ᠯᠠᠫᠤ ᠯᠠᠫᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠯᠠᠫᠤ ᠯᠠᠫᠤ ᠶᠢᠨ ᠬᠥᠰᠢᠶ᠎ᠡ᠂ ᠮᠠᠺᠲ᠋ᠠᠨ ᠠᠷᠠᠯ᠃

ᠯᠠᠫᠤ ᠯᠠᠫᠤ ᠪᠤᠶᠤ ᠠᠭᠤᠭᠤᠯ ᠨᠤᠲᠤᠭ ᠤᠨ ᠬᠢᠨ ᠤ ᠬᠦᠨᠳᠦᠳᠬᠡᠯ ᠢ ᠬᠦᠯᠢᠶᠡᠭᠰᠡᠨ ᠬᠠᠯᠢᠹ ᠫᠦᠯᠠᠺᠠ (ᠠᠩᠭᠯᠢ ᠪᠠᠷ Lapu Lapu) ᠨᠢ 1491-1547 ᠣᠨ ᠤ ᠬᠣᠭᠣᠷᠣᠨᠳᠣ ᠠᠮᠢᠳᠤᠷᠠᠵᠤ ᠪᠠᠶᠢᠴᠠᠢ᠃ ᠲᠡᠷᠡ ᠪᠡᠷ ᠹᠢᠯᠢᠫᠫᠢᠨ ᠦ ᠮᠠᠺᠲ᠋ᠠᠨ ᠠᠷᠯ ᠍ ᠍ ᠍ ᠤᠨ ᠠᠭᠤᠭᠤᠯ ᠣᠷᠣᠰᠢᠨ ᠰᠠᠭᠤᠭᠴᠢᠳ ᠪᠣᠯᠬᠤ ᠸᠢᠰᠠᠶᠠᠩᠴᠤᠳ ᠤᠨ ᠳᠠᠲᠤ ᠪᠤᠶᠤ ᠶᠡᠬᠡ ᠵᠠᠩᠵᠤᠨ᠂ ᠤᠳᠤᠷᠢᠳᠤᠭᠴᠢ ᠬᠦᠮᠦᠨ ᠪᠠᠶᠢᠪᠠ᠃ ᠲᠡᠭᠦᠨ ᠢ ᠢᠰᠫᠠᠨᠢᠴᠤᠳ ᠤᠨ ᠺᠣᠯᠣᠨᠢᠴᠢᠯᠠᠯ ᠢ ᠡᠰᠡᠷᠭᠦᠴᠡᠨ ᠪᠣᠰᠤᠭᠰᠠᠨ ᠠᠩᠬᠠᠨ ᠤ ᠠᠭᠤᠭᠤᠯ ᠢᠷᠭᠡᠳ ᠦᠨ ᠲᠣᠯᠣᠭᠠᠶᠢᠯᠠᠭᠴᠢ ᠪᠠᠶᠢᠭᠰᠠᠨ ᠭᠡᠵᠦ ᠨᠤᠲᠤᠭ ᠤᠨ ᠠᠷᠠᠳ ᠲᠦᠮᠡᠨ ᠦ ᠠᠮᠠᠨ ᠳᠣᠮᠣᠭ ᠤᠳ ᠢᠶᠠᠷ ᠲᠡᠮᠳᠡᠭᠯᠡᠭᠳᠡᠭᠰᠡᠨ ᠨᠢ ᠥᠨᠥ ᠦᠶ᠎ᠡ ᠳᠦ ᠬᠠᠳᠠᠭᠠᠯᠠᠭᠳᠠᠨ ᠦᠯᠡᠳᠡᠵᠡᠢ᠃ ᠥᠨᠥ ᠦᠶ᠎ᠡ ᠳᠦ ᠯᠠᠫᠤ ᠯᠠᠫᠤᠭ ᠹᠢᠯᠢᠫᠫᠢᠨᠢᠢ ᠠᠩᠬᠠᠨ ᠤ ᠦᠨᠳᠦᠰᠦᠨ ᠦ ᠪᠠᠭᠠᠲᠤᠷ ᠬᠡᠮᠡᠨ ᠬᠦᠨᠳᠦᠯᠡᠳᠡᠭ᠃

1521 ᠣᠨ ᠤ 4 ᠰᠠᠷ᠎ᠠ ᠶᠢᠨ 27 ᠍ ᠍ ᠍ ᠤ ᠥᠷᠯᠥᠭᠡ ᠬᠤᠷᠴᠠ ᠲᠡᠮᠦᠷ ᠦᠵᠦᠭᠦᠷ ᠲᠦ ᠬᠤᠯᠤᠰᠤᠨ ᠵᠢᠳᠠ᠂ ᠡᠷᠭᠦᠨ ᠢᠷᠲᠦ ᠺᠠᠮᠫᠢᠯᠠᠨ ᠢᠯᠳᠦ ᠪᠡᠷ ᠵᠡᠪᠰᠡᠭᠯᠡᠭᠰᠡᠨ ᠴᠡᠷᠢᠭ ᠦᠳ ᠲᠡᠢ ᠯᠠᠫᠤ ᠯᠠᠫᠤ ᠵᠠᠩᠵᠤᠨ᠂ ᠫᠣᠷᠲ᠋ᠤᠭᠠᠯ ᠭᠠᠷᠤᠯᠲᠠ ᠠᠬᠠᠮᠠᠳ ᠹᠧᠷᠨᠠᠨ ᠮᠠᠭᠧᠯᠯᠠᠨ ᠢᠶᠠᠷ ᠤᠳᠤᠷᠢᠳᠤᠭᠤᠯᠤᠭᠰᠠᠨ ᠢᠰᠫᠠᠨᠢᠢ ᠴᠡᠷᠢᠭ ᠦᠳ ᠲᠡᠢ ᠬᠠᠯᠵᠠ ᠲᠤᠯᠤᠯᠳᠤᠭᠰᠠᠨ ᠪᠠᠶᠢᠨ᠎ᠠ᠃ ᠲᠡᠦᠬᠡᠨ ᠳᠦ ᠮᠠᠺᠲ᠋ᠠᠨ ᠠᠷᠠᠯ ᠤᠨ ᠲᠤᠯᠤᠭᠠᠨ ᠬᠡᠮᠡᠨ ᠲᠡᠮᠳᠡᠭᠯᠡᠭᠳᠡᠭᠰᠡᠨ ᠲᠤᠯᠤᠭᠠᠨ ᠤ ᠳᠠᠷᠠᠭ᠎ᠠ ᠢᠰᠫᠠᠨᠢᠴᠤᠳ ᠤᠨ ᠤᠳᠤᠷᠢᠳᠤᠭᠴᠢ ᠹ᠃ᠮᠠᠭᠧᠯᠯᠠᠨ᠂ 2 ᠴᠡᠷᠢᠭ ᠦᠨ ᠢᠶᠡᠨ ᠬᠠᠮᠲᠤ ᠠᠮᠢ ᠡᠷᠡᠰᠳᠡᠨ᠂ ᠯᠠᠫᠤ ᠯᠠᠫᠤ ᠪᠠᠷ ᠤᠳᠤᠷᠢᠳᠤᠭᠤᠯᠤᠭᠰᠠᠨ ᠸᠢᠰᠠᠶᠠᠨᠴᠤᠳ ᠢᠯᠠᠯᠲᠠ ᠪᠠᠶᠢᠭᠤᠯᠵᠠᠢ᠃ ᠡᠨᠡ ᠢᠯᠠᠯᠲᠠ ᠶᠢ ᠨᠢ ᠠᠯᠳᠠᠷᠰᠢᠭᠤᠯᠤᠨ ᠮᠠᠺᠲ᠋ᠠᠨ ᠠᠷᠠᠯ ᠤᠨ ᠬᠦᠮᠦᠰ ᠲᠡᠭᠦᠨ ᠳᠦ ᠵᠣᠷᠢᠭᠤᠯᠤᠨ ᠰᠦᠮ᠎ᠡ᠂ ᠬᠥᠰᠢᠶ᠎ᠡ ᠪᠣᠰᠬᠠᠨ᠂ ᠣᠫᠣᠨ ᠬᠡᠮᠡᠨ ᠨᠡᠷᠡᠯᠡᠭᠳᠡᠵᠦ ᠪᠠᠶᠢᠭᠰᠠᠨ ᠬᠣᠲᠠ ᠶᠢ ᠯᠠᠫᠤ ᠯᠠᠫᠤ ᠬᠣᠲᠠ ᠬᠡᠮᠡᠨ ᠨᠡᠷᠡᠶᠢᠳᠬᠦ ᠪᠣᠯᠵᠠᠢ᠃ 2005 ᠣᠨ ᠳᠤ БНСУ ᠨᠠᠶᠢᠷᠠᠮᠳᠠᠯᠲᠤ ᠬᠠᠷᠢᠯᠴᠠᠭ᠎ᠠ ᠳᠤ ᠪᠠᠶᠢᠳᠠᠯ ᠢᠶᠠᠨ ᠬᠦᠨᠳᠦᠳᠬᠡᠨ ᠹᠢᠯᠢᠫᠫᠢᠨ ᠤᠯᠤᠰ ᠲᠤ ᠯᠠᠫᠤ ᠯᠠᠫᠤ ᠶᠢᠨ ᠬᠥᠰᠢᠶ᠎ᠡ ᠶᠢ ᠬᠡᠢ ᠶᠢᠨ ᠪᠡᠯᠭᠡ ᠪᠣᠯᠭᠠᠨ ᠳᠤᠷᠠᠰᠬᠠᠭᠰᠠᠨ ᠢ ᠨᠡᠶᠢᠰᠯᠡᠯ ᠮᠠᠨᠢᠯ ᠬᠣᠲᠠ ᠶᠢᠨ ᠷᠢᠽᠠᠯ ᠴᠡᠴᠡᠷᠯᠢᠭ ᠲᠦ ᠬᠦᠷᠢᠶᠡᠯᠡᠩ ᠳᠦ ᠪᠠᠶᠢᠷᠢᠯᠠᠭᠤᠯᠤᠭᠰᠠᠨ ᠪᠠᠶᠢᠳᠠᠭ ᠠᠵᠢ᠃


ᠣᠨᠴᠠᠯᠠᠬᠤ ᠦᠶ᠎ᠡ ᠨᠦᠭᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

1480 ᠣᠨ ᠤ ᠣᠷᠴᠢᠮ - ᠮᠠᠭᠧᠯᠯᠠᠨ ᠲᠦᠷᠦᠭᠰᠡᠨ᠃

1521ᠣᠨ ᠤ 4 ᠰᠠᠷ᠎ᠠ ᠶᠢᠨ 14 - ᠷᠠᠵᠤ ᠬᠤᠮᠠᠪᠤᠨ᠂ ᠲᠡᠭᠦᠨ ᠦ ᠭᠡᠷ ᠪᠦᠯᠢ᠂ ᠳᠠᠭᠠᠯᠳᠤᠭᠴᠢ ᠳᠤ ᠲᠡᠷᠢᠭᠦᠲᠡᠢ 800 ᠭᠠᠷᠤᠢ ᠠᠭᠤᠭᠤᠯ ᠬᠦᠮᠦᠰ ᠮᠠᠭᠧᠯᠯᠠᠨ ᠤ ᠢᠰᠫᠠᠨᠢᠴᠤᠳ ᠲᠠᠢ ᠨᠥᠬᠥᠷᠯᠡᠨ ᠷᠤᠮᠠᠨᠢᠶ ᠠ ᠺᠠᠲ᠋ᠣᠯᠢᠭ ᠱᠠᠰᠢᠨ ᠢ ᠬᠦᠯᠢᠶᠡᠨ ᠵᠥᠪᠰᠢᠶᠡᠷᠡᠴᠢ᠂ ᠳᠠᠭᠠᠪᠠ᠃ ᠡᠭᠦᠨ ᠦ ᠳᠠᠷᠠᠭ᠎ᠠ ᠮᠠᠭᠧᠯᠯᠠᠨ ᠰᠧᠪᠤ ᠶᠢᠨ ᠬᠦᠮᠦᠰ ᠢ 《ᠶᠢᠷᠲᠢᠨᠴᠦ ᠶᠢᠨ ᠡᠵᠡᠨ ᠦ ᠪᠣᠯᠤᠨ ᠢᠰᠫᠠᠨᠢᠢ ᠬᠠᠭᠠᠨ ᠤ ᠠᠯᠪᠠᠲᠤ ᠨᠤᠭᠤᠳ》 ᠬᠡᠮᠡᠨ ᠵᠠᠷᠯᠠᠵᠤ᠂ ᠮᠠᠺᠲ᠋ᠠᠨ ᠠᠷᠠᠯ ᠤᠨ ᠮᠦᠰᠦ᠋ᠯᠮᠠᠨ ᠱᠠᠰᠢᠨ ᠲᠤ ᠪᠤᠰᠤᠳ ᠠᠭᠤᠭᠤᠯ ᠢᠷᠭᠡᠳ ᠢ 《ᠰᠦᠮ᠎ᠡ ᠶᠢᠨ ᠳᠠᠶᠢᠰᠤᠨ ᠨᠤᠭᠤᠳ》 ᠭᠡᠵᠦ ᠨᠡᠷᠡᠯᠡᠪᠡ᠃

1521 ᠣᠨ ᠤ 4 ᠰᠠᠷ᠎ᠠ ᠶᠢᠨ 27 - ᠮᠠᠭᠧᠯᠯᠠᠨ ᠤ ᠠᠷᠮᠠᠳᠠ ᠮᠠᠺᠲ᠋ᠠᠨ ᠠᠷᠠᠯ ᠤᠨ ᠡᠷᠭᠢ ᠳᠦ ᠬᠥᠪᠥᠩ ᠢᠷᠡᠵᠦ᠂ ᠯᠠᠫᠤ ᠯᠠᠫᠤ ᠪᠣᠯᠤᠨ ᠲᠡᠭᠦᠨ ᠦ ᠳᠠᠶᠢᠴᠢᠳ ᠲᠠᠢ ᠲᠤᠯᠤᠯᠳᠤᠪᠠ᠃ ᠡᠨᠡ ᠮᠥᠷᠭᠥᠯᠳᠦᠭᠡᠨ ᠢ ᠹᠢᠯᠢᠫᠫᠢᠨ ᠦ ᠲᠡᠦᠬᠡᠨ ᠳᠦ ᠮᠠᠺᠲ᠋ᠠᠨ ᠠᠷᠠᠯ ᠤᠨ ᠲᠤᠯᠤᠭᠠᠨ ᠭᠡᠵᠦ ᠲᠡᠮᠳᠡᠭᠯᠡᠭᠰᠡᠨ ᠪᠠᠶᠢᠳᠠᠭ᠃ ᠤᠭ ᠮᠥᠷᠭᠥᠯᠳᠦᠭᠡᠨ ᠳᠦ ᠮᠠᠭᠧᠯᠯᠠᠨ ᠪᠣᠯᠤᠨ ᠲᠡᠭᠦᠨ ᠦ ᠴᠡᠷᠢᠭ ᠦᠳ ᠦᠨ ᠠᠷᠢᠮ ᠨᠢ ᠠᠯᠠᠭᠳᠠᠨ᠂ ᠤᠬᠤᠷᠢᠭᠰᠠᠨ ᠢᠶᠠᠷ ᠨᠤᠲᠤᠭ ᠤᠨ ᠠᠭᠤᠭᠤᠯ ᠠᠮᠤᠭ ᠤᠨ ᠬᠢᠨ ᠢᠯᠠᠯᠲᠠ ᠪᠠᠶᠢᠭᠤᠯᠤᠭᠰᠠᠨ ᠠᠵᠡᠢ᠃

1522 ᠣᠨ ᠤ 6 ᠰᠠᠷ᠎ᠠ ᠶᠢᠨ 9 - ᠮᠠᠭᠧᠯᠯᠠᠨ ᠤ ᠡᠺᠰᠫᠧᠳᠢᠼ ᠡᠴᠡ ᠠᠬᠠᠮᠠᠳ ᠬᠤᠸᠠ ᠶᠢᠨ ᠰᠧᠪᠠᠰᠲ᠋ᠢᠨ ᠡᠯᠺᠠᠨ᠎ᠠ ᠤᠳᠤᠷᠢᠳᠤᠭᠤᠯᠤᠭᠰᠠᠨ 18 ᠤᠰᠤᠨ ᠴᠡᠷᠢᠭ ᠪᠦᠬᠦᠢ 《ᠯᠠ ᠸᠢᠺᠲ᠋ᠣᠷᠢ ᠪᠠᠨ》 ᠬᠡᠮᠡᠬᠦ ᠭᠠᠭᠴᠠ ᠤᠰᠤᠨ ᠣᠩᠭᠣᠴᠠ ᠮᠣᠯᠤᠺᠺ ᠤᠨ ᠠᠷᠠᠯ ᠢᠶᠠᠷ ᠳᠠᠮᠵᠢᠨ᠂ ᠶᠡᠬᠡ ᠬᠡᠮᠵᠢᠶᠡᠨ ᠦ ᠬᠠᠯᠠᠭᠤᠨ ᠨᠣᠭᠣᠭ᠎ᠠ ᠲᠠᠢ ᠪᠠᠷ ᠢᠰᠫᠠᠨᠢ ᠳᠤ ᠡᠷᠭᠢᠨ ᠢᠷᠡᠵᠡᠢ᠃ ᠠᠬᠠᠮᠠᠳ ᠡᠯᠺᠠᠨ᠎ᠠ᠂ ᠲᠡᠭᠦᠨ ᠦ ᠪᠠᠭ ᠤᠨ 18 ᠭᠡᠰᠢᠭᠦᠨ ᠳᠡᠯᠡᠬᠡᠢ ᠶᠢ ᠤᠰᠤᠨ ᠵᠠᠮ ᠢᠶᠠᠷ ᠲᠣᠭᠣᠷᠢᠭᠰᠠᠨ ᠠᠩᠬᠠᠨ ᠤ ᠬᠦᠮᠦᠰ ᠬᠡᠮᠡᠨ ᠲᠡᠦᠬᠡᠨ ᠳᠦ ᠲᠡᠮᠳᠡᠭᠯᠡᠭᠳᠡᠨ ᠦᠯᠡᠳᠡᠭᠰᠡᠨ ᠪᠠᠶᠢᠨ᠎ᠠ᠃

ᠰᠣᠨᠢᠷᠬᠠᠭᠤᠯᠬᠤ ᠳᠤ[ᠵᠠᠰᠠᠪᠤᠷᠢᠯᠠᠬᠤ | ᠺᠣᠳ᠋ ᠢᠶᠠᠷ ᠵᠠᠰᠠᠬᠣ]

1971 ᠣᠨ ᠤ 10 ᠰᠠᠷ᠎ᠠ ᠶᠢᠨ 1- ᠠᠮᠧᠷᠢᠺᠠ ᠶᠢᠨ ᠨᠢᠭᠡᠳᠦᠭᠰᠡᠨ ᠤᠯᠤᠰ ᠍ ᠍ ᠍ ᠤᠨ ᠹᠯᠣᠷᠢᠳᠠ ᠮᠤᠵᠢᠡᠶᠢᠨ ᠣᠷᠣᠯᠢᠨᠳᠣ ᠬᠣᠲᠠ ᠶᠢᠨ ᠳ᠋ᠢᠰᠤᠨᠧᠢ ᠫᠠᠷᠺ ᠯᠠᠫᠤ ᠯᠠᠫᠤ ᠶᠢᠨ ᠳᠣᠮᠣᠭ ᠢᠶᠠᠷ ᠰᠡᠳᠦᠪᠯᠡᠭᠰᠡᠨ ᠵᠤᠭ᠎ᠠ ᠴᠡᠩᠭᠡᠭᠡᠨ ᠦ ᠬᠡᠰᠡᠭ ᠢ ᠨ ᠡᠴᠡᠢ᠃ ᠮᠥᠨ ᠲᠡᠭᠦᠨ ᠦ ᠨᠡᠷ᠎ᠡ ᠪᠡᠷ ᠨᠡᠷᠡᠯᠡᠭᠰᠡᠨ ᠵᠢᠮᠢᠰᠦᠨ ᠦ ᠺᠣᠺᠲ᠋ᠧᠢᠯ ᠬᠢᠬᠦ ᠪᠣᠯᠪᠠ᠃

2002, ᠯᠠᠫᠤ ᠯᠠᠫᠤ ᠶᠢᠨ ᠲᠠᠯ᠎ᠠ ᠪᠠᠷ ᠬᠢ ᠪᠦᠷᠢᠨ ᠬᠡᠮᠵᠢᠶᠡᠨ ᠦ ᠺᠢᠨᠣᠭ ᠳᠠᠬᠢᠨ ᠬᠢᠪᠡ᠃ ᠤᠷᠢᠳᠤ ᠨᠢ ᠯᠠᠫᠤ ᠯᠠᠫᠤ ᠶᠢᠨ ᠲᠠᠯ᠎ᠠ ᠪᠠᠷ 1955 ᠣᠨ ᠳᠤ ᠬᠢᠭᠳᠡᠭᠰᠡᠨ ᠺᠢᠨᠣ᠋ ᠪᠠᠶᠢᠳᠠᠭ ᠪᠥᠭᠡᠳ ᠹᠢᠯᠢᠫᠫᠢᠨ ᠦ ᠺᠢᠨᠣ᠋ ᠠᠺᠠᠳᠧᠮᠢ ᠶᠢᠨ ᠱᠠᠩᠨᠠᠯ ᠬᠦᠷᠪᠡᠳᠵ ᠪᠠᠶᠢᠴᠠᠢ᠃

ᠯᠠᠪᠯᠠᠬᠤ[ᠵᠠᠰᠠᠪᠤᠷᠢᠯᠠᠬᠤ | ᠺᠣᠳ᠋ ᠢᠶᠠᠷ ᠵᠠᠰᠠᠬᠣ]

  1. Agoncillo, Teodoro A. Magellan and Lapu-Lapu. Fookien Times Yearbook, 1965, p. 634.
  2. Alcina, Francisco, Historia de las Islas e Indios de Bisaya, MS 1668.
  3. Correa, Gaspar, Lendas de India, Vol. 2, p. 630.
  4. Cruz, Gemma, 《Making Little Hero of Mactan.》
  5. Estabaya, D. M., 445 Years of Lapu-lapu, Weekly nation 1: 26-27, April 25, 1966.
  6. Pigafetta, Antonio, Primo Viaje en Torno al Globo Terraqueo, Corredato di Notte de Carlo Amoteti, Milano, 1800.

ᠪᠢᠴᠢᠭᠡᠰᠦ