ᠮᠠᠭᠠᠯᠵᠠᠪ ᠤᠨ ᠯᠤᠪᠰᠠᠩᠴᠣᠶᠢᠮᠪᠠᠯ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠮ.ᠯᠤᠪᠰᠠᠩᠴᠣᠶᠢᠮᠪᠠᠯ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ
ᠮᠠᠭᠠᠯᠵᠠᠪ ᠤᠨ ᠯᠤᠪᠰᠠᠩᠴᠣᠶᠢᠮᠪᠠᠯ
ᠲᠦᠷᠦᠭᠰᠡᠨ 1916-08-08
ᠨᠡᠶᠢᠰᠯᠡᠯ ᠬᠦᠷᠢᠶ᠎ᠡ᠂ ᠮᠣᠩᠭᠣᠯ
ᠨᠠᠰᠤ ᠪᠠᠷᠠᠭᠰᠠᠨ 1974-10-05
ᠦᠨᠳᠦᠰᠦᠲᠡᠨ ᠬᠠᠯᠬ᠎ᠠ
ᠠᠵᠢᠯ

ᠲᠥᠷᠥ ᠨᠡᠶᠢᠭᠡᠮ ᠤᠨ ᠵᠢᠳᠬᠦᠯᠲᠡᠨ᠂
ᠬᠤᠳᠠᠯᠳᠤᠭᠠᠨ ᠤ ᠶᠠᠮᠤ ᠶᠢᠨ ᠰᠠᠶᠢᠳ (1953 ᠣᠨ),
ᠬᠦᠨᠡᠰᠦᠨ ᠦ ᠶᠠᠮᠤᠨ ᠤ ᠰᠠᠶᠢᠳ (1953 ᠣᠨ),
ᠠᠵᠤ ᠦᠢᠯᠡᠳᠪᠦᠷᠢ ᠶᠢᠨ ᠶᠠᠮᠤᠨ ᠤ ᠰᠠᠶᠢᠳ (1958 ᠣᠨ),
ᠴᠣᠶᠢᠪᠣᠯᠤᠭᠰᠠᠨ ᠬᠣᠲᠠ ᠶᠢᠨ АДХГЗД (1960 ᠣᠨ),
ᠤᠯᠠᠭᠠᠨᠪᠠᠭᠠᠲᠤᠷ ᠬᠣᠲᠠ ᠶᠢᠨ 18 ᠳᠠᠬᠢ ᠳᠠᠷᠤᠭ᠎ᠠ (1962 - 1965 ᠣᠨ),
ᠳᠠᠷᠬᠠᠨ ᠬᠣᠲᠠ ᠶᠢᠨ АДХГЗД (1965-1967 ᠣᠨ),

ᠵᠢᠷᠤᠭᠲᠤ ᠷᠠᠳᠢᠣ᠋ ᠍ ᠶᠢᠨ ᠵᠠᠬᠢᠷᠭᠠᠨ ᠤ ᠣᠷᠣᠯᠠᠭᠴᠢ ᠳᠠᠷᠤᠭ᠎ᠠ (1967-1970 ᠣᠨ).
ᠴᠠᠬᠢᠮ ᠰᠦᠯᠵᠢᠶ᠎ᠡ
http://luvsanchoimbol.blogmn.net


ᠮᠠᠭᠠᠯᠵᠠᠪ ᠤᠨ ᠯᠤᠪᠰᠠᠩᠴᠣᠶᠢᠮᠪᠠᠯ ᠨᠢ ᠤᠯᠠᠭᠠᠨᠪᠠᠭᠠᠲᠤᠷ ᠬᠣᠲᠠ ᠶᠢᠨ ᠠᠷᠠᠳ ᠤᠨ ᠳ᠋ᠧᠫᠦᠶᠢᠲ᠋ᠠᠲ ᠤᠨ ᠬᠤᠷᠠᠯ ᠤᠨ ᠭᠦᠢᠴᠡᠳᠭᠡᠬᠦ (ᠠᠷᠠᠳ ᠤᠨ ᠳ᠋ᠧᠫᠦᠶᠢᠲ᠋ᠠᠲ ᠤᠳ ᠤᠨ ᠬᠤᠷᠠᠯ ᠤᠨ ᠭᠦᠢᠴᠡᠳᠭᠡᠬᠦ) ᠵᠠᠬᠢᠷᠭᠠᠨ ᠤ ᠳᠠᠷᠤᠭ᠎ᠠ᠂ ᠳᠠᠷᠬᠠᠨ ᠬᠣᠲᠠ ᠶᠢᠨ ᠠᠷᠠᠳ ᠤᠨ ᠳ᠋ᠧᠫᠦᠶᠢᠲ᠋ᠠᠲ ᠤᠳ ᠤᠨ ᠬᠤᠷᠠᠯ ᠤᠨ ᠭᠦᠢᠴᠡᠳᠭᠡᠬᠦ ᠵᠠᠬᠢᠷᠭᠠᠨ ᠤ ᠳᠠᠷᠤᠭ᠎ᠠ᠂ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠤᠨ ᠬᠤᠳᠠᠯᠳᠤᠭᠠᠨ ᠤ ᠶᠠᠮᠤ᠂ ᠬᠦᠨᠡᠰᠦᠨ ᠦ ᠦᠢᠯᠡᠳᠪᠦᠷᠢ ᠶᠢᠨ ᠶᠠᠮᠤ᠂ ᠠᠵᠤ ᠦᠢᠯᠡᠳᠪᠦᠷᠢ ᠶᠢᠨ ᠶᠠᠮᠤᠨ ᠤ ᠰᠠᠶᠢᠳ ᠢᠶᠠᠷ ᠠᠵᠢᠯᠯᠠᠵᠤ ᠪᠠᠶᠢᠭᠰᠠᠨ ᠲᠥᠷᠥ ᠶᠢᠨ ᠨᠡᠶᠢᠭᠡᠮ ᠤᠨ ᠵᠢᠳᠬᠦᠯᠲᠡᠨ ᠶᠤᠮ᠃

ᠪᠠᠭ᠎ᠠ ᠨᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮ᠃ᠯᠤᠪᠰᠠᠩᠴᠣᠶᠢᠮᠪᠠᠯ ᠨᠢ 1916 ᠣᠨ ᠤ 8 ᠍ ᠳᠦᠭᠡᠷ ᠰᠠᠷ᠎ᠠ ᠶᠢᠨ 8 ᠍ ᠳᠦ ᠲᠤᠬᠠᠢ ᠶᠢᠨ ᠦᠶ᠎ᠡ ᠶᠢᠨ ᠨᠡᠶᠢᠰᠯᠡᠯ ᠬᠦᠷᠢᠶᠡᠨ ᠳᠦ (ᠣᠳᠣ ᠶᠢᠨ ᠰᠦᠬᠡᠪᠠᠭᠠᠲᠤᠷ ᠳᠡᠭᠦᠷᠭᠡ ᠶᠢᠨ 3 ᠍ ᠳᠦᠭᠡᠷ ᠬᠣᠷᠢᠶᠠᠨ ᠳᠤ) ᠮᠠᠭᠠᠯᠵᠢᠪ ᠍ ᠤᠨ ᠲᠣᠮᠣ ᠬᠦᠦ ᠪᠣᠯᠤᠨ ᠮᠡᠨᠳᠦᠯᠡᠭᠰᠡᠨ᠃ ᠲᠡᠭᠦᠨ ᠦ ᠡᠴᠢᠭᠡ ᠮᠠᠭᠠᠯᠵᠢᠪ ᠨᠢ ᠪᠣᠭᠳᠠ ᠬᠠᠭᠠᠨᠢ ᠠᠳᠤᠭᠤᠨ ᠤ ᠳᠠᠭᠠᠭᠠᠮᠠᠯ ᠬᠦᠮᠦᠨ ᠪᠠᠶᠢᠭᠰᠠᠨ᠃ ᠲᠡᠭᠦᠨ ᠦ ᠡᠬᠡ ᠰᠡᠷᠡᠩᠳᠣᠯᠭᠣᠷ ᠨᠢ ᠤᠷᠠᠨ ᠣᠶᠣᠳᠠᠯᠴᠢᠨ ᠬᠦᠮᠦᠨ ᠪᠠᠶᠢᠭᠰᠠᠨ ᠪᠠ ᠬᠦᠷᠢᠶᠡᠨ ᠦ ᠬᠢᠨ ᠤᠷᠠᠨ ᠳᠣᠭ ᠢᠶᠠᠨ ᠭᠡᠵᠦ ᠠᠪᠤᠭᠠᠶᠢᠯᠠᠳᠠᠭ ᠪᠠᠶᠢᠴᠠᠢ᠃ ᠲᠡᠷᠡ ᠪᠡᠷ ᠳᠣᠩᠳᠣᠭᠣᠳᠤᠯᠮ᠎ᠠ ᠬᠠᠲᠠᠨ ᠤ ᠰᠤᠪᠳᠠᠨ ᠭᠤᠲᠤᠯ᠂ ᠬᠤᠪᠴᠠᠰᠤ ᠶᠢ ᠣᠶᠣᠵᠤ ᠪᠠᠶᠢᠭᠰᠠᠨ ᠲᠡᠦᠬᠡ ᠲᠡᠢ᠃

10 ᠨᠠᠰᠤ ᠬᠦᠷᠲᠡᠯ᠎ᠡ ᠡᠴᠢᠭᠡ ᠡᠬᠡ ᠶᠢᠨ ᠭᠠᠷ ᠳᠡᠭᠡᠷ᠎ᠡ ᠬᠦᠮᠦᠵᠢᠵᠦ᠂ 11-12 ᠨᠠᠰᠤ ᠬᠦᠷᠲᠡᠯ᠎ᠡ ᠡᠴᠢᠭᠡ᠂ᠡᠬᠡ ᠶᠢᠨ ᠰᠠᠨᠠᠯ ᠢᠶᠠᠷ ᠯᠠᠮ᠎ᠠ ᠨᠡᠷ᠎ᠡ ᠵᠡᠭᠦᠵᠦ ᠲᠥᠪᠡᠳ ᠨᠣᠮ ᠵᠢᠭᠠᠯᠭᠠᠭᠰᠠᠨ᠃ 12 ᠨᠠᠰᠤᠲᠠᠢ ᠳᠤ ᠪᠠᠨ ᠤᠭ ᠠᠴᠠ ᠮᠣᠩᠭᠣᠯ ᠪᠢᠴᠢᠭ ᠵᠢᠭᠠᠯᠭᠠᠭᠰᠠᠨ ᠤᠴᠢᠷ ᠪᠠᠭ᠎ᠠ ᠰᠤᠷᠭᠠᠭᠤᠯᠢ ᠶᠢ ᠨᠢᠭᠡ ᠵᠢᠯ ᠦᠨ ᠬᠤᠭᠤᠴᠠᠭᠠᠨ ᠳᠤ ᠠᠮᠵᠢᠯᠲᠠᠲᠠᠢ ᠰᠤᠷᠤᠯᠴᠠᠭᠰᠠᠨ ᠤᠴᠢᠷ ᠳᠤᠮᠳᠠ ᠰᠤᠷᠭᠠᠭᠤᠯᠢ ᠳᠤ ᠰᠢᠯᠵᠢᠨ ᠰᠤᠷᠤᠯᠴᠠᠪᠠ᠃ ᠳᠤᠮᠳᠠ ᠰᠤᠷᠭᠠᠭᠤᠯᠢ ᠳᠤ 13-15 ᠨᠠᠰᠤᠨ ᠳᠤ ᠪᠠᠨ 2 ᠵᠢᠯ ᠰᠤᠷᠤᠯᠴᠠᠵᠤ ᠪᠦᠬᠦ ᠠᠩᠭᠢ ᠪᠠᠷ ᠢᠶᠠᠨ ᠪᠠᠭᠰᠢ ᠨᠠᠷ ᠢ ᠪᠡᠯᠡᠳᠬᠡᠬᠦ ᠰᠤᠷᠭᠠᠭᠤᠯᠢ ᠳᠤ ᠰᠢᠯᠵᠢᠨ ᠰᠤᠷᠤᠯᠴᠠᠭᠰᠠᠨ ᠶᠤᠮ᠃ ᠰᠢᠯᠵᠢᠭᠰᠡᠨ ᠪᠦᠬᠦ ᠬᠡᠦᠬᠡᠳ ᠢ ᠳᠤᠮᠳᠠ ᠰᠤᠷᠭᠠᠭᠤᠯᠢ ᠲᠡᠭᠦᠰᠦᠭᠰᠡᠨ ᠭᠡᠵᠦ ᠦᠵᠡᠵᠦ ᠪᠠᠶᠢᠪᠠ᠃

ᠢᠳᠡᠷ ᠨᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠭᠰᠢ ᠨᠠᠷ ᠢ ᠪᠡᠯᠡᠳᠬᠡᠬᠦ ᠰᠤᠷᠭᠠᠭᠤᠯᠢ ᠳᠤ 15-16 ᠨᠠᠰᠤ ᠬᠦᠷᠲᠡᠯ᠎ᠡ ᠰᠤᠷᠤᠯᠴᠠᠵᠤ ᠪᠠᠶᠢᠭᠠᠳ ᠵᠤᠨ ᠤ ᠠᠮᠠᠷᠠᠯᠲᠠ ᠪᠠᠷ ᠢᠶᠠᠨ ᠠᠭᠤᠯᠠ ᠰᠤᠷᠭᠠᠭᠤᠯᠢᠳᠠᠭ᠎ᠠ ᠣᠴᠢᠬᠤ ᠶᠢᠨ ᠣᠷᠣᠨ ᠳᠤ ᠴᠡᠷᠢᠭ ᠦᠨ ᠠᠯᠪᠠ ᠬᠠᠭᠠᠬᠤ ᠶᠠᠪᠤᠳᠠᠯ ᠰᠠᠶᠢᠬᠠᠨ ᠰᠠᠨᠠᠭᠳᠠᠵᠤ ᠥᠪᠡᠷ ᠦᠨ ᠰᠠᠶᠢᠨ ᠳᠤᠷ᠎ᠠ᠂ ᠡᠬᠡ ᠶᠢᠨ ᠲᠠᠨᠢᠳᠠᠭ ᠬᠦᠮᠦᠨ ᠦ ᠵᠥᠪᠯᠡᠭᠰᠡᠨ ᠢᠶᠡᠷ 1933 ᠣᠨ ᠤ 4 ᠍ ᠳᠦᠭᠡᠷ ᠰᠠᠷ᠎ᠠ ᠶᠢᠨ 28 ᠍ ᠳᠦ 16 ᠨᠠᠰᠤ ᠲᠠᠢ ᠳᠠᠭᠠᠨ ᠴᠡᠷᠢᠭ ᠦᠨ ᠠᠯᠪᠠ ᠶᠢ ᠬᠠᠭᠠᠵᠤ ᠡᠬᠢᠯᠡᠭᠰᠡᠨ ᠪᠣᠯᠤᠨ᠎ᠠ᠃

ᠴᠡᠷᠢᠭ ᠦᠨ ᠠᠯᠪᠠ ᠬᠠᠭᠠᠬᠤ ᠬᠤᠭᠤᠴᠠᠭᠠᠨ ᠳᠤ ᠪᠠᠨ[ᠵᠠᠰᠠᠪᠤᠷᠢᠯᠠᠬᠤ | ᠺᠣᠳ᠋ ᠢᠶᠠᠷ ᠵᠠᠰᠠᠬᠣ]

1933 ᠣᠨ ᠤ 4 ᠍ ᠳᠦᠭᠡᠷ ᠰᠠᠷ᠎ᠠ ᠶᠢᠨ 28 ᠍ ᠤ ᠡᠳᠦᠷ ᠡᠴᠡ 1 ᠍ ᠳᠦᠭᠡᠷ ᠮᠣᠷᠢᠲᠤ ᠳ᠋ᠢᠸᠢᠽᠢ ᠶᠢᠨ ᠨᠤᠲᠤᠭ ᠤᠨ 2 ᠍ ᠳᠦᠭᠡᠷ ᠮᠣᠷᠢᠲᠤ ᠬᠣᠷᠢᠶᠠᠨ ᠳᠤ ᠱᠲ᠋ᠠᠪ ᠤᠨ ᠭᠠᠷ ᠪᠢᠴᠢᠭᠡᠴᠢ᠂ ᠨᠣᠮ ᠤᠨ ᠰᠠᠩ ᠤᠨ ᠡᠷᠬᠢᠯᠡᠭᠴᠢ ᠪᠡᠷ ᠳᠡᠪᠰᠢᠨ ᠠᠵᠢᠯᠯᠠᠵᠤ ᠰᠣᠩᠭᠣᠭᠤᠯᠢ ᠪᠠᠷ ᠡᠪᠯᠡᠯ ᠦᠨ ᠲᠣᠪᠴᠢᠶᠠᠨ ᠤ ᠳᠠᠷᠤᠭ᠎ᠠ ᠪᠠᠷ ᠳᠡᠪᠰᠢᠨ ᠰᠣᠩᠭᠣᠭᠳᠠᠵᠤ ᠠᠩᠬ᠎ᠠ ᠤᠳᠠᠭ᠎ᠠ ᠳᠤᠮᠳᠠ ᠲᠤᠰᠢᠶᠠᠯ ᠤᠨ ᠤᠯᠤᠰ ᠲᠥᠷᠥ ᠶᠢᠨ ᠠᠵᠢᠯᠲᠠᠨ ᠪᠣᠯᠪᠠ᠃
1935 ᠣᠨ ᠤ 1 ᠍ ᠳᠦᠭᠡᠷ ᠰᠠᠷ᠎ᠠ ᠠᠴᠠ ᠬᠢᠵᠠᠭᠠᠷ ᠤᠨ 18 ᠍ ᠳᠦᠭᠡᠷ ᠮᠣᠷᠢᠲᠤ ᠬᠣᠷᠢᠶᠠᠨ ᠳᠤ ᠡᠪᠯᠡᠯ ᠦᠨ ᠲᠣᠪᠴᠢᠶᠠᠨ ᠤ ᠳᠠᠷᠤᠭ᠎ᠠ ᠪᠠᠷ ᠰᠢᠯᠵᠢᠨ ᠠᠵᠢᠯᠯᠠᠵᠤ ᠠᠩᠬ᠎ᠠ ᠤᠳᠠᠭ᠎ᠠ ᠤᠯᠤᠰ ᠤᠨ ᠬᠢᠯᠢ ᠬᠢᠵᠠᠭᠠᠷ ᠢ ᠬᠠᠮᠠᠭᠠᠯᠠᠬᠤ ᠡᠭᠦᠷᠭᠡ ᠶᠢ ᠭᠦᠢᠴᠡᠳᠭᠡᠪᠡ᠃ ᠮᠥᠨ ᠴᠢᠨᠣ᠎ᠠ ᠭᠣᠣᠯ ᠳᠠᠬᠢ ᠬᠢᠯᠢ ᠶᠢᠨ ᠰᠤᠮᠤᠩ ᠤᠨ ᠤᠯᠤᠰ ᠲᠥᠷᠥ ᠶᠢᠨ ᠤᠳᠤᠷᠢᠳᠤᠭᠴᠢ ᠶᠢᠨ ᠡᠭᠦᠷᠭᠡ ᠶᠢ ᠭᠦᠢᠴᠡᠳᠭᠡᠵᠦ ᠤᠯᠤᠰ ᠤᠨ ᠬᠢᠯᠢ ᠬᠢᠵᠠᠭᠠᠷ ᠢ ᠬᠠᠮᠠᠭᠠᠯᠠᠬᠤ ᠬᠡᠷᠡᠭ ᠲᠦ ᠬᠦᠴᠦᠨ ᠵᠢᠳᠬᠦᠵᠦ ᠪᠠᠶᠢᠯ᠎ᠠ᠃
1936 ᠣᠨ ᠤ 6 ᠍ ᠳᠦᠭᠡᠷ ᠰᠠᠷ᠎ᠠ ᠳᠤ ᠪᠦᠬᠦ ᠴᠡᠷᠢᠭ ᠦᠨ ᠶᠡᠷᠦᠩᠬᠡᠢ ᠰᠣᠩᠭᠣᠭᠤᠯᠢ ᠶᠢᠨ ᠡᠪᠯᠡᠯ ᠦᠨ ᠲᠣᠪᠴᠢᠶᠠᠨ ᠤ ᠳᠠᠷᠤᠭ᠎ᠠ ᠪᠠᠷ ᠰᠢᠯᠵᠢᠨ ᠠᠵᠢᠯᠯᠠᠪᠠ᠃ ᠮᠥᠨ ᠣᠨ ᠤ 8 ᠍ ᠳᠦᠭᠡᠷ ᠰᠠᠷ᠎ᠠ ᠳᠤ ᠮᠣᠩᠭᠣᠯ ᠠᠷᠠᠳ ᠤᠨ ᠬᠤᠪᠢᠰᠬᠠᠯᠲᠤ ᠨᠠᠮ ᠤᠨ ᠭᠡᠰᠢᠭᠦᠨ ᠳᠦ ᠠᠩᠬ᠎ᠠ ᠡᠯᠰᠡᠵᠦ᠂ ᠨᠠᠮ ᠳᠤ 34 ᠵᠢᠯ ᠵᠢᠳᠬᠦᠭ᠍ᠰᠡᠨ᠃
1937 ᠣᠨ ᠤ 8 ᠍ ᠳᠦᠭᠡᠷ ᠰᠠᠷ᠎ᠠ ᠠᠴᠠ ᠴᠡᠷᠢᠭ ᠦᠨ ᠤᠯᠤᠰ ᠲᠥᠷᠥ ᠶᠢᠨ ᠭᠠᠵᠠᠷ ᠪᠦᠬᠦ ᠴᠡᠷᠢᠭ ᠦᠨ ᠨᠠᠮ ᠤᠨ ᠺᠣᠮᠢᠰ ᠤᠨ ᠨᠠᠷᠢᠨ ᠪᠢᠴᠢᠭ ᠦᠨ ᠳᠠᠷᠤᠭ᠎ᠠ ᠪᠠᠷ ᠳᠡᠪᠰᠢᠨ ᠠᠵᠢᠯᠯᠠᠪᠠ᠃
1938 ᠣᠨ ᠤ 1 ᠍ ᠳᠦᠭᠡᠷ ᠰᠠᠷ᠎ᠠ ᠳᠤ 1 ᠍ ᠳᠦᠭᠡᠷ ᠳ᠋ᠢᠸᠢᠽᠢ ᠶᠢᠨ 1 ᠍ ᠳᠦᠭᠡᠷ ᠮᠣᠷᠢᠲᠤ ᠬᠣᠷᠢᠶᠠᠨ ᠤ ᠨᠠᠮ ᠤᠨ ᠲᠣᠪᠴᠢᠶᠠᠨ ᠤ ᠳᠠᠷᠤᠭ᠎ᠠ ᠪᠠᠷ ᠳᠡᠪᠰᠢᠨ ᠠᠵᠢᠯᠯᠠᠵᠤ ᠠᠩᠬ᠎ᠠ ᠤᠳᠠᠭ᠎ᠠ ᠨᠠᠮ ᠤᠨ ᠠᠵᠢᠯᠲᠠᠨ ᠪᠣᠯᠪᠠ᠃
1938 ᠣᠨ ᠤ 4 ᠍ ᠳᠦᠭᠡᠷ ᠰᠠᠷ᠎ᠠ ᠶᠢᠨ ᠦᠶ᠎ᠡ ᠳᠦ ᠴᠡᠷᠢᠭ ᠦᠨ ᠭᠠᠷ ᠦᠢᠯᠡᠳᠪᠦᠷᠢ ᠶᠢᠨ ᠺᠣᠮᠢᠰᠰᠠᠷ ᠢᠶᠠᠷ ᠪᠠᠭᠤᠷᠴᠢ ᠠᠵᠢᠯᠯᠠᠬᠤ ᠪᠣᠯᠤᠭᠰᠠᠨ ᠰᠢᠯᠲᠠᠭᠠᠨ ᠨᠢ ᠨᠠᠮ ᠤᠨ ᠳᠠᠭᠠᠭᠠᠯᠭᠠᠪᠤᠷᠢ ᠶᠢ ᠦᠯᠦ ᠪᠡᠶᠡᠯᠡᠭᠦᠯᠬᠦ᠂ ᠠᠵᠢᠯ ᠳᠡᠭᠡᠷ᠎ᠡ ᠪᠡᠨ ᠡᠯᠳᠡᠪ ᠪᠠᠶᠢᠳᠠᠯ ᠢᠶᠠᠷ ᠢᠯᠵᠠᠷᠠᠵᠤ ᠪᠠᠶᠢᠭᠰᠠᠨ ᠵᠠᠷᠢᠮ ᠬᠦᠮᠦᠰ ᠢ ᠨᠠᠮ ᠠᠴᠠ ᠰᠠᠨᠠᠭᠤᠯᠬᠤ ᠠᠴᠠ ᠡᠬᠢᠯᠡᠨ ᠨᠠᠮ ᠠᠴᠠ ᠬᠥᠭᠡᠬᠦ ᠬᠦᠷᠲᠡᠯ᠎ᠡ ᠠᠷᠭ᠎ᠠ ᠬᠡᠮᠵᠢᠶ᠎ᠡ ᠠᠪᠤᠭᠰᠠᠨ ᠤᠳᠠᠷᠠᠭ᠎ᠠ ᠨᠠᠮ ᠤᠨ ᠲᠠᠶᠢᠯᠤᠨ ᠰᠣᠩᠭᠣᠭᠤᠯᠢ ᠶᠢᠨ ᠬᠤᠷᠠᠯ ᠳᠡᠭᠡᠷ᠎ᠡ ᠨᠠᠮ ᠠᠴᠠ ᠠᠷᠭ᠎ᠠ ᠬᠡᠮᠵᠢᠶ᠎ᠡ ᠠᠪᠤᠭᠳᠠᠭᠰᠠᠨ ᠲᠡᠳᠡᠭᠡᠷ ᠬᠦᠮᠦᠰ᠂ ᠲᠡᠳᠡᠨ ᠢ ᠳᠡᠮᠵᠢᠭᠴᠢ ᠬᠡᠰᠡᠭ ᠬᠦᠮᠦᠰ ᠪᠦᠯᠦᠭᠯᠡᠨ ᠰᠢᠭᠦᠮᠵᠢᠯᠡᠭᠰᠡᠨ ᠢ ᠲᠡᠷᠡ ᠦᠶ᠎ᠡ ᠳᠦ ᠤᠯᠤᠰ ᠲᠥᠷᠥ ᠶᠢᠨ ᠭᠠᠵᠠᠷ ᠤᠨ ᠳᠠᠷᠤᠭ᠎ᠠ ᠪᠠᠶᠢᠭᠰᠠᠨ ᠨᠠᠶᠢᠳᠠᠨ ᠨᠠᠮ ᠤᠨ ᠠᠵᠢᠯ ᠢ ᠵᠠᠪᠬᠠᠷᠠᠭᠤᠯᠤᠭᠰᠠᠨ ᠭᠡᠳᠡᠭ ᠳ᠋ᠦᠩᠨᠡᠯᠲᠡ ᠥᠭᠴᠦ ᠲᠤᠬᠠᠢ ᠶᠢᠨ ᠦᠶ᠎ᠡ ᠳᠦ ᠲᠤᠰᠢᠶᠠᠯ ᠪᠠᠭᠤᠯᠭᠠᠵᠤ ᠠᠵᠢᠯᠯᠠᠭᠤᠯᠤᠭᠰᠠᠨ ᠶᠤᠮ᠃ ᠲᠡᠷᠡ ᠦᠶ᠎ᠡ ᠳᠦ ᠯᠤᠪᠰᠠᠩᠴᠣᠶᠢᠮᠪᠣᠯ ᠤᠨ ᠰᠠᠭᠤᠵᠤ ᠪᠠᠶᠢᠭᠰᠠᠨ ᠰᠠᠩ ᠤᠨ ᠭᠡᠷ ᠢ 3 ᠍ ᠶᠢᠨ ᠤᠳᠠᠭ᠎ᠠ ᠰᠢᠲᠠᠭᠠᠬᠤ ᠶᠢ ᠣᠷᠣᠯᠳᠤᠭᠰᠠᠨ ᠢ ᠥᠪᠡᠷ ᠦᠨ ᠪᠣᠯᠤᠨ ᠪᠤᠰᠤᠳ ᠨᠥᠬᠥᠳ ᠦᠨ ᠰᠣᠨᠣᠷ ᠰᠡᠷᠡᠮᠵᠢ ᠪᠡᠷ ᠮᠡᠳᠡᠵᠦ ᠡᠨᠡ ᠬᠣᠷᠣᠨ ᠰᠠᠨᠠᠭ᠎ᠠ ᠲᠠᠢ ᠬᠡᠷᠡᠭ ᠲᠦ ᠠᠪᠲᠠᠭᠳᠠᠭ᠎ᠠ ᠦᠭᠡᠢ ᠪᠣᠯᠪᠠᠴᠤ ᠬᠣᠳᠠ ᠳᠤ ᠪᠠᠶᠢᠳᠠᠭ ᠡᠬᠡ᠂ ᠳᠡᠭᠦᠦ ᠨᠠᠷ ᠤᠨ ᠬᠢ ᠨᠢ ᠭᠡᠷ ᠢ ᠡᠳ᠋ ᠬᠣᠭᠰᠢᠯ ᠤᠨ ᠬᠠᠮᠲᠤ ᠰᠢᠲᠠᠭᠠᠵᠤ ᠳᠠᠭᠤᠰᠬᠠᠭᠰᠠᠨ ᠪᠣᠯᠤᠨ᠎ᠠ᠃ ᠪᠣᠯᠤᠭᠰᠠᠨ ᠬᠡᠷᠡᠭ ᠶᠠᠪᠤᠳᠠᠯ ᠡᠳᠦᠷ ᠬᠣᠨᠣᠭ ᠥᠩᠭᠡᠷᠡᠴᠢ ᠨᠠᠮ ᠠᠴᠠ ᠠᠷᠭ᠎ᠠ ᠬᠡᠮᠵᠢᠶ᠎ᠡ ᠠᠪᠤᠭᠳᠠᠭᠰᠠᠨ ᠲᠡᠳᠡᠭᠡᠷ ᠬᠦᠮᠦᠰ ᠦᠨ ᠦᠨᠡᠨ ᠨᠢᠭᠤᠷ ᠴᠢᠷᠠᠢ ᠶᠠᠪᠤᠭᠠᠨ ᠳᠠᠭᠠᠨ ᠲᠠᠨᠢᠭᠳᠠᠵᠤ᠂ ᠣᠯᠠᠨ ᠲᠦᠮᠡᠨ ᠦ ᠡᠮᠦᠨ᠎ᠡ ᠦᠵᠡᠲᠡᠯ᠎ᠡ ᠲᠣᠳᠣᠷᠬᠠᠢ ᠪᠣᠯᠤᠭᠰᠠᠨ ᠤᠴᠢᠷ ᠠᠴᠠ ᠤᠯᠤᠰ ᠲᠥᠷᠥ ᠶᠢᠨ ᠭᠠᠵᠠᠷ ᠤᠨ ᠳᠠᠷᠤᠭ᠎ᠠ ᠪᠠᠶᠢᠭᠰᠠᠨ ᠨᠠᠶᠢᠳᠠᠩ ᠲᠠᠢ ᠬᠣᠯᠪᠣᠭᠳᠠᠭᠰᠠᠨ ᠬᠡᠷᠡᠭ ᠤᠴᠢᠷ ᠢᠯᠭᠠᠪᠤᠷᠢᠲᠠᠢ ᠪᠠᠶᠢᠭᠰᠠᠨ ᠪᠠᠶᠢᠨ᠎ᠠ ᠭᠡᠳᠡᠭ ᠳ᠋ᠦᠩᠨᠡᠯᠲᠡ ᠥᠭᠭᠦᠭᠰᠡᠨ᠃
1938 ᠣᠨ ᠤ 6 ᠍ ᠳᠦᠭᠡᠷ ᠰᠠᠷ᠎ᠠ ᠳᠤ ᠪᠦᠬᠦ ᠴᠡᠷᠢᠭ ᠦᠨ ᠵᠠᠩᠵᠤᠨ ᠤ ᠲᠤᠰᠢᠶᠠᠯ ᠢᠶᠠᠷ ᠤᠯᠤᠰ ᠲᠥᠷᠥ ᠶᠢᠨ ᠭᠠᠵᠠᠷ ᠤᠨ ᠵᠣᠬᠢᠶᠠᠨ ᠵᠢᠭᠠᠪᠤᠷᠢᠯᠠᠬᠤ ᠬᠡᠯᠲᠡᠰ ᠲᠦ ᠮᠡᠳᠡᠭᠡ ᠪᠣᠯᠪᠠᠰᠤᠷᠠᠭᠤᠯᠤᠭᠴᠢ ᠠᠬᠠᠯᠠᠭᠴᠢ ᠵᠢᠭᠠᠪᠤᠷᠢᠯᠠᠭᠴᠢ ᠪᠠᠷ ᠳᠡᠪᠰᠢᠭᠦᠯᠦᠨ ᠠᠵᠢᠯᠯᠠᠭᠤᠯᠤᠭᠰᠠᠨ ᠶᠤᠮ᠃
1939 ᠣᠨ ᠤ 3 ᠍ ᠳᠦᠭᠡᠷ ᠰᠠᠷ᠎ᠠ ᠶᠢᠨ 1 ᠍ ᠳᠦ ᠪᠦᠬᠦ ᠴᠡᠷᠢᠭ ᠦᠨ ᠵᠠᠩᠵᠤᠨ ᠤ 14 ᠲᠣᠭᠠᠲᠤ ᠲᠤᠰᠢᠶᠠᠯ ᠶᠣᠰᠣᠭᠠᠷ ᠣᠷᠣᠨ ᠲᠣᠭ᠎ᠠ ᠢᠯᠡᠭᠦᠳᠡᠭᠰᠡᠨ ᠭᠡᠵᠦ ᠬᠠᠯᠠᠭᠳᠠᠵᠤ᠂ ᠮᠥᠨ ᠣᠨ ᠤ 4 ᠍ ᠳᠦᠭᠡᠷ ᠰᠠᠷ᠎ᠠ ᠶᠢᠨ 13, 14 ᠍ ᠦ ᠡᠳᠦᠷ ᠦᠳ ᠲᠦ ᠨᠠᠮ᠂ ᠡᠪᠯᠡᠯ ᠦᠨ ᠭᠡᠰᠢᠭᠦᠨ ᠡᠴᠡ ᠳᠠᠷᠠᠭᠠᠯᠠᠨ ᠬᠢᠯᠢᠰ ᠲᠠᠰᠢᠶ᠎ᠠ ᠪᠠᠷ ᠬᠥᠭᠡᠭᠡᠭᠳᠡᠵᠡᠢ᠃

ᠬᠡᠯᠮᠡᠭᠳᠡᠭᠦᠯᠦᠯᠲᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠢᠯᠢᠰ ᠬᠡᠷᠡᠭ ᠲᠦ ᠣᠷᠣᠭᠰᠠᠨ ᠤ ᠳᠠᠷᠠᠭ᠎ᠠ ᠨᠢ ᠠᠷᠭ᠎ᠠ ᠪᠤᠶᠤ ᠪᠠᠷᠢᠪᠴᠢᠯᠠᠭᠳᠠᠬᠤ ᠠᠴᠠ ᠪᠣᠯᠭᠣᠮᠵᠢᠯᠠᠨ᠂ ᠦᠨᠡᠨ ᠦ ᠡᠴᠦᠰ ᠢ ᠦᠵᠡᠬᠦ ᠭᠡᠵᠦ ᠰᠡᠯᠡᠩᠭᠡ ᠠᠶᠢᠮᠠᠭ ᠲᠤ ᠣᠷᠭᠣᠨ ᠵᠠᠶᠢᠯᠠᠵᠤ᠂ ᠲᠦᠷᠦᠭᠰᠡᠨ ᠳᠡᠭᠦᠦ ᠶᠢᠨ ᠨᠢᠭᠡ ᠥᠷᠥᠭᠡᠨ ᠳᠦ ᠭᠠᠳᠠᠭᠰᠢ ᠪᠠᠨ ᠴᠤ ᠭᠠᠷᠳᠠᠭ ᠦᠭᠡᠢ᠂ ᠳᠡᠭᠦᠦ ᠡᠴᠡ ᠪᠡᠨ ᠥᠭᠡᠷ᠎ᠡ ᠬᠦᠮᠦᠨ ᠲᠡᠢ ᠠᠭᠤᠯᠵᠠᠯᠳᠤᠳᠠᠭ ᠦᠭᠡᠢ ᠥᠪᠡᠷ ᠢᠶᠡᠨ ᠥᠪᠡᠷ ᠢ ᠪᠡᠨ ᠪᠠᠷᠢᠪᠴᠢᠯᠠᠵᠤ ᠬᠡᠳᠦᠨ ᠰᠠᠷ᠎ᠠ ᠶᠢᠨ ᠲᠤᠷᠰᠢ ᠨᠢᠭᠤᠭᠳᠠᠵᠤ ᠪᠠᠶᠢᠲᠠᠯ᠎ᠠ᠂ ᠳᠣᠲᠣᠭᠠᠳᠤ ᠶᠠᠮᠤᠨ ᠳᠤ ᠠᠯᠳᠠᠭ᠎ᠠ ᠳᠤᠲᠠᠭᠳᠠᠯ ᠭᠠᠷᠤᠭᠰᠠᠨ ᠢ ᠮᠠᠷᠱᠠᠯ ᠴᠣᠶᠢᠪᠠᠯᠰᠠᠩ ᠥᠪᠡᠷ ᠦᠨ ᠪᠡᠶ᠎ᠡ ᠪᠡᠷ ᠵᠣᠬᠢᠬᠤ ᠠᠷᠭ᠎ᠠ ᠬᠡᠮᠵᠢᠶ᠎ᠡ ᠠᠪᠴᠤ ᠵᠠᠰᠠᠵᠤ ᠪᠠᠶᠢᠨ᠎ᠠ ᠭᠡᠰᠡᠨ ᠢ ᠰᠣᠨᠣᠰᠴᠤ ᠪᠦᠬᠦ ᠦᠨᠡᠨ ᠤᠴᠢᠷ ᠢᠶᠠᠨ ᠭᠠᠷᠭᠠᠨ ᠮᠠᠷᠱᠠᠯ ᠴᠣᠶᠢᠪᠠᠯᠰᠠᠩ ᠳᠤ ᠵᠠᠬᠢᠳᠠᠯ ᠪᠢᠴᠢᠵᠦ ᠨᠢᠭᠤᠭᠳᠠᠬᠤ ᠪᠠᠨ ᠪᠣᠯᠢᠵᠤ ᠢᠯᠡ ᠭᠠᠷᠤᠭᠰᠠᠨ ᠪᠠᠶᠢᠨ᠎ᠠ᠃

ᠴᠠᠭᠠᠳᠠᠭᠰᠠᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠡᠭᠦᠨ ᠦ ᠳᠠᠷᠠᠭᠠᠬᠠᠨ ᠳᠣᠲᠣᠭᠠᠳᠤ ᠶᠠᠮᠤ ᠳᠠᠭᠤᠳᠠᠵᠤ ᠲᠡᠭᠦᠨ ᠦ ᠲᠤᠬᠠᠢ ᠲᠣᠳᠣᠷᠬᠠᠢ ᠠᠰᠠᠭᠤᠵᠤ ᠲᠠᠨᠢᠯᠴᠠᠭᠰᠠᠨ ᠶᠤᠮ᠃ ᠳᠠᠷᠠᠭ᠎ᠠ ᠨᠢ ᠲᠡᠭᠦᠨ ᠦ ᠭᠣᠮᠣᠳᠠᠯ ᠤᠨ ᠮᠥᠷ ᠢᠶᠡᠷ ᠰᠢᠯᠭᠠᠨ ᠦᠵᠡᠭᠡᠳ 1939 ᠣᠨ ᠤ 11 ᠍ ᠳᠦᠭᠡᠷ ᠰᠠᠷ᠎ᠠ ᠳᠤ ᠨᠠᠮ᠂ ᠡᠪᠯᠡᠯ ᠦᠨ ᠲᠥᠪ ᠬᠣᠷᠢᠶᠠᠨ ᠤ ᠬᠥᠭᠡᠬᠦ᠂ ᠡᠯᠰᠡᠭᠦᠯᠬᠦ ᠺᠣᠮᠢᠰ᠂ ᠨᠠᠮ ᠤᠨ ᠲᠥᠪ ᠺᠣᠮᠢᠰ ᠤᠨ ᠬᠤᠷᠠᠯ ᠢᠶᠠᠷ ᠬᠡᠯᠡᠯᠴᠡᠵᠦ ᠨᠠᠮ᠂ ᠡᠪᠯᠡᠯ ᠡᠴᠡ ᠬᠥᠭᠡᠬᠦ ᠰᠢᠯᠲᠠᠭᠠᠨ ᠪᠠᠶᠢᠭᠰᠠᠨ ᠦᠭᠡᠢ ᠭᠡᠵᠦ ᠦᠵᠡᠭᠡᠳ ᠨᠠᠮ᠂ ᠡᠪᠯᠡᠯ ᠦᠨ ᠭᠡᠰᠢᠭᠦᠨ ᠳᠦ ᠡᠷᠭᠢᠭᠦᠯᠦᠨ ᠲᠣᠭᠲᠠᠭᠠᠵᠤ ᠨᠠᠮ᠂ ᠡᠪᠯᠡᠯ ᠡᠴᠡ ᠬᠥᠭᠡᠭᠡᠭᠰᠡᠨ ᠲᠣᠭᠲᠠᠭᠠᠯ ᠢ ᠬᠡᠷᠡᠭᠰᠡᠬᠦ ᠦᠭᠡᠢ ᠪᠣᠯᠭᠠᠭᠰᠠᠨ ᠪᠢᠯᠡ᠃ ᠲᠡᠷᠡᠴᠢᠯᠡᠨ ᠠᠷᠠᠳ ᠤᠨ ᠴᠡᠷᠢᠭ ᠡᠴᠡ ᠣᠷᠣᠨ ᠲᠣᠭ᠎ᠠ ᠢᠯᠡᠭᠦᠳᠡᠵᠦ ᠴᠡᠷᠢᠭ ᠡᠴᠡ ᠪᠦᠷᠢᠮᠦᠰᠦᠨ ᠬᠠᠯᠠᠭᠳᠠᠭᠰᠠᠨ ᠦᠨᠡᠮᠯᠡᠬᠦ ᠶᠢ ᠬᠦᠴᠦᠨ ᠦᠭᠡᠢ ᠪᠣᠯᠭᠠᠵᠤ 1940 ᠣᠨ ᠤ 9 ᠍ ᠳᠦᠭᠡᠷ ᠰᠠᠷ᠎ᠠ ᠳᠤ ᠪᠡᠯᠡᠳᠬᠡᠯ ᠤᠯᠤᠰ ᠲᠥᠷᠥ ᠶᠢᠨ ᠠᠵᠢᠯᠲᠠᠨ᠂ ᠤᠯᠤᠰ ᠲᠥᠷᠥ ᠶᠢᠨ ᠤᠳᠤᠷᠢᠳᠤᠭᠴᠢ ᠴᠣᠯᠠᠲᠠᠢ ᠪᠠᠷ ᠴᠡᠷᠢᠭ ᠡᠴᠡ ᠬᠠᠯᠠᠭᠳᠠᠵᠤ ᠴᠠᠭᠠᠳᠠᠭᠰᠠᠨ᠃

ᠠᠵᠢᠯ ᠠᠯᠪᠠᠨ ᠲᠤᠰᠢᠶᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

1939 ᠣᠨ ᠤ 3 ᠍ ᠳᠦᠭᠡᠷ ᠰᠠᠷ᠎ᠠ ᠶᠢᠨ 25 ᠍ ᠨ ᠠᠴᠠ ᠤᠯᠤᠰ ᠤᠨ ᠬᠤᠳᠠᠯᠳᠤᠭᠠᠨ ᠤ ᠰᠠᠩᠬᠦᠦ ᠶᠢᠨ ᠰᠤᠷᠭᠠᠭᠤᠯᠢ ᠳᠤ ᠤᠯᠤᠰ ᠲᠥᠷᠥ ᠶᠢᠨ ᠪᠠᠭᠰᠢ᠂ ᠬᠢᠴᠢᠶᠡᠯ ᠠᠩᠬᠢ ᠶᠢᠨ ᠡᠷᠬᠢᠯᠡᠭᠴᠢ᠃
1939 ᠣᠨ ᠤ 10 ᠍ ᠳᠦᠭᠡᠷ ᠰᠠᠷ᠎ᠠ ᠶᠢᠨ 15 ᠍ ᠨ ᠠᠴᠠ ᠤᠯᠤᠰ ᠤᠨ ᠬᠤᠳᠠᠯᠳᠤᠭ᠎ᠠ ᠲᠠᠲᠠᠨ ᠪᠠᠭᠤᠭᠳᠠᠭᠰᠠᠨ ᠤᠴᠢᠷ ᠲᠥᠪ ᠠᠶᠢᠮᠠᠭ ᠤᠨ ᠪᠠᠷᠠᠭ᠎ᠠ ᠪᠠᠭᠠᠵᠢ ᠳᠤ ᠪᠠᠷᠠᠭᠠᠨ ᠤ ᠪᠠᠶᠢᠴᠠᠭᠠᠭᠴᠢ ᠪᠠᠷ ᠠᠵᠢᠯᠯᠠᠵᠤ ᠪᠠᠶᠢᠪᠠ᠃
1940 ᠣᠨ ᠤ 1 ᠍ ᠳᠦᠭᠡᠷ ᠰᠠᠷ᠎ᠠ ᠶᠢᠨ 12 ᠍ ᠨᠣᠣᠰᠣ ᠨᠠᠮ ᠤᠨ ᠲᠥᠪ ᠬᠣᠷᠢᠶᠠᠨ ᠤ ᠰᠢᠢᠳᠪᠦᠷᠢ ᠪᠡᠷ ᠨᠠᠮ ᠤᠨ ᠲᠥᠪ ᠺᠣᠮᠢᠰ ᠤᠨ ᠪᠠᠶᠢᠴᠠᠭᠠᠭᠴᠢ ᠪᠠᠷ ᠳᠡᠪᠰᠢᠨ ᠠᠵᠢᠯᠯᠠᠭᠰᠠᠨ ᠶᠤᠮ᠃
1941 ᠣᠨ ᠤ 1 ᠍ ᠳᠦᠭᠡᠷ ᠰᠠᠷ᠎ᠠ ᠶᠢᠨ 9 ᠍ ᠨ ᠡᠴᠡ ᠨᠠᠮ ᠤᠨ ᠲᠥᠪ ᠬᠣᠷᠢᠶᠠᠨ ᠤ ᠰᠢᠨ᠎ᠡ ᠬᠦᠴᠦᠨ ᠦ ᠬᠡᠯᠲᠡᠰ ᠲᠦ ᠭᠦᠢᠴᠡᠳᠬᠡᠭᠴᠢ᠃
1942 ᠣᠨ ᠤ 3 ᠍ ᠳᠦᠭᠡᠷ ᠰᠠᠷ᠎ᠠ ᠶᠢᠨ 12 ᠍ ᠨᠣᠣᠰᠣ ᠨᠠᠮ ᠤᠨ ᠲᠥᠪ ᠬᠣᠷᠢᠶᠠᠨ ᠤ ᠲᠡᠷᠢᠭᠦᠯᠡᠭᠴᠢᠳ ᠦᠨ ᠬᠤᠷᠠᠯ ᠢᠶᠠᠷ ᠮ᠃ᠯᠤᠪᠰᠠᠩᠴᠣᠶᠢᠮᠪᠣᠯ ᠢ ᠥᠰᠴᠦ ᠶᠠᠪᠤᠭ᠎ᠠ ᠵᠠᠯᠠᠭᠤ ᠪᠣᠯᠪᠠᠰᠤᠨ ᠬᠦᠴᠦᠨ ᠭᠡᠵᠦ ᠦᠵᠡᠵᠦ ᠨᠠᠮ ᠤᠨ ᠲᠥᠪ ᠬᠣᠷᠢᠶᠠᠨ ᠤ ᠰᠢᠨ᠎ᠡ ᠬᠦᠴᠦᠨ ᠦ ᠬᠡᠯᠲᠡᠰ ᠦᠨ ᠳᠠᠷᠤᠭ᠎ᠠ ᠪᠠᠷ ᠳᠡᠪᠰᠢᠭᠦᠯᠦᠨ ᠪᠠᠲᠤᠯᠠᠭᠰᠠᠨ ᠶᠤᠮ᠃
1942 ᠣᠨ ᠤ 9 ᠍ ᠳᠦᠭᠡᠷ ᠰᠠᠷ᠎ᠠ ᠶᠢᠨ 1 ᠍ ᠨ ᠡᠴᠡ ᠰᠢᠨ᠎ᠡ ᠬᠦᠴᠦᠨ ᠦ ᠬᠡᠯᠲᠡᠰ ᠦᠨ ᠳᠠᠷᠤᠭ᠎ᠠ ᠠᠴᠠ ᠠᠵᠤ ᠦᠢᠯᠡᠳᠪᠦᠷᠢ ᠶᠢᠨ ᠺᠣᠮᠪᠢᠨᠠᠲ ᠤᠨ ᠲᠣᠨᠣᠭᠯᠠᠯ ᠤᠨ ᠹᠠᠪᠷᠢᠺ ᠤᠨ ᠠᠵᠤ ᠠᠬᠤᠢ ᠶᠢᠨ ᠳᠠᠷᠤᠭ᠎ᠠ ᠪᠠᠷ ᠪᠠᠭᠤᠷᠴᠢ ᠠᠵᠢᠯᠯᠠᠭᠰᠠᠨ᠃ ᠡᠭᠦᠨ ᠦ ᠤᠴᠢᠷ ᠨᠢ ᠰᠡᠯᠡᠩᠭᠡ ᠠᠶᠢᠮᠠᠭ ᠤᠨ ᠡᠪᠯᠡᠯ ᠦᠨ ᠬᠣᠷᠢᠶᠠᠨ ᠤ ᠳᠠᠷᠤᠭ᠎ᠠ ᠪᠠᠷ ᠭᠣᠮᠪᠣᠰᠦ᠋ᠷᠦᠩ ᠢ ᠲᠣᠮᠢᠯᠠᠬᠤ ᠪᠠᠷ ᠨᠠᠮ ᠤᠨ ᠲᠥᠪ ᠬᠣᠷᠢᠶ᠎ᠠ ᠪᠠᠷ ᠪᠠᠲᠤᠯᠠᠭᠤᠯᠬᠤ ᠪᠠᠷ᠂ ᠡᠪᠯᠡᠯ ᠦᠨ ᠲᠥᠪ ᠬᠣᠷᠢᠶᠠᠨ ᠤ ᠳᠠᠷᠤᠭ᠎ᠠ ᠠᠴᠠ ᠣᠷᠣᠭᠤᠯᠤᠭᠰᠠᠨ ᠰᠠᠨᠠᠯ ᠢ ᠵᠣᠬᠢᠬᠤ ᠵᠢᠷᠤᠮ ᠢᠶᠠᠷ ᠬᠢᠨᠠᠵᠤ ᠦᠵᠡᠭᠡᠳ:
ᠨ᠃ᠭᠣᠮᠪᠣᠰᠦ᠋ᠷᠦᠩ ᠡᠪᠯᠡᠯ ᠦᠨ ᠬᠣᠷᠢᠶᠠᠨ ᠤ ᠳᠠᠷᠤᠭ᠎ᠠ ᠶᠢᠨ ᠠᠵᠢᠯ ᠳᠤ ᠲᠡᠩᠴᠡᠬᠦ ᠦᠭᠡᠢ ᠨᠣᠴᠢᠲᠠᠢ ᠳᠤᠲᠠᠭᠳᠠᠯ ᠲᠠᠢ ᠬᠦᠮᠦᠨ ᠪᠠᠶᠢᠭᠰᠠᠨ ᠲᠤᠯᠠ ᠤᠭ ᠠᠵᠢᠯ ᠳᠤ ᠲᠠᠯᠪᠢᠬᠤ ᠶᠢ ᠲᠠᠲᠠᠭᠠᠯᠵᠠᠵᠤ ᠠᠯᠪᠠᠨ ᠶᠣᠰᠣᠭᠠᠷ ᠡᠪᠯᠡᠯ ᠦᠨ ᠲᠥᠪ ᠬᠣᠷᠢᠶᠠᠨ ᠳᠤ ᠬᠠᠷᠢᠭᠤ ᠥᠭᠭᠦᠭᠰᠡᠨ ᠢ ᠲᠡᠷᠡ ᠦᠶ᠎ᠡ ᠶᠢᠨ ᠡᠪᠯᠡᠯ ᠦᠨ ᠲᠥᠪ ᠬᠣᠷᠢᠶᠠᠨ ᠤ ᠳᠠᠷᠤᠭ᠎ᠠ ᠪᠠᠶᠢᠭᠰᠠᠨ ᠬᠦᠮᠦᠨ ᠳᠤᠷᠠᠭᠦᠶᠢᠴᠡᠵᠦ ᠮᠥᠨ ᠯᠠ ᠲᠡᠷᠡ ᠦᠶᠡᠳᠡᠭᠡ ᠰᠢᠨ᠎ᠡ ᠬᠦᠴᠦᠨ ᠦ ᠠᠰᠠᠭᠤᠳᠠᠯ ᠡᠷᠬᠢᠯᠡᠵᠦ ᠪᠠᠶᠢᠭᠰᠠᠨ ᠨᠠᠮ ᠤᠨ ᠲᠥᠪ ᠬᠣᠷᠢᠶᠠᠨ ᠤ ᠨᠠᠷᠢᠨ ᠪᠢᠴᠢᠭ ᠦᠨ ᠳᠠᠷᠤᠭ᠎ᠠ ᠳᠤ ᠭᠣᠮᠣᠳᠠᠯ ᠭᠠᠷᠭᠠᠵᠤ ᠭᠣᠮᠪᠣᠰᠦ᠋ᠷᠦᠩ ᠢ ᠵᠠᠪᠠᠯ ᠡᠪᠯᠡᠯ ᠦᠨ ᠬᠣᠷᠢᠶᠠᠨ ᠤ ᠳᠠᠷᠤᠭ᠎ᠠ ᠪᠠᠷ ᠲᠠᠯᠪᠢᠬᠤ ᠭᠡᠰᠡᠨ ᠡᠳᠡᠭᠡᠷ ᠬᠦᠮᠦᠰ ᠲᠡᠢ ᠮᠠᠷᠭᠤᠯᠳᠤᠪᠠ ᠭᠡᠵᠦ ᠰᠢᠨ᠎ᠡ ᠬᠦᠴᠦᠨ ᠦ ᠳᠠᠷᠤᠭ᠎ᠠ ᠠᠴᠠ ᠨᠢᠭᠤᠴᠠ ᠠᠯᠳᠠᠪᠠ ᠭᠡᠳᠡᠭ ᠥᠭᠡᠷ᠎ᠡ ᠰᠡᠳᠦᠪ ᠢᠶᠡᠷ ᠬᠠᠯᠤᠰᠤᠨ ᠶᠤᠮ᠃
ᠠᠵᠤ ᠦᠢᠯᠡᠳᠪᠦᠷᠢ ᠶᠢᠨ ᠺᠣᠮᠪᠢᠨᠠᠲ ᠤᠨ ᠲᠣᠨᠣᠭᠯᠠᠯ ᠤᠨ ᠹᠠᠪᠷᠢᠺ ᠲᠤ ᠰᠠᠶᠢᠨ ᠠᠵᠢᠯᠯᠠᠭᠰᠠᠨ ᠤᠴᠢᠷ ᠠᠵᠤ ᠦᠢᠯᠡᠳᠪᠦᠷᠢ ᠶᠢᠨ ᠺᠣᠮᠪᠢᠨᠠᠲ ᠤᠨ ᠵᠠᠬᠢᠷᠭᠠᠨ ᠳᠤ ᠶᠡᠷᠦᠩᠬᠡᠢ ᠨᠣᠷᠮ᠎ᠠ ᠵᠣᠬᠢᠶᠠᠭᠴᠢ ᠪᠠᠷ ᠳᠡᠪᠰᠢᠭᠦᠯᠦᠨ ᠲᠤᠮᠢᠯᠠᠪᠠ᠃
ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠶᠢᠨ ᠠᠵᠤ ᠦᠢᠯᠡᠳᠪᠦᠷᠢ ᠶᠢᠨ ᠶᠠᠮᠤᠨ ᠤ ᠰᠠᠶᠢᠳ ᠮ᠃ᠯᠤᠪᠰᠠᠩᠴᠣᠶᠢᠮᠪᠠᠯ
ᠵᠥᠪᠯᠡᠯᠲᠦ ᠬᠣᠯᠪᠣᠭᠠᠲᠤ ᠤᠯᠤᠰ ᠤᠨ ᠡᠯᠴᠢᠨ ᠰᠠᠶᠢᠳ ᠸ᠃ᠮᠣᠯᠣᠲᠳᠣᠸ
ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠦᠨ ᠰᠠᠶᠢᠳ ᠨᠠᠷ ᠤᠨ ᠵᠥᠪᠯᠡᠯ ᠦᠨ ᠳᠠᠷᠤᠭ᠎ᠠ ᠶᠦ᠃ᠼᠡᠳᠡᠨᠪᠠᠯ ᠍ ᠤᠨ ᠬᠠᠮᠲᠤ 1958-1960 ᠣᠨ
1944 ᠣᠨ ᠤ 3 ᠍ ᠳᠦᠭᠡᠷ ᠰᠠᠷ᠎ᠠ ᠶᠢᠨ 1 ᠍ ᠨ ᠡᠴᠡ ᠨᠠᠮ ᠤᠨ ᠲᠥᠪ ᠬᠣᠷᠢᠶᠠᠨ ᠤ ᠨᠠᠷᠢᠨ ᠪᠢᠴᠢᠭ ᠦᠨ ᠳᠠᠷᠤᠭ᠎ᠠ ᠨᠠᠷ ᠤᠨ ᠵᠥᠪᠯᠡᠯᠭᠡᠨ ᠦ ᠬᠤᠷᠠᠯ ᠳᠡᠭᠡᠷ᠎ᠡ ᠲᠡᠭᠦᠨ ᠢ ᠭᠡᠨᠡᠳᠲᠡ ᠳᠠᠭᠤᠳᠠᠵᠤ ᠰᠠᠨᠠᠯ ᠢ ᠨᠢ ᠠᠰᠠᠭᠤᠵᠤ ᠨᠠᠮ ᠤᠨ ᠰᠢᠨ᠎ᠡ ᠬᠦᠴᠦᠨ ᠦ ᠳᠡᠭᠡᠳᠦ ᠰᠤᠷᠭᠠᠭᠤᠯᠢ ᠳᠤ ᠣᠷᠣᠭᠤᠯᠤᠭᠰᠠᠨ ᠶᠤᠮ᠃
ᠲᠡᠷᠡ ᠦᠶ᠎ᠡ ᠳᠦ ᠭᠣᠮᠪᠣᠰᠦ᠋ᠷᠦᠩ ᠨᠢ ᠠᠵᠢᠯ ᠳᠤ ᠪᠠᠨ ᠲᠡᠩᠴᠡᠬᠦ ᠦᠭᠡᠢ ᠪᠣᠯᠤᠨ ᠬᠠᠯᠠᠭᠳᠠᠵᠤ ᠡᠷᠡᠭᠦᠦ ᠶᠢᠨ ᠭᠡᠮᠲᠦ ᠬᠡᠷᠡᠭ ᠲᠦ ᠬᠣᠯᠪᠣᠭᠳᠠᠵᠤ ᠰᠢᠭᠦᠬᠦ ᠪᠡᠷ ᠰᠢᠳᠬᠡᠭᠳᠡᠭᠰᠡᠨ ᠶᠤᠮ᠃ ᠡᠨᠡ ᠤᠴᠢᠷ ᠠᠴᠠ ᠨᠠᠮ ᠤᠨ ᠲᠥᠪ ᠬᠣᠷᠢᠶᠠᠨ ᠠᠴᠠ ᠠᠯᠪᠠᠨ ᠶᠣᠰᠣᠭᠠᠷ ᠲᠥᠪ ᠬᠣᠷᠢᠶᠠᠨ ᠠᠴᠠ ᠠᠫᠫᠠᠷᠠᠲ ᠠᠴᠠ ᠬᠠᠯᠠᠭᠳᠠᠭᠰᠠᠨ ᠢ ᠴᠠᠭᠠᠳᠬᠠᠯ ᠢᠶᠠᠨ ᠭᠡᠵᠦ ᠬᠡᠯᠡᠭᠡ ᠦᠭᠡᠢ ᠪᠣᠯᠪᠠᠴᠤ ᠬᠠᠷᠠᠭᠠᠯᠵᠠᠨ ᠦᠵᠡᠭᠰᠡᠨ ᠲᠤᠯᠠ ᠲᠡᠷᠡ ᠪᠡᠷ ᠲᠡᠷᠡ ᠦᠶ᠎ᠡ ᠳᠦ ᠭᠣᠮᠣᠳᠠᠯ ᠭᠠᠷᠭᠠᠭ᠎ᠠ ᠦᠭᠡᠢ ᠶᠤᠮ᠃ ᠡᠨᠡ ᠬᠡᠷᠡᠭ ᠦᠨᠡᠬᠡᠷ ᠬᠢᠯᠢᠰ ᠲᠠᠰᠢᠶ᠎ᠠ ᠬᠡᠷᠡᠭ ᠲᠦ ᠬᠣᠯᠪᠣᠭᠳᠠᠭᠤᠯᠤᠭᠰᠠᠨ ᠶᠤᠮ᠃
ᠳᠠᠷᠬᠠᠨ ᠬᠣᠲᠠ ᠶᠢᠨ ᠠᠷᠠᠳ ᠤᠨ ᠳ᠋ᠧᠫᠦᠶᠢᠲ᠋ᠠᠲ ᠤᠨ ᠬᠤᠷᠠᠯ ᠤᠨ ᠭᠦᠢᠴᠡᠳᠭᠡᠬᠦ ᠵᠠᠬᠢᠷᠭᠠᠨ ᠤ ᠳᠠᠷᠤᠭ᠎ᠠ ᠮ᠃ᠯᠤᠪᠰᠠᠩᠴᠣᠶᠢᠮᠪᠠᠯᠶᠦ᠃ᠼᠡᠳᠡᠨᠪᠠᠯ ᠳᠠᠷᠤᠭ᠎ᠠ ᠨᠠᠷ ᠯᠠ᠃ᠢ᠃ᠪᠷᠧᠵᠨᠸᠡᠶᠢᠭ ᠸᠣᠺᠽᠠᠯ ᠳᠡᠭᠡᠷ᠎ᠡ ᠤᠭᠲᠤᠨ ᠠᠪᠴᠤ ᠪᠠᠶᠢᠭ᠎ᠠ ᠨᠢ᠃ 1966 ᠣᠨ
1947 ᠣᠨ ᠤ 1 ᠍ ᠳᠦᠭᠡᠷ ᠰᠠᠷ᠎ᠠ ᠶᠢᠨ 1 ᠍ ᠨ ᠡᠴᠡ ᠨᠠᠮ ᠤᠨ ᠰᠢᠨ᠎ᠡ ᠬᠦᠴᠦᠨ ᠦ ᠳᠡᠭᠡᠳᠦ ᠰᠤᠷᠭᠠᠭᠤᠯᠢ ᠠᠴᠠ ᠡᠪᠡᠳᠴᠢᠨ ᠦ ᠤᠴᠢᠷ ᠨᠢᠭᠡ ᠵᠢᠯ ᠦᠨ ᠠᠺᠲ ᠭᠠᠷᠴᠤ ᠪᠤᠯᠠᠭᠠᠨ ᠠᠶᠢᠮᠠᠭ ᠲᠤ ᠰᠦ᠋ ᠲᠣᠰᠤᠨ ᠤ ᠠᠵᠢᠯ ᠬᠠᠷᠢᠭᠤᠴᠠᠭᠰᠠᠨ ᠲᠥᠪ ᠬᠣᠷᠢᠶ᠎ᠠ᠂ ᠵᠠᠰᠠᠭ ᠤᠨ ᠭᠠᠵᠠᠷ ᠤᠨ ᠣᠨᠴᠠᠭᠠᠢ ᠲᠥᠯᠥᠭᠡᠯᠡᠭᠴᠢ ᠪᠡᠷ 6 ᠰᠠᠷ᠎ᠠ ᠠᠵᠢᠯᠯᠠᠵᠤ ᠤᠭ ᠡᠭᠦᠷᠭᠡ ᠶᠢ ᠰᠠᠶᠢᠨ ᠪᠡᠶᠡᠯᠡᠭᠦᠯᠦᠭᠰᠡᠨ ᠭᠡᠵᠦ ᠵᠠᠰᠠᠭ ᠤᠨ ᠭᠠᠵᠠᠷ ᠤᠨ ᠬᠦᠨᠳᠦᠳ ᠦᠨᠡᠮᠯᠡᠬᠦ᠂ 600 ᠲᠥᠭᠥᠷᠢᠭ ᠢᠶᠡᠷ ᠱᠠᠩᠨᠠᠭᠳᠠᠵᠤ ᠪᠠᠶᠢᠪᠠ᠃ ᠳᠠᠷᠠᠭ᠎ᠠ ᠨᠢ ᠬᠣᠲᠠ ᠶᠢᠨ ᠨᠠᠮ ᠤᠨ ᠬᠣᠷᠢᠶᠠᠨ ᠤ ᠦᠵᠡᠯ ᠰᠤᠷᠲᠠᠯ ᠤᠨ ᠬᠡᠯᠲᠡᠰ ᠲᠦ ᠬᠣᠲᠠ ᠶᠢᠨ ᠨᠠᠮ ᠤᠨ ᠭᠡᠰᠢᠭᠦᠳ ᠦᠨ ᠳᠤᠭᠤᠶᠢᠯᠠᠩᠭ᠎ᠠ ᠨᠤᠭᠤᠳ ᠢ ᠬᠠᠷᠢᠭᠤᠴᠠᠭᠰᠠᠨ ᠵᠢᠭᠠᠪᠤᠷᠢᠯᠠᠭᠴᠢ ᠪᠠᠷ ᠠᠵᠢᠯᠯᠠᠵᠤ ᠪᠠᠶᠢᠯ᠎ᠠ᠃
1947 ᠣᠨ ᠤ 11 ᠍ ᠳᠦᠭᠡᠷ ᠰᠠᠷ᠎ᠠ ᠶᠢᠨ 1 ᠍ ᠨ ᠡᠴᠡ ᠪᠡᠶ᠎ᠡ ᠶᠢᠨ ᠡᠷᠡᠭᠦᠯ ᠮᠡᠨᠳᠦ ᠶᠢᠨ ᠪᠠᠶᠢᠳᠠᠯ᠂ ᠡᠮᠴᠢ ᠨᠠᠷ ᠤᠨ ᠵᠥᠪᠯᠡᠯᠭᠡᠨ ᠢᠶᠡᠷ ᠴᠠᠭᠠᠰᠢᠳᠠ ᠦᠷᠭᠦᠯᠵᠢᠯᠡᠭᠦᠯᠦᠨ ᠰᠤᠷᠤᠯᠴᠠᠬᠤ ᠪᠣᠯᠬᠤ ᠦᠭᠡᠢ ᠭᠡᠰᠡᠨ ᠢᠶᠡᠷ ᠬᠡᠪᠯᠡᠬᠦ ᠤᠳᠬ᠎ᠠ ᠵᠣᠬᠢᠶᠠᠯ ᠢ ᠬᠢᠨᠠᠬᠤ ᠭᠠᠵᠠᠷ ᠦᠵᠡᠪᠦᠷᠢ ᠶᠢᠨ ᠪᠠᠶᠢᠴᠠᠭᠠᠭᠴᠢ ᠪᠠᠷ ᠠᠵᠢᠯᠯᠠᠪᠠ᠃
1948 ᠣᠨ ᠤ 4 ᠍ ᠳᠦᠭᠡᠷ ᠰᠠᠷ᠎ᠠ ᠶᠢᠨ 1 ᠍ ᠨ ᠡᠴᠡ ᠨᠠᠮ ᠤᠨ ᠲᠥᠪ ᠬᠣᠷᠢᠶᠠᠨ ᠤ ᠰᠢᠢᠳᠪᠦᠷᠢ ᠪᠡᠷ ᠬᠣᠲᠠ ᠶᠢᠨ ᠨᠠᠮ ᠤᠨ ᠬᠣᠷᠢᠶᠠᠨ ᠤ ᠦᠢᠯᠡᠳᠪᠦᠷᠢ ᠶᠢᠨ ᠬᠡᠯᠲᠡᠰ ᠲᠦ ᠳᠠᠷᠤᠭ᠎ᠠ ᠪᠠᠷ ᠳᠡᠪᠰᠢᠨ ᠠᠵᠢᠯᠯᠠᠪᠠ᠃
1949 ᠣᠨ ᠤ 12 ᠍ ᠳᠦᠭᠡᠷ ᠰᠠᠷ᠎ᠠ ᠶᠢᠨ 1 ᠍ ᠨ ᠡᠴᠡ ᠬᠣᠲᠠ ᠶᠢᠨ ᠨᠠᠮ ᠤᠨ ᠬᠣᠷᠢᠶᠠᠨ ᠤ ᠦᠵᠡᠯ ᠰᠤᠷᠲᠠᠯ ᠡᠷᠬᠢᠯᠡᠭᠰᠡᠨ ᠨᠠᠷᠢᠨ ᠪᠢᠴᠢᠭ ᠦᠨ ᠳᠠᠷᠤᠭ᠎ᠠ᠂ ᠰᠢᠨ᠎ᠡ ᠬᠦᠴᠦᠨ ᠦ ᠠᠰᠠᠭᠤᠳᠠᠯ ᠡᠷᠬᠢᠯᠡᠭᠰᠡᠨ ᠨᠠᠷᠢᠨ ᠪᠢᠴᠢᠭ ᠦᠨ ᠳᠠᠷᠤᠭ᠎ᠠ ᠪᠠᠷ ᠲᠤᠰ᠂ ᠲᠤᠰ ᠰᠣᠩᠭᠣᠭᠳᠠᠨ ᠠᠵᠢᠯᠯᠠᠪᠠ᠃
1953 ᠣᠨ ᠤ 1 ᠍ ᠳᠦᠭᠡᠷ ᠰᠠᠷ᠎ᠠ ᠶᠢᠨ 8 ᠍ ᠤ ᠡᠳᠦᠷ ᠦᠨ ᠨᠠᠮ ᠤᠨ ᠲᠥᠪ ᠬᠣᠷᠢᠶᠠᠨ ᠤ ᠤᠯᠤᠰ ᠲᠥᠷᠥ ᠶᠢᠨ ᠲᠣᠪᠴᠢᠶᠠᠨ ᠤ 2/4 ᠲᠣᠭᠲᠠᠭᠠᠯ ᠢᠶᠠᠷ ᠬᠤᠳᠠᠯᠳᠤᠭᠠᠨ ᠤ ᠶᠠᠮᠤᠨ ᠤ ᠰᠠᠶᠢᠳ ᠢᠶᠠᠷ ᠳᠡᠪᠰᠢᠨ ᠠᠵᠢᠯᠯᠠᠭᠰᠠᠨ᠃
1953 ᠣᠨ ᠤ 8 ᠍ ᠳᠦᠭᠡᠷ ᠰᠠᠷ᠎ᠠ ᠶᠢᠨ 5 ᠍ ᠳᠦ ᠨᠠᠮ ᠤᠨ ᠲᠥᠪ ᠬᠣᠷᠢᠶᠠᠨ ᠤ ᠤᠯᠤᠰ ᠲᠥᠷᠥ ᠶᠢᠨ ᠠᠷᠠᠳ ᠤᠨ ᠶᠡᠬᠡ ᠬᠤᠷᠠᠯ ᠤᠨ ᠲᠡᠷᠢᠭᠦᠯᠡᠭᠴᠢᠳ ᠦᠨ 97 ᠍ ᠳᠦᠭᠡᠷ ᠵᠠᠷᠯᠢᠭ ᠢᠶᠠᠷ ᠬᠦᠨᠡᠰᠦᠨ ᠦ ᠶᠠᠮᠤᠨ ᠤ ᠰᠠᠶᠢᠳ ᠢᠶᠠᠷ ᠰᠢᠯᠵᠢᠨ ᠠᠵᠢᠯᠯᠠᠭᠰᠠᠨ᠃
1957 ᠣᠨ ᠤ 6 ᠍ ᠳᠦᠭᠡᠷ ᠰᠠᠷ᠎ᠠ ᠶᠢᠨ 10 ᠍ ᠤ ᠡᠳᠦᠷ ᠦᠨ ᠨᠠᠮ ᠤᠨ ᠲᠥᠪ ᠬᠣᠷᠢᠶᠠᠨ ᠤ ᠤᠯᠤᠰ ᠲᠥᠷᠥ ᠶᠢᠨ ᠲᠣᠪᠴᠢᠶᠠᠨ ᠤ 185 ᠍ ᠳᠦᠭᠡᠷ ᠲᠣᠭᠲᠠᠭᠠᠯ ᠢᠶᠠᠷ ᠬᠦᠨᠡᠰᠦᠨ ᠦ ᠶᠠᠮᠤ ᠲᠠᠲᠠᠨ ᠪᠠᠭᠤᠭᠳᠠᠭᠰᠠᠨ ᠤᠴᠢᠷ ᠳᠣᠷᠣᠨᠠᠭᠣᠪᠢ ᠳᠠᠬᠢ ᠨᠧᠹᠲ ᠦᠨ ᠦᠢᠯᠡᠳᠪᠦᠷᠢ ᠨᠦᠭᠦᠳ ᠦᠨ ᠤᠳᠤᠷᠢᠳᠬᠤ ᠭᠠᠵᠠᠷ ᠤᠨ ᠳᠠᠷᠤᠭ᠎ᠠ ᠪᠠᠷ ᠰᠢᠯᠵᠢᠨ ᠠᠵᠢᠯᠯᠠᠭᠰᠠᠨ᠃ ᠡᠨᠡ ᠦᠢᠯᠡᠳᠪᠦᠷᠢ ᠨᠦᠭᠦᠳ ᠢ ᠵᠥᠪᠯᠡᠯᠲᠦ ᠬᠣᠯᠪᠣᠭᠠᠲᠤ ᠤᠯᠤᠰ ᠠᠴᠠ ᠮᠠᠨ ᠤ ᠤᠯᠤᠰ ᠲᠤ ᠦᠨ᠎ᠡ ᠲᠥᠯᠦᠪᠦᠷᠢ ᠦᠭᠡᠢ ᠰᠢᠯᠵᠢᠭᠦᠯᠦᠭᠰᠡᠨ ᠲᠤᠯᠠ ᠲᠤᠰ ᠦᠢᠯᠡᠳᠪᠦᠷᠢ ᠶᠢᠨ 500 ᠭᠠᠷᠤᠢ ᠵᠥᠪᠯᠡᠯᠲᠦ ᠶᠢᠨ ᠠᠵᠢᠯᠴᠢᠳ ᠢ ᠮᠣᠩᠭᠣᠯ ᠠᠵᠢᠯᠲᠠᠨ ᠢᠶᠠᠷ ᠰᠣᠯᠢᠬᠤ᠂ ᠮᠣᠩᠭᠣᠯ ᠵᠠᠬᠢᠷᠭ᠎ᠠ ᠶᠢ ᠰᠢᠨ᠎ᠡ ᠪᠡᠷ ᠪᠠᠶᠢᠭᠤᠯᠵᠤ᠂ ᠦᠢᠯᠡᠳᠪᠦᠷᠢ ᠶᠢ ᠲᠦᠷᠭᠡᠨ ᠬᠤᠭᠤᠴᠠᠭᠠᠨ ᠳᠤ ᠪᠡᠬᠢᠵᠢᠭᠦᠯᠬᠦ ᠳᠠᠭᠠᠭᠠᠯᠭᠠᠪᠤᠷᠢ ᠶᠢ ᠨᠠᠮ ᠤᠨ ᠲᠥᠪ ᠬᠣᠷᠢᠶᠠᠨ ᠠᠴᠠ ᠠᠪᠴᠤ ᠤᠭ ᠦᠢᠯᠡᠳᠪᠦᠷᠢ ᠶᠢ ᠬᠦᠯᠢᠶᠡᠯᠭᠡᠨ ᠥᠭᠬᠦ ᠵᠥᠪᠯᠡᠯᠲᠦ ᠶᠢᠨ ᠵᠠᠰᠠᠭ ᠤᠨ ᠭᠠᠵᠠᠷ ᠤᠨ ᠺᠣᠮᠢᠰ ᠬᠦᠷᠦᠯᠴᠡᠨ ᠢᠷᠡᠵᠦ ᠮᠣᠩᠭᠣᠯ ᠤᠨ ᠵᠠᠰᠠᠭ ᠤᠨ ᠭᠠᠵᠠᠷ ᠤᠨ ᠮᠠᠶᠢᠳᠠᠷ ᠳᠠᠷᠤᠭ᠎ᠠ ᠲᠠᠢ ᠺᠣᠮᠢᠰ ᠲᠤ ᠤᠭ ᠦᠢᠯᠡᠳᠪᠦᠷᠢ ᠶᠢ ᠬᠦᠯᠢᠶᠡᠯᠭᠡᠨ ᠥᠭᠭᠦᠭᠰᠡᠨ ᠶᠤᠮ᠃
ᠳᠠᠷᠬᠠᠨ ᠬᠣᠲᠠ ᠶᠢᠨ ᠠᠷᠠᠳ ᠤᠨ ᠳ᠋ᠧᠫᠦᠶᠢᠲ᠋ᠠᠲ ᠤᠨ ᠬᠤᠷᠠᠯ ᠤᠨ ᠭᠦᠢᠴᠡᠳᠭᠡᠬᠦ ᠵᠠᠬᠢᠷᠭᠠᠨ ᠤ ᠳᠠᠷᠤᠭ᠎ᠠ ᠮ᠃ᠯᠤᠪᠰᠠᠩᠴᠣᠶᠢᠮᠪᠠᠯ ᠯᠠ᠃ᠢ᠃ᠪᠷᠧᠵᠨᠸ ᠨᠠᠷ ᠳᠠᠷᠬᠠᠨ ᠬᠣᠲᠠ ᠶᠢᠨ ᠬᠥᠳᠡᠯᠮᠦᠷᠢᠴᠢᠳ ᠲᠡᠢ ᠠᠭᠤᠯᠵᠠᠵᠤ ᠪᠤᠢ ᠨᠢ᠃ 1966 ᠣᠨ
1958 ᠣᠨ ᠤ 3 ᠍ ᠳᠦᠭᠡᠷ ᠰᠠᠷ᠎ᠠ ᠶᠢᠨ 28 ᠍ ᠤ ᠡᠳᠦᠷ ᠦᠨ ᠤᠯᠤᠰ ᠤᠨ ᠶᠡᠬᠡ ᠬᠤᠷᠠᠯ ᠤᠨ 3 ᠳᠠᠬᠢ ᠤᠳᠠᠭ᠎ᠠ ᠶᠢᠨ ᠴᠢᠭᠤᠯᠭᠠᠨ ᠢᠶᠠᠷ ᠠᠵᠤ ᠦᠢᠯᠡᠳᠪᠦᠷᠢ ᠶᠢᠨ ᠶᠠᠮᠤᠨ ᠤ ᠰᠠᠶᠢᠳ ᠢᠶᠠᠷ ᠳᠡᠪᠰᠢᠨ ᠠᠵᠢᠯᠯᠠᠭᠰᠠᠨ᠃
1960 ᠣᠨ ᠤ 3 ᠍ ᠳᠦᠭᠡᠷ ᠰᠠᠷ᠎ᠠ ᠶᠢᠨ 30 ᠍ ᠤ ᠡᠳᠦᠷ ᠦᠨ ᠠᠷᠠᠳ ᠤᠨ ᠶᠡᠬᠡ ᠬᠤᠷᠠᠯ ᠤᠨ ᠲᠡᠷᠢᠭᠦᠯᠡᠭᠴᠢᠳ ᠦᠨ 81 ᠍ ᠳᠦᠭᠡᠷ ᠵᠠᠷᠯᠢᠭ ᠢᠶᠠᠷ ᠠᠵᠤ ᠦᠢᠯᠡᠳᠪᠦᠷᠢ ᠶᠢᠨ ᠶᠠᠮᠤᠨ ᠤ ᠰᠠᠶᠢᠳ ᠤᠨ ᠡᠭᠦᠷᠭᠡᠲᠦ ᠠᠵᠢᠯ ᠠᠴᠠ ᠴᠢᠯᠦᠭᠡᠯᠡᠭᠳᠡᠪᠡ᠃
1960 ᠣᠨ ᠤ 4 ᠍ ᠳᠦᠭᠡᠷ ᠰᠠᠷ᠎ᠠ ᠶᠢᠨ 2 ᠍ ᠤ ᠡᠳᠦᠷ ᠦᠨ ᠤᠯᠤᠰ ᠲᠥᠷᠥ ᠶᠢᠨ ᠲᠣᠪᠴᠢᠶᠠᠨ ᠤ 89 ᠍ ᠳᠦᠭᠡᠷ ᠲᠣᠭᠲᠠᠭᠠᠯ ᠢᠶᠠᠷ ᠴᠣᠶᠢᠪᠠᠯᠰᠠᠩ ᠠᠶᠢᠮᠠᠭ ᠤᠨ ᠠᠷᠠᠳ ᠤᠨ ᠳ᠋ᠧᠫᠦᠶᠢᠲ᠋ᠠᠲ ᠤᠳ ᠤᠨ ᠬᠤᠷᠠᠯ ᠤᠨ ᠭᠦᠢᠴᠡᠳᠭᠡᠬᠦ ᠵᠠᠬᠢᠷᠭᠠᠨ ᠤ ᠳᠠᠷᠤᠭ᠎ᠠ ᠪᠠᠷ ᠲᠣᠮᠢᠯᠠᠭᠰᠠᠨ᠃
1962 ᠣᠨ ᠤ 4 ᠍ ᠳᠦᠭᠡᠷ ᠰᠠᠷ᠎ᠠ ᠶᠢᠨ 21 ᠍ ᠦ ᠡᠳᠦᠷ ᠦᠨ ᠤᠯᠤᠰ ᠲᠥᠷᠥ ᠶᠢᠨ ᠲᠣᠪᠴᠢᠶᠠᠨ ᠤ 143 ᠍ ᠳᠦᠭᠡᠷ ᠲᠣᠭᠲᠠᠭᠠᠯ ᠢᠶᠠᠷ ᠤᠯᠠᠭᠠᠨᠪᠠᠭᠠᠲᠤᠷ ᠬᠣᠲᠠ ᠶᠢᠨ ᠠᠷᠠᠳ ᠤᠨ ᠳ᠋ᠧᠫᠦᠶᠢᠲ᠋ᠠᠲ ᠤᠳ ᠤᠨ ᠬᠤᠷᠠᠯ ᠤᠨ ᠭᠦᠢᠴᠡᠳᠭᠡᠬᠦ ᠵᠠᠬᠢᠷᠭᠠᠨ ᠤ ᠳᠠᠷᠤᠭ᠎ᠠ ᠪᠠᠷ ᠠᠵᠢᠯᠯᠠᠭᠰᠠᠨ᠃
1965 ᠣᠨ ᠤ 6 ᠍ ᠳᠦᠭᠡᠷ ᠰᠠᠷ᠎ᠠ ᠶᠢᠨ 18 ᠍ ᠤ ᠡᠳᠦᠷ ᠦᠨ ᠤᠯᠤᠰ ᠲᠥᠷᠥ ᠶᠢᠨ ᠲᠣᠪᠴᠢᠶᠠᠨ ᠤ 211 ᠍ ᠳᠦᠭᠡᠷ ᠲᠣᠭᠲᠠᠭᠠᠯ ᠢᠶᠠᠷ ᠪᠡᠶ᠎ᠡ ᠶᠢᠨ ᠡᠷᠡᠭᠦᠯ ᠮᠡᠨᠳᠦ ᠶᠢᠨ ᠪᠠᠶᠢᠳᠠᠯ ᠢᠶᠠᠷ ᠤᠯᠠᠭᠠᠨᠪᠠᠭᠠᠲᠤᠷ ᠬᠣᠲᠠ ᠶᠢᠨ ᠠᠷᠠᠳ ᠤᠨ ᠳ᠋ᠧᠫᠦᠶᠢᠲ᠋ᠠᠲ ᠤᠳ ᠤᠨ ᠬᠤᠷᠠᠯ ᠤᠨ ᠭᠦᠢᠴᠡᠳᠭᠡᠬᠦ ᠵᠠᠬᠢᠷᠭᠠᠨ ᠤ ᠳᠠᠷᠤᠭ᠎ᠠ ᠠᠴᠠ ᠴᠢᠯᠦᠭᠡᠯᠡᠭᠳᠡᠵᠦ 3 ᠰᠠᠷ᠎ᠠ ᠰᠢᠬᠠᠮ ᠪᠡᠶ᠎ᠡ ᠪᠡᠨ ᠡᠮᠴᠢᠯᠡᠭᠦᠯᠵᠦ ᠡᠷᠡᠭᠦᠯ ᠮᠡᠨᠳᠦ ᠪᠡᠨ ᠰᠠᠶᠢᠵᠢᠷᠠᠭᠰᠠᠨ ᠤ ᠳᠠᠷᠠᠭ᠎ᠠ ᠤᠯᠤᠰ ᠲᠥᠷᠥ ᠶᠢᠨ ᠲᠣᠪᠴᠢᠶᠠᠨ ᠤ 1965 ᠣᠨ ᠤ 11 ᠍ ᠳᠦᠭᠡᠷ ᠰᠠᠷ᠎ᠠ ᠶᠢᠨ 5 ᠍ ᠤ ᠡᠳᠦᠷ ᠦᠨ 651 ᠍ ᠳᠦᠭᠡᠷ ᠲᠣᠭᠲᠠᠭᠠᠯ ᠢᠶᠠᠷ ᠳᠠᠷᠬᠠᠨ ᠬᠣᠲᠠ ᠶᠢᠨ ᠠᠷᠠᠳ ᠤᠨ ᠳ᠋ᠧᠫᠦᠶᠢᠲ᠋ᠠᠲ ᠤᠳ ᠤᠨ ᠬᠤᠷᠠᠯ ᠤᠨ ᠭᠦᠢᠴᠡᠳᠭᠡᠬᠦ ᠵᠠᠬᠢᠷᠭᠠᠨ ᠤ ᠳᠠᠷᠤᠭ᠎ᠠ ᠪᠠᠷ ᠲᠣᠮᠢᠯᠠᠭᠳᠠᠨ ᠠᠵᠢᠯᠯᠠᠵᠤ ᠪᠠᠶᠢᠯ᠎ᠠ᠃
1967 ᠣᠨ ᠤ 5 ᠍ ᠳᠦᠭᠡᠷ ᠰᠠᠷ᠎ᠠ ᠶᠢᠨ 30 ᠍ ᠤ ᠡᠳᠦᠷ ᠦᠨ ᠤᠯᠤᠰ ᠲᠥᠷᠥ ᠶᠢᠨ ᠲᠣᠪᠴᠢᠶᠠᠨ ᠤ ᠲᠣᠭᠲᠠᠭᠠᠯ ᠳᠤ ᠵᠢᠭᠠᠬᠤ ᠳᠤ ᠪᠠᠨ 《ᠨᠥᠬᠥᠷ ᠯᠤᠪᠰᠠᠩᠴᠣᠶᠢᠮᠪᠠᠯ ᠠᠵᠢᠯ ᠳᠡᠭᠡᠷ᠎ᠡ ᠪᠡᠨ ᠱᠠᠭᠠᠷᠳᠠᠯᠭ᠎ᠠ ᠲᠠᠢ ᠪᠥᠭᠡᠳ ᠲᠡᠭᠦᠨ ᠢ ᠪᠡᠨ ᠰᠠᠶᠢᠵᠢᠷᠭᠠᠭᠤᠯᠬᠤ ᠶᠢᠨ ᠲᠥᠯᠥᠭᠡ ᠴᠢᠷᠮᠠᠶᠢᠨ ᠬᠥᠭᠡᠭᠡᠴᠡᠯᠳᠦᠳᠡᠭ ᠪᠣᠯᠪᠠᠴᠤ ᠵᠠᠩ ᠠᠭᠠᠰᠢ ᠶᠢᠨ ᠲᠠᠯ᠎ᠠ ᠪᠠᠷ ᠵᠣᠬᠢᠰ ᠦᠭᠡᠢ ᠳᠤᠲᠠᠭᠳᠠᠯ ᠢ ᠤᠳᠠᠭ᠎ᠠ ᠳᠠᠷᠠᠭ᠎ᠠ ᠭᠠᠷᠭᠠᠵᠠᠢ᠃ ᠳᠠᠷᠬᠠᠨ ᠬᠣᠲᠠ ᠶᠢᠨ ᠠᠷᠠᠳ ᠤᠨ ᠳ᠋ᠧᠫᠦᠶᠢᠲ᠋ᠠᠲ ᠤᠳ ᠤᠨ ᠬᠤᠷᠠᠯ ᠤᠨ ᠭᠦᠢᠴᠡᠳᠭᠡᠬᠦ ᠵᠠᠬᠢᠷᠭᠠᠨ ᠤ ᠡᠭᠦᠷᠭᠡᠲᠦ ᠠᠵᠢᠯ ᠠᠴᠠ ᠴᠢᠯᠦᠭᠡᠯᠡᠰᠦᠭᠡᠢ᠃》 ᠭᠡᠵᠡᠢ᠃
1967 ᠣᠨ ᠤ 9 ᠍ ᠳᠦᠭᠡᠷ ᠰᠠᠷ᠎ᠠ ᠶᠢᠨ 25 ᠍ ᠤ ᠡᠳᠦᠷ ᠦᠨ ᠨᠠᠮ ᠤᠨ ᠲᠥᠪ ᠬᠣᠷᠢᠶᠠᠨ ᠤ ᠨᠠᠷᠢᠨ ᠪᠢᠴᠢᠭ ᠦᠨ ᠳᠠᠷᠤᠭ᠎ᠠ ᠨᠠᠷ ᠤᠨ ᠵᠥᠪᠯᠡᠯᠭᠡᠨ ᠦ 443 ᠍ ᠳᠦᠭᠡᠷ ᠲᠣᠭᠲᠠᠭᠠᠯ ᠢᠶᠠᠷ ᠮᠣᠩᠭᠣᠯ ᠤᠨ ᠵᠢᠷᠤᠭᠲᠤ ᠷᠠᠳᠢᠣ᠋ ᠍ ᠶᠢᠨ ᠵᠠᠬᠢᠷᠭᠠᠨ ᠤ ᠣᠷᠣᠯᠠᠭᠴᠢ ᠳᠠᠷᠤᠭ᠎ᠠ ᠪᠠᠷ ᠠᠵᠢᠯᠯᠠᠵᠤ ᠪᠠᠶᠢᠪᠠ᠃


ᠡᠮᠦᠨᠡᠬᠢ
ᠰᠠᠨᠵᠢ ᠶᠢᠨ ᠪᠠᠲᠤ ᠪᠠᠨ
ᠤᠯᠠᠭᠠᠨᠪᠠᠭᠠᠲᠤᠷ ᠬᠣᠲᠠ ᠶᠢᠨ ᠳᠠᠷᠤᠭ᠎ᠠ
{{{on}}}
ᠳᠠᠷᠠᠭᠠᠬᠢ
ᠳᠣᠭᠰᠣᠮ ᠤᠨ ᠼᠧᠳᠡᠪ

ᠨᠡᠮᠡᠯᠲᠡ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠯᠤᠪᠰᠠᠩᠴᠣᠶᠢᠮᠪᠣᠯ ᠤᠨ ᠲᠤᠬᠠᠢ ᠯᠤᠪᠰᠠᠩᠴᠣᠶᠢᠮᠪᠣᠯ ᠤᠨ ᠪᠯᠣᠭ

ᠪᠢᠴᠢᠭᠡᠰᠦ