ᠮᠥᠷᠡᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠥᠷᠡᠨ ᠬᠣᠲᠠ
ᠰᠤᠮᠤ
ᠠᠯᠤᠰ ᠲᠤ ᠡᠷᠢᠶᠡᠯᠵᠢᠯᠡᠬᠦ ᠮᠥᠷᠡᠨ ᠬᠣᠲᠠ (2008 ᠤᠨ)

ᠤᠯᠤᠰ ᠣᠷᠣᠨ Flag of Mongolia.svg ᠮᠣᠩᠭᠣᠯ
ᠠᠶᠢᠮᠠᠭ Mn coa khuvsgul aymag.png ᠬᠥᠪᠰᠥᠭᠥᠯ
ᠰᠤᠮᠤ ᠮᠥᠷᠡᠨ
ᠪᠠᠭ (13) 1 - 13 ᠳ᠋ᠤᠭᠠᠷᠲᠤ 13 ᠪᠠᠭ
ᠭᠠᠵᠠᠷ ᠨᠤᠲᠤᠭ 102.9 ᠺᠦᠸᠠᠳ᠋ ᠺᠢᠯᠣᠮᠧᠲ᠋ᠷ
ᠬᠦᠮᠦᠨ ᠠᠮᠠ (ᠲᠣᠭᠠᠯᠠᠯ) 2010 ᠤᠨ ᠳᠤ 35,789 ᠬᠦᠮᠦᠨ
ᠬᠦᠮᠦᠨ ᠠᠮᠠ (ᠲᠣᠭᠠᠴᠠ᠃) 2011 ᠤᠨ ᠳᠤ 37,471 ᠬᠦᠮᠦᠨ
–  ᠶᠠᠭ ᠬᠣᠳᠠ ᠳᠤ ᠢᠶᠠᠨ 37,471 ᠬᠦᠮᠦᠨ
ᠨᠤᠲᠤᠭ ᠤᠨ ᠣᠯᠠᠨ ᠮᠥᠷᠡᠨ ᠦ ᠬᠢᠨ (ᠮᠥᠷᠥᠩᠭᠡ ᠶᠢᠨ ᠬᠢᠨ)
ᠴᠠᠭ ᠤᠨ ᠪᠥᠰᠡ ᠤᠯᠠᠭᠠᠨᠪᠠᠭᠠᠲᠤᠷ ᠤᠨ ᠴᠠᠭ (ГЦ+8)
ᠵᠥᠪᠬᠡᠨ ᠮᠣᠩᠭᠣᠯ ᠤᠯᠤᠰ ᠶᠢᠨ ᠰᠠᠭᠤᠷᠢᠨ ᠢᠷᠭᠡᠨ ᠦ ᠲᠣᠭ᠎ᠠ᠃ ᠭᠠᠳᠠᠭᠠᠳᠤ ᠶᠢᠨ ᠬᠠᠷᠢᠶᠠᠲᠤ ᠢᠷᠭᠡᠨ᠂ ᠭᠠᠳᠠᠭᠠᠳᠤ ᠳᠤ ᠣᠷᠣᠰᠢᠨ ᠰᠠᠭᠤᠭ᠎ᠠ ᠮᠣᠩᠭᠣᠯ ᠤᠯᠤᠰ ᠶᠢᠨ ᠢᠷᠭᠡᠨ ᠪᠠᠭᠠᠳᠤᠭ᠎ᠠ ᠦᠭᠡᠢ᠃
ᠰᠤᠮᠤ ᠶᠢᠨ ᠲᠥᠪ᠂ ᠬᠥᠳᠡᠭᠡ ᠪᠤᠰᠤ ᠬᠠᠷᠢᠨ ᠬᠣᠲᠠ ᠭᠡᠰᠡᠨ ᠪᠦᠯᠦᠭ ᠦᠨ ᠲᠣᠭ᠎ᠠ
2006 ᠤᠨ ᠤ ᠮᠥᠷᠡᠨ ᠬᠣᠲᠠ ᠶᠢᠨ ᠪᠠᠷ᠎ᠠ
ᠰᠢᠬᠦᠷᠴᠢ ᠭᠡᠯᠦᠩᠬᠦᠦᠭᠡᠶᠢᠨ ᠬᠥᠰᠢᠶ᠎ᠡ

ᠮᠥᠷᠡᠨᠬᠥᠪᠰᠥᠭᠥᠯ ᠠᠶᠢᠮᠠᠭ ᠤᠨ ᠲᠥᠪ ᠨᠢ ᠬᠦᠮᠦᠨ ᠠᠮᠠ ᠶᠢᠨ ᠲᠣᠭ᠎ᠠ ᠪᠠᠷ ᠤᠯᠠᠭᠠᠨᠪᠠᠭᠠᠲᠤᠷᠳᠠᠷᠬᠠᠨᠡᠷᠳᠡᠨᠢᠲᠦᠴᠣᠶᠢᠪᠠᠯᠰᠠᠩ ᠬᠣᠲᠠ ᠍ ᠶᠢᠨ ᠳᠠᠷᠠᠭ᠎ᠠ ᠣᠷᠣᠨ᠎ᠠ᠃ᠨᠤᠲᠤᠭ ᠳᠡᠪᠢᠰᠬᠡᠷ᠂ ᠵᠠᠰᠠᠭ ᠵᠠᠬᠢᠷᠭᠠᠨ ᠤ ᠬᠤᠪᠢᠶᠠᠷᠢ ᠪᠠᠷ ᠠᠳᠠᠯᠢ ᠨᠡᠷᠡᠲᠡᠢᠰᠤᠮᠤ ᠪᠣᠯᠳᠠᠭ᠃ 102,9 ᠺᠦᠸᠠᠳ᠋ ᠺᠢᠯᠣᠮᠧᠲ᠋ᠷ ᠲᠠᠯᠠᠪᠠᠢ ᠳᠤ ᠨᠤᠲᠤᠭ ᠲᠠᠢ ᠮᠥᠷᠡᠨ ᠰᠤᠮᠤ 2011 ᠤᠨ ᠤ ᠡᠴᠦᠰ ᠲᠦ 37,471 ᠣᠷᠣᠰᠢᠨ ᠰᠠᠭᠤᠭᠴᠢ ᠲᠠᠢ ᠪᠠᠶᠢᠪᠠ᠃ ᠮᠥᠷᠡᠨ ᠬᠣᠲᠠ ᠶᠢᠨ ᠪᠠᠷᠠᠭᠤᠨ ᠤᠷᠳᠤ ᠬᠡᠰᠡᠭ ᠢᠶᠡᠷ ᠳᠡᠯᠭᠡᠷᠮᠥᠶᠢᠷᠡᠨ ᠤᠷᠤᠰᠤᠨ ᠥᠩᠭᠡᠷᠡᠳᠡᠭ᠃ ᠮᠥᠷᠡᠨ ᠬᠣᠲᠠ ᠡᠮᠨᠡᠯᠭᠡ᠂ ᠮᠦᠽᠧᠢ᠂ ᠲᠢᠶᠠᠲ᠋ᠷ᠂ ᠰᠢᠤᠳᠠᠨ ᠤ ᠰᠠᠯᠪᠤᠷᠢ᠂ ᠰᠤᠷᠭᠠᠭᠤᠯᠢ ᠨᠤᠭᠤᠳ᠂ ᠴᠡᠴᠡᠷᠯᠢᠭ ᠦᠳ ᠲᠡᠢ᠃ ᠮᠥᠨ 2004 ᠤᠨ ᠳᠤ ᠮᠣᠩᠭᠣᠯ ᠤᠨ ᠡᠷᠴᠢᠮ ᠬᠦᠴᠦᠨ ᠦ ᠰᠦᠯᠵᠢᠶ᠎ᠡ ᠳᠦ ᠬᠣᠯᠪᠣᠭᠳᠠᠭᠰᠠᠨ᠃ ᠮᠥᠨ 2014 ᠤᠨ ᠳᠤ ᠳᠤᠯᠠᠭᠠᠨ ᠤ ᠰᠲ᠋ᠠᠨᠼ ᠪᠠᠷᠢᠭᠳᠠᠭᠰᠠᠨ ᠢᠶᠠᠷ ᠬᠣᠴᠣᠷᠤᠭᠳᠠᠵᠤ ᠬᠠᠭᠤᠴᠢᠷᠠᠭᠰᠠᠨ᠂ ᠤᠲᠤᠭ᠎ᠠ ᠲᠣᠷᠲᠣᠭᠡᠨ ᠦ ᠡᠭᠦᠰᠬᠡᠭᠦᠷ ᠪᠣᠯᠤᠭᠰᠠᠨ ᠠᠭᠤᠷ ᠤᠨ ᠣᠯᠠᠨ ᠵᠠᠭᠤᠬᠠᠨ ᠠᠴᠠ ᠪᠠᠨ ᠰᠠᠯᠵᠤ ᠪᠠᠶᠢᠭ᠎ᠠ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠥᠷᠡᠨ ᠬᠣᠲᠠ ᠶᠢᠨ ᠰᠠᠭᠤᠷᠢ ᠨᠢ 1809 ᠤᠨ ᠳᠤ ᠪᠠᠶᠢᠭᠤᠯᠤᠭᠳᠠᠭᠰᠠᠨ᠂ ᠳᠡᠯᠭᠡᠷᠮᠥᠶᠢᠷᠡᠨ ᠦ ᠡᠷᠭᠢ ᠳᠡᠭᠡᠷᠡᠬᠢ ᠮᠥᠷᠥᠩ ᠦᠨ ᠬᠦᠷᠢᠶ᠎ᠡ ᠬᠡᠶᠢᠳ ᠢᠶᠡᠷ ᠠᠩᠬ᠎ᠠ ᠱᠠᠪᠢ ᠲᠠᠯᠪᠢᠭᠳᠠᠵᠠᠢ᠃ 20 ᠍ ᠳᠦᠭᠡᠷ ᠵᠠᠭᠤᠨ ᠤ ᠡᠬᠢᠨ ᠭᠡᠬᠦ ᠳᠦ ᠬᠡᠶᠢᠳ ᠲᠦ 1300 ᠣᠷᠴᠢᠮ ᠯᠠᠮ᠎ᠠ ᠲᠠᠢ ᠲᠣᠮᠣ ᠬᠡᠶᠢᠳ ᠪᠠᠶᠢᠭᠰᠠᠨ ᠪᠣᠯᠪᠠᠴᠤ 1937 ᠤᠨ ᠳᠤ ᠰᠦᠢᠳᠬᠡᠭᠳᠡᠵᠡᠢ᠃ ᠳᠠᠨᠵᠠᠳᠠᠷᠵᠢᠶ᠎ᠠ ᠬᠡᠶᠢᠳ ᠭᠡᠳᠡᠭ ᠵᠢᠵᠢᠭ ᠬᠡᠮᠵᠢᠶᠡᠨ ᠦ ᠰᠢᠨ᠎ᠡ ᠬᠡᠶᠢᠳ 1990 ᠍ ᠊ᠭᠡᠳ ᠤᠨ ᠳᠤ ᠬᠣᠲᠠ ᠶᠢᠨ ᠪᠠᠷᠠᠭᠤᠨ ᠬᠡᠰᠡᠭ ᠲᠦ ᠪᠠᠷᠢᠭᠳᠠᠵᠠᠢ᠃ 1933 ᠤᠨ ᠠᠴᠠ ᠡᠮᠦᠨ᠎ᠡ ᠬᠠᠳᠬᠤᠯ ᠰᠤᠮᠤ ᠨᠢ ᠠᠶᠢᠮᠠᠭ ᠤᠨ ᠲᠥᠪ ᠪᠠᠶᠢᠴᠠᠢ᠃ ᠵᠢᠷᠤᠭᠠᠴᠢ ᠤᠷᠠᠨ ᠪᠠᠷᠢᠮᠠᠯᠴᠢ ᠲᠡᠦᠬᠡ ᠶᠢᠨ ᠤᠬᠠᠭᠠᠨ ᠤ ᠳ᠋ᠣᠺᠲ᠋ᠣᠷ (Ph.D) ᠳᠠᠰᠢᠨᠢᠮ᠎ᠠ ᠶᠢᠨ ᠣᠳᠬᠣᠨᠲᠡᠭᠦᠰ ᠬᠥᠪᠰᠥᠭᠥᠯ ᠠᠶᠢᠮᠠᠭ ᠤᠨ ᠶᠡᠬᠡ-ᠠᠭᠤᠯᠠ ᠰᠤᠮᠤᠨ ᠳᠤ ᠲᠦᠷᠦᠭᠰᠡᠨ᠃ ᠬᠥᠪᠰᠥᠭᠥᠯ ᠠᠶᠢᠮᠠᠭ ᠤᠨ ᠮᠥᠷᠡᠨ ᠬᠣᠳᠠ ᠳᠤ ᠦᠨᠳᠦᠰᠦᠨ ᠦ ᠡᠷᠬᠡ ᠴᠢᠯᠦᠭᠡᠨ ᠦ ᠬᠥᠳᠡᠯᠭᠡᠭᠡᠨ ᠦ ᠤᠳᠤᠷᠢᠳᠤᠭᠴᠢ᠂ ‘’ᠰᠢᠳᠠᠷ ᠸᠠᠩ ᠴᠢᠩᠭᠦᠩᠵᠠᠪ ᠤᠨ ᠬᠥᠰᠢᠶ᠎ᠡ’’, ᠬᠥᠪᠰᠥᠭᠥᠯ ᠠᠶᠢᠮᠠᠭ ᠤᠨ ᠴᠢᠨᠳᠠᠮᠠᠨᠢ ᠥᠨᠳᠥᠷ ᠰᠤᠮᠤ ᠶᠢᠨ ᠠᠷᠢᠭ ᠭᠣᠣᠯ ᠤᠨ ᠬᠥᠪᠪᠥᠨ ᠳᠡᠭᠡᠷ᠎ᠡ ‘’ᠠᠯᠤᠨ ᠭᠣᠸ᠎ᠠ’’ ᠬᠠᠲᠤᠨ ᠤ ᠬᠥᠰᠢᠶ᠎ᠡ ᠶᠢ ᠪᠠᠷᠢᠮᠠᠯᠴᠢ ᠳ᠃ᠼᠡᠳᠡᠨ-ᠡᠰᠢ ᠶᠢᠨ ᠬᠠᠮᠲᠤ ᠪᠠᠷ ᠪᠦᠲᠦᠭᠡᠵᠡᠢ᠃ 2003 ᠤᠨ ᠠᠴᠠ ᠠᠮᠧᠷᠢᠺᠠ ᠶᠢᠨ ᠨᠢᠭᠡᠳᠦᠭᠰᠡᠨ ᠤᠯᠤᠰ ᠤᠨ ᠸᠠᠰᠢᠩᠲ᠋ᠣᠨ ᠬᠣᠳᠠ ᠳᠤ ᠠᠵᠢᠯᠯᠠᠵᠤ ᠠᠮᠢᠳᠤᠷᠠᠵᠤ᠂ ᠳᠡᠯᠡᠬᠡᠢ ᠶᠢᠨ ᠮᠣᠩᠭᠣᠯᠴᠤᠳ ᠤᠨ ᠬᠣᠯᠪᠣᠭ᠎ᠠ ᠲᠥᠷᠥ ᠶᠢᠨ ᠪᠤᠰᠤ ᠪᠠᠶᠢᠭᠤᠯᠤᠯᠭ᠎ᠠ ᠦᠨ ᠲᠡᠷᠢᠭᠦᠨ ᠢᠶᠡᠷ ᠠᠵᠢᠯᠯᠠᠵᠤ ᠡᠯ᠎ᠡ ᠬᠣᠯᠪᠣᠭᠠᠨ ᠤ ᠱᠤᠭᠤᠮ ᠢᠶᠠᠷ http://www.worldmongol.com/ ᠸᠪ ᠰᠠᠶᠢᠲᠤ ᠠᠵᠢᠯᠯᠠᠭᠤᠯᠵᠤ ᠮᠣᠩᠭᠣᠯ ᠤᠨ ᠲᠡᠦᠬᠡ ᠰᠤᠶᠤᠯ᠂ ᠳᠦᠷᠰᠦᠯᠡᠬᠦ ᠤᠷᠠᠯᠢᠭ ᠤᠨ ᠬᠥᠭᠵᠢᠯ ᠢ ᠰᠤᠷᠲᠠᠯᠴᠢᠯᠠᠬᠤ ᠴᠢᠭᠯᠡᠯ ᠢᠶᠡᠷ ᠪᠠᠭ᠎ᠠ ᠦᠭᠡᠢ ᠠᠵᠢᠯ ᠬᠢᠵᠦ ᠪᠠᠶᠢᠨ᠎ᠠ᠃ ᠬᠥᠪᠰᠥᠭᠥᠯ ᠠᠶᠢᠮᠠᠭ ᠤᠨ ᠣᠯᠠᠨ ᠨᠡᠶᠢᠲᠡ ᠶᠢᠨ ᠰᠠᠨᠠᠯ ᠠᠰᠠᠭᠤᠯᠭ᠎ᠠ ᠪᠠᠷ᠃ "BEST OF KHUVSGUL 2014" ᠤᠨ ᠤ ᠰᠢᠯᠢᠳᠡᠭ ᠰᠤᠳᠤᠯᠤᠭᠠᠴᠢ᠂ ᠡᠷᠳᠡᠮᠲᠡᠨ ᠪᠣᠯᠤᠭᠰᠠᠨ᠃ http://bestof.khuvsgulnews.mn/

ᠬᠦᠮᠦᠨ ᠠᠮᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠥᠷᠥᠩ ᠦᠨ ᠬᠦᠮᠦᠨ ᠠᠮᠠ [1] [2][3] [4][5][6][7]
1959
ᠲᠣᠭᠠᠴᠠ᠃
1969
ᠲᠣᠭᠠᠯᠠᠯ
1979
ᠲᠣᠭᠠᠯᠠᠯ
1989
ᠲᠣᠭᠠᠯᠠᠯ
1994
ᠲᠣᠭᠠᠴᠠ᠃
2000
ᠲᠣᠭᠠᠯᠠᠯ
2005
ᠲᠣᠭᠠᠴᠠ᠃
2006
ᠲᠣᠭᠠᠴᠠ᠃
9,000 11,200 16,500 21,300 27,230 28,147 35,872 35,500

2007 ᠤᠨ ᠳᠤ ᠬᠦᠮᠦᠨ ᠠᠮᠠ ᠨᠢ᠂ 40,000 ᠍ ᠠᠴᠠ ᠠᠷᠠᠢ ᠪᠠᠭ᠎ᠠ ᠪᠠᠶᠢᠭᠰᠠᠨ ᠪᠠ ᠡᠨᠡ ᠬᠦᠮᠦᠨ ᠠᠮᠠ ᠶᠢᠨ ᠶᠡᠬᠡᠩᠬᠢ ᠨᠢ ᠭᠡᠷ ᠬᠣᠷᠢᠶᠠᠯᠠᠯ ᠳᠤ ᠠᠮᠢᠳᠤᠷᠠᠵᠤ ᠪᠠᠶᠢᠨ᠎ᠠ᠃

 ᠨᠢᠰᠬᠦ ᠪᠠᠭᠤᠳᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠥᠷᠡᠨ ᠨᠢᠰᠬᠦ ᠪᠠᠭᠤᠳᠠᠯ (ICAO:ZMMN, IATA: MXV) ᠨᠢ 2 ᠵᠤᠷᠪᠤᠰ ᠲᠠᠢ ᠪᠥᠭᠡᠳ ᠨᠢᠭᠡ ᠨᠢ ᠵᠠᠰᠠᠮᠠᠯ᠂ ᠨᠢᠭᠡ ᠨᠢ ᠬᠠᠶᠢᠷᠭᠤ᠃ ᠤᠯᠠᠭᠠᠨᠪᠠᠭᠠᠲᠤᠷ ᠷᠤ ᠪᠠᠶᠢᠩᠭᠤ ᠶᠢᠨ ᠨᠢᠰᠦᠯᠭᠡ ᠲᠡᠢ᠃ ᠪᠠᠷᠠᠭᠤᠨ ᠠᠶᠢᠮᠠᠭ ᠨᠡᠶᠢᠰᠯᠡᠯ ᠦᠨ ᠴᠢᠭᠯᠡᠯ ᠦᠨ ᠨᠢᠰᠦᠯᠭᠡ ᠡᠨᠳᠡ ᠪᠠᠭᠤᠵᠤ ᠰᠢᠲᠠᠬᠤᠨ ᠴᠡᠨᠡᠭᠯᠡᠳᠡᠭ᠃

ᠵᠢᠷᠤᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. National Statistical Office[1]
  2. National Economy of the Mongolian People's Republic (1921 - 1981), Ulaanbaatar 1981
  3. , GeoHive: Global Statistics, [2]
  4. Population Statistics: historical demography [3]
  5. M. Nyamaa, Khövsgöl aimgiin lavlakh toli, Ulaanbaatar 2001,passim
  6. Rural Poverty Reduction Programme: official site
  7. Ministry of Health of Mongolia. National Center for Health Development. Health Indicators 2006[4]
http://wiki.uhaan.com/index.php?title=ᠮᠥᠷᠡᠨ&oldid=482894》 ᠍  ᠡᠴᠡ ᠠᠪᠤᠭᠰᠠᠨ

ᠪᠢᠴᠢᠭᠡᠰᠦ