ᠢᠰᠯᠠᠮ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠯᠠᠯᠤ ᠶᠢᠨ ᠱᠠᠰᠢᠨ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ
ᠵᠠᠯᠪᠠᠷᠢᠯ ᠦᠢᠯᠡᠳᠴᠦ ᠪᠤᠢ ᠮᠦᠰᠦ᠋ᠯᠮᠠᠨᠴᠤᠳ

ᠢᠰᠯᠠᠮ (ᠠᠷᠠᠪ: الإسلام ) ᠡᠰᠡᠪᠡᠯ ᠢᠰᠯᠠᠮ ᠤᠨ ᠱᠠᠰᠢᠨ ᠨᠢ 7 ᠳᠦᠭᠡᠷ ᠵᠠᠭᠤᠨ ᠤ ᠠᠷᠠᠪ ᠍ ᠤᠨ ᠡᠯᠴᠢ ᠮᠤᠬᠠᠮᠮᠧᠳ᠋ ᠳᠦ ᠢᠯᠡᠭᠡᠭᠳᠡᠭᠰᠡᠨ ᠱᠠᠰᠢᠨ ᠶᠤᠮ᠃ ᠡᠨᠡᠬᠦ ᠱᠠᠰᠢᠨ ᠢ ᠰᠢᠲᠦᠭᠴᠢ ᠬᠦᠮᠦᠨ ᠢ ᠮᠦᠰᠦ᠋ᠯᠮᠠᠨ ᠭᠡᠳᠡᠭ᠃ ᠮᠦᠰᠦ᠋ᠯᠮᠠᠨᠴᠤᠳ ᠪᠤᠷᠬᠠᠨ ᠮᠤᠬᠤᠮᠮᠧᠳ ᠲᠦ ᠺᠣᠷᠠᠨ ᠰᠤᠳᠤᠷ ᠢ ᠢᠯᠡᠭᠡᠭᠰᠡᠨ ᠭᠡᠵᠦ ᠦᠵᠡᠳᠡᠭ᠃ ᠡᠨᠡ ᠱᠠᠰᠢᠨ ᠨᠢ ᠢᠲᠡᠭᠡᠭᠴᠢᠳ ᠦᠨ ᠲᠣᠭ᠎ᠠ ᠪᠠᠷ ᠳᠡᠯᠡᠬᠡᠢ ᠶᠢᠨ ᠬᠣᠶᠠᠳᠠᠭᠴᠢ ᠲᠣᠮᠣ ᠱᠠᠰᠢᠨ ᠶᠤᠮ᠃

 ᠨᠡᠷ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠷᠠᠪ ᠬᠡᠯᠡᠨ ᠡᠴᠡ ᠭᠠᠯᠢᠭᠴᠢᠯᠠᠭᠰᠠᠨ 《ᠠᠯᠢ-ᠢᠰᠯᠠᠮ》 ᠭᠡᠬᠦ ᠦᠭᠡ ᠶᠢ ᠮᠣᠩᠭᠣᠯᠴᠢᠯᠠᠪᠠᠯ ᠠᠯᠪᠠᠳᠠᠯᠭ᠎ᠠ ᠦᠭᠡᠢ ᠪᠡᠷ ᠪᠤᠷᠬᠠᠨ ᠢ ᠳᠠᠭᠠᠬᠤ ᠭᠡᠰᠡᠨ ᠤᠳᠬ᠎ᠠ ᠪᠦᠬᠦᠢ ᠲᠤᠶᠢᠯ ᠤᠨ ᠦᠨᠡᠨ (ᠳᠡᠪᠡᠲᠡ)᠂ ᠠᠯᠢ ᠡᠰᠡᠪᠡᠯ ᠬᠢᠵᠠᠭᠠᠷ ᠦᠭᠡᠢ ᠡᠩᠬᠡ ᠠᠮᠤᠭᠤᠯᠠᠩ ᠭᠡᠳᠡᠭ ᠠᠭᠤᠯᠭ᠎ᠠ ᠲᠠᠢ ᠠᠵᠢ᠃ ᠮᠣᠩᠭᠣᠯᠴᠤᠳ ᠍ ᠤᠨ ᠬᠡᠷᠡᠭᠯᠡᠳᠡᠭ 《ᠯᠠᠯᠤ》 ᠬᠡᠮᠡᠬᠦ ᠦᠭᠡ ᠨᠢ ᠲᠥᠪᠡᠳ ᠬᠡᠯᠡ ᠳᠦ ᠬᠢ 《ᠯᠣᠯ》 (ᠮᠣᠩᠭᠣᠯᠴᠢᠯᠠᠪᠠᠯ ᠪᠤᠷᠤᠭᠤ ᠨᠣᠮᠲᠠᠨ) ᠭᠡᠬᠦ ᠦᠭᠡᠨ ᠡᠴᠡ ᠭᠠᠷᠤᠯᠲᠠᠢ ᠪᠤᠷᠤᠭᠤ ᠣᠶᠢᠯᠠᠭᠠᠯᠲᠠ ᠪᠥᠭᠡᠳ ᠳᠡᠯᠡᠬᠡᠢ ᠶᠢᠨ ᠪᠦᠬᠦ ᠬᠡᠯᠡᠨ ᠳᠦ ᠢᠰᠯᠠᠮ ᠤᠨ ᠱᠠᠰᠢᠨ᠂ ᠮᠥᠰᠥᠶᠢᠯᠮᠡᠨ ᠬᠡᠮᠡᠨ ᠬᠡᠯᠡᠭᠳᠡᠳᠡᠭ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠩᠬ᠎ᠠ ᠠᠷᠠᠪ ᠤᠨ ᠬᠣᠶᠢᠭ ᠤᠨ ᠮᠧᠺᠺᠠ ᠨᠢ ᠡᠨᠡᠳᠬᠡᠭ ᠦᠨ ᠳᠠᠯᠠᠢ ᠡᠴᠡ ᠰᠢᠷᠢᠢ ᠠ ᠤᠷᠤᠬᠤ ᠭᠣᠣᠯ ᠤᠰᠤᠨ ᠪᠣᠭᠣᠮᠲᠠ ᠪᠣᠯᠳᠠᠭ ᠪᠠᠢᠵᠠᠢ᠃ ᠮᠧᠺᠺᠠ ᠳᠤ ᠪᠠᠶᠢᠳᠠᠭ ᠰᠣᠯᠢᠷ (ᠲᠩᠷᠢ ᠶᠢᠨ ᠴᠢᠯᠠᠭᠤ) ᠨᠢ ᠡᠷᠲᠡᠨ ᠡᠴᠡ ᠠᠷᠢᠭᠤᠨ ᠭᠠᠵᠠᠷ ᠭᠡᠵᠦ ᠰᠢᠲᠤᠭᠳᠡᠵᠦ᠂ ᠬᠦᠮᠦᠰ ᠵᠢᠯ ᠳᠤ ᠨᠢᠭᠡ ᠤᠳᠠᠭ᠎ᠠ ᠢᠷᠡᠵᠦ ᠮᠥᠷᠭᠦᠳᠡᠭ ᠪᠠᠶᠢᠴᠠᠢ᠃ ᠡᠨᠡ ᠦᠶ᠎ᠡ ᠳᠦ ᠠᠷᠠᠪ ᠍ ᠤᠨ ᠠᠶᠢᠮᠠᠭ ᠤᠳ ᠳᠠᠶᠢᠨ ᠪᠠᠶᠢᠯᠳᠤᠭᠠᠨ ᠢᠶᠠᠨ ᠵᠣᠭᠰᠣᠭᠠᠵᠤ᠂ ᠠᠮᠤᠭᠤᠯᠠᠩ ᠪᠠᠶᠢᠳᠠᠯ ᠲᠣᠭᠲᠠᠭᠠᠳᠠᠭ ᠪᠠᠶᠢᠪᠠ᠃ ᠭᠡᠬᠦ ᠳᠦ ᠪᠡᠨ ᠡᠨᠡ ᠦᠶ᠎ᠡ ᠳᠦ ᠬᠣᠪᠠᠯ᠂ ᠮᠠᠨ ᠳᠤ᠂ ᠠᠷᠠᠭᠠᠲᠤ᠂ ᠡᠯᠢ ᠸᠠᠰᠰᠠᠷ ᠭᠡᠬᠦ ᠮᠡᠲᠦ ᠣᠯᠠᠨ ᠶᠠᠩᠵᠤ ᠶᠢᠨ ᠪᠤᠷᠬᠠᠳ ᠢ ᠰᠢᠲᠦᠳᠡᠭ ᠪᠠᠶᠢᠪᠠ᠃

ᠡᠨᠡ ᠮᠡᠲᠦᠴᠢᠯᠠᠨ ᠮᠧᠺᠺᠠ ᠨᠢ ᠡᠳ᠋ ᠍ ᠦᠨ ᠵᠠᠰᠠᠭ᠂ ᠨᠡᠶᠢᠭᠡᠮ ᠤᠨ ᠬᠤᠪᠢ ᠳᠤ ᠠᠷᠠᠪ ᠤᠨ ᠪᠤᠰᠤᠳ ᠭᠠᠵᠠᠷ ᠠᠴᠠ ᠪᠠᠭ᠎ᠠ ᠵᠡᠷᠭᠡ ᠢᠯᠡᠭᠦᠦ ᠬᠥᠭᠵᠢᠯᠲᠡᠢ᠂ ᠠᠷᠠᠪ ᠤᠨ ᠠᠶᠢᠮᠠᠭ ᠤᠳ ᠢ ᠨᠢᠭᠡᠨ ᠦᠨᠳᠦᠰᠦᠲᠡᠨ ᠪᠣᠯᠭᠠᠵᠤ ᠱᠠᠰᠢᠨᠰᠤᠶᠤᠯ ᠍ ᠤᠨ ᠲᠥᠪ ᠨᠢ ᠪᠣᠯᠬᠤ ᠠᠰᠤᠷᠤ ᠶᠡᠬᠡ ᠪᠣᠯᠤᠮᠵᠢ ᠲᠠᠢ ᠪᠠᠶᠢᠭᠰᠠᠨ ᠪᠠᠶᠢᠨ᠎ᠠ᠃ ᠭᠡᠪᠡᠴᠦ ᠡᠳ᠋ ᠍ ᠦᠨ ᠵᠠᠰᠠᠭ ᠨᠢ ᠬᠥᠭᠵᠢᠬᠦ ᠶᠢᠨ ᠬᠡᠷ ᠢᠶᠡᠷ ᠬᠣᠲᠠ ᠬᠥᠳᠡᠭᠡ᠂ ᠪᠠᠶᠠᠨ ᠶᠠᠳᠠᠭᠤ ᠶᠢᠨ ᠢᠯᠭᠠᠭ᠎ᠠ ᠶᠡᠬᠡ ᠪᠡᠷ ᠭᠠᠷᠬᠤ ᠪᠣᠯᠤᠭᠰᠠᠨ ᠪᠠᠶᠢᠨ᠎ᠠ᠃ ᠲᠡᠷᠡ ᠦᠶ᠎ᠡ ᠶᠢᠨ ᠠᠷᠠᠪ ᠤᠨ ᠳᠡᠭᠡᠳᠦᠰ ᠨᠢ ᠭᠣᠣᠯᠳᠠᠭᠤ ᠨᠡᠭᠦᠳᠡᠯᠴᠢᠳ ᠪᠥᠭᠡᠳ ᠰᠠᠭᠤᠷᠢᠨ ᠭᠠᠵᠠᠷ ᠤᠨ ᠬᠤᠳᠠᠯᠳᠤᠭᠠᠴᠢᠳ ᠳ᠋ᠣᠣ ᠳᠤ ᠵᠡᠷᠭᠡ ᠶᠢᠨ ᠳᠠᠪᠬᠤᠷᠭ᠎ᠠ ᠳᠤ ᠪᠠᠭᠲᠠᠳᠠᠭ ᠪᠠᠶᠢᠴᠠᠢ᠃ ᠡᠶᠢᠮᠦ ᠡᠴᠡ ᠨᠡᠶᠢᠭᠡᠮ ᠤᠨ ᠰᠢᠨ᠎ᠡ ᠬᠦᠴᠦᠷᠡᠭ ᠬᠦᠴᠦᠨ ᠪᠣᠯᠤᠭᠰᠠᠨ ᠬᠦᠮᠦᠰ ᠦᠨ ᠬᠤᠪᠢ ᠳᠤ ᠬᠠᠭᠤᠴᠢᠨ ᠤ ᠶᠣᠰᠣ ᠵᠠᠩᠰᠢᠯ᠂ ᠱᠠᠰᠢᠨ ᠰᠢᠲᠦᠯᠭᠡ ᠨᠢ ᠶᠠᠮᠠᠷ ᠨᠢᠭᠡᠨ ᠠᠰᠢᠭ ᠲᠤᠰᠠ ᠪᠠᠶᠢᠬᠤ ᠦᠭᠡᠢ ᠪᠠᠶᠢᠭᠰᠠᠨ ᠲᠤᠯᠠ ᠲᠡᠳᠡ ᠰᠢᠨ᠎ᠡ ᠱᠠᠰᠢᠨ᠂ ᠰᠢᠨ᠎ᠡ ᠶᠣᠰᠣ ᠵᠠᠩᠰᠢᠯ ᠬᠠᠶᠢᠵᠤ ᠡᠬᠢᠯᠡᠭᠰᠡᠨ ᠪᠠᠶᠢᠨ᠎ᠠ᠃ ᠡᠨᠡ ᠨᠢ ᠢᠰᠯᠠᠮ ᠤᠨ ᠱᠠᠰᠢᠨ ᠡᠭᠦᠰᠬᠦ ᠬᠠᠮᠤᠭ ᠤᠨ ᠲᠣᠮᠣ ᠨᠥᠬᠥᠴᠡᠯ ᠪᠣᠯᠤᠭᠰᠠᠨ ᠪᠠᠶᠢᠨ᠎ᠠ᠃ᠮᠤᠬᠤᠮᠮᠧᠳ ᠨᠢ ᠳᠡᠭᠡᠷᠡᠬᠢ ᠰᠢᠨ᠎ᠡ ᠬᠦᠴᠦᠨ ᠪᠣᠯᠬᠤ ᠬᠤᠳᠠᠯᠳᠤᠭᠠᠴᠢᠨ ᠭᠠᠷᠤᠯ ᠲᠠᠢ ᠬᠦᠮᠦᠨ ᠠᠵᠡᠢ᠃

ᠰᠤᠷᠭᠠᠯ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠢᠰᠯᠠᠮ ᠤᠨ ᠱᠠᠰᠢᠨ ᠳᠤ ᠶᠢᠷᠲᠢᠨᠴᠦᠳ ᠴᠣᠷ ᠤᠨ ᠭᠠᠭᠴᠠ ᠪᠤᠷᠬᠠᠨ ᠨᠢ ᠯᠠ ᠪᠠᠶᠢᠳᠠᠭ ᠭᠡᠵᠦ ᠦᠵᠡᠳᠡᠭ᠃ ᠲᠡᠷᠡ ᠨᠢ ᠠᠯᠯᠠᠾ᠃ ᠭᠣᠣᠯ ᠰᠤᠳᠤᠷ ᠨᠢ ᠺᠣᠷᠠᠨ

ᠠᠬᠢᠳᠠ (6 ᠢᠲᠡᠭᠡᠯ)[ᠵᠠᠰᠠᠪᠤᠷᠢᠯᠠᠬᠤ | ᠺᠣᠳ᠋ ᠢᠶᠠᠷ ᠵᠠᠰᠠᠬᠣ]

==== ᠠᠯᠯᠠᠾ ᠪᠤᠷᠬᠠᠨ ==== ᠶᠢᠷᠲᠢᠨᠴᠦᠳ ᠪᠠᠶᠢᠳᠠᠭ ᠲᠤᠶᠢᠯ ᠤᠨ ᠦᠨᠡᠨ ᠪᠤᠷᠬᠠᠨ ᠪᠣᠯ ᠠᠯᠯᠠᠾ᠃ ᠠᠯᠯᠠᠾ ᠨᠢ ᠪᠦᠬᠦᠢ ᠯᠠ ᠣᠶᠤᠨ ᠤᠬᠠᠭᠠᠨ ᠪᠥᠭᠡᠳ ᠡᠴᠦᠰ ᠲᠡᠭᠦᠰᠬᠡᠯ ᠭᠡᠵᠦ ᠪᠠᠶᠢᠬᠤ ᠦᠭᠡᠢ᠂ ᠲᠡᠭᠦᠨ ᠦ ᠬᠦᠴᠦ ᠴᠢᠳᠠᠯ ᠨᠢ ᠬᠢᠵᠠᠭᠠᠷ ᠦᠭᠡᠢ ᠪᠥᠭᠡᠳ ᠲᠤᠶᠢᠯ ᠤᠨ ᠠᠷᠢᠭᠤᠨ᠂ ᠪᠦᠬᠦᠨ ᠢ ᠪᠦᠲᠦᠭᠡᠭᠴᠢ ᠪᠥᠭᠡᠳ ᠪᠦᠬᠦᠨ ᠢ ᠤᠰᠠᠳᠬᠠᠭᠴᠢ᠃

ᠲᠩᠷᠢ (ᠠᠩᠭᠧᠯ)[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠩᠭᠧᠯ ᠤᠳ ᠨᠢ ᠠᠯᠯᠠᠾ ᠍ ᠤᠨ ᠪᠠᠷ᠎ᠠ ᠪᠣᠯᠤᠭᠴᠢᠳ᠂ ᠲᠡᠳᠡ ᠨᠢᠭᠦᠯ ᠦᠢᠯᠡᠳᠳᠡᠭ ᠦᠭᠡᠢ᠃

ᠰᠤᠳᠤᠷ ᠱᠠᠰᠳᠢᠷ (ᠺᠣᠷᠠᠨ)[ᠵᠠᠰᠠᠪᠤᠷᠢᠯᠠᠬᠤ | ᠺᠣᠳ᠋ ᠢᠶᠠᠷ ᠵᠠᠰᠠᠬᠣ]

ᠺᠣᠷᠠᠨ

ᠢᠰᠯᠠᠮ ᠤᠨ ᠠᠷᠢᠭᠤᠨ ᠰᠤᠳᠤᠷ ᠨᠢ ᠺᠣᠷᠠᠨ ᠪᠣᠯᠤᠨ ᠲᠡᠭᠦᠨ ᠡᠴᠡ ᠡᠮᠦᠨ᠎ᠡ ᠠᠯᠯᠠᠾ ᠤᠨ ᠢᠯᠡᠭᠡᠭᠰᠡᠨ ᠱᠠᠰᠳᠢᠷ ᠤᠳ᠃ ᠡᠬᠦᠨ ᠳᠦ ᠪᠢᠪᠯᠢ ᠍ ᠶᠢ ᠬᠦᠷᠲᠡᠯ᠎ᠡ ᠪᠠᠭᠲᠠᠭᠠᠳᠠᠭ ᠪᠠᠶᠢᠨ᠎ᠠ᠃ ᠺᠣᠷᠠᠨ ᠨᠢ ᠠᠷᠠᠪ ᠢᠶᠠᠷ ᠠᠯᠠ-ᠺᠦ᠋ᠷᠠᠨ᠃ ᠮᠤᠬᠤᠮᠡᠮ ᠳᠦ 42 ᠨᠠᠰᠤᠲᠠᠢ ᠪᠠᠶᠢᠬᠤ ᠦᠶ᠎ᠡ ᠳᠦ ᠨᠢ ᠠᠯᠯᠠᠾ ᠠᠴᠠ ᠪᠠᠭᠤᠯᠭᠠᠭᠰᠠᠨ ᠰᠤᠷᠭᠠᠯ ᠢ ᠪᠢᠴᠢᠭᠰᠡᠨ ᠵᠤᠢᠢᠯ᠃ 114 ᠵᠦᠢᠯ ᠡᠴᠡ ᠪᠦᠷᠢᠳᠳᠡᠭ᠃ ᠣᠳᠣ ᠶᠢᠨ ᠢᠶᠠᠨ ᠬᠡᠯᠪᠡᠷᠢ ᠶᠢ ᠣᠯᠤᠭᠰᠠᠨ ᠨᠢ 3 ᠍ ᠳᠦᠭᠡᠷ ᠬᠠᠯᠢᠹ ᠣᠰᠠᠮᠠᠨ ᠤ ᠦᠶ᠎ᠡ ᠳᠦ ᠪᠣᠯᠤᠯᠲᠠᠢ᠃ ᠭᠣᠣᠯ ᠠᠭᠤᠯᠭ᠎ᠠ ᠨᠢ ᠪᠤᠷᠬᠠᠨ ᠤ ᠴᠣᠷ ᠤᠨ ᠭᠠᠭᠴᠠ ᠰᠢᠨᠵᠢ ᠲᠡᠮᠳᠡᠭ ᠨᠢ ᠪᠤᠰᠤᠳ ᠱᠠᠰᠢᠨ (ᠵᠡᠦ ᠳᠦᠾᠷᠢᠰᠲ᠋ᠣᠰ) ᠍ ᠲᠠᠢ ᠢᠵᠢᠯᠬᠡᠨ᠂ ᠶᠢᠷᠲᠢᠨᠴᠦ ᠶᠢᠨ ᠡᠭᠦᠰᠦᠯ ᠡᠴᠡ ᠰᠡᠭᠦᠯᠴᠢ ᠶᠢᠨ ᠰᠢᠳᠬᠡᠯ ᠬᠦᠷᠲᠡᠯᠡᠬᠢ ᠬᠦᠮᠦᠨ ᠲᠥᠷᠥᠯᠬᠢᠲᠡᠨ ᠦ ᠲᠡᠦᠬᠡ᠂ ᠢᠲᠡᠭᠡᠯ᠂ ᠶᠣᠰᠣ ᠰᠤᠷᠲᠠᠬᠤᠨ᠂ ᠬᠠᠤᠯᠢ᠂ ᠭᠡᠷᠯᠡᠯᠲᠡ᠂ ᠤᠭᠰᠠᠭ᠎ᠠ᠂ ᠬᠤᠳᠠᠯᠳᠤᠭ᠎ᠠ ᠨᠠᠶᠢᠮᠠᠭ᠎ᠠ᠂ ᠰᠢᠳᠬᠡᠯ ᠵᠡᠷᠭᠡ ᠶᠢ ᠨᠠᠷᠢᠪᠴᠢᠯᠠᠨ ᠪᠢᠴᠢᠭᠰᠡᠨ ᠪᠠᠶᠢᠳᠠᠭ ᠠᠵᠢ᠃

ᠡᠯᠴᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠯᠯᠠᠾ ᠤᠨ ᠡᠯᠴᠢ ᠨᠢ ᠺᠣᠷᠠᠨ ᠳᠤ ᠪᠢᠴᠢᠭᠰᠡᠨ ᠢᠶᠡᠷ 25 ᠬᠦᠮᠦᠨ ᠪᠠᠶᠢᠳᠠᠭ᠃ ᠬᠠᠮᠤᠭ ᠤᠨ ᠲᠣᠮᠣ ᠨᠢ ᠠᠳᠠᠮᠨᠣᠠ (ᠠᠷᠠᠪ ᠢᠶᠠᠷ ᠨᠣᠬᠤ), ᠠᠪᠷᠠᠬᠤᠮᠡᠰᠢᠮᠠᠧᠯᠢᠰᠠᠺᠢᠶᠠᠺᠣᠸᠮᠣᠰᠧᠶᠡᠰᠦᠰ. ᠡᠳᠡᠭᠡᠷ ᠨᠢ ᠪᠦᠭᠦᠳᠡ ᠡᠯᠴᠢ ᠪᠥᠭᠡᠳ ᠠᠯᠢ ᠨᠢ ᠴᠤ ᠪᠤᠷᠬᠠᠨ ᠪᠣᠯᠤᠨ ᠪᠤᠷᠬᠠᠨ ᠤ ᠬᠦᠦ ᠭᠡᠵᠦ ᠦᠵᠡᠳᠡᠭ ᠦᠭᠡᠢ᠃ ᠬᠠᠷᠢᠨ ᠬᠠᠮᠤᠭ ᠤᠨ ᠭᠣᠣᠯ ᠡᠯᠴᠢ ᠪᠣᠯ ᠮᠤᠬᠤᠮ ᠢᠶ᠎ᠡ ᠳᠦ ᠭᠡᠵᠦ ᠦᠵᠡᠳᠡᠭ᠃ ᠪᠠᠰᠠ ᠮᠤᠬᠤᠮ ᠢᠶ᠎ᠡ ᠳᠦ ᠨᠢ ᠪᠤᠷᠬᠠᠨ ᠪᠣᠯᠤᠭᠠᠳ ᠪᠤᠷᠬᠠᠨ ᠤ ᠬᠦᠦ ᠪᠢᠰᠢ ᠭᠡᠵᠦ ᠦᠵᠡᠳᠡᠭ᠃

ᠬᠣᠶᠢᠳᠤ ᠨᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠨᠡ ᠬᠣᠷᠸ᠎ᠠ ᠶᠢᠨ ᠲᠡᠭᠦᠰᠬᠡᠯ ᠪᠣᠯᠤᠨ ᠰᠡᠭᠦᠯᠴᠢ ᠶᠢᠨ ᠰᠢᠳᠬᠡᠯ᠂ ᠮᠥᠩᠬᠡ ᠶᠢᠨ ᠤᠯᠤᠰ ᠤᠨ ᠣᠷᠣᠰᠢᠨ ᠲᠣᠭᠲᠠᠨᠢᠯ ᠳᠤ ᠢᠲᠡᠭᠡᠳᠡᠭ᠃

==== ᠵᠢᠮ᠎ᠠ ᠶᠣᠰᠣ (ᠹᠠᠲᠡ) ==== ᠶᠢᠷᠲᠢᠨᠴᠦᠳ ᠪᠣᠯᠳᠠᠭ ᠵᠦᠢᠯ ᠦᠳ ᠨᠢ ᠵᠢᠮ᠎ᠠ ᠶᠣᠰᠣᠨ ᠤ ᠳᠠᠭᠠᠤ ᠶᠠᠪᠤᠭᠳᠠᠳᠠᠭ᠃

5 ᠦᠢᠯᠡ ᠠᠵᠢᠯᠯᠠᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠢᠲᠡᠭᠡᠯ ᠦᠨ ᠢᠯᠡᠴᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

《ᠠᠯᠯᠠᠾ ᠠᠴᠠ ᠥᠭᠡᠷ᠎ᠡ ᠪᠤᠷᠬᠠᠨ ᠦᠭᠡᠢ᠂ ᠮᠤᠬᠤᠮ ᠢᠶ᠎ᠡ ᠳᠦ (S.A.W - Sallallahu `alayhi wa sallam) ᠲᠦᠨ ᠦ ᠡᠯᠴᠢ ᠮᠥᠨ ᠭᠡᠳᠡᠭ ᠢ ᠭᠡᠷᠡᠴᠢᠯᠡᠵᠦ ᠪᠠᠶᠢᠨ᠎ᠠ》 ᠭᠡᠵᠦ ᠮᠥᠷᠭᠦᠳᠡᠭ᠃

ᠡᠳᠦᠷ ᠲᠦ 5 ᠤᠳᠠᠭ᠎ᠠ ᠶᠢᠨ ᠰᠦᠮ᠎ᠡ ᠶᠢᠨ ᠮєᠷᠭєᠯᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠳᠦᠷ ᠲᠦ ᠲᠠᠪᠤᠨ ᠤᠳᠠᠭ᠎ᠠ ᠮᠧᠺᠺᠠᠭᠡᠶᠢᠨ ᠵᠦᠭ ᠬᠠᠨᠳᠤᠵᠤ ᠠᠷᠠᠪ ᠬᠡᠯᠡ ᠪᠡᠷ ᠮᠥᠷᠭᠥᠯ ᠦᠢᠯᠡᠳᠳᠡᠭ᠃

ᠷᠠᠮᠠᠵᠠᠨ ᠨᠢ ᠮᠠᠴᠠᠭ ᠪᠠᠷᠢᠯ ᠳᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠷᠠᠮᠠᠵᠠᠨ ᠨᠢ ᠢᠰᠯᠠᠮ ᠤᠨ ᠲᠣᠭᠠᠯᠠᠯ ᠢᠶᠠᠷ 9 ᠰᠠᠷ᠎ᠠ ᠳᠤ ᠲᠣᠬᠢᠶᠠᠳᠠᠭ ᠪᠥᠭᠡᠳ ᠡᠨᠡ ᠦᠶ᠎ᠡ ᠪᠡᠷ ᠨᠠᠷᠠᠨ ᠤᠷᠭᠤᠬᠤ ᠠᠴᠠ ᠵᠢᠷᠭᠠᠬᠤ ᠬᠦᠷᠲᠡᠯ᠎ᠡ ᠬᠣᠭᠣᠯᠠᠯᠠᠬᠤ᠂ ᠤᠰᠤ ᠤᠤᠭᠤᠬᠤ᠂ ᠲᠠᠮᠠᠬᠢ ᠲᠠᠲᠠᠬᠤ᠂ ᠠᠷᠢᠬᠢ ᠤᠤᠭᠤᠬᠤ᠂ ᠠᠮᠲᠠᠲᠠᠨ ᠠᠯᠢ ᠡᠰᠡᠪᠡᠯ ᠮᠠᠩᠰᠢᠭᠤᠷᠠᠭᠤᠯᠬᠤ ᠵᠦᠢᠯᠡᠰ ᠬᠡᠷᠡᠭᠯᠡᠬᠦ᠂ ᠮᠥᠨ ᠰᠧᠺᠰ ᠬᠢᠬᠦ ᠶᠢ ᠬᠣᠷᠢᠭᠯᠠᠨ᠂ ᠥᠪᠡᠷ ᠦᠨ ᠪᠡᠶ᠎ᠡ᠂ ᠬᠡᠯᠡ᠂ ᠰᠡᠳᠬᠢᠯ ᠢ ᠠᠷᠢᠭᠤᠨ ᠪᠠᠶᠢᠯᠭᠠᠳᠠᠭ ᠱᠠᠰᠢᠨ ᠤ ᠦᠢᠯᠡ ᠶᠤᠮ᠃ ᠬᠠᠷᠢᠨ ᠬᠦᠨᠳᠦᠳᠭᠡᠬᠦ ᠰᠢᠯᠲᠠᠭᠠᠨ ᠲᠠᠢ ᠡᠪᠡᠳᠴᠢᠲᠡᠢ ᠬᠦᠮᠦᠨ᠂ ᠵᠢᠷᠮᠦᠰᠦᠨ ᠡᠮᠡᠭᠲᠡᠶᠢᠴᠦᠳ᠂ ᠬᠡᠦᠬᠡᠳ ᠦᠳ ᠮᠠᠴᠠᠭ ᠪᠠᠷᠢᠬᠤ ᠦᠭᠡᠢ ᠪᠠᠶᠢᠵᠤ ᠪᠣᠯᠤᠨ᠎ᠠ᠃ ᠪᠦᠲᠦᠨ ᠰᠠᠷ᠎ᠠ ᠶᠢᠨ ᠲᠤᠷᠰᠢ ᠮᠠᠴᠠᠭ ᠪᠠᠷᠢᠰᠤᠨ ᠤ ᠡᠴᠦᠰ ᠲᠦ ᠪᠦᠭᠦᠳᠡ ᠨᠠᠶᠢᠷᠯᠠᠵᠤ ᠬᠣᠭᠣᠯᠠᠯᠠᠳᠠᠭ ᠵᠠᠩᠰᠢᠯ ᠲᠠᠢ᠃

ᠥᠭᠯᠢᠭᠡ ᠥᠭᠬᠦ (ᠽᠧᠺᠧᠲ)[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠨᠡ ᠶᠢᠷᠲᠢᠨᠴᠦᠳ ᠣᠯᠤᠭᠰᠠᠨ ᠡᠳ᠋ ᠬᠥᠷᠥᠩᠭᠡ ᠨᠢ ᠮᠠᠭᠤ ᠮᠠᠭᠤᠬᠠᠢ ᠵᠦᠢᠯ ᠡᠴᠡ ᠣᠯᠤᠭᠰᠠᠨ ᠬᠥᠷᠥᠩᠭᠡ ᠲᠤᠯᠠ ᠬᠣᠶᠢᠳᠤ ᠨᠠᠰᠤᠨ ᠳᠤ ᠪᠠᠨ ᠵᠣᠪᠠᠬᠤ ᠨᠢᠭᠡ ᠨᠥᠬᠥᠴᠡᠯ ᠪᠣᠯᠳᠠᠭ᠃ ᠲᠡᠶᠢᠮᠦ ᠡᠴᠡ ᠨᠢᠭᠡ ᠬᠡᠰᠡᠭ ᠢ ᠨᠢ ᠠᠯᠯᠠᠾ ᠲᠤ ᠡᠷᠭᠦᠯ ᠪᠠᠷᠢᠵᠤ᠂ ᠨᠥᠭᠥᠭᠡ ᠬᠡᠰᠡᠭ ᠢ ᠨᠢ ᠬᠡᠷᠡᠭᠯᠡᠬᠦ ᠶᠣᠰᠣᠲᠠᠢ ᠭᠡᠳᠡᠭ ᠪᠠᠶᠢᠨ᠎ᠠ᠃ ᠢᠰᠯᠠᠮ ᠤᠨ ᠬᠠᠤᠯᠢ ᠪᠠᠷ ᠭᠠᠵᠠᠷ ᠡᠵᠡᠮᠰᠢᠳᠡᠭ ᠦᠭᠡᠢ ᠬᠦᠮᠦᠨ ᠲᠠᠲᠠᠪᠤᠷᠢ ᠤᠯᠭᠤᠬᠤ ᠡᠭᠦᠷᠭᠡ ᠪᠠᠶᠢᠬᠤ ᠦᠭᠡᠢ ᠪᠣᠯᠪᠠᠴᠤ ᠡᠨᠡ ᠨᠢ ᠨᠢᠭᠡ ᠶᠣᠰᠣᠨ ᠤ ᠲᠠᠲᠠᠪᠤᠷᠢ ᠶᠢ ᠣᠷᠣᠯᠠᠳᠠᠭ ᠪᠠᠶᠢᠨ᠎ᠠ᠃ ᠡᠨᠡ ᠨᠢ ᠶᠠᠳᠠᠭᠤᠴᠤᠳ ᠢ ᠲᠡᠳᠭᠦᠬᠦ ᠮᠡᠲᠦ ᠪᠡᠷ ᠵᠠᠷᠤᠴᠠᠭᠤᠯᠤᠭᠳᠠᠳᠠᠭ ᠲᠤᠯᠠ 《ᠨᠡᠶᠢᠭᠡᠮ ᠤᠨ ᠲᠠᠲᠠᠪᠤᠷᠢ》 ᠍ ᠤᠨ ᠡᠭᠦᠷᠭᠡ ᠶᠢ ᠭᠦᠢᠴᠡᠳᠭᠡᠳᠡᠭ ᠶᠤᠮ᠃

ᠳᠢᠶᠠᠨᠴᠢᠯᠠᠯ (ᠬᠠᠵᠢ)[ᠵᠠᠰᠠᠪᠤᠷᠢᠯᠠᠬᠤ | ᠺᠣᠳ᠋ ᠢᠶᠠᠷ ᠵᠠᠰᠠᠬᠣ]

ᠢᠰᠯᠠᠮ ᠰᠢᠲᠦᠯᠭᠡ ᠲᠡᠢ ᠪᠣᠯᠭᠠᠨ ᠢᠰᠯᠠᠮ ᠤᠨ ᠲᠣᠭᠠᠯᠠᠯ ᠢᠶᠠᠷ 12 ᠰᠠᠷ᠎ᠠ ᠶᠢᠨ 7 - 12 ᠍ ᠤ ᠡᠳᠦᠷ ᠦᠳ ᠲᠦ ᠮᠧᠺᠺᠠᠳ ᠣᠴᠢᠵᠤ ᠮᠥᠷᠭᠥᠬᠦ ᠶᠣᠰᠣᠲᠠᠢ ᠭᠡᠨ᠎ᠡ᠃

ᠢᠰᠯᠠᠮ ᠤᠨ ᠤᠷᠤᠰᠬᠠᠯ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠢᠰᠯᠠᠮ ᠤᠨ ᠤᠷᠤᠰᠬᠠᠯ ᠤᠳ ᠤᠨ ᠬᠠᠮᠤᠭ ᠤᠨ ᠲᠣᠮᠣ ᠨᠢ ᠰᠤᠩᠨᠢᠲ ᠤᠳ ᠤᠨ ᠪᠦᠯᠦᠭ᠃ ᠡᠨᠡ ᠨᠢ ᠮᠤᠬᠤᠮᠮᠧᠳ᠋ ᠶᠢᠨ ᠰᠤᠷᠭᠠᠯ ᠰᠤᠩᠨᠢ ᠶᠢ ᠳᠠᠭᠠᠯᠳᠤᠬᠤ ᠬᠦᠮᠦᠨ ᠭᠡᠰᠡᠨ ᠤᠳᠬ᠎ᠠ ᠲᠠᠢ ᠠᠵᠢ᠃ ᠰᠤᠩᠨᠢ ᠳᠤ ᠳᠣᠲᠣᠷ᠎ᠠ ᠤᠷᠤᠰᠬᠠᠯ ᠪᠠᠶᠢᠬᠤ ᠦᠭᠡᠢ ᠪᠣᠯᠪᠠᠴᠤ ᠢᠰᠯᠠᠮ ᠤᠨ ᠬᠠᠤᠯᠢ ᠶᠢᠨ ᠲᠠᠶᠢᠯᠤᠯ ᠠᠴᠠ ᠰᠢᠯᠲᠠᠭᠠᠯᠠᠵᠤ 4 ᠬᠡᠰᠡᠭ ᠲᠦ ᠬᠤᠪᠢᠶᠠᠭᠳᠠᠳᠠᠭ᠃

ᠳᠠᠷᠠᠭ᠎ᠠ ᠶᠢᠨ ᠲᠣᠮᠣ ᠤᠷᠤᠰᠬᠠᠯ ᠨᠢ ᠰᠢ ᠳᠦ (ᠠᠯᠢᠭ ᠤᠨ ᠪᠦᠯᠦᠭ ᠭᠡᠳᠡᠭ ᠦᠭᠡᠨ ᠦ ᠲᠣᠪᠴᠢᠯᠠᠯ). 4 ᠍ ᠳᠦᠭᠡᠷ ᠬᠠᠯᠢᠹ ᠠᠯᠢᠭ ᠰᠢᠲᠦᠨ ᠪᠢᠰᠢᠷᠡᠭᠴᠢᠳ᠃ ᠮᠤᠬᠤᠮ ᠢᠶ᠎ᠡ ᠳᠦ ᠨᠢ ᠠᠯᠢ ᠳᠤ ᠥᠪᠡᠷ ᠦᠨ ᠢᠶᠡᠨ ᠨᠢᠭᠤᠴᠠ ᠶᠢ ᠳᠠᠮᠵᠢᠭᠤᠯᠤᠭᠰᠠᠨ ᠤᠴᠢᠷ ᠠᠴᠠ ᠮᠤᠬᠤᠮᠮᠧᠳᠢ ᠶᠢᠨ ᠴᠣᠷ ᠤᠨ ᠭᠠᠭᠴᠠ ᠳᠠᠮᠵᠢᠭᠤᠯᠤᠭᠴᠢ ᠨᠢ ᠠᠯᠢ ᠭᠡᠵᠦ ᠦᠵᠡᠳᠡᠭ ᠪᠠᠶᠢᠨ᠎ᠠ᠃ ᠳᠣᠲᠣᠷ᠎ᠠ ᠨᠢ 12 ᠢᠮᠠᠮ ᠤᠨ ᠪᠦᠯᠦᠭ᠂ ᠢᠰᠦᠮᠠᠶᠢᠯ ᠤᠨ ᠪᠦᠯᠦᠭ᠂ ᠰᠠᠶᠢᠲᠤ ᠶᠢᠨ ᠪᠦᠯᠦᠭ ᠭᠡᠵᠦ ᠬᠤᠪᠢᠶᠠᠳᠠᠭ᠃

ᠡᠬᠦᠨ ᠡᠴᠡ ᠭᠠᠳᠠᠨ᠎ᠠ ᠸᠠᠬᠢᠹᠹᠬᠠᠹ ᠭᠡᠬᠦ ᠮᠡᠲᠦ ᠶᠢᠨ ᠤᠷᠤᠰᠬᠠᠯ ᠤᠳ ᠪᠠᠶᠢᠳᠠᠭ᠃

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

http://wiki.uhaan.com/index.php?title=ᠢᠰᠯᠠᠮ&oldid=484383》 ᠍  ᠡᠴᠡ ᠠᠪᠤᠭᠰᠠᠨ

ᠪᠢᠴᠢᠭᠡᠰᠦ