ᠮ 1 ᠠᠪᠷᠠᠮᠰᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
M1A2 ᠠᠪᠷᠠᠮᠰᠠ

ᠮ 1 ᠠᠪᠷᠠᠮᠰᠠ (ᠠᠩᠭᠯᠢ ᠪᠠᠷ M1 Abrams) ᠨᠢ ᠠᠮᠧᠷᠢᠺᠠ ᠶᠢᠨ ᠨᠢᠭᠡᠳᠦᠭᠰᠡᠨ ᠤᠯᠤᠰ ᠍ ᠤᠨ 3 ᠍ ᠳᠦᠭᠡᠷ ᠦᠶ᠎ᠡ ᠶᠢᠨ ᠭᠣᠣᠯ ᠪᠠᠶᠢᠯᠳᠤᠭᠠᠨ ᠤ ᠲᠠᠩᠺ ᠶᠤᠮ᠃ ᠡᠨᠡ ᠲᠠᠩᠺ ᠢ ᠺᠷᠠᠶᠢᠰᠯᠧᠷ ᠺᠣᠮᠫᠠᠨᠢ ᠳᠤ ᠵᠣᠬᠢᠶᠠᠨ ᠪᠦᠲᠦᠭᠡᠵᠦ᠂ ᠯᠢᠮᠠᠭ ᠤᠨ ᠲᠠᠩᠺᠠᠨ ᠤ ᠺᠣᠮᠫᠠᠨᠢ ᠪᠠ ᠳ᠋ᠧᠲ᠋ᠷᠣᠶᠢᠲᠤ ᠶᠢᠨ ᠲᠠᠩᠺᠠᠨ ᠤ ᠺᠣᠮᠫᠠᠨᠢ ᠳᠤ ᠬᠠᠮᠲᠤᠷᠠᠨ ᠦᠢᠯᠡᠳᠪᠦᠷᠢᠯᠡᠳᠡᠭ᠃ ᠨᠡᠶᠢᠲᠡ 9000 ᠭᠠᠷᠤᠢ ᠶᠢ ᠦᠢᠯᠡᠳᠪᠦᠷᠢᠯᠡᠭᠡᠳ ᠪᠠᠶᠢᠨ᠎ᠠ᠃ ᠨᠢᠭᠡ ᠪᠦᠷᠢ ᠶᠢᠨ ᠦᠨ᠎ᠡ 6.2 ᠰᠠᠶ᠎ᠠ ᠠᠮᠠ᠃ ᠳ᠋ᠣᠯᠯᠠᠷ᠃

ᠪᠣᠳᠠᠲᠤ ᠦᠵᠡᠭᠦᠯᠦᠯᠲᠡ: ᠦᠢᠯᠡᠳᠪᠦᠷᠢᠯᠡᠭᠴᠢ: ᠵᠧᠨᠧᠷᠠᠯ ᠮᠣᠲ᠋ᠣᠷᠰ ᠺᠣᠮᠫᠠᠨᠢ ᠡᠺᠢᠫᠠᠵ: 4 ᠬᠦᠮᠦᠨ ᠨᠡᠶᠢᠲᠡ ᠤᠷᠲᠤ: 9.83 ᠮᠧᠲ᠋ᠷ ᠨᠡᠶᠢᠲᠡ ᠥᠷᠭᠡᠨ: 3.657 ᠮᠧᠲ᠋ᠷ ᠨᠡᠶᠢᠲᠡ ᠵᠢᠩ: 63 ᠲᠣᠨ (ᠪᠦᠷᠢᠨ ᠵᠡᠪᠰᠡᠭᠯᠡᠯᠲᠡᠢ) ᠵᠠᠰᠠᠮᠠᠯ ᠵᠠᠮ ᠳᠡᠭᠡᠷᠡᠬᠢ ᠳᠡᠭᠡᠳᠦ ᠬᠤᠷᠳᠤ: 67.6 ᠺᠢᠯᠣᠮᠧᠲ᠋ᠷ\ᠴᠠᠭ ᠵᠠᠰᠠᠮᠠᠯ ᠵᠠᠮ ᠳᠡᠭᠡᠷᠡᠬᠢ ᠲᠤᠭᠤᠯᠬᠤ ᠴᠢᠳᠠᠪᠤᠷᠢ: 465 ᠺᠢᠯᠣᠮᠧᠲ᠋ᠷ ᠭᠣᠣᠯ ᠵᠡᠪᠰᠡᠭ: 1 ᠰᠢᠷᠬᠡᠭ 120 ᠮᠢᠯᠯᠢᠮᠧᠲ᠋ᠷ ᠦᠨ ᠭᠥᠯᠢᠭᠡᠷ ᠠᠮᠠ ᠲᠠᠢ ᠪᠤᠤ 1 ᠰᠢᠷᠬᠡᠭ 7.62 ᠮᠢᠯᠯᠢᠮᠧᠲ᠋ᠷ ᠦᠨ ᠮ 240 ᠵᠡᠷᠭᠡᠴᠡᠭᠡ ᠠᠦ᠋ᠲ᠋ᠣᠮᠠᠲ 1 ᠰᠢᠷᠬᠡᠭ 12.7 ᠮᠢᠯᠯᠢᠮᠧᠲ᠋ᠷ ᠦᠨ ᠮ 2 ᠠᠷᠲ᠋ᠢᠯᠯᠧᠷᠢ

ᠡᠭᠦᠰᠦᠭᠰᠡᠨ ᠲᠡᠦᠬᠡ: ᠳᠡᠯᠡᠬᠡᠢ ᠶᠢᠨ 2 ᠍ ᠳᠦᠭᠡᠷ ᠳᠠᠶᠢᠨ ᠤ ᠦᠶ᠎ᠡ ᠳᠦ ᠵᠥᠪᠯᠡᠯᠲᠦ ᠪᠣᠯᠤᠨ ᠭᠧᠷᠮᠠᠨ ᠬᠣᠶᠠᠷ ᠤᠯᠤᠰ ᠨᠢ ᠲᠠᠩᠺ ᠦᠢᠯᠡᠳᠪᠦᠷᠢᠯᠡᠯ ᠢᠶᠡᠷ ᠢᠶᠡᠨ ᠲᠡᠷᠢᠭᠦᠯᠡᠵᠦ ᠪᠠᠶᠢᠭᠰᠠᠨ᠃ ᠡᠭᠦᠨ ᠦ ᠵᠢᠱᠢᠶ᠎ᠡ ᠨᠢ "ᠰᠣᠩᠭᠣᠳᠠᠭ ᠤᠯᠠᠭᠠᠨ" ᠴᠣᠯᠠ ᠲᠠᠢ ᠲ-34 ᠳᠤᠮᠳᠠ ᠣᠪᠣᠷ ᠤᠨ ᠲᠠᠩᠺ᠂ "ᠦᠬᠦᠯ ᠦᠨ ᠠᠪᠤᠷᠭᠤ" ᠪᠠᠷᠰ ᠵᠠᠭᠪᠤᠷ ᠤᠨ ᠬᠦᠨᠳᠦ ᠲᠠᠩᠺᠠᠨ ᠨᠤᠭᠤᠳ ᠶᠤᠮ᠃ ᠵᠥᠪᠯᠡᠯᠲᠦ ᠬᠣᠯᠪᠣᠭᠠᠲᠤ ᠤᠯᠤᠰ ᠪᠣᠯᠤᠨ ᠭᠧᠷᠮᠠᠨ ᠤ ᠲᠠᠩᠺ ᠲᠠᠢ᠂ ᠠᠮᠧᠷᠢᠺᠠ ᠶᠢᠨ ᠨᠢᠭᠡᠳᠦᠭᠰᠡᠨ ᠤᠯᠤᠰ ᠶᠢᠨ ᠳᠡᠯᠡᠬᠡᠢ ᠶᠢᠨ 2 ᠍ ᠳᠦᠭᠡᠷ ᠳᠠᠶᠢᠨ ᠳᠤ ᠠᠰᠢᠭᠯᠠᠭᠰᠠᠨ ᠲᠠᠩᠺᠠᠨ ᠨᠤᠭᠤᠳ ᠬᠠᠷᠢᠴᠠᠭᠤᠯᠤᠯᠲᠠ ᠦᠭᠡᠢ ᠪᠠᠶᠢᠭᠰᠠᠨ᠃ ᠲᠡᠷᠡ ᠴᠤ ᠪᠠᠶᠢᠲᠤᠭᠠᠢ ᠠᠮᠧᠷᠢᠺᠠ ᠶᠢᠨ ᠨᠢᠭᠡᠳᠦᠭᠰᠡᠨ ᠤᠯᠤᠰ ᠤᠨ ᠠᠷᠮᠢ ᠶᠢᠨ ᠮ 4 ᠵᠠᠭᠪᠤᠷ ᠤᠨ ᠲᠠᠩᠺ ᠨᠢ "ᠰᠢᠲᠠᠮᠠᠬᠠᠢ ᠠᠰᠠᠭᠠᠭᠤᠷ" ᠭᠡᠳᠡᠭ ᠬᠣᠴᠢ ᠲᠠᠢ ᠪᠠᠶᠢᠴᠠᠢ᠃ ᠳᠡᠯᠡᠬᠡᠢ ᠶᠢᠨ 2 ᠍ ᠳᠦᠭᠡᠷ ᠳᠠᠶᠢᠨ ᠳᠠᠭᠤᠰᠤᠭᠰᠠᠨ ᠤ ᠳᠠᠷᠠᠭ᠎ᠠ ᠳᠣᠮᠣᠭᠲᠤ ᠳᠤᠮᠳᠠ ᠪᠣᠯᠤᠨ ᠬᠦᠨᠳᠦ ᠣᠪᠣᠷ ᠤᠨ ᠲᠠᠩᠺ ᠭᠡᠬᠦ ᠠᠩᠬᠢᠯᠠᠯ ᠡᠳᠦᠷ ᠢᠷᠡᠬᠦ ᠲᠤᠰᠤᠮ ᠪᠦᠳᠡᠭᠢᠷᠡᠵᠦ ᠣᠷᠣᠨ ᠳᠤ ᠨᠢ ᠪᠠᠶᠢᠯᠳᠤᠭᠠᠨ ᠤ ᠦᠨᠳᠦᠰᠦᠨ ᠲᠠᠩᠺᠠᠨ ᠤ ᠦᠶ᠎ᠡ ᠡᠬᠢᠯᠡᠯ᠎ᠡ᠃ ᠠᠮᠧᠷᠢᠺᠠ ᠶᠢᠨ ᠨᠢᠭᠡᠳᠦᠭᠰᠡᠨ ᠤᠯᠤᠰ ᠲᠠᠩᠺ ᠢᠶᠠᠨ ᠰᠠᠶᠢᠵᠢᠷᠠᠭᠤᠯᠤᠨ ᠰᠤᠳᠤᠯᠵᠤ ᠦᠷᠭᠦᠯᠵᠢᠯᠡᠭᠦᠯᠦᠨ ᠮ 48 ᠪᠣᠯᠤᠨ ᠮ 60 ᠲᠠᠩᠺᠠᠨ ᠨᠤᠭᠤᠳ ᠢ ᠦᠢᠯᠡᠳᠪᠦᠷᠢᠯᠡᠭᠰᠡᠭᠡᠷ ᠪᠠᠶᠢᠭᠰᠠᠨ ᠴᠤ ᠳᠡᠯᠡᠬᠡᠢ ᠶᠢᠨ ᠰᠢᠯᠢᠳᠡᠭ ᠦᠳ ᠦᠨ ᠡᠩᠨᠡᠭᠡᠨ ᠳᠦ ᠣᠷᠣᠵᠤ ᠴᠢᠳᠠᠬᠤ ᠦᠭᠡᠢ ᠯᠠ ᠪᠠᠶᠢᠯ᠎ᠠ᠃ 1971 ᠣᠨ ᠳᠤ ᠠᠮᠧᠷᠢᠺᠠ ᠶᠢᠨ ᠨᠢᠭᠡᠳᠦᠭᠰᠡᠨ ᠤᠯᠤᠰ ᠤᠨ ᠬᠠᠭᠤᠷᠠᠢ ᠵᠠᠮ ᠤᠨ ᠠᠷᠮᠢ ᠰᠢᠢᠳᠪᠦᠷᠢ ᠭᠠᠷᠭᠠᠵᠤ ᠵᠧᠨᠧᠷᠠᠯ ᠮᠣᠲ᠋ᠣᠷᠰ ᠪᠣᠯᠤᠨ ᠺᠷᠠᠶᠢᠰᠯᠧᠷ ᠺᠣᠮᠫᠠᠨᠢ ᠨᠤᠭᠤᠳ ᠲᠠᠢ ᠬᠠᠮᠲᠤᠷᠠᠨ "ХМ 1" ᠰᠢᠨ᠎ᠡ ᠲᠥᠷᠥᠯ ᠦᠨ ᠲᠠᠩᠺ ᠬᠢᠬᠦ ᠲᠥᠰᠥᠯ ᠬᠡᠷᠡᠭᠵᠢᠭᠦᠯᠵᠡᠢ᠃ 10 ᠵᠢᠯ ᠰᠤᠳᠤᠯᠤᠭᠰᠠᠨ ᠤ ᠡᠴᠦᠰ ᠲᠦ 1981 ᠣᠨ ᠤ 2 ᠍ ᠳᠦᠭᠡᠷ ᠰᠠᠷ᠎ᠠ ᠳᠤ ᠠᠮᠧᠷᠢᠺᠠ ᠶᠢᠨ ᠨᠢᠭᠡᠳᠦᠭᠰᠡᠨ ᠤᠯᠤᠰ ᠤᠨ ᠬᠠᠭᠤᠷᠠᠢ ᠵᠠᠮ ᠤᠨ ᠠᠷᠮᠢ ᠰᠢᠨ᠎ᠡ ᠲᠥᠷᠥᠯ ᠦᠨ ᠲᠠᠩᠺ ᠢ ᠰᠢᠯᠭᠠᠵᠤ 7000 ᠰᠢᠷᠬᠡᠭ ᠮ 1 ᠲᠠᠩᠺ ᠢ ᠦᠢᠯᠡᠳᠪᠦᠷᠢᠯᠡᠬᠦ ᠪᠡᠷ ᠰᠢᠢᠳᠴᠠᠢ᠃ ᠲᠡᠭᠦᠨᠴᠢᠯᠡᠨ 2 ᠍ ᠳᠦᠭᠡᠷ ᠳᠠᠶᠢᠨ ᠳᠤ ᠠᠮᠧᠷᠢᠺᠠ ᠶᠢᠨ ᠨᠢᠭᠡᠳᠦᠭᠰᠡᠨ ᠤᠯᠤᠰ ᠤᠨ ᠬᠤᠶᠠᠭᠲᠤ ᠴᠡᠷᠢᠭ ᠦᠨ ᠠᠩᠬᠢ ᠶᠢᠨ ᠳᠣᠮᠣᠭᠲᠤ ᠭᠧᠨᠧᠷᠠᠯ ᠠᠪᠷᠠᠮᠰᠠ ᠶᠢᠨ ᠨᠡᠷ᠎ᠡ ᠪᠡᠷ ᠨᠡᠷᠡᠶᠢᠳᠴᠡᠢ᠃ ᠡᠶᠢᠨᠬᠦᠦ ᠪᠠᠷᠠᠭᠤᠨ ᠤ 3 ᠳᠠᠬᠢ ᠦᠶ᠎ᠡ ᠶᠢᠨ ᠲᠠᠩᠺᠠᠨ ᠤ ᠰᠣᠷ ᠪᠣᠯᠤᠭᠰᠠᠨ ᠪᠦᠲᠦᠭᠡᠯ ᠡᠭᠦᠰᠴᠢ ᠮᠥᠨ ᠮ 1 ᠴᠤᠪᠤᠷᠠᠯ ᠤᠨ ᠲᠠᠩᠺ ᠢᠶᠠᠷ ᠵᠡᠪᠰᠡᠭᠯᠡᠭᠰᠡᠨ ᠠᠮᠧᠷᠢᠺᠠ ᠶᠢᠨ ᠨᠢᠭᠡᠳᠦᠭᠰᠡᠨ ᠤᠯᠤᠰ ᠤᠨ ᠠᠷᠮᠢ ᠰᠠᠶᠢᠨ ᠦᠨᠡᠯᠡᠭᠡ ᠶᠢ ᠠᠪᠴᠠᠢ᠃ ᠫᠧᠨ᠋ᠲ᠋ᠠᠭᠤᠨ ᠮ 1 ᠪᠣᠯᠤᠨ ᠮ 2 ᠬᠤᠶᠠᠭᠲᠤ ᠲᠡᠭᠡᠭᠡᠪᠦᠷᠢᠯᠡᠭᠴᠢ᠂ "ᠡᠬᠡ ᠣᠷᠣᠨᠴᠢ" ᠠᠭᠠᠷ ᠠᠴᠠ ᠬᠠᠮᠠᠭᠠᠯᠠᠬᠤ ᠫᠤᠤᠵᠢᠩ᠂ "ᠠᠫᠠᠴᠧ" ᠵᠡᠪᠰᠡᠭᠯᠡᠭᠰᠡᠨ ᠨᠢᠰᠳᠡᠭ ᠲᠡᠷᠭᠡ᠂ ᠮ 270 ᠥᠪᠡᠷ ᠢᠶᠡᠨ ᠶᠠᠪᠤᠭᠴᠢ ᠫᠤᠤᠵᠢᠩ ᠬᠠᠷᠪᠤᠭᠴᠢ ᠵᠡᠷᠭᠡ ᠶᠢ ᠠᠮᠧᠷᠢᠺᠠ ᠶᠢᠨ ᠨᠢᠭᠡᠳᠦᠭᠰᠡᠨ ᠤᠯᠤᠰ ᠤᠨ ᠬᠠᠭᠤᠷᠠᠢ ᠵᠠᠮ ᠤᠨ ᠠᠷᠮᠢ ᠶᠢᠨ "ᠲᠠᠪᠤᠨ ᠠᠪᠤᠷᠭᠤ" ᠬᠡᠮᠡᠨ ᠨᠡᠷᠡᠯᠡᠵᠡᠢ᠃ ᠮ 1 ᠴᠤᠪᠤᠷᠠᠯ ᠤᠨ ᠲᠠᠩᠺ ᠨᠢ ᠥᠨᠥᠳᠥᠷ ᠢ ᠬᠦᠷᠲᠡᠯ᠎ᠡ ᠳᠡᠭᠡᠳᠦ ᠵᠡᠷᠭᠡᠯᠡᠯ ᠳᠦ ᠲᠣᠭᠠᠴᠠᠭᠳᠠᠬᠤ ᠮᠠᠰᠢ ᠣᠯᠠᠨ ᠳᠡᠪᠰᠢᠯᠲᠡᠲᠦ ᠲᠧᠭᠨᠣᠯᠣᠭᠢ ᠶᠢ ᠬᠡᠷᠡᠭᠯᠡᠭᠰᠡᠨ: ᠡᠭᠦᠨ ᠳᠦ᠂ ᠮ 1 ᠨᠢ ᠬᠠᠮᠤᠭ ᠤᠨ ᠠᠩᠬᠠᠨ ᠤ 1500 ᠮᠣᠷᠢᠨ ᠤ ᠬᠦᠴᠦᠲᠡᠢ ᠮᠣᠲ᠋ᠣᠷ ᠲᠠᠢ ᠪᠠᠶᠢᠯᠳᠤᠭᠠᠨ ᠤ ᠦᠨᠳᠦᠰᠦᠨ ᠲᠠᠩᠺ᠂ ᠮᠥᠨ ᠬᠠᠮᠤᠭ ᠤᠨ ᠠᠩᠬᠠᠨ ᠤ ᠴᠣᠪᠬᠠᠮ ᠬᠤᠶᠠᠭ ᠠᠰᠢᠭᠯᠠᠭᠰᠠᠨ 3 ᠳᠠᠬᠢ ᠦᠶ᠎ᠡ ᠶᠢᠨ ᠲᠠᠩᠺ᠂ ᠪᠠᠰᠠ ᠬᠠᠮᠤᠭ ᠤᠨ ᠠᠩᠬᠠᠨ ᠤ ᠪᠠᠶᠢᠯᠳᠤᠭᠠᠨ ᠤ ᠰᠢᠰᠲ᠋ᠧᠮ ᠢᠶᠡᠷ ᠲᠣᠨᠣᠭᠯᠠᠭᠳᠠᠭᠰᠠᠨ ᠲᠠᠩᠺ ᠶᠤᠮ᠃ 1999 ᠣᠨ ᠠᠴᠠ 2001 ᠣᠨ ᠬᠦᠷᠲᠡᠯ᠎ᠡ 3 ᠵᠢᠯ ᠦᠨ ᠬᠤᠭᠤᠴᠠᠭᠠᠨ ᠳᠤ ᠠᠯᠳᠠᠷᠲᠤ DMS ᠣᠯᠠᠨ ᠤᠯᠤᠰ ᠤᠨ ᠵᠡᠪᠰᠡᠭ ᠰᠢᠭᠦᠨᠵᠢᠯᠡᠭᠴᠢᠳ ᠦᠨ ᠪᠠᠶᠢᠭᠤᠯᠤᠯᠭ᠎ᠠ ᠠᠴᠠ ᠮ 1 ᠲᠠᠩᠺᠠᠨ ᠤ ᠬᠠᠮᠤᠭ ᠤᠨ ᠰᠡᠭᠦᠯ ᠦᠨ ᠦᠶ᠎ᠡ ᠶᠢᠨ ᠮ 1᠎ᠠ 2Sep ᠵᠠᠭᠪᠤᠷ ᠢ ᠳᠡᠯᠡᠬᠡᠢ ᠶᠢᠨ ᠰᠢᠯᠢᠳᠡᠭ ᠲᠠᠩᠺᠠᠨ ᠤ ᠵᠢᠭ᠌ᠰᠠᠭᠠᠯᠳᠠ ᠶᠢᠨ 2 ᠍ ᠳᠦᠭᠡᠷ ᠪᠠᠶᠢᠷᠢᠨ ᠳᠤ ᠵᠢᠭ᠌ᠰᠠᠭᠠᠵᠠᠢ᠃ ᠡᠨᠡ ᠨᠢ ᠮ 1 ᠨᠢ ᠣᠷᠣᠰ ᠤᠨ ᠲ-90 МС ᠲᠠᠩᠺᠠᠨ ᠤ ᠳᠠᠷᠠᠭ᠎ᠠ ᠵᠢᠭ᠌ᠰᠠᠵᠤ ᠪᠠᠶᠢᠨ᠎ᠠ ᠭᠡᠰᠡᠨ ᠦᠭᠡ ᠶᠤᠮ᠃ᠤ ᠠᠴᠠ ᠪᠠ ᠴᠤ ᠠᠮᠧᠷᠺ ᠤᠨ ᠰᠤᠭ ᠤᠳ ᠣᠷᠣᠰ ᠤᠳ ᠢ ᠲᠠᠩᠺ ᠢᠶᠠᠷ ᠢᠶᠠᠨ ᠭᠦᠢᠴᠡᠬᠦ ᠦᠭᠡᠢ᠃ᠡᠳᠡᠨ ᠦ ᠰᠦᠷᠡᠬᠡᠢ ᠪᠠᠷᠳᠠᠭ᠎ᠠ ᠳᠤ ᠪᠤᠳᠠᠭ ᠠᠪᠷᠠᠮᠠᠰ ᠢ ᠲ-90 ᠵᠤᠭ ᠢᠶᠡᠷ ᠪᠥᠭᠰᠡ ᠪᠡᠨ ᠠᠷᠴᠢᠭᠠᠯ ᠬᠠᠶᠠᠨ᠎ᠠ᠃XD XD XD

ᠪᠢᠴᠢᠭᠡᠰᠦ