ᠮᠥᠰᠦᠲᠦ ᠰᠤᠮᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠥᠰᠦᠲᠦ ᠰᠤᠮᠤ
ᠰᠤᠮᠤ
ᠤᠯᠤᠰ ᠣᠷᠣᠨ Flag of Mongolia.svg ᠮᠣᠩᠭᠣᠯ
ᠠᠶᠢᠮᠠᠭ Mn coa khovd aymag.png ᠬᠣᠪᠳᠣ
ᠰᠤᠮᠤ ᠮᠥᠰᠦᠲᠦ
ᠪᠠᠭ (5) ᠴᠡᠴᠡᠭᠭᠣᠯ᠂ ᠬᠤᠵᠢᠷᠲᠤ᠂
ᠪᠠᠶᠠᠩᠬᠠᠶᠢᠷᠬᠠᠨ᠂
ᠳᠠᠪᠤᠰᠤᠲᠤ᠂ ᠤᠯᠠᠭᠠᠨᠲᠣᠯᠣᠭᠠᠢ
ᠭᠠᠵᠠᠷ ᠨᠤᠲᠤᠭ 3,927 ᠺᠦᠸᠠᠳ᠋ ᠺᠢᠯᠣᠮᠧᠲ᠋ᠷ
ᠬᠦᠮᠦᠨ ᠠᠮᠠ (ᠲᠣᠭᠠᠯᠠᠯ) 2010 ᠣᠨ ᠳᠤ 2,939 ᠬᠦᠮᠦᠨ [1]
ᠬᠦᠮᠦᠨ ᠠᠮᠠ (ᠲᠣᠭᠠᠴᠠ᠃) 2011 ᠣᠨ ᠳᠤ 3,289 ᠬᠦᠮᠦᠨ [2]
ᠨᠢᠭᠲᠠᠴᠠ ᠰᠡᠶᠢᠷᠡᠭ 2011 ᠣᠨ ᠳᠤ 0.84 ᠬᠦᠮᠦᠨ/км²
ᠨᠤᠲᠤᠭ ᠤᠨ ᠣᠯᠠᠨ ᠮᠥᠰᠦᠲᠦ ᠶᠢᠨ ᠬᠢᠨ
ᠵᠥᠪᠬᠡᠨ ᠮᠣᠩᠭᠣᠯ ᠤᠯᠤᠰ ᠶᠢᠨ ᠰᠠᠭᠤᠷᠢᠨ ᠢᠷᠭᠡᠨ ᠦ ᠲᠣᠭ᠎ᠠ᠃ ᠭᠠᠳᠠᠭᠠᠳᠤ ᠶᠢᠨ ᠬᠠᠷᠢᠶᠠᠲᠤ ᠢᠷᠭᠡᠨ᠂ ᠭᠠᠳᠠᠭᠠᠳᠤ ᠳᠤ ᠣᠷᠣᠰᠢᠨ ᠰᠠᠭᠤᠭ᠎ᠠ ᠮᠣᠩᠭᠣᠯ ᠤᠯᠤᠰ ᠶᠢᠨ ᠢᠷᠭᠡᠨ ᠪᠠᠭᠠᠳᠤᠭ᠎ᠠ ᠦᠭᠡᠢ᠃
ᠬᠣᠪᠳᠣ ᠠᠶᠢᠮᠠᠭ ᠳᠠᠬᠢ ᠮᠥᠰᠦᠲᠦ ᠰᠤᠮᠤ᠂ ᠲᠡᠭᠦᠨ ᠦ ᠲᠥᠪ

ᠲᠡᠦᠬᠡᠨ ᠵᠠᠮᠨᠠᠯ ᠬᠣᠪᠳᠣ ᠠᠶᠢᠮᠠᠭ ᠤᠨ ᠮᠥᠰᠦᠲᠦ ᠰᠤᠮᠤ 1941 ᠣᠨ ᠳᠤ ᠮᠥᠩᠬᠡᠢᠬᠠᠶᠢᠷᠬᠠᠨ ᠰᠤᠮᠤ ᠨᠡᠷ᠎ᠡ ᠲᠡᠢ ᠪᠡᠷ ᠠᠩᠬ᠎ᠠ 《ᠲᠠᠪᠤᠲᠤ ᠶᠢᠨ ᠠᠳᠠᠭ ᠤᠰᠤ》 ᠭᠡᠳᠡᠭ ᠭᠠᠵᠠᠷ ᠮᠠᠩᠬᠠᠨ ᠰᠤᠮᠤ ᠶᠢᠨ 2, ᠵᠡᠷᠭᠡ ᠰᠤᠮᠤ ᠶᠢᠨ 1, ᠮᠥᠩᠬᠡᠢᠬᠠᠶᠢᠷᠬᠠᠨ ᠰᠤᠮᠤ ᠶᠢᠨ 2, ᠠᠯᠲᠠᠢ ᠰᠤᠮᠤ ᠶᠢᠨ 2, ᠴᠡᠴᠡᠭ ᠰᠤᠮᠤ ᠶᠢᠨ 2 ᠪᠦᠭᠦᠳᠡ 10 ᠪᠠᠭ ᠲᠠᠢ ᠪᠠᠷ ᠪᠠᠶᠢᠭᠤᠯᠤᠭᠳᠠᠵᠤ ᠪᠠᠶᠢᠭᠰᠠᠨ᠃ ᠤᠭ ᠭᠠᠵᠠᠷ ᠨᠢ ᠤᠷᠤᠰᠬᠠᠯ ᠤᠰᠤ ᠦᠭᠡᠢ᠂ ᠪᠠᠭ ᠤᠳ ᠤᠨ ᠢᠶᠠᠨ ᠳᠤᠮᠳᠠᠴᠢ ᠪᠠᠶᠢᠷᠢᠰᠢᠯ ᠣᠯᠤᠭ᠎ᠠ ᠦᠭᠡᠢ ᠰᠢᠯᠲᠠᠭᠠᠨ ᠢᠶᠠᠷ 1941 ᠣᠨ ᠳᠤ ᠤᠷᠲᠤ ᠴᠠᠭᠠᠨ ᠪᠤᠷᠭᠠᠰᠤᠨ ᠤ 《ᠴᠠᠭᠠᠨ ᠲᠦᠩᠭᠡ》 ᠭᠡᠳᠡᠭ ᠭᠠᠵᠠᠷ ᠨᠡᠭᠦᠳᠡᠯᠯᠡᠨ ᠢᠷᠡᠵᠦ 1945 ᠣᠨ ᠬᠦᠷᠲᠡᠯ᠎ᠡ ᠰᠠᠭᠤᠷᠢᠰᠢᠵᠤ ᠪᠠᠶᠢᠭᠠᠳ ᠣᠳᠣ ᠶᠢᠨ ᠲᠥᠪ《ᠤᠯᠠᠭᠠᠨᠲᠣᠯᠣᠭᠠᠢ》 ᠭᠡᠳᠡᠭ ᠭᠠᠵᠠᠷ ᠰᠢᠯᠵᠢᠨ ᠰᠠᠭᠤᠷᠢᠰᠢᠭᠰᠠᠨ ᠲᠡᠦᠬᠡ ᠲᠡᠢ ᠶᠤᠮ᠃ ᠲᠤᠰ ᠰᠤᠮᠤ ᠨᠢ ᠨᠡᠶᠢᠰᠯᠡᠯ ᠤᠯᠠᠭᠠᠨᠪᠠᠭᠠᠲᠤᠷ ᠬᠣᠲᠠ ᠠᠴᠠ 1325 ᠺᠢᠯᠣᠮᠧᠲ᠋ᠷ᠂ ᠠᠶᠢᠮᠠᠭ ᠤᠨ ᠲᠥᠪ ᠡᠴᠡ 190 ᠺᠢᠯᠣᠮᠧᠲ᠋ᠷ ᠵᠠᠢ ᠳᠤ ᠣᠷᠣᠰᠢᠳᠠᠭ᠃ ᠬᠠᠯᠬ᠎ᠠ᠂ ᠵᠠᠬᠠᠴᠢᠨ᠂ ᠤᠷᠢᠶᠠᠩᠬᠠᠢ 3 ᠶᠠᠰᠤᠲᠠᠨ ᠠᠮᠢᠳᠤᠷᠠᠨ ᠰᠠᠭᠤᠳᠠᠭ᠃

ᠬᠦᠮᠦᠨ ᠠᠮᠠ:ᠲᠤᠰ ᠰᠤᠮᠤ ᠬᠠᠯᠬ᠎ᠠ᠂ ᠵᠠᠬᠠᠴᠢᠨ᠂ ᠤᠷᠢᠶᠠᠩᠬᠠᠢ ᠶᠠᠰᠤᠲᠠᠨ ᠠᠴᠠ ᠪᠦᠷᠢᠳᠦᠭᠰᠡᠨ᠃ ᠰᠤᠮᠤ ᠶᠢᠨ ᠳᠦᠩᠭᠡ ᠪᠡᠷ 795 ᠡᠷᠦᠬᠡ᠂ 3100 ᠬᠦᠮᠦᠨ ᠠᠮᠠ ᠲᠠᠢ᠃ ᠮᠠᠯ ᠠᠵᠤ ᠠᠬᠤᠢ ᠶᠢᠨ 4, ᠰᠤᠮᠤ ᠶᠢᠨ ᠲᠥᠪ ᠦᠨ 1 ᠪᠠᠭ ᠲᠠᠢ᠃

ᠰᠤᠮᠤ ᠨᠢ 392,7 ᠮᠢᠩᠭᠠᠨ ᠭᠠ ᠨᠤᠲᠤᠭ ᠳᠡᠪᠢᠰᠬᠡᠷ ᠲᠡᠢ᠂ ᠠᠯᠲᠠᠢ ᠶᠢᠨ ᠨᠢᠷᠤᠭᠤᠨ ᠤ ᠰᠠᠯᠪᠤᠷᠢ ᠠᠤᠯᠠᠯᠠᠰ ᠤᠨ ᠳᠤᠮᠳᠠ ᠣᠷᠣᠰᠢᠵᠤ ᠡᠪᠦᠯ ᠳᠦ ᠪᠡᠨ -21-30 ᠬᠦᠢᠲᠡᠨ᠂ ᠵᠤᠨ 20-28 ᠬᠡᠮ ᠳᠤᠯᠠᠭᠠᠷᠠᠳᠠᠭ ᠡᠷᠡᠰ ᠲᠡᠰᠦ ᠠᠭᠤᠷ ᠠᠮᠢᠰᠬᠤᠯ ᠲᠠᠢ ᠥᠨᠳᠥᠷ ᠠᠭᠤᠯᠠ ᠶᠢᠨ ᠪᠥᠰᠡ ᠶᠢᠨ ᠰᠤᠮᠤ ᠶᠤᠮ᠃ ᠰᠤᠮᠤ ᠶᠢᠨ ᠭᠠᠵᠠᠷ ᠨᠤᠲᠤᠭ ᠤᠨ ᠬᠠᠮᠤᠭ ᠤᠨ ᠥᠨᠳᠥᠷ ᠴᠡᠭ ᠳᠠᠯᠠᠢ ᠶᠢᠨ ᠲᠦᠪᠰᠢᠨ ᠡᠴᠡ ᠳᠡᠭᠡᠭᠰᠢ 3966 ᠮᠧᠲ᠋ᠷ ᠥᠨᠳᠥᠷ ᠲᠦ ᠪᠠᠭᠠᠲᠤᠷᠬᠠᠶᠢᠷᠬᠠᠨ ᠠᠭᠤᠯᠠ ᠶᠢᠨ ᠨᠠᠮ ᠴᠡᠭ ᠨᠢ ᠴᠡᠴᠡᠭ ᠭᠣᠣᠯ ᠤᠨ ᠳᠠᠪᠤᠰᠤᠨ ᠤ ᠬᠣᠩᠬᠣᠷ 1600 ᠮᠧᠲ᠋ᠷ᠃ ᠳᠡᠳ᠋ ᠪᠦᠲᠦᠴᠡ ᠦᠢᠯᠡᠳᠪᠦᠷᠢᠯᠡᠯ ᠦᠢᠯᠡᠴᠢᠯᠡᠭᠡ:ᠲᠤᠰ ᠰᠤᠮᠤ ᠨᠢ ᠮᠣᠪᠢᠺᠣᠮ᠂ ᠵᠢ-ᠮᠣᠪᠠᠶᠢᠯ᠂ ᠪᠠᠶᠠᠩᠬᠠᠶᠢᠷᠬᠠᠨ᠂ ᠬᠤᠵᠢᠷᠲᠤ ᠪᠠᠭ ᠤᠳ ᠲᠤ ᠬᠣᠯᠪᠣᠭᠠᠨ ᠤ ᠰᠠᠨᠰᠠᠷ ᠤᠨ ᠠᠩᠲ᠋ᠧᠨ ᠠᠰᠢᠭᠯᠠᠵᠤ ᠪᠠᠶᠢᠨ᠎ᠠ᠃ 13 ᠠᠵᠤ ᠠᠬᠤᠢ ᠨᠢᠭᠡᠴᠡ᠂ ᠳᠡᠯᠭᠡᠭᠦᠷ᠂ ᠲᠦᠼ 45, ᠭᠤᠸᠠᠩᠵᠠ᠂ ᠴᠠᠶᠢᠨ ᠤ ᠭᠠᠵᠠᠷ 6, ᠵᠣᠴᠢᠳ ᠪᠠᠭᠤᠳᠠᠯ 2, ᠲᠠᠯᠬ᠎ᠠ ᠨᠠᠷᠢᠨ ᠪᠣᠣᠪᠣᠨ ᠤ ᠼᠧᠬᠡ 5, ᠭᠤᠲᠤᠯ ᠣᠶᠣᠳᠠᠯ ᠤᠨ ᠭᠠᠵᠠᠷ 3, ᠮᠣᠳᠣᠨ ᠡᠳ᠋ᠯᠡᠯ ᠮᠤᠵᠢᠶᠠᠨ ᠤ ᠭᠠᠵᠠᠷ 1, ᠢᠤᠳ᠋ᠵᠢᠭᠤᠯᠤᠭᠰᠠᠨ ᠳᠠᠪᠤᠰᠤᠨ ᠤ ᠦᠢᠯᠡᠳᠪᠦᠷᠢ᠂ ᠬᠤᠪᠢ ᠤᠨ ᠮᠠᠯ ᠡᠮᠨᠡᠯᠭᠡ ᠶᠢᠨ ᠭᠠᠵᠠᠷ 3, ᠬᠠᠭᠠᠨ᠂ ᠬᠠᠳᠠᠭᠠᠯᠠᠮᠵᠢᠺ᠂ ᠨᠢᠺ᠂ ᠬᠥᠷᠥᠰᠥ ᠠᠦ᠋ᠲ᠋ᠣ᠋ ᠰᠧᠷᠠᠸᠢᠰ᠂ ᠭᠠᠵᠠᠷ ᠤᠨ ᠰᠢᠮ᠎ᠡ ᠵᠡᠷᠭᠡ ᠰᠢᠲᠠᠬᠤᠨ ᠲᠦᠭᠡᠭᠡᠬᠦ ᠰᠲ᠋ᠠᠨᠼ ᠦᠢᠯᠡ ᠠᠵᠢᠯᠯᠠᠭ᠎ᠠ ᠶᠠᠪᠤᠭᠤᠯᠵᠤ ᠪᠠᠶᠢᠨ᠎ᠠ᠃

ᠠᠨ ᠠᠮᠢᠲᠠᠨ:ᠣᠯᠠᠨ ᠤᠯᠤᠰ ᠤᠨ ᠪᠣᠯᠤᠨ ᠮᠣᠩᠭᠣᠯ ᠤᠯᠤᠰ ᠤᠨ ᠤᠯᠠᠭᠠᠨ ᠨᠣᠮᠣᠨ ᠳᠤ ᠪᠦᠷᠢᠳᠬᠡᠭᠳᠡᠭᠰᠡᠨCITES ᠍ ᠦᠨ 1 ᠍ ᠳᠦᠭᠡᠷ ᠬᠠᠪᠰᠤᠷᠤᠯᠲᠠᠨ ᠳᠤ ᠣᠷᠣᠭᠰᠠᠨ ᠨᠡᠩ ᠬᠣᠪᠣᠷ ᠠᠮᠢᠲᠠᠨ ᠴᠣᠬᠣᠷ ᠢᠷᠪᠢᠰ᠂ ᠮᠣᠩᠭᠣᠯ ᠤ ᠯᠠᠰᠠ ᠶᠢᠨ ᠤᠯᠠᠭᠠᠨ ᠨᠣᠮ CITES ᠍ ᠶᠢᠨ 2 ᠍ ᠳᠦᠭᠡᠷ ᠬᠠᠪᠰᠤᠷᠤᠯᠲᠠᠨ ᠳᠤ ᠣᠷᠣᠭᠰᠠᠨ ᠬᠣᠪᠣᠷ ᠠᠮᠢᠲᠠᠨ ᠠᠷᠭᠠᠯᠢ᠂ ᠤᠭᠠᠯᠵᠠ᠂ ᠲᠡᠬᠡ᠂ ᠶᠠᠩᠭᠢᠷ᠂ ᠠᠯᠲᠠᠢ ᠶᠢᠨ ᠬᠣᠶᠢᠯᠣᠭ᠂ ᠱᠣᠩᠬᠣᠷ ᠪᠣᠯᠤᠨ ᠨᠣᠬᠠᠢ ᠵᠢᠭᠡᠬᠡ᠂ ᠬᠢᠷᠰᠠ᠂ ᠰᠤᠤᠰᠠᠷ᠂ ᠥᠮᠥᠬᠡᠢ ᠬᠦᠷᠡᠩ᠂ ᠴᠠᠭᠠᠨ ᠦᠶᠡᠩ᠂ ᠴᠢᠨᠣ᠎ᠠ᠂ ᠦᠨᠡᠭᠡ᠂ ᠪᠦᠷᠭᠦᠳ᠂ ᠲᠠᠰ᠂ ᠶᠣᠯᠣ᠂ ᠠᠬᠤᠤᠨ᠎ᠠ᠂ ᠢᠲᠠᠭᠤ ᠵᠡᠷᠭᠡ ᠠᠨ ᠠᠮᠢᠲᠠᠨ ᠵᠢᠭᠦᠷᠲᠡᠨ ᠰᠢᠪᠠᠭᠤᠳ ᠣᠯᠠᠨ ᠢᠶᠠᠷ ᠪᠠᠶᠢᠳᠠᠭ᠃

ᠤᠷᠭᠤᠮᠠᠯ: ᠲᠤᠰ ᠰᠤᠮᠤ ᠶᠢᠨ ᠪᠡᠯᠴᠢᠭᠡᠷ ᠦᠨ ᠲᠠᠯᠠᠪᠠᠢ 387 ᠮᠢᠩᠭᠠᠨ ᠭᠠ ᠪᠥᠭᠡᠳ ᠬᠠᠭᠤᠷᠠᠢ ᠬᠡᠭᠡᠷ᠎ᠡ᠂ ᠴᠥᠯᠵᠢᠭᠦᠦ ᠬᠡᠭᠡᠷ᠎ᠡ᠂ ᠤᠤᠯ ᠤᠨ ᠨᠤᠭᠤᠵᠢᠭᠤ ᠬᠡᠭᠡᠷ᠎ᠡ᠂ ᠭᠣᠣᠯ ᠤᠨ ᠰᠠᠪᠠ ᠳᠠᠪᠤᠰᠤᠷᠬᠠᠭ ᠬᠤᠵᠢᠷ ᠮᠠᠷ᠎ᠠ ᠳᠤ ᠪᠡᠯᠴᠢᠭᠡᠷ ᠦᠨ ᠤᠷᠭᠤᠮᠠᠯᠵᠢᠯᠲᠠ ᠵᠣᠩᠬᠢᠯᠠᠳᠠᠭ᠃ ᠤᠯᠠᠭᠠᠨ ᠨᠣᠮᠣᠨ ᠳᠤ ᠣᠷᠣᠭᠰᠠᠨ ᠠᠯᠲᠠᠨᠭᠠᠩᠨᠠᠭᠤᠷ᠂ ᠸᠠᠩᠰᠡᠮᠪᠡᠷᠦ᠂ ᠢᠮᠠᠭᠠᠨ ᠰᠡᠷᠢᠳᠡᠭ᠂ ᠡᠮ ᠦᠨ ᠪᠠᠮᠪᠠᠢ᠂ ᠳᠥᠷᠪᠡᠯᠡᠭᠰᠡᠨ ᠮᠦᠭᠡ᠂ ᠭᠠᠨ ᠴᠡᠴᠡᠭᠲᠦ᠂ ᠠᠯᠲᠠᠨᠵᠤᠯ ᠪᠣᠯᠤᠨ ᠲᠥᠷᠥᠯ ᠪᠦᠷᠢ ᠶᠢᠨ ᠵᠡᠭᠡᠷᠭᠡᠨ᠎ᠡ᠂ ᠲᠠᠪᠤᠨ ᠰᠠᠯᠠᠭ᠎ᠠ᠂ ᠠᠯᠲᠠᠢ ᠶᠢᠨ ᠰᠣᠩᠭᠢᠨ᠎ᠠ ᠵᠡᠷᠭᠡ ᠣᠯᠠᠨ ᠲᠥᠷᠥᠯ ᠵᠦᠢᠯ ᠦᠨ ᠤᠷᠭᠤᠮᠠᠯ ᠲᠠᠢ᠃

ᠡᠬᠢ ᠰᠤᠷᠪᠤᠯᠵᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ