ᠯᠠᠤᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
Mergefrom.svg
Laos ᠬᠠᠭᠤᠳᠠᠰᠤ ᠶᠢ ᠡᠨᠡ ᠥᠭᠦᠯᠡᠯ ᠪᠤᠶᠤ ᠬᠡᠰᠡᠭ ᠤᠷᠤᠭᠤ ᠨᠢᠭᠡᠳᠦᠭᠦᠯᠬᠦ ᠰᠠᠨᠠᠯ ᠲᠠᠯᠪᠢᠭᠳᠠᠭᠰᠠᠨ ᠪᠠᠶᠢᠨ᠎ᠠ᠃


ᠪᠦᠭᠦᠳᠡ ᠨᠠᠶᠢᠷᠠᠮᠳᠠᠬᠤ ᠠᠷᠠᠳᠴᠢᠯᠠᠭᠰᠠᠨ
ᠯᠠᠤᠤ ᠠᠷᠠᠳ ᠤᠯᠤᠰ

ᠹᠠᠢᠢᠯ:ᠪᠨᠠᠯᠤ ᠮᠪ᠃png
ສາທາລະນະລັດ ປະຊາທິປະໄຕ
ᠲᠥᠷᠥ ᠶᠢᠨ ᠳᠠᠯᠪᠠᠭ᠎ᠠ ᠲᠥᠷᠥ ᠶᠢᠨ ᠰᠦᠯᠳᠡ
ᠤᠷᠢᠶ᠎ᠠ: ᠯᠣ᠃ "ສັນຕິພາບ ເອກະລາດ ປະຊາທິປະໄຕ ເອກະພາບ ວັດທະນາຖາວອນ"
«ᠡᠩᠬᠡ ᠲᠠᠶᠢᠪᠤᠩ᠂ ᠲᠤᠰᠠᠭᠠᠷ ᠲᠣᠭᠲᠠᠨᠢᠯ᠂ ᠠᠷᠠᠳᠴᠢᠯᠠᠯ᠂ ᠡᠪ ᠨᠢᠭᠡᠳᠦᠯ᠂ ᠬᠥᠭᠵᠢᠯ ᠴᠡᠴᠡᠭᠯᠡᠯᠲᠡ»
ᠲᠥᠷᠥ ᠶᠢᠨ ᠳᠠᠭᠤᠯᠠᠯ ᠤᠨ ᠨᠡᠷ᠎ᠡ:
ᠯᠣ᠃ "ເພງຊາດລາວ"
«ᠯᠣ ᠠᠷᠠᠳ ᠤᠨ ᠰᠦᠯᠳᠡ ᠳᠠᠭᠤᠤ»
ᠯᠣᠰ ᠤᠨ ᠪᠠᠶᠢᠷᠢᠰᠢᠯ (ᠨᠣᠭᠣᠭᠠᠨ ᠥᠩᠭᠡ)
ᠯᠣᠰ ᠤᠨ ᠪᠠᠶᠢᠷᠢᠰᠢᠯ (ᠨᠣᠭᠣᠭᠠᠨ ᠥᠩᠭᠡ)
ᠨᠡᠶᠢᠰᠯᠡᠯ 
(ᠶᠡᠬᠡ ᠬᠣᠲᠠ)
ᠸᠢᠶᠧᠨ᠋ᠲ᠋ᠠᠶᠠᠩ
ᠠᠯᠪᠠᠨ ᠬᠡᠯᠡ ᠯᠠᠤᠤ (ᠯᠣ) ᠬᠡᠯᠡ
ᠠᠷᠠᠳ ᠲᠦᠮᠡᠨ 
(2005 ᠤᠨ)
68% - ᠯᠠᠤᠤ (ᠯᠣ)
11% - ᠺᠬᠠᠮᠤ
8% - ᠬᠮᠣᠨ ᠢ (ᠮᠣᠨ)
26% - ᠪᠤᠰᠤᠳ ᠵᠠᠭᠤᠭᠠᠳ ᠦᠨᠳᠦᠰᠦᠲᠡᠨ᠂ ᠶᠠᠰᠤᠲᠠᠨ
ᠣᠯᠠᠨ ᠲᠦᠮᠡᠨ ᠯᠤᠰ ᠤᠨ ᠬᠢᠨ
ᠲᠥᠷᠥ ᠵᠠᠰᠠᠭ ᠰᠣᠴᠢᠶᠠᠯᠢᠰᠲᠤ ᠪᠦᠭᠦᠳᠡ ᠨᠠᠶᠢᠷᠠᠮᠳᠠᠬᠤ ᠵᠠᠰᠠᠭ
 -  ᠶᠡᠷᠦᠩᠬᠡᠶᠢᠯᠡᠭᠴᠢ ᠴᠢᠢᠮᠤᠮᠠᠯᠢ ᠰᠠᠶᠠᠰᠤᠨᠧ
 -  ᠶᠡᠷᠦᠩᠬᠡᠢ ᠰᠠᠶᠢᠳ ᠲᠣᠩᠰᠢᠨ ᠲᠠᠮ ᠢᠶᠠᠸᠣᠨ
ᠲᠤᠰᠠᠭᠠᠷ ᠲᠣᠭᠲᠠᠨᠢᠯ
 -  ᠯᠠᠨ ᠰᠠᠩ ᠢ ᠤᠯᠤᠰ ᠣᠷᠣᠰᠢᠨ ᠲᠣᠭᠲᠠᠨᠢᠵᠤ ᠪᠠᠶᠢᠪᠠ᠃ 1353 ᠣᠨ - 1707 ᠣᠨ 
 -  ᠹᠷᠠᠨᠼᠢᠠ ᠠᠴᠠ ᠲᠤᠰᠠᠭᠠᠷ ᠲᠣᠭᠲᠠᠨᠢᠪᠠ᠃ 1953 ᠣᠨ ᠤ 11 ᠰᠠᠷ᠎ᠠ ᠶᠢᠨ 9 
ᠨᠤᠲᠤᠭ ᠳᠡᠪᠢᠰᠬᠡᠷ
 -  ᠪᠦᠬᠦ ᠲᠠᠯᠠᠪᠠᠢ 236,800 km2 (83)
 -  ᠭᠠᠳᠠᠷᠭᠤ ᠶᠢᠨ ᠤᠰᠤ (%) 2
ᠬᠦᠮᠦᠨ ᠠᠮᠠ
 -  ᠲᠣᠭᠠᠴᠠᠭ᠎ᠠ (2009) 6,800,000 [1] (104)
 -  ᠲᠣᠭᠠᠯᠠᠯᠭ᠎ᠠ (1995) 4,574,848 
 -  ᠨᠢᠭᠲᠠᠴᠠ ᠰᠡᠶᠢᠷᠡᠭ 26.7 ᠬᠦᠮᠦᠨ/km2 
GDP (ХАЧТ) 2010 ᠣᠨ ᠤ ᠲᠣᠭᠠᠴᠠᠭ᠎ᠠ
 -  ᠨᠡᠶᠢᠲᠡ ᠳ᠋ᠦᠩ $15.693 ᠲᠡᠷᠪᠤᠮ[2] ᠬᠤᠳᠠᠯᠳᠤᠨ ᠠᠪᠬᠤ ᠴᠢᠳᠠᠪᠤᠷᠢ ᠪᠠᠷ ᠲᠡᠭᠰᠢᠳᠬᠡᠭᠳᠡᠭᠰᠡᠨ GDP  ᠢᠶᠡᠷ ᠲᠡᠯᠡᠭᠡᠢ ᠳᠦ 130  ᠳᠦ
 -  ᠨᠢᠭᠡ ᠬᠦᠨᠳᠦ $2,435[2] 
GDP (ᠨᠡᠷᠡᠯᠡᠭᠰᠡᠨ) 2010 ᠣᠨ ᠤ ᠲᠣᠭᠠᠴᠠᠭ᠎ᠠ
 -  ᠨᠡᠶᠢᠲᠡ ᠳ᠋ᠦᠩ $6.341 ᠲᠡᠷᠪᠤᠮ[2]  ᠨᠡᠷᠡᠯᠡᠭᠰᠡᠨ ᠳᠣᠲᠣᠭᠠᠳᠤ ᠶᠢᠨ ᠨᠡᠶᠢᠲᠡ ᠪᠦᠲᠦᠭᠡᠭᠳᠡᠬᠦᠨ ᠢᠶᠡᠷ ᠲᠡᠯᠡᠭᠡᠢ ᠳᠦ147 ᠳᠦ
 -  ᠨᠢᠭᠡ ᠬᠦᠨᠳᠦ $984[2] 
Gini (2008) 34.6 (ᠳᠤᠮᠳᠠᠴᠢ
ᠬᠡᠦᠬᠡᠳ ᠦᠨ ᠬᠥᠭᠵᠢᠯ ᠦᠨ ᠢᠨᠳᠧᠺᠰ (2010) 0.497[3] (ᠳᠤᠮᠳᠠᠴᠢ) (122)
ᠮᠥᠩᠭᠥᠨ ᠦ ᠨᠢᠭᠡᠴᠡ ᠯᠣ ᠺᠢᠫ (LAK)
ᠴᠠᠭ ᠤᠨ ᠪᠥᠰᠡ (GMT+7)
ᠳ᠋ᠦᠮᠠᠢᠨ ᠤ ᠨᠡᠷ᠎ᠡ .la
ᠤᠲᠠᠰᠤᠨ ᠤ ᠲᠣᠮᠢᠶ᠎ᠠ +856

ᠪᠦᠭᠦᠳᠡ ᠨᠠᠶᠢᠷᠠᠮᠳᠠᠬᠤ ᠠᠷᠠᠳᠴᠢᠯᠠᠭᠰᠠᠨ ᠯᠠᠤᠤ ᠠᠷᠠᠳ ᠤᠯᠤᠰ (ᠲᠣᠪᠣ᠃ ᠪᠦᠭᠦᠳᠡ ᠨᠠᠶᠢᠷᠠᠮᠳᠠᠬᠤ ᠠᠷᠠᠳᠴᠢᠯᠠᠭᠰᠠᠨ ᠯᠠᠤᠤ ᠠᠷᠠᠳ ᠤᠯᠤᠰ; ᠯᠠᠤᠤ ᠪᠡᠷ ສາທາລະນະລັດ ປະຊາທິປະໄຕ ປະຊາຊົນລາວ Sathalanalat Paxathipatai Paxaxon Lao) ᠪᠤᠶᠤ ᠯᠠᠤᠤ ᠤᠯᠤᠰ ᠨᠢ ᠵᠡᠭᠦᠨ-ᠡᠮᠦᠨᠡᠲᠦ ᠠᠽᠢᠶ᠎ᠠ ᠳᠤ ᠵᠡᠭᠦᠨ ᠢᠶᠡᠷ ᠢᠶᠡᠨ ᠸᠢᠶᠧᠲ᠋ᠨᠠᠮ᠂ ᠤᠷᠳᠤᠭᠤᠷ ᠢᠶᠠᠨ ᠺᠠᠮᠪᠤᠵᠠ᠂ ᠪᠠᠷᠠᠭᠤᠨ ᠤᠷᠳᠤᠭᠤᠷ ᠢᠶᠠᠨ ᠲᠠᠶᠢᠯᠠᠨᠳ᠋ , ᠪᠠᠷᠠᠭᠤᠨ ᠬᠣᠶᠢᠨ᠎ᠠ ᠪᠠᠨ ᠮᠢᠶᠠᠭ᠍ᠮᠠᠷᠬᠢᠲᠠᠳ ᠭᠡᠬᠦ 5 ᠤᠯᠤᠰ ᠢᠶᠠᠷ ᠬᠦᠷᠢᠶᠡᠯᠡᠭᠦᠯᠵᠦ ᠣᠷᠣᠰᠢᠳᠠᠭ ᠤᠯᠤᠰ ᠶᠤᠮ᠃

ᠨᠡᠶᠢᠰᠯᠡᠯ ᠨᠢ ᠸᠢᠶᠧᠨ᠋ᠲ᠋ᠠᠶᠠᠩ ᠬᠣᠲᠠ᠃ ᠠᠯᠪᠠᠨ ᠶᠣᠰᠣᠨ ᠤ ᠬᠡᠯᠡ ᠨᠢ ᠯᠠᠤᠤ.

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠡᠶᠢᠲᠡ ᠶᠢᠨ ᠲᠣᠭᠠᠯᠠᠯ ᠤᠨ 1400 ᠣᠨ᠃ ᠬᠠᠷ᠎ᠠ ᠨᠣᠭᠣᠭᠠᠨ ᠨᠢ ᠯᠠᠨ ᠰᠠᠭᠠᠨ

ᠯᠣᠰ ᠤᠨ ᠨᠤᠲᠤᠭ ᠲᠤ ᠬᠡᠳᠦ ᠬᠡᠳᠦᠨ ᠵᠢᠵᠢᠭ ᠭᠦᠩᠲᠦ ᠤᠯᠤᠰ ᠣᠷᠣᠰᠢᠨ ᠪᠠᠶᠢᠭᠰᠠᠨ ᠢ ᠨᠢᠭᠡᠳᠬᠡᠵᠦ 1353 ᠣᠨ ᠳᠤ ᠹᠠ ᠨᠤᠮ («fȁːŋum» ᠭᠡᠬᠦ ᠯᠠᠤᠤ ᠳᠠᠭᠤᠳᠠᠯᠭ᠎ᠠ ᠠᠴᠠ ᠬᠥᠷᠪᠡᠭᠦᠯᠪᠡᠯ ᠹᠠ ᠨᠤᠮ) ᠭᠡᠭᠴᠢ ᠯᠠᠨ ᠰᠠᠭᠠᠨ (ᠯᠠᠤᠤ ᠪᠡᠷ ລ້ານຊ້າງ lâansâang - «ᠰᠠᠶ᠋ᠢ ᠵᠢᠭᠠᠨ»; ᠣᠷᠣᠰ ᠶᠢᠡᠷ ᠯᠠᠨᠰᠠᠩ ᠢ ; ᠠᠩᠭᠯᠢ ᠪᠠᠷ Lan Xang - ᠯᠠᠨ ᠱᠠᠩ) ᠬᠡᠮᠡᠬᠦ ᠸᠠᠩᠲᠤ ᠤᠯᠤᠰ ᠢ ᠪᠠᠶᠢᠭᠤᠯᠤᠭᠰᠠᠨ ᠨᠢ ᠯᠣᠰ ᠤᠨ ᠠᠩᠬᠠᠨ ᠤ ᠲᠥᠪᠯᠡᠷᠡᠭᠰᠡᠨ ᠲᠥᠷᠥ ᠶᠤᠮ᠃ ᠡᠨᠡ ᠤᠯᠤᠰ ᠤᠨ 354 ᠵᠢᠯ ᠦᠨ ᠲᠤᠰᠠᠭᠠᠷ ᠲᠣᠭᠲᠠᠨᠢᠯ ᠢᠶᠠᠷ ᠪᠤᠰᠤᠳ ᠲᠠᠢᠴᠤᠳ ᠠᠴᠠ ᠢᠯᠭᠠᠷᠠᠬᠤ ᠯᠠᠤᠤ ᠦᠨᠳᠦᠰᠦᠲᠡᠨ ᠦ ᠣᠨᠴᠠᠯᠢᠭ ᠪᠥᠷᠢᠯᠳᠦᠨ ᠲᠣᠭᠲᠠᠵᠠᠢ᠃ ᠤᠯᠤᠰ ᠤᠨ ᠪᠦᠲᠦᠨ ᠨᠡᠷ᠎ᠡ ᠨᠢ ᠯᠠᠨ ᠰᠠᠩ ᠢ ᠬᠣᠮ ᠺᠬᠠᠣ - «ᠰᠠᠶ᠋ᠢ ᠵᠢᠭᠠᠨ᠂ ᠴᠠᠭᠠᠨ ᠰᠢᠬᠦᠷ ᠦᠨ ᠣᠷᠣᠨ» ᠭᠡᠨ᠎ᠡ᠃[4]

1707 ᠣᠨ ᠳᠤ ᠯᠤᠨ ᠫᠷᠠᠪᠠᠨᠸᠢᠶᠧᠨ᠋ᠲ᠋ᠠᠶᠠᠩᠴᠠᠮᠫᠠᠰᠠᠺ ᠍ ᠤᠨ ᠭᠠᠵᠠᠷ ᠲᠤ ᠲᠥᠪᠯᠡᠭᠰᠡᠨ 3 ᠭᠦᠩᠲᠦ ᠤᠯᠤᠰ ᠪᠣᠯᠤᠨ ᠬᠤᠪᠢᠶᠠᠭᠳᠠᠵᠤ ᠬᠣᠵᠢᠮ ᠪᠢᠷᠮᠰᠢᠮ᠎ᠠ ᠍ ᠤᠨ ᠳᠠᠭᠠᠷᠢᠯᠲᠠ᠂ ᠨᠥᠯᠦᠭᠡᠨ ᠳᠦ ᠥᠷᠲᠥᠵᠦ ᠡᠴᠦᠰᠲᠦᠭᠡ ᠹᠷᠠᠨᠼᠢ ᠶᠢᠨ ᠡᠨᠡᠳᠬᠡᠭ-ᠬᠢᠲᠠᠳᠠᠳᠠ ᠨᠢᠭᠡᠳᠬᠡᠭᠳᠡᠵᠡᠢ᠃ ᠯᠣᠰ ᠤᠨ ᠣᠳᠣ ᠶᠢᠨ ᠬᠢᠯᠢ ᠹᠷᠠᠨᠼᠢ ᠶᠢᠨ ᠬᠢ ᠪᠠᠶᠢᠬᠤ ᠳᠤ ᠨᠢ 1893-1904 ᠣᠨ ᠳᠤ ᠵᠢᠷᠤᠭᠳᠠᠭᠰᠠᠨ ᠶᠤᠮ᠃

ᠳᠡᠯᠡᠬᠡᠢ ᠶᠢᠨ II ᠳᠠᠶᠢᠨ ᠤ ᠦᠶ᠎ᠡ ᠳᠦ ᠶᠠᠫᠣᠨ ᠳᠤ ᠲᠦᠷᠢ ᠡᠵᠡᠯᠡᠭᠳᠡᠭᠡᠳ ᠪᠣᠯᠢᠭᠰᠠᠨ᠃ 1953 ᠣᠨ ᠤ 10 ᠰᠠᠷ᠎ᠠ ᠶᠢᠨ 22 ᠍ ᠳᠦ ᠹᠷᠠᠨᠼᠢ ᠠᠴᠠ ᠲᠤᠰᠠᠭᠠᠷ ᠲᠣᠭᠲᠠᠨᠢᠵᠤ ᠯᠣᠰ ᠤᠨ ᠸᠠᠩᠲᠤ ᠤᠯᠤᠰ ᠡᠭᠦᠰᠦᠭᠰᠡᠨ ᠴᠤ ᠲᠡᠳᠦ ᠤᠳᠠᠯ ᠦᠭᠡᠢ ᠠᠷᠠᠳ ᠤᠨ ᠵᠠᠰᠠᠭ ᠲᠣᠭᠲᠠᠭᠠᠬᠤ᠂ ᠬᠠᠭᠠᠨ ᠳᠤ ᠵᠠᠰᠠᠭ ᠢᠶᠠᠨ ᠬᠠᠳᠠᠭᠠᠯᠠᠬᠤ ᠬᠣᠶᠠᠷ ᠲᠠᠯ᠎ᠠ ᠪᠣᠯᠤᠨ ᠳᠠᠶᠢᠲᠤᠵᠠᠢ᠃ ᠡᠨᠡᠬᠦ ᠯᠣᠰ ᠤᠨ ᠢᠷᠭᠡᠨ ᠦ ᠳᠠᠶᠢᠨ ᠨᠢ ᠸᠢᠶᠧᠲ᠋ᠨᠠᠮ ᠤᠨ ᠳᠠᠶᠢᠨᠲᠠᠢ ᠬᠠᠪᠰᠤᠷᠤᠨ ᠥᠷᠨᠢᠵᠦ ᠡᠴᠦᠰᠲᠦᠭᠡ ᠸᠢᠶᠧᠲ᠋ᠨᠠᠮ ᠪᠣᠯᠤᠨ ᠯᠣᠰ ᠤᠨ ᠡᠪ ᠬᠠᠮᠳᠣ (ᠡᠪ ᠬᠠᠮᠲᠤ) ᠬᠦᠴᠦᠨ ᠦ ᠢᠯᠠᠯᠲᠠ ᠪᠠᠷ ᠲᠡᠭᠦᠰᠴᠦ ᠯᠣᠰ ᠲᠤ ᠬᠠᠭᠠᠨᠲᠤ ᠵᠠᠰᠠᠭ ᠨᠢ ᠤᠨᠠᠵᠤ᠂ 1975 ᠣᠨ ᠤ 12 ᠰᠠᠷ᠎ᠠ ᠶᠢᠨ 2 ᠍ ᠳᠦ ᠪᠦᠭᠦᠳᠡ ᠨᠠᠶᠢᠷᠠᠮᠳᠠᠬᠤ ᠠᠷᠠᠳᠴᠢᠯᠠᠭᠰᠠᠨ ᠯᠠᠤᠤ ᠠᠷᠠᠳ ᠤᠯᠤᠰ (ᠪᠦᠭᠦᠳᠡ ᠨᠠᠶᠢᠷᠠᠮᠳᠠᠬᠤ ᠠᠷᠠᠳᠴᠢᠯᠠᠭᠰᠠᠨ ᠯᠠᠤᠤ ᠠᠷᠠᠳ ᠤᠯᠤᠰ) ᠲᠤᠩᠬᠠᠭᠯᠠᠭᠳᠠᠵᠠᠢ᠃

ᠭᠠᠵᠠᠷ ᠣᠷᠣᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠯᠠᠤᠤ ᠪᠠᠷ ᠤᠷᠤᠰᠬᠤ ᠮᠧᠺᠣᠩ ᠮᠥᠷᠡᠨ

ᠯᠠᠤᠤ ᠨᠢ ᠵᠡᠭᠦᠨ ᠡᠮᠦᠨᠡᠲᠦ ᠠᠽᠢᠶ᠎ᠠ ᠍ ᠶᠢᠨ ᠣᠷᠣᠨ ᠨᠤᠭᠤᠳ ᠠᠴᠠ ᠳᠠᠯᠠᠢ ᠳᠤ ᠭᠠᠷᠤᠴᠠ ᠦᠭᠡᠢ ᠭᠠᠭᠴᠠ ᠣᠷᠣᠨ ᠶᠤᠮ᠃ ᠨᠤᠲᠤᠭ ᠨᠢ ᠬᠣᠶᠢᠳᠤ ᠥᠷᠭᠡᠷᠢᠭ ᠦᠨ 14° - 23° ᠍ ᠳᠦᠭᠡᠷ ᠵᠡᠷᠭᠡ ᠳᠦ᠂ ᠵᠡᠭᠦᠨ ᠤᠷᠲᠤᠷᠢᠭᠡᠶᠢᠨ 100° - 108° ᠍ ᠳᠦᠭᠡᠷ ᠵᠡᠷᠭᠡᠳᠡ ᠶᠢᠨ ᠬᠣᠭᠣᠷᠣᠨᠳᠣ ᠪᠠᠭᠲᠠᠳᠠᠭ᠃ ᠶᠡᠬᠡᠩᠬᠢ ᠭᠠᠵᠠᠷ ᠨᠢ ᠣᠢ ᠪᠠᠷ ᠬᠤᠴᠢᠭᠳᠠᠭᠰᠠᠨ ᠠᠭᠤᠯᠠ ᠨᠢᠷᠤᠭᠤ᠃ ᠲᠡᠨᠳᠡ ᠡᠴᠡ ᠬᠠᠮᠤᠭ ᠤᠨ ᠥᠨᠳᠥᠷ ᠴᠡᠭ ᠪᠣᠯᠬᠤ ᠫᠣᠤ ᠪᠢᠶᠠ ᠠᠭᠤᠯᠠ ᠶᠢᠨ ᠣᠷᠣᠢ ᠳ᠃ᠲ᠃ᠳ 2,818 ᠮ ᠬᠦᠷᠡᠳᠡᠭ᠃ ᠨᠤᠲᠤᠭ ᠤᠨ ᠪᠠᠷᠠᠭᠤᠨ ᠵᠠᠬ᠎ᠠ ᠪᠠᠷ ᠮᠧᠺᠣᠩ ᠮᠥᠷᠡᠨ ᠤᠷᠤᠰᠤᠨ᠎ᠠ᠃ ᠮᠥᠨ ᠯᠤᠨ ᠫᠷᠠᠪᠠᠨ (ᠪᠠᠷᠠᠭᠤᠨ ᠲᠠᠯ᠎ᠠ ᠳᠤ), ᠠᠨᠠᠮ ᠤᠨ (ᠸᠢᠶᠧᠲ᠋ᠨᠠᠮ ᠲᠠᠢ ᠵᠠᠯᠭᠠᠭ᠎ᠠ ᠵᠡᠭᠦᠨ ᠲᠠᠯ᠎ᠠ) ᠭᠡᠬᠦ ᠬᠣᠶᠠᠷ ᠨᠢᠷᠤᠭᠤ ᠶᠢ ᠣᠨᠴᠠᠯᠠᠬᠤ ᠤᠴᠢᠷᠲᠠᠢ᠃

ᠵᠢᠯ ᠦᠨ 5 ᠍ ᠠᠴᠠ 10 ᠍ ᠳᠦᠭᠡᠷ ᠰᠠᠷ᠎ᠠ ᠶᠢᠨ ᠬᠣᠭᠣᠷᠣᠨᠳᠣ ᠪᠣᠷᠣᠭᠠᠨ ᠤ ᠤᠯᠠᠷᠢᠯ ᠪᠤᠶᠤ ᠵᠤᠨ᠂ 12 ᠍ ᠠᠴᠠ 4 ᠍ ᠳᠦᠭᠡᠷ ᠰᠠᠷ᠎ᠠ ᠶᠢᠨ ᠬᠣᠭᠣᠷᠣᠨᠳᠣ ᠬᠠᠭᠤᠷᠠᠢ ᠤᠯᠠᠷᠢᠯ ᠪᠤᠶᠤ ᠡᠪᠦᠯ ᠲᠣᠬᠢᠶᠠᠳᠠᠭ᠃ ᠯᠠᠤᠤ ᠨᠢ ᠭᠣᠣᠯᠳᠠᠭᠤ ᠪᠦᠷᠢᠳᠬᠡᠯ ᠦᠨ ᠵᠣᠷᠢᠯᠭ᠎ᠠ ᠪᠠᠷ ᠨᠤᠲᠤᠭ ᠢᠶᠠᠨ ᠡᠮᠦᠨᠡᠲᠦ (ᠤᠷᠠᠳ), ᠳᠤᠮᠳᠠᠳᠤ (ᠲᠥᠪ), ᠤᠮᠠᠷᠠᠳᠤ (ᠬᠣᠶᠢᠳᠤ) ᠭᠡᠵᠦ ᠭᠤᠷᠪᠠ ᠬᠤᠪᠢᠶᠠᠨ ᠪᠦᠰᠡᠴᠢᠯᠡᠳᠡᠭ᠃[5]

ᠣᠷᠣᠨ ᠨᠤᠲᠤᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠷᠪᠠᠨ ᠳᠣᠯᠣᠭᠠᠨ ᠶᠡᠬᠡ ᠨᠤᠲᠤᠭ (ᠵᠢᠭ᠌ᠰᠠᠭᠠᠯᠳᠠ ᠶᠢᠨ ᠳ᠋ᠤᠭᠠᠷ ᠢᠶᠠᠷ)

ᠠᠷᠪᠠᠨ ᠵᠢᠷᠭᠤᠭᠠᠨ ᠠᠶᠢᠮᠠᠭ᠂ ᠨᠢᠭᠡ ᠲᠣᠭᠣᠷᠢᠭ:

1. ᠠᠲᠲ᠋ᠠᠫ ᠤ (ᠠᠲᠲ᠋ᠠᠫᠤ)
2. ᠪᠣᠺᠧᠣ (ᠪᠣᠺᠧᠸ)
3. ᠪᠣᠯᠢᠭᠬᠠᠮᠰᠠᠢ (ᠪᠣᠯᠢᠬᠠᠮᠰᠠᠢ)
4. ᠴᠠᠮᠫᠠᠰᠠᠺ (ᠵᠠᠮᠪᠠᠰᠠᠭ)
5. ᠬᠤᠸᠠᠫᠠᠬᠠᠨ
6. ᠺᠬᠠᠮᠮᠤᠨ (ᠺᠣᠮᠣᠠᠨᠢ)
7. ᠯᠤᠨᠩᠨᠠᠮᠲᠤᠬᠠ
8. ᠯᠤᠸᠠᠩ ᠢᠶᠢᠬᠠᠪᠠᠨ ᠢ (ᠯᠤᠨᠫᠠᠪᠠᠨ)
9. ᠤᠳᠤᠮᠰᠠᠢ
10. ᠫᠬᠠᠩᠭᠰᠠᠯᠢ
11. ᠰᠠᠶᠢᠨᠢᠪᠤᠯ (ᠰᠠᠶ᠋ᠢᠪᠤᠯ)
12. ᠰᠠᠯᠠᠪᠠᠨ
13. ᠰᠠᠪᠤᠩᠨᠠᠺᠬᠧᠲ (ᠰᠠᠪᠤᠩᠨᠠᠺᠸᠲ)
14. ᠰᠧᠺᠣᠩ
15. ᠸᠢᠶᠧᠨ᠋ᠲ᠋ᠠᠶᠠᠩ (ᠸᠢᠶᠧᠨᠵᠠᠨᠢ)
16. ᠸᠢᠶᠧᠨ᠋ᠲ᠋ᠠᠶᠠᠩ (ᠸᠢᠶᠧᠨᠵᠠᠨᠢ)
17. ᠰᠢᠶᠡᠩ ᠢᠶᠢᠬᠤᠸᠠᠩ ᠢ

ᠬᠣᠲᠠ ᠰᠠᠭᠤᠷᠢᠨ[ᠵᠠᠰᠠᠪᠤᠷᠢᠯᠠᠬᠤ | ᠺᠣᠳ᠋ ᠢᠶᠠᠷ ᠵᠠᠰᠠᠬᠣ]






ᠡᠳ᠋ ᠍ ᠦᠨ ᠵᠠᠰᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠯᠠᠤᠤ ᠣᠷᠣᠨ ᠤ ᠲᠤᠲᠤᠷᠭ᠎ᠠ ᠶᠢᠨ ᠨᠢᠭᠡᠨ ᠲᠠᠯᠠᠪᠠᠢ

ᠯᠣᠰ ᠤᠨ ᠡᠳ᠋ ᠍ ᠦᠨ ᠵᠠᠰᠠᠭ (ЭЗ) ᠵᠢᠯ ᠳᠤ ᠳᠤᠮᠳᠠᠴᠢ ᠪᠠᠷ 7% ᠥᠰᠦᠭᠰᠡᠭᠡᠷ ᠬᠣᠷᠢᠭᠠᠳ ᠵᠢᠯ ᠢ ᠦᠳᠡᠯᠡᠭᠡ᠃ 2008-2010 ᠣᠨ ᠤ ᠰᠠᠶ᠋ᠢᠬᠠᠨ ᠤ ᠭᠤᠷᠪᠠᠨ ᠵᠢᠯ ᠳᠤ 7.8%, 7.6%, 7.7% ᠍ ᠢ ᠪᠠᠷ ᠥᠰᠦᠭᠰᠡᠨ᠃[6] 2011 ᠣᠨ ᠳᠤ ᠬᠤᠳᠠᠯᠳᠤᠨ ᠠᠪᠬᠤ ᠴᠢᠳᠠᠪᠤᠷᠢ ᠪᠠᠷ ᠲᠡᠭᠰᠢᠳᠬᠡᠭᠰᠡᠨ ᠦᠨ᠎ᠡ ᠶᠢᠨ ДНБ ᠨᠢ $17.4 ᠲᠡᠷᠪᠤᠮ ᠪᠠᠶᠢᠵᠤ ᠬᠦᠮᠦᠨ ᠨᠢᠭᠡ ᠪᠦᠷᠢ ᠳᠦ $2,659 ᠨᠣᠭᠳᠠᠵᠠᠢ᠃[2] ᠡᠨᠡ ᠨᠢ ᠵᠡᠷᠭᠡᠯᠡᠳᠡᠭᠡ ᠬᠡᠳᠦᠨ ᠤᠯᠤᠰ᠂ ᠳᠡᠯᠡᠬᠡᠢ ᠶᠢᠨ ᠳᠤᠮᠳᠠᠴᠢ ᠠᠴᠠ ᠳᠣᠣᠭᠤᠷ ᠦᠵᠡᠭᠦᠯᠦᠯᠲᠡ ᠶᠤᠮ᠃

1976 ᠣᠨ ᠠᠴᠠ ᠰᠣᠴᠢᠶᠠᠯᠢᠰᠲᠤ ᠡᠳ᠋ ᠍ ᠦᠨ ᠵᠠᠰᠠᠭ ᠤᠨᠵᠢᠷᠤᠮᠠᠨ ᠳᠤ ᠣᠷᠣᠭᠰᠠᠨ ᠪᠣᠯ 1986 ᠣᠨ ᠳᠤ ᠲᠥᠷᠥ ᠶᠢᠨ ᠣᠷᠣᠯᠴᠠᠭ᠎ᠠ ᠶᠢ ᠲᠠᠨᠤᠵᠤ᠂ ᠬᠤᠪᠢ ᠤᠨ ᠬᠡᠪᠰᠢᠯ ᠢ ᠵᠥᠪᠰᠢᠶᠡᠷᠡᠴᠡᠢ᠃ ᠵᠠᠷᠢᠮ ᠬᠥᠷᠰᠢ ᠰᠢᠭ ᠢᠶᠡᠨ ᠵᠠᠬ᠎ᠠ ᠵᠡᠭᠡᠯᠢ ᠶᠢᠨ ᠵᠢᠷᠤᠮ ᠳᠤ ᠠᠭᠠᠵᠢᠮ ᠨᠡᠪᠲᠡᠷᠡᠴᠢ ᠪᠠᠶᠢᠭ᠎ᠠ᠃ ᠠᠦ᠋ᠲ᠋ᠣ᠋ ᠵᠠᠮ ᠤᠨ ᠰᠦᠯᠵᠢᠶ᠎ᠡ ᠰᠡᠶᠢᠷᠡᠭ᠂ ᠲᠡᠮᠦᠷ ᠵᠠᠮ ᠪᠠᠶᠢᠳᠠᠭ ᠦᠭᠡᠢ ᠨᠢ ᠵᠠᠬ᠎ᠠ ᠵᠡᠭᠡᠯᠢ ᠶᠢᠨ ᠥᠰᠦᠯᠲᠡ ᠶᠢ ᠠᠭᠠᠵᠢᠭᠤᠷᠠᠭᠤᠯᠵᠤ᠂ ᠭᠠᠳᠠᠭᠠᠳᠤ ᠶᠢᠨ ᠬᠥᠷᠥᠩᠭᠡ ᠣᠷᠣᠭᠤᠯᠤᠯᠲᠠ ᠬᠠᠷᠢᠨ ᠥᠰᠦᠯᠲᠡ ᠶᠢ ᠬᠥᠭᠵᠢᠭᠡᠳᠡᠭ᠃

ᠬᠥᠳᠡᠭᠡ ᠠᠵᠤ ᠠᠬᠤᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠯᠤᠰ ᠣᠷᠣᠨ ᠤ ᠡᠳ᠋ ᠍ ᠦᠨ ᠵᠠᠰᠠᠭ ᠲᠤ ᠠᠵᠤ ᠦᠢᠯᠡᠳᠪᠦᠷᠢ᠂ ᠦᠢᠯᠡᠴᠢᠯᠡᠭᠡᠨ ᠡᠴᠡ ᠢᠯᠡᠭᠦᠦ ᠪᠡᠷ ᠬᠥᠳᠡᠭᠡ ᠠᠵᠤ ᠠᠬᠤᠢ (ХАА) ᠭᠣᠣᠯᠯᠠᠳᠠᠭ᠃ ᠣᠳᠣ ᠴᠤ ᠭᠡᠰᠡᠨ ᠠᠵᠢᠯᠯᠠᠬᠤ ᠬᠦᠴᠦᠨ ᠦ ᠶᠡᠬᠡᠩᠬᠢ᠂ ДНБ ᠍ ᠦᠨ ᠬᠠᠭᠠᠰ ᠨᠢ ХАА ᠍ ᠳᠦ ᠨᠣᠭᠳᠠᠨ᠎ᠠ᠃ ᠴᠠᠭᠠᠨ ᠪᠤᠳᠠᠭ᠎ᠠ ᠶᠢ ᠨᠤᠲᠤᠭ ᠤᠨ ᠤᠷᠳᠤ ᠪᠠ ᠪᠠᠷᠠᠭᠤᠨ ᠬᠡᠰᠡᠭ ᠦᠨ ᠨᠠᠮ ᠳᠣᠣᠷ᠎ᠠ ᠭᠠᠵᠠᠷ᠂ ᠭᠣᠣᠯ ᠤᠨ ᠬᠥᠨᠳᠡᠢ ᠪᠡᠷ᠂ ᠡᠷᠳᠡᠨᠢ ᠰᠢᠰᠢᠡᠶᠢᠭ ᠠᠭᠤᠯᠠᠷᠬᠠᠭ ᠨᠤᠲᠤᠭ ᠢᠶᠠᠷ ᠭᠣᠣᠯᠯᠠᠨ ᠲᠠᠷᠢᠶᠠᠯᠠᠳᠠᠭ᠃ ᠠᠭᠤᠷ ᠠᠮᠢᠰᠬᠤᠯ ᠨᠢ ᠲᠠᠭᠠᠷᠠᠳᠠᠭ᠂ ᠳᠤᠯᠠᠭᠠᠨ ᠶᠡᠬᠡ ᠱᠠᠭᠠᠷᠳᠠᠳᠠᠭ ᠬᠥᠪᠥᠩᠲᠠᠮᠠᠬᠢᠰᠢᠬᠢᠷ ᠦᠨ ᠨᠢᠰᠢᠩᠭᠦᠺᠣᠹᠧᠺᠠᠤᠢᠴᠤᠤᠶᠢ ᠲᠠᠷᠢᠶᠠᠯᠠᠳᠠᠭ᠃ МАА ᠍ ᠳᠦ ᠵᠢᠳᠬᠦᠬᠦ ᠬᠦᠴᠦ ᠪᠣᠯᠭᠠᠬᠤ ᠪᠤᠶᠢᠪᠠᠯ ᠦᠬᠡᠷ᠂ ᠮᠥᠨ ᠭᠠᠬᠠᠢ᠂ ᠰᠢᠪᠠᠭᠤ ᠥᠰᠬᠡᠨ᠎ᠡ᠃ ᠪᠠᠰᠠ ᠭᠣᠣᠯ ᠮᠥᠷᠡᠨ ᠡᠴᠡ ᠵᠢᠭᠠᠰᠤ ᠪᠠᠷᠢᠵᠤ ᠠᠰᠢᠭᠯᠠᠳᠠᠭ᠃

ᠠᠵᠤ ᠦᠢᠯᠡᠳᠪᠦᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠯᠣᠰ ᠤᠨ ᠠᠵᠤ ᠦᠢᠯᠡᠳᠪᠦᠷᠢ ᠨᠦᠭᠦᠳ ᠨᠢ ᠪᠠᠶᠢᠭᠠᠯᠢ ᠶᠢᠨ ᠨᠥᠭᠡᠴᠡ ᠪᠡᠨ ᠲᠦᠰᠢᠭᠯᠡᠨ ᠬᠠᠯᠠᠭᠤᠨ ᠣᠷᠣᠨ ᠤ ᠦᠨᠡᠲᠦ ᠣᠢ᠂ ᠤᠰᠤᠨ ᠤ ᠡᠷᠴᠢᠮ ᠬᠦᠴᠦ᠂ ᠡᠷᠦᠳᠡᠰᠦ ᠶᠢᠨ ᠠᠰᠢᠭᠲᠤ ᠮᠠᠯᠲᠠᠮᠠᠯ ᠪᠦᠬᠦᠢ ᠨᠤᠲᠤᠭ ᠲᠤ ᠪᠠᠶᠢᠷᠢᠰᠢᠳᠠᠭ᠃ ᠭᠠᠷ ᠠᠷᠭ᠎ᠠ ᠪᠠᠷ ᠮᠣᠳᠣ ᠪᠣᠯᠪᠠᠰᠤᠷᠠᠭᠤᠯᠬᠤ ᠦᠢᠯᠡᠳᠪᠦᠷᠢ᠂ ᠬᠦᠨᠡᠰᠦᠨ ᠦ ᠦᠢᠯᠡᠳᠪᠦᠷᠢ ᠭᠣᠣᠯᠯᠠᠨ ᠬᠥᠭᠵᠢᠭᠰᠡᠨ᠃ ᠲᠡᠳᠡᠭᠡᠷ ᠦᠨ ᠣᠯᠠᠩᠬᠢ ᠨᠢ ᠸᠢᠶᠧᠨ᠋ᠲ᠋ᠠᠶᠠᠩ ᠬᠣᠲᠠ᠂ ᠲᠡᠭᠦᠨ ᠦ ᠣᠶᠢᠷᠠᠯᠴᠠᠭ᠎ᠠ ᠪᠠᠶᠢᠷᠢᠰᠢᠳᠠᠭ᠃ ᠮᠥᠨ ᠲᠡᠮᠦᠷᠯᠢᠭ ᠦᠨ ᠵᠢᠵᠢᠭ ᠦᠢᠯᠡᠳᠪᠦᠷᠢ᠂ ᠳᠤᠯᠠᠭᠠᠨ ᠤ ᠴᠠᠬᠢᠯᠭᠠᠨ ᠰᠲ᠋ᠠᠨᠼᠢ ᠦᠳ ᠪᠠᠷᠢᠭᠳᠠᠭᠰᠠᠨ᠃ ᠮᠧᠺᠣᠩ ᠮᠥᠷᠡᠨ ᠦ ᠴᠢᠳᠬᠤᠯ ᠨᠤᠮ ᠭᠣᠣᠯ ᠳᠡᠭᠡᠷ᠎ᠡ ᠡᠨᠡᠳᠬᠡᠭ-ᠳᠤᠮᠳᠠᠳᠤ ᠶᠢᠨ ᠬᠣᠶᠢᠭ ᠲᠤ ᠲᠣᠮ ᠳᠤ ᠤᠷᠤᠬᠤ ᠤᠰᠤᠨ ᠴᠠᠬᠢᠯᠭᠠᠨ ᠰᠲ᠋ᠠᠨᠼ (100 ᠮᠢᠩᠭ᠎ᠠ᠃ᠺᠦᠸᠠᠳ᠋) ᠪᠠᠶᠢᠭᠤᠯᠤᠭᠰᠠᠨ᠃ ᠠᠭᠤᠯᠠ ᠠᠭᠤᠷᠬᠠᠢ ᠶᠢᠨ ᠦᠢᠯᠡᠳᠪᠦᠷᠢ ᠡᠴᠡ ᠴᠠᠭᠠᠨ ᠲᠤᠭᠤᠯᠭᠠᠨ ᠤ ᠪᠠᠶᠠᠵᠢᠮᠠᠯ ᠦᠢᠯᠡᠳᠪᠦᠷᠢᠯᠡᠨ ᠡᠺᠰᠫᠣᠷᠲᠯᠠᠨ᠎ᠠ᠃

ᠬᠦᠮᠦᠨ ᠠᠮᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠯᠣᠰ ᠤᠨ ᠬᠣᠶᠢᠳᠤ ᠨᠤᠲᠤᠭ᠂ ᠬᠥᠳᠡᠭᠡ ᠶᠢᠨ ᠪᠢᠴᠢᠬᠠᠨ ᠲᠣᠰᠬᠣᠨ ᠤ ᠪᠠᠭ᠎ᠠ ᠠᠩᠬᠢ ᠶᠢᠨ ᠰᠤᠷᠤᠭᠴᠢᠳ

ᠯᠠᠤᠤ 2011 ᠣᠨ ᠤ 7 ᠍ ᠳᠦᠭᠡᠷ ᠰᠠᠷ᠎ᠠ ᠳᠤ 6.5 ᠰᠠᠶ᠎ᠠ ᠬᠦᠮᠦᠨ ᠲᠡᠢ ᠪᠠᠶᠢᠭᠰᠠᠨ᠃ ᠬᠦᠮᠦᠨ ᠠᠮᠠ ᠶᠢᠨ ᠨᠢᠭᠲᠠᠰᠢᠯ - 23.4/ᠺᠮ²᠃[1] ᠠᠷᠠᠳ ᠢᠷᠭᠡᠳ ᠨᠢ ᠲᠠᠷᠢᠶᠠᠴᠢᠨ ᠠᠵᠤ ᠪᠠᠶᠢᠳᠠᠯ ᠢᠶᠠᠨ ᠳᠠᠭᠠᠭᠠᠳ ᠴᠤ ᠲᠡᠷᠡ ᠦᠦ ᠲᠠᠷᠠᠤ ᠰᠠᠭᠤᠷᠢᠰᠢᠳᠠᠭ᠃ ᠣᠯᠠᠩᠬᠢ ᠨᠢ ᠮᠧᠺᠣᠩ ᠪᠣᠯᠤᠨ ᠲᠡᠭᠦᠨ ᠦ ᠴᠢᠳᠬᠤᠯ ᠭᠣᠣᠯ ᠤᠳ ᠤᠨ ᠬᠥᠨᠳᠡᠢ ᠳᠤ ᠠᠮᠢᠳᠤᠷᠠᠳᠠᠭ᠃ ᠨᠡᠶᠢᠰᠯᠡᠯ ᠸᠢᠶᠧᠨ᠋ᠲ᠋ᠠᠶᠠᠩ 569 ᠮᠢᠩᠭᠠᠭᠠᠨ ᠬᠦᠮᠦᠨ ᠲᠡᠢ᠃ ᠸᠢᠶᠧᠨ᠋ᠲ᠋ᠠᠶᠠᠩ ᠠᠴᠠ ᠭᠠᠳᠠᠨ᠎ᠠ ᠫᠠᠺᠰᠧᠰᠠᠪᠤᠩᠨᠠᠺᠬᠧᠲ ᠭᠡᠬᠦ ᠪᠤᠮ ᠳᠠᠪᠠᠭᠰᠠᠨ ᠬᠦᠮᠦᠨ ᠲᠡᠢ 2 ᠬᠣᠲᠠ ᠪᠤᠢ᠃

ᠯᠠᠤᠤ ᠪᠣᠯ ᠣᠯᠠᠨ ᠦᠨᠳᠦᠰᠦᠲᠡᠨ᠂ ᠶᠠᠰᠤᠲᠠᠨ ᠤ ᠤᠯᠤᠰ᠃ ᠲᠡᠶᠢᠮᠦ ᠡᠴᠡ ᠮᠣᠩᠭᠣᠯ ᠬᠡᠯᠡᠨ ᠢᠶᠡᠨ ᠯᠠᠤᠤ ᠬᠦᠮᠦᠨ - ᠯᠣᠰᠴᠤᠳ᠂ ᠯᠣᠰ ᠤᠨ ᠬᠦᠮᠦᠨ - ᠯᠤᠰ ᠤᠨ ᠬᠢᠨ ᠭᠡᠵᠦ ᠨᠡᠷ᠎ᠡ ᠲᠣᠮᠢᠶ᠎ᠠ ᠪᠠᠷ ᠢᠯᠭᠠᠨ ᠤᠶᠢᠯᠠᠭᠠᠬᠤ ᠬᠡᠷᠡᠭ ᠭᠠᠷᠬᠤ ᠶᠢ ᠴᠤ ᠦᠭᠡᠶᠢᠰᠬᠡᠬᠦ ᠦᠭᠡᠢ᠃ 82 ᠢᠯᠭᠠᠭᠳᠠᠬᠤ ᠬᠡᠯᠡ ᠪᠦᠬᠦᠢ [7] 160 ᠤᠭᠰᠠᠭᠠᠲᠠᠨ ᠶᠠᠰᠤᠲᠠᠨ ᠪᠠᠶᠢᠭ᠎ᠠ ᠶᠢ ᠨᠢ 2005 ᠣᠨ ᠳᠤ 49 ᠪᠣᠯᠭᠠᠨ ᠪᠠᠭᠴᠠᠯᠠᠨ ᠪᠦᠷᠢᠳᠬᠡᠵᠡᠢ᠃[8] ᠣᠯᠠᠩᠬᠢ ᠪᠤᠶᠤ 54.6% ᠨᠢ ᠯᠠᠤᠤ ᠦᠨᠳᠦᠰᠦᠲᠡᠨ (ᠯᠣ ᠴᠤ ᠭᠡᠵᠦ ᠪᠠᠰᠠ ᠪᠢᠴᠢᠨ᠎ᠡ) (2005). ᠲᠡᠳᠡᠨ ᠦ ᠲᠥᠷᠥᠯᠬᠢ ᠯᠠᠤᠤ ᠬᠡᠯᠡ ᠨᠢ ᠤᠯᠤᠰ ᠤᠨ ᠠᠯᠪᠠᠨ ᠶᠣᠰᠣᠨ ᠤ ᠬᠡᠯᠡ ᠪᠡᠷ ᠪᠠᠲᠤᠯᠠᠭᠳᠠᠭᠰᠠᠨ ᠪᠠᠶᠢᠳᠠᠭ᠃ ᠯᠠᠤᠤ ᠬᠡᠯᠡ ᠪᠣᠯ ᠬᠡᠯᠡ ᠰᠢᠨᠵᠢᠯᠡᠯ ᠦᠨ ᠲᠥᠷᠥᠯ ᠭᠠᠷᠤᠯ ᠤᠨ ᠠᠩᠬᠢᠯᠠᠯ ᠢᠶᠠᠷ ᠲᠠᠢ-ᠺᠠᠳᠠᠢ ᠢᠵᠠᠭᠤᠷ ᠤᠨ ᠲᠠᠢ ᠰᠠᠯᠪᠤᠷᠢ ᠳᠤ ᠬᠠᠷᠢᠶᠠᠯᠠᠭᠳᠠᠬᠤ ᠬᠡᠯᠡ ᠶᠤᠮ᠃ ᠲᠡᠳᠡᠨ ᠦ ᠠᠷᠤ ᠠᠴᠠ ᠮᠣᠨ-ᠺᠬᠮᠧᠷ ᠲᠥᠷᠥᠯ ᠦᠨ ᠬᠡᠯᠡ ᠲᠡᠢ ᠺᠬᠠᠮᠤ ᠬᠦᠮᠦᠰ 10.9% ᠍ ᠢ᠂ ᠬᠮᠣᠨ ᠢ-ᠮᠢᠶᠡᠩ ᠲᠥᠷᠥᠯ ᠦᠨ ᠬᠡᠯᠡ ᠲᠡᠢ ᠬᠮᠣᠨ ᠢ (ᠮᠣᠨ) ᠬᠦᠮᠦᠰ 8.0% ᠍ ᠢ᠂ ᠪᠤᠰᠤᠳ ᠨᠢ 25.5% ᠍ ᠶᠢ ᠪᠦᠷᠢᠳᠦᠭᠦᠯᠳᠡᠭ ᠠᠵᠤ᠃

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. 1.0 1.1 Background notes – Laos. US Dept. of State. 20 January 2011 ᠍ ᠳᠦ ᠬᠠᠨᠳᠤᠭᠰᠠᠨ᠃
  2. 2.0 2.1 2.2 2.3 2.4 Laos. International Monetary Fund. 30 April 2011 ᠍ ᠳᠦ ᠬᠠᠨᠳᠤᠭᠰᠠᠨ᠃
  3. Human Development Report 2009. Human development index trends: Table G. The United Nations. 5 October 2009 ᠍ ᠳᠦ ᠬᠠᠨᠳᠤᠭᠰᠠᠨ᠃
  4. ᠬᠡᠦᠬᠡᠳ - ᠵᠠᠯᠠᠭᠤᠴᠤᠳ ᠤᠨ ᠨᠡᠪᠲᠡᠷᠬᠡᠢ ᠲᠣᠯᠢ᠃ III ᠪᠣᠲᠢ
  5. Nsc Lao Pdr. Nsc.gov.la. 2012-01-21 ᠍ ᠳᠦ ᠬᠠᠨᠳᠤᠭᠰᠠᠨ᠃
  6. indexmundi: CIA World Factbook
  7. Ethnologue report for Laos
  8. Indigenous Peoples Development Planning Document
http://wiki.uhaan.com/index.php?title=ᠯᠠᠤᠤ&oldid=431979》 ᠍  ᠡᠴᠡ ᠠᠪᠤᠭᠰᠠᠨ

ᠪᠢᠴᠢᠭᠡᠰᠦ