ ᠤ 11 ᠰᠠᠷ᠎ᠠ ᠶᠢᠨ 18 
 -  ᠵᠥᠪᠰᠢᠶᠡᠷᠡᠭᠳᠡᠭᠰᠡᠨ 1921 ᠣᠨ ᠤ 1 ᠰᠠᠷ᠎ᠠ ᠶᠢᠨ 26 
 -  ᠵᠥᠪᠯᠡᠯᠲᠦ ᠬᠣᠯᠪᠣᠭᠠᠲᠤ ᠤᠯᠤᠰ ᠍ ᠤᠨ ᠬᠠᠷᠢᠶᠠᠨ ᠳᠤ 1944 ᠣᠨ 
 -  ᠪᠠᠲᠤ ᠲᠠᠢ ᠰᠡᠷᠭᠦᠭᠰᠡᠨ 1991 ᠣᠨ ᠤ 8 ᠰᠠᠷ᠎ᠠ ᠶᠢᠨ 21 
ᠨᠤᠲᠤᠭ ᠳᠡᠪᠢᠰᠬᠡᠷ
 -  ᠪᠦᠬᠦ ᠲᠠᠯᠠᠪᠠᠢ 64,589 km2 (124)
 -  ᠭᠠᠳᠠᠷᠭᠤ ᠶᠢᠨ ᠤᠰᠤ (%) 1.57%
ᠬᠦᠮᠦᠨ ᠠᠮᠠ
 -  ᠲᠣᠭᠠᠴᠠᠭ᠎ᠠ (2012) 2,217,053[1] (143)
 -  ᠲᠣᠭᠠᠯᠠᠯᠭ᠎ᠠ (2011) 2,070,371[2] 
 -  ᠨᠢᠭᠲᠠᠴᠠ ᠰᠡᠶᠢᠷᠡᠭ 34.3 ᠬᠦᠮᠦᠨ/km2 
GDP (ХАЧТ) 2011 ᠣᠨ ᠤ ᠲᠣᠭᠠᠴᠠᠭ᠎ᠠ
 -  ᠨᠡᠶᠢᠲᠡ ᠳ᠋ᠦᠩ $34.921 ᠲᠡᠷᠪᠤᠮ[3] 
 -  ᠨᠢᠭᠡ ᠬᠦᠨᠳᠦ $15,662[3] 
GDP (ᠨᠡᠷᠡᠯᠡᠭᠰᠡᠨ) 2011 ᠣᠨ ᠤ ᠲᠣᠭᠠᠴᠠᠭ᠎ᠠ
 -  ᠨᠡᠶᠢᠲᠡ ᠳ᠋ᠦᠩ $28.252 ᠲᠡᠷᠪᠤᠮ[3] 
 -  ᠨᠢᠭᠡ ᠬᠦᠨᠳᠦ $12,671[3] 
Gini (2003) 37.7 (ᠳᠤᠮᠳᠠᠴᠢ
ᠬᠡᠦᠬᠡᠳ ᠦᠨ ᠬᠥᠭᠵᠢᠯ ᠦᠨ ᠢᠨᠳᠧᠺᠰ (2011) 0.805[4] (ᠮᠠᠰᠢ ᠰᠠᠶᠢᠨ) (43)
ᠮᠥᠩᠭᠥᠨ ᠦ ᠨᠢᠭᠡᠴᠡ ᠯᠠᠲᠤᠰ (Ls) (LVL)
ᠴᠠᠭ ᠤᠨ ᠪᠥᠰᠡ ДЕЦ (GMT+2)
 -  ᠵᠤᠨ ᠤ ᠴᠠᠭ ДЕЗЦ (GMT+3)
ᠵᠠᠮ ᠤᠨ ᠬᠥᠳᠡᠯᠭᠡᠭᠡᠨ ᠪᠠᠷᠠᠭᠤᠨ
ᠳ᠋ᠦᠮᠠᠢᠨ ᠤ ᠨᠡᠷ᠎ᠡ .lv1
ᠤᠲᠠᠰᠤᠨ ᠤ ᠲᠣᠮᠢᠶ᠎ᠠ +371
1ᠧᠦ᠋ᠷᠣᠫᠠ ᠶᠢᠨ ᠬᠣᠯᠪᠣᠭ᠎ᠠᠨ ᠤ ᠭᠡᠰᠢᠭᠦᠨ ᠲᠤᠯᠠ .eu ᠍ ᠢ ᠪᠠᠰᠠ ᠬᠡᠷᠡᠭᠯᠡᠨ᠎ᠡ

ᠳᠣᠷᠣᠨ᠎ᠠ ᠤᠮᠠᠷᠠᠳᠤ ᠧᠦ᠋ᠷᠣᠫᠠ ᠲᠤ ᠣᠷᠣᠰᠢᠳᠠᠭ ᠪᠠᠯᠲᠤ ᠶᠢᠨ 3 ᠣᠷᠣᠨ ᠤ ᠳᠤᠮᠳᠠ ᠨᠢᠭᠡ ᠨᠢ ᠯᠠᠲ᠋ᠸᠪᠢᠶ ᠠ ᠤᠯᠤᠰ (ᠯᠠᠲ᠋ᠸᠪᠢᠶ ᠠ ᠪᠡᠷ Latvija) ᠶᠤᠮ᠃ ᠠᠯᠪᠠᠨ ᠶᠣᠰᠣᠭᠠᠷ ᠪᠦᠭᠦᠳᠡ ᠨᠠᠶᠢᠷᠠᠮᠳᠠᠬᠤ ᠯᠠᠲ᠋ᠸᠪᠢᠶ ᠠ ᠤᠯᠤᠰ (ᠯᠠᠲ᠋ᠸᠪᠢᠶ ᠠ ᠪᠡᠷ Latvijas Republika) ᠭᠡᠨ᠎ᠡ᠃

ᠯᠠᠲ᠋ᠸᠪᠢᠶ ᠠ ᠬᠣᠶᠢᠭᠤᠷ ᠢᠶᠠᠨ ᠡᠰᠲᠠᠨ (ᠬᠢᠯᠢ ᠶᠢᠨ ᠤᠷᠲᠤ 343 ᠺᠢᠯᠣᠮᠧᠲ᠋ᠷ), ᠤᠷᠳᠤᠭᠤᠷ ᠢᠶᠠᠨ ᠯᠢᠲ᠋ᠤᠠᠨᠢᠶ ᠠ (588 ᠺᠢᠯᠣᠮᠧᠲ᠋ᠷ), ᠵᠡᠭᠦᠨ ᠢᠶᠡᠷ ᠢᠶᠡᠨ ᠣᠷᠣᠰ (276 ᠺᠢᠯᠣᠮᠧᠲ᠋ᠷ), ᠴᠠᠭᠠᠨ ᠤᠷᠤᠰ (141 ᠺᠢᠯᠣᠮᠧᠲ᠋ᠷ)[5] ᠭᠡᠬᠦ ᠳᠥᠷᠪᠡᠨ ᠤᠯᠤᠰ ᠲᠠᠢ ᠭᠠᠵᠠᠷ ᠢᠶᠠᠷ ᠬᠢᠯᠢᠯᠡᠬᠦ ᠡᠴᠡ ᠭᠠᠳᠠᠨ᠎ᠠ ᠪᠠᠷᠠᠭᠤᠨ ᠲᠠᠯ᠎ᠠ ᠪᠠᠷ ᠢᠶᠠᠨ ᠪᠠᠯᠲᠤ ᠶᠢᠨ ᠲᠡᠩᠭᠢᠰᠡᠭᠡᠷᠡ ᠥᠷᠥᠨ᠎ᠡ ᠵᠦᠭ ᠦᠨ ᠰᠸᠸᠳᠡᠨᠲᠡᠢ ᠤᠰᠤᠨ ᠬᠢᠯᠢ ᠲᠣᠭᠲᠠᠭᠰᠠᠨ ᠪᠠᠶᠢᠳᠠᠭ᠃

ᠯᠠᠲ᠋ᠸᠪᠢᠶ ᠠ 64,589 ᠺᠦᠸᠠᠳ᠋ ᠺᠢᠯᠣᠮᠧᠲ᠋ᠷ[6] (ᠳᠡᠯᠡᠬᠡᠢ ᠳᠦ 124 ᠍ ᠳᠦᠭᠡᠷ ᠲᠣᠮᠣ) ᠭᠠᠵᠠᠷ ᠨᠤᠲᠤᠭ ᠲᠠᠢ᠂ ᠡᠨᠡ ᠣᠨ ᠳᠤ 2.1 ᠰᠠᠶ᠎ᠠ ᠬᠦᠮᠦᠨ ᠠᠮᠠ ᠲᠠᠢ (ᠳᠡᠯᠡᠬᠡᠢ ᠳᠦ 143 ᠍ ᠳᠦᠭᠡᠷ ᠣᠯᠠᠨ) ᠪᠠᠶᠢᠨ᠎ᠠ᠃[2] ᠨᠢᠭᠡᠴᠡ км² ᠍ ᠳᠦ 34.3 ᠬᠦᠮᠦᠨ (ᠳᠡᠯᠡᠬᠡᠢ ᠳᠦ 166 ᠍ ᠳᠦᠭᠡᠷ ᠰᠢᠭᠢᠭᠦᠦ) ᠣᠨᠣᠭᠳᠠᠵᠤ ᠪᠠᠶᠢᠭ᠎ᠠ ᠶᠤᠮ᠃ ᠭᠠᠵᠠᠷ ᠨᠤᠲᠤᠭ᠂ ᠬᠦᠮᠦᠨ ᠠᠮᠠ ᠶᠢᠨ ᠲᠣᠭ᠎ᠠ ᠪᠠᠷ ᠬᠠᠷᠢᠴᠠᠩᠭᠤᠢ ᠵᠢᠵᠢᠭ ᠤᠯᠤᠰ ᠲᠤ ᠲᠣᠭᠠᠴᠠᠭᠳᠠᠨ᠎ᠠ᠃

ᠰᠡᠭᠦᠯ ᠦᠨ ᠵᠠᠭᠤᠨ ᠵᠢᠯ ᠦᠨ ᠲᠡᠦᠬᠡ ᠶᠢ ᠰᠥᠬᠦᠪᠡᠯ ᠬᠠᠭᠠᠨᠲᠤ ᠣᠷᠣᠰ ᠢ ᠮᠥᠬᠦᠭᠰᠡᠨ ᠦ ᠳᠠᠷᠠᠭ᠎ᠠ ᠯᠠᠲ᠋ᠸᠪᠢᠶ ᠠ 1918 ᠣᠨ ᠳᠤ ᠲᠤᠰᠠᠭᠠᠷ ᠲᠣᠭᠲᠠᠨᠢᠯ ᠢᠶᠠᠨ ᠵᠠᠷᠯᠠᠵᠤ᠂ ᠬᠥᠷᠰᠢ ᠤᠯᠤᠰ ᠤᠳ ᠲᠠᠭᠠᠨ ᠬᠠᠪᠴᠢᠭᠳᠠᠨ ᠪᠠᠶᠢᠵᠤ᠂ ᠬᠣᠷᠢᠭᠠᠳ ᠵᠢᠯ ᠲᠤᠰᠠᠭᠠᠷ ᠪᠠᠶᠢᠭᠰᠠᠨ ᠤ ᠰᠡᠭᠦᠯᠴᠢ ᠪᠡᠷ ᠳᠡᠯᠡᠬᠡᠢ ᠶᠢᠨ II ᠳᠠᠶᠢᠨᠢ ᠳᠠᠷᠠᠭ᠎ᠠ ᠵᠥᠪᠯᠡᠯᠲᠦ ᠬᠣᠯᠪᠣᠭᠠᠲᠤ ᠤᠯᠤᠰ ᠍ ᠤᠨ ᠪᠦᠷᠢᠯᠳᠦᠬᠦᠨ ᠳᠦ ᠣᠷᠣᠵᠤ 15 ᠪᠦᠭᠦᠳᠡ ᠨᠠᠶᠢᠷᠠᠮᠳᠠᠬᠤ ᠤᠯᠤᠰ ᠍ ᠶᠢᠨ ᠨᠢᠭᠡ ᠪᠣᠯᠤᠭᠰᠠᠨ᠃ 1987 ᠣᠨ ᠠᠴᠠ ᠢᠳᠡᠪᠬᠢᠲᠡᠢ ᠰᠥᠷᠦᠵᠦ᠂ 1991 ᠣᠨ ᠳᠤ ᠵᠥᠪᠯᠡᠯᠲᠦ ᠬᠣᠯᠪᠣᠭᠠᠲᠤ ᠤᠯᠤᠰ ᠪᠤᠲᠠᠷᠠᠬᠤ ᠳᠤ ᠲᠤᠰᠠᠭᠠᠷ ᠲᠣᠭᠨᠠᠭᠰᠠᠨ᠃

2011 ᠣᠨ ᠤ ᠲᠣᠭᠠᠯᠠᠯᠭ᠎ᠠ ᠪᠠᠷ ᠬᠦᠮᠦᠨ ᠠᠮᠠ ᠶᠢᠨ 62.1% (1,284,194) ᠍ ᠢ ᠯᠠᠲ᠋ᠸᠢᠴᠤᠳ᠂ 26.9 ᠍ ᠶᠢ ᠣᠷᠣᠰ ᠤᠳ᠂ 11.0% ᠍ ᠢ ᠪᠤᠰᠤᠳ ᠶᠠᠰᠤ ᠦᠨᠳᠦᠰᠦ ᠳᠦ ᠬᠦᠮᠦᠰ ᠡᠵᠡᠯᠡᠵᠦ ᠪᠠᠶᠢᠨ᠎ᠠ᠃ ᠯᠠᠲ᠋ᠸᠪᠢᠶ ᠠ ᠤᠭᠰᠠᠭᠠᠲᠠᠨ ᠤ ᠯᠠᠲ᠋ᠸᠪᠢᠶ ᠠ ᠬᠡᠯᠡ ᠤᠯᠤᠰ ᠤᠨ ᠴᠣᠷ ᠭᠠᠭᠴᠠ ᠠᠯᠪᠠᠨ ᠶᠣᠰᠣᠨ ᠤ ᠬᠡᠯᠡ ᠪᠣᠯᠤᠭᠰᠠᠨ᠃ ᠯᠠᠲ᠋ᠸᠪᠢᠶ ᠠ ᠬᠡᠯᠡ ᠪᠣᠯ ᠪᠠᠯ ᠳᠤ ᠲᠥᠷᠥᠯ ᠦᠨ ᠣᠳᠣ ᠪᠠᠷ ᠣᠷᠣᠰᠢᠨ ᠪᠠᠶᠢᠭ᠎ᠠ ᠬᠣᠶᠠᠷ ᠬᠡᠯᠡᠨ ᠦ ᠨᠢᠭᠡ ᠤᠴᠢᠷ ᠠᠴᠠ ᠯᠠᠲ᠋ᠸᠪᠢᠶ ᠠ ᠯᠢᠲ᠋ᠤᠠᠨᠢᠶ ᠠ ᠬᠣᠶᠠᠷ ᠢᠯᠡᠭᠦᠦ ᠣᠶᠢᠷ᠎ᠠ ᠬᠠᠮᠢᠶᠠᠲᠠᠨ ᠶᠤᠮ᠃ ᠭᠡᠬᠦ ᠳᠦ ᠪᠡᠨ ᠪᠠᠰᠠ ᠳᠡᠭᠡᠷ᠎ᠡ ᠦᠶ᠎ᠡ ᠳᠦ ᠡᠰᠲᠠᠨ ᠤ ᠡᠪᠦᠭᠡ ᠳᠡᠭᠡᠳᠦᠰ ᠲᠡᠢ ᠨᠢᠭᠡ ᠤᠯᠤᠰ ᠲᠤ ᠪᠠᠭᠲᠠᠨ ᠶᠠᠪᠤᠭᠰᠠᠨ ᠲᠡᠦᠬᠡ ᠪᠠᠶᠢᠳᠠᠭ᠃

ᠲᠤᠰ ᠤᠯᠤᠰ ᠤᠨ ᠨᠡᠷ᠎ᠡ ᠨᠢ ᠯᠠᠲᠠᠪᠠ ᠪᠤᠶᠤ ᠯᠠᠲᠤᠸᠠ ᠭᠣᠣᠯ ᠤᠨ ᠨᠡᠷᠡᠨ ᠡᠴᠡ ᠭᠠᠷᠤᠯ ᠲᠠᠢ[7]

ᠯᠠᠲ᠋ᠸᠪᠢᠶ ᠠ ᠤᠯᠤᠰ ᠤᠨ ᠨᠤᠲᠤᠭ ᠳᠡᠪᠢᠰᠬᠡᠷ 2009 ᠣᠨ ᠠᠴᠠ ᠬᠣᠶᠢᠰᠢ ᠶᠥᠷ ᠡᠴᠡ ᠪᠡᠨ ᠭᠠᠭᠴᠠᠬᠠᠨ ᠱᠠᠲᠤᠨ ᠳᠤ ᠬᠤᠪᠢᠶᠠᠭᠳᠠᠴᠢᠬᠠᠳᠠᠭ ᠪᠣᠯᠤᠭᠰᠠᠨ᠃ ᠪᠦᠭᠦᠳᠡ 119 ᠰᠢᠷᠬᠡᠭ᠂ ᠡᠭᠦᠨ ᠦ 110 ᠨᠢ ᠯᠠᠲ᠋ᠸᠪᠢᠶ ᠠ ᠪᠠᠷ "novads" (ᠣᠷᠣᠰ ᠶᠢᠡᠷ ᠺᠷᠠᠢ; ᠠᠩᠭᠯᠢ ᠪᠠᠷ municipality) ᠭᠡᠬᠦ ᠨᠢᠭᠡᠴᠡ᠂ 9 ᠨᠢ "republikas pilsēta" (ᠠᠩᠭᠯᠢ ᠪᠠᠷ republican city) ᠨᠢᠭᠡᠴᠡ ᠶᠤᠮ᠃ ᠡᠬᠢᠨ ᠦ ᠬᠢ ᠶᠢ ᠮᠣᠩᠭᠣᠯ ᠬᠡᠯᠡᠨ ᠢᠶᠡᠨ ᠵᠦᠭᠡᠷ «ᠨᠤᠲᠤᠭ» ᠭᠡᠵᠦ ᠣᠷᠴᠢᠭᠤᠯᠪᠠᠯ ᠪᠣᠯᠤᠮᠠᠷ ᠶᠤᠮ᠃[8] ᠬᠠᠷᠢᠨ ᠬᠣᠶᠠᠷ ᠳ᠋ᠡᠬᠢ ᠨᠢ «ᠤᠯᠤᠰ ᠤᠨ ᠬᠣᠲᠠ» ᠶᠤᠮ᠃ ᠯᠠᠲ᠋ᠸᠢᠳ ᠨᠡᠶᠢᠰᠯᠡᠯ ᠷᠢᠭᠠ (2010 ᠣᠨ ᠳᠤ 705,703 ᠣᠷᠣᠰᠢᠨ ᠰᠠᠭᠤᠭᠴᠢ ᠲᠠᠢ ᠪᠠᠶᠢᠪᠠ), ᠳᠠᠤᠭᠤᠪᠫᠢᠯᠢᠰ (103,053) ᠭᠡᠬᠦ ᠪᠤᠮ ᠠᠴᠠ ᠣᠯᠠᠨ ᠬᠦᠮᠦᠨ ᠲᠡᠢ ᠬᠣᠶᠠᠷ ᠯᠠ ᠬᠣᠲᠠ ᠪᠠᠶᠢᠳᠠᠭ᠃

ᠯᠠᠲ᠋ᠸᠪᠢᠶ ᠠ ᠣᠳᠣ ᠠᠷᠠᠳᠴᠢᠯᠠᠭᠰᠠᠨᠫᠠᠷᠯᠠᠮᠧᠨᠲᠡᠶᠢᠨ ᠡᠷᠬᠡ ᠮᠡᠳᠡᠯ ᠵᠣᠩᠬᠢᠯᠠᠭᠰᠠᠨ ᠪᠦᠭᠦᠳᠡ ᠨᠠᠶᠢᠷᠠᠮᠳᠠᠬᠤ ᠵᠠᠰᠠᠭᠲᠤ ᠤᠯᠤᠰ ᠶᠤᠮ᠃ ᠨᠢᠭᠡᠳᠦᠭᠰᠡᠨ ᠦᠨᠳᠦᠰᠦᠲᠡᠨ ᠦ ᠪᠠᠶᠢᠭᠤᠯᠤᠯᠭ᠎ᠠ ᠳᠤ 1991 ᠣᠨ ᠤ 9 ᠰᠠᠷ᠎ᠠ ᠶᠢᠨ 17 ᠍ ᠳᠦ᠂ ᠧᠦ᠋ᠷᠣᠫᠠ ᠶᠢᠨ ᠬᠣᠯᠪᠣᠭ᠎ᠠᠨᠳ 2004 ᠣᠨ ᠤ 5 ᠰᠠᠷ᠎ᠠ ᠶᠢᠨ 1, North Atlantic Treaty Organization ᠍ ᠳᠦ 2004 ᠣᠨ ᠤ 3 ᠰᠠᠷ᠎ᠠ ᠶᠢᠨ 29 ᠍ ᠳᠦ ᠡᠯᠰᠡᠵᠡᠢ᠃

ᠡᠰᠢ ᠪᠠᠷᠢᠮᠲᠠ᠂ ᠲᠠᠶᠢᠯᠪᠤᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

  1. Population of Latvia in municipalities (ᠯᠠᠲ᠋ᠸᠪᠢᠶ ᠠ ᠬᠡᠯᠡ ᠪᠡᠷ)
  2. 2.0 2.1 Etniskais sastāvs un mazākumtautību kultūras identitātes veicināšana. Latvijas Republikas Ārlietu Ministrija. 2 December 2011 ᠍ ᠳᠦ ᠬᠠᠨᠳᠤᠭᠰᠠᠨ᠃
  3. 3.0 3.1 3.2 3.3 Latvia. International Monetary Fund. 2012-04-18 ᠍ ᠳᠦ ᠬᠠᠨᠳᠤᠭᠰᠠᠨ᠃
  4. Human Development Index Report 2011. United Nations (2011). 2 November 2011 ᠍ ᠳᠦ ᠬᠠᠨᠳᠤᠭᠰᠠᠨ᠃
  5. "Latvia" CIA. Retrieved 2008-12-15.
  6. Latvia in Brief. Latvian Institute (2011). 5 November 2011 ᠍ ᠳᠦ ᠬᠠᠨᠳᠤᠭᠰᠠᠨ᠃
  7. Termina "Latvija" vēsturiskā izcelšanās un attīstība, 2009 ᠣᠨ ᠤ 3 ᠰᠠᠷ᠎ᠠ ᠶᠢᠨ 16 ᠍ ᠳᠦ ᠠᠪᠤᠪᠠ; ᠵ᠃ᠯᠠᠨᠠᠭ ᠤᠨ ᠲᠣᠯᠢ ᠪᠢᠴᠢᠭ "Vollstandiges deutsch–lettisches Lexicon"
  8. ᠴ᠃ᠳᠠᠮᠳᠢᠨᠰᠦ᠋ᠷᠦᠩ᠂᠎ᠠ᠃ᠯᠤᠪᠰᠠᠩᠳᠡᠳᠡᠪ ᠨᠠᠷ ᠤᠨ ᠣᠷᠣᠰ-ᠮᠣᠩᠭᠣᠯ ᠲᠣᠯᠢ (1982) ᠍ ᠳᠦ ᠺᠷᠠᠢ ᠭᠡᠳᠡᠭ ᠢ 1) ᠵᠠᠬ᠎ᠠ᠂ ᠬᠢᠵᠠᠭᠠᠷ᠂ ᠬᠥᠪᠥᠭᠡ᠂ ᠢᠷᠮᠡᠭ᠃. 2) ᠨᠤᠲᠤᠭ᠂ ᠣᠷᠣᠨ 3) ᠬᠢᠵᠠᠭᠠᠷ ᠭᠡᠵᠦ 3 ᠰᠠᠯᠠᠭ᠎ᠠ ᠤᠳᠬ᠎ᠠ ᠪᠠᠷ ᠣᠷᠴᠢᠭᠤᠯᠤᠭᠰᠠᠨ ᠤ ᠬᠣᠶᠠᠳᠤᠭᠠᠷᠬ᠎ᠠ ᠶᠢ ᠬᠠᠷᠠᠭᠠᠯᠵᠠᠪᠠ᠃

ᠪᠢᠴᠢᠭᠡᠰᠦ