ᠮᠥᠩᠭᠥᠨ ᠲᠡᠮᠳᠡᠭᠲᠦ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠮᠥᠩᠭᠥᠨ ᠲᠡᠮᠳᠡᠭᠲᠦ (ᠠᠩᠭᠯᠢ: Currency; ᠣᠷᠣᠰ: ᠸᠠᠯᠦᠲ᠋ᠠ) ᠭᠡᠵᠦ ᠠᠯᠢᠪ ᠣᠷᠣᠨ ᠤ ᠡᠳ᠋ ᠍ ᠦᠨ ᠵᠠᠰᠠᠭ᠂ ᠪᠠᠷᠠᠭ᠎ᠠ ᠲᠠᠸᠠᠷ ᠢ ᠰᠣᠯᠢᠯᠴᠠᠬᠤ ᠳᠤ ᠪᠠᠨ ᠥᠭᠳᠡᠭ ᠮᠥᠩᠭᠥᠨ ᠬᠠᠷᠢᠯᠴᠠᠭᠠᠨ ᠤ ᠨᠢᠭᠡᠴᠡ ᠶᠢ ᠬᠡᠯᠡᠨ᠎ᠡ᠃ ᠣᠳᠣ ᠳᠡᠯᠡᠬᠡᠢ ᠳᠡᠭᠡᠷ᠎ᠡ ᠮᠥᠩᠭᠥᠨ ᠲᠡᠮᠳᠡᠭᠲᠦ 2 ᠬᠤᠪᠢᠯᠪᠤᠷᠢ ᠲᠠᠢ ᠪᠠᠶᠢᠭ᠎ᠠ ᠪᠥᠭᠡᠳ ᠴᠠᠭᠠᠰᠤᠨ ᠮᠥᠩᠭᠥ᠂ ᠵᠣᠭᠣᠰᠤᠨ ᠮᠥᠩᠭᠥ ᠭᠡᠰᠡᠨ 2 ᠮᠥᠩᠭᠥᠨ ᠨᠢᠭᠡᠴᠡ ᠭᠦᠢᠯᠭᠡᠭᠡᠨ ᠳᠦ ᠠᠰᠢᠭᠯᠠᠭᠳᠠᠵᠤ ᠪᠠᠶᠢᠨ᠎ᠠ᠃ ᠬᠦᠯᠢᠶᠡᠨ ᠵᠥᠪᠰᠢᠶᠡᠷᠡᠭᠳᠡᠭᠰᠡᠨ ᠤᠯᠤᠰ ᠢ ᠳᠠᠯᠪᠠᠭ᠎ᠠᠲᠥᠷᠥ ᠶᠢᠨ ᠳᠠᠭᠤᠯᠠᠯ᠂ ᠮᠥᠩᠭᠥᠨ ᠲᠡᠮᠳᠡᠭᠲᠦ ᠨᠢ ᠢᠯᠡᠷᠬᠡᠶᠢᠯᠡᠵᠦ ᠪᠠᠶᠢᠳᠠᠭ᠃ ᠠᠯᠢᠪ ᠣᠷᠣᠨ ᠮᠥᠩᠭᠥᠨ ᠲᠡᠮᠳᠡᠭᠲᠦ ᠪᠡᠨ ᠥᠪᠡᠷᠰᠡᠳ ᠦᠨ ᠨᠡᠷᠡᠰᠢᠯ ᠢᠶᠡᠷ ᠨᠡᠷᠡᠯᠡᠳᠡᠭ᠃ ᠵᠢᠱᠢᠶ᠎ᠡ ᠨᠢ: ᠳ᠋ᠣᠯᠯᠠᠷᠶᠤᠸᠠᠨᠢᠶᠡᠩᠲᠥᠭᠥᠷᠢᠭᠱᠧᠺᠧᠯᠧᠦ᠋ᠷᠣᠹᠦᠨᠲ ᠭᠡᠬᠦ ᠮᠡᠲᠦ᠃..

ᠮᠥᠩᠭᠥᠨ ᠲᠡᠮᠳᠡᠭᠲᠦ ᠶᠢᠨ ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠦᠮᠦᠨ ᠲᠥᠷᠥᠯᠬᠢᠲᠡᠨ ᠲᠡᠦᠬᠡᠨ ᠬᠥᠭᠵᠢᠯ ᠦᠨ ᠢᠶᠡᠨ ᠣᠯᠠᠨ ᠠᠷᠪᠠᠨ ᠮᠢᠩᠭᠠᠨ ᠵᠢᠯ ᠦᠨ ᠲᠤᠷᠰᠢ ᠮᠥᠩᠭᠥᠨ ᠲᠡᠮᠳᠡᠭᠲᠦ ᠭᠡᠭᠴᠢ ᠶᠢ ᠣᠭᠲᠣ ᠮᠡᠳᠡᠬᠦ ᠦᠭᠡᠢ᠂ ᠲᠡᠭᠦᠨ ᠢ ᠬᠡᠷᠡᠭᠯᠡᠵᠦ ᠴᠤ ᠪᠠᠶᠢᠭ᠎ᠠ ᠦᠭᠡᠢ ᠦᠶ᠎ᠡ ᠪᠠᠶᠢᠴᠠᠢ᠃ ᠴᠠᠭ ᠬᠤᠭᠤᠴᠠᠭ᠎ᠠ ᠤᠯᠠᠷᠢᠨ ᠥᠩᠭᠡᠷᠡᠬᠦ ᠲᠤᠲᠤᠮ ᠪᠠᠶᠢᠭᠠᠯᠢ ᠶᠢᠨ ᠪᠡᠯᠡᠨ ᠵᠦᠢᠯ ᠢᠶᠡᠷ ᠠᠮᠢᠳᠤᠷᠠᠬᠤ ᠪᠣᠯᠤᠮᠵᠢ ᠪᠠᠭᠠᠰᠰᠠᠨ ᠤ ᠤᠯᠠᠮ ᠠᠴᠠ ᠬᠦᠮᠦᠰ ᠦᠨ ᠨᠢᠭᠡ ᠬᠡᠰᠡᠭ ᠨᠢ ᠭᠠᠵᠠᠷ ᠬᠠᠭᠠᠯᠵᠤ ᠲᠠᠷᠢᠶ᠎ᠠ ᠲᠠᠷᠢᠬᠤ᠂ ᠨᠥᠭᠥᠭᠡ ᠬᠡᠰᠡᠭ ᠨᠢ ᠮᠠᠯ ᠮᠠᠯᠯᠠᠬᠤ ᠡᠰᠡᠪᠡᠯ ᠤᠷᠠᠨ ᠳᠠᠷᠬᠠᠨ᠂ ᠠᠨ ᠠᠩᠨᠠᠭᠤᠷ ᠬᠢᠬᠦ ᠵᠡᠷᠭᠡ ᠪᠡᠷ ᠪᠡᠶ᠎ᠡ ᠪᠡᠶᠡᠩ ᠡᠴᠡ ᠪᠡᠨ ᠢᠯᠭᠠᠭ᠎ᠠ ᠲᠠᠢ ᠣᠯᠠᠨ ᠶᠠᠩᠵᠤ ᠶᠢᠨ ᠬᠥᠳᠡᠯᠮᠦᠷᠢ ᠡᠷᠬᠢᠯᠡᠬᠦ ᠪᠣᠯᠵᠠᠢ᠃ ᠡᠨᠡ ᠶᠠᠪᠤᠴᠠ ᠳᠤ ᠵᠢᠱᠢᠶ᠎ᠡ ᠨᠢ ᠮᠠᠯᠴᠢᠨ ᠬᠦᠮᠦᠨ ᠬᠣᠨᠢ ᠪᠠᠨ ᠲᠣᠭᠣᠭ᠎ᠠ ᠪᠤᠭᠤᠳᠠᠢ ᠪᠠᠷ᠂ ᠳᠠᠷᠬᠠᠨ ᠬᠦᠮᠦᠨ ᠮᠣᠳᠣᠨ ᠠᠨᠢᠵᠢᠰ ᠢᠶᠠᠨ ᠢᠮᠠᠭ᠎ᠠ ᠪᠠᠷ ᠰᠣᠯᠢᠬᠤ ᠵᠡᠷᠭᠡ ᠪᠡᠷ ᠬᠡᠷᠡᠭᠴᠡᠭᠡ ᠪᠡᠨ ᠬᠠᠷᠢᠯᠴᠠᠨ ᠬᠠᠩᠭᠠᠳᠠᠭ ᠪᠠᠶᠢᠪᠠ᠃ ᠤᠯᠠᠮ ᠢᠶᠠᠷ ᠡᠨᠡ ᠨᠢ ᠴᠢᠨᠠᠭᠰᠢ ᠬᠥᠭᠵᠢᠭᠰᠡᠭᠡᠷ ᠬᠡᠷᠡᠭᠴᠡᠭᠡᠲᠦ ᠡᠳ᠋ ᠪᠠᠷ᠎ᠠ ᠶᠢ ᠪᠠᠨ ᠠᠷᠠᠯᠵᠢᠨ ᠠᠪᠴᠤ ᠪᠣᠯᠳᠠᠭ ᠲᠡᠶᠢᠮᠦ ᠵᠦᠢᠯ (ᠡᠺᠸᠢᠸᠠᠯᠧᠨᠲ) ᠲᠣᠳᠣᠷᠬᠠᠢ ᠭᠠᠵᠠᠷ ᠨᠤᠲᠤᠭ ᠤᠨ ᠬᠦᠷᠢᠶᠡᠨ ᠳᠦ ᠪᠤᠢ ᠪᠣᠯᠪᠠ᠃ ᠲᠡᠷᠡ ᠨᠢ ᠡᠷᠲᠡᠨ ᠦ ᠭᠷᠧᠺ᠂ ᠷᠣᠮ᠂ ᠰᠯᠠᠸᠶᠠᠨ ᠳᠤ ᠮᠠᠯ; ᠰᠺᠠᠨᠳᠢᠨᠠᠪ ᠤᠨ ᠣᠷᠣᠨ ᠨᠤᠭᠤᠳ ᠲᠤ ᠠᠷᠠᠰᠤ; ᠨᠣᠮᠣᠬᠠᠨ ᠳᠠᠯᠠᠢ ᠶᠢᠨ ᠣᠷᠣᠨ ᠨᠤᠭᠤᠳ ᠲᠤ ᠦᠨᠡᠲᠦ ᠬᠠᠪᠴᠢ; ᠬᠢᠲᠠᠳ᠂ ᠠᠪᠢᠰᠰᠢᠨᠳ ᠳᠠᠪᠤᠰᠤ; ᠮᠣᠩᠭᠣᠯ ᠳᠤ ᠴᠠᠢ ᠪᠣᠯᠵᠤ ᠪᠠᠶᠢᠴᠠᠢ᠃ ᠭᠡᠲᠡᠯ᠎ᠡ ᠲᠣᠳᠣᠷᠬᠠᠢ ᠨᠢᠭᠡ ᠨᠤᠲᠤᠭ ᠣᠷᠣᠨ ᠳᠤ ᠪᠦᠬᠦ ᠲᠠᠸᠠᠷ ᠢ ᠰᠤᠯᠢᠵᠤ ᠠᠪᠴᠤ ᠴᠢᠳᠠᠳᠠᠭ ᠡᠺᠸᠢᠸᠠᠯᠧᠨᠲ ᠪᠠᠶᠢᠭᠰᠠᠨ ᠲᠠᠸᠠᠷ (ᠥᠷ ᠦᠨ ᠬᠡᠷᠡᠭᠴᠡᠭᠡᠨ ᠡᠴᠡ ᠢᠯᠡᠭᠦᠦ ᠭᠠᠷᠭᠠᠨ ᠠᠷᠠᠯᠵᠢᠵᠤ ᠬᠤᠳᠠᠯᠳᠤᠬᠤ ᠶᠢᠨ ᠲᠤᠯᠠᠳᠠ ᠦᠢᠯᠡᠳᠪᠦᠷᠢᠯᠡᠭᠰᠡᠨ ᠪᠦᠲᠦᠭᠡᠭᠳᠡᠬᠦᠨ) ᠨᠥᠭᠥᠭᠡ ᠨᠢᠭᠡ ᠨᠤᠲᠤᠭ ᠣᠷᠣᠨ ᠳᠤ ᠲᠡᠷᠡ ᠴᠢᠨᠠᠷ ᠢᠶᠠᠨ ᠬᠠᠳᠠᠭᠠᠯᠠᠵᠤ ᠴᠢᠳᠠᠬᠤ ᠦᠭᠡᠢ ᠪᠠᠶᠢᠪᠠ᠃ ᠲᠠᠸᠠᠷ ᠤᠨ ᠦᠢᠯᠡᠳᠪᠦᠷᠢᠯᠡᠯ᠂ ᠠᠷᠠᠯᠵᠢᠶ᠎ᠠ ᠰᠣᠯᠢᠯᠴᠠᠭᠠᠨ ᠤ ᠴᠢᠨᠠᠭᠰᠢᠳᠠ ᠶᠢᠨ ᠬᠥᠭᠵᠢᠯ ᠦᠨ ᠶᠠᠪᠤᠴᠠ ᠳᠤ ᠨᠢᠭᠡ ᠲᠥᠷᠥᠯ ᠦᠨ᠂ ᠬᠤᠪᠢᠶᠠᠵᠤ ᠵᠢᠵᠢᠭᠯᠡᠵᠦ᠂ ᠤᠳᠠᠭᠠᠨ ᠬᠠᠳᠠᠭᠠᠯᠠᠵᠤ ᠪᠣᠯᠳᠠᠭ᠂ ᠡᠪᠳᠡᠷᠡᠴᠢ ᠬᠠᠭᠤᠴᠢᠷᠠᠬᠤ ᠨᠢ ᠪᠠᠭ᠎ᠠ ᠴᠢᠨᠠᠷ ᠥᠪᠡᠷᠲᠡᠭᠡᠨ ᠠᠭᠤᠯᠠᠭᠰᠠᠨ ᠮᠧᠲ᠋ᠠᠯ (ᠲᠤᠬᠠᠶᠢᠯᠠᠪᠠᠯ ᠵᠡᠰ᠂ ᠬᠦᠷᠡᠯ᠂ ᠮᠥᠩᠭᠥ᠂ ᠠᠯᠲᠠ) ᠡᠺᠸᠢᠸᠠᠯᠧᠨᠲ ᠤᠨ ᠡᠭᠦᠷᠭᠡ ᠭᠦᠢᠴᠡᠳᠭᠡᠬᠦ ᠪᠣᠯᠵᠠᠢ᠃

ᠮᠣᠩᠭᠣᠯ ᠤᠯᠤᠰ ᠤᠨ ᠮᠥᠩᠭᠥᠨ ᠲᠡᠮᠳᠡᠭᠲᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠣᠷᠣᠨ ᠳᠤ ᠳᠡᠭᠡᠷ᠎ᠡ ᠦᠶ᠎ᠡ ᠳᠦ ᠪᠣᠳᠠ ᠮᠠᠯ᠂ ᠬᠣᠨᠢ᠂ ᠳᠠᠷᠠᠭ᠎ᠠ ᠨᠢ ᠴᠠᠢ᠂ ᠬᠠᠳᠠᠭ ᠡᠺᠸᠢᠸᠠᠯᠧᠨᠲ ᠲᠠᠸᠠᠷ ᠤᠨ ᠡᠭᠦᠷᠭᠡ ᠭᠦᠢᠴᠡᠳᠭᠡᠵᠦ ᠪᠠᠶᠢᠪᠠ᠃ ᠬᠠᠳᠠᠭ ᠨᠢ ᠬᠡᠮᠵᠢᠶ᠎ᠡ ᠪᠡᠷ ᠪᠠᠭ᠎ᠠ᠂ ᠬᠥᠩᠭᠡᠨ ᠵᠢᠩ ᠲᠡᠢ ᠶᠡᠬᠡ ᠪᠠᠭ᠎ᠠ ᠣᠯᠠᠨ ᠶᠠᠩᠵᠤ ᠪᠠᠶᠢᠭᠰᠠᠨ ᠨᠢ ᠭᠦᠢᠯᠭᠡᠭᠡᠨ ᠳᠦ ᠬᠡᠷᠡᠭᠯᠡᠬᠦ ᠳᠦ ᠪᠣᠳᠠ ᠮᠠᠯ᠂ ᠬᠣᠨᠢ᠂ ᠴᠠᠶᠢᠨ ᠠᠴᠠ ᠢᠯᠡᠭᠦᠦ ᠲᠣᠬᠢᠷᠠᠮᠵᠢᠲᠠᠢ ᠪᠠᠶᠢᠪᠠ᠃ ᠠᠭᠠᠵᠢᠮ ᠳᠤ ᠪᠠᠨ ᠮᠣᠩᠭᠣᠯᠴᠤᠳ ᠤᠨ ᠲᠠᠸᠠᠷ ᠤᠨ ᠰᠣᠯᠢᠯᠴᠠᠭᠠᠨ ᠳᠤ ᠡᠬᠢᠯᠡᠭᠡᠳ ᠵᠡᠰ ᠵᠣᠭᠣᠰ᠂ ᠬᠣᠵᠢᠮ ᠨᠢ ᠴᠠᠭᠠᠨ ᠮᠥᠩᠭᠥ ᠬᠡᠷᠡᠭᠯᠡᠭᠳᠡᠬᠦ ᠪᠣᠯᠵᠠᠢ᠃ ᠳᠡᠩᠰᠡ ᠮᠥᠩᠭᠥ᠂ 1, 2, 5, 10, 50 ᠯᠠᠩ ᠤᠨ ᠶᠤᠸᠠᠮᠪᠤᠤ ᠮᠥᠩᠭᠥ (ᠨᠢᠭᠡ ᠯᠠᠨ 37 ᠭᠷᠠᠮ ᠲᠠᠢ ᠲᠡᠩᠴᠡᠨ᠎ᠡ), ᠵᠣᠭᠣᠰ ᠭᠡᠳᠡᠭ ᠭᠤᠷᠪᠠᠨ ᠲᠥᠷᠥᠯ ᠦᠨ ᠮᠥᠩᠭᠥ ᠮᠣᠩᠭᠣᠯ ᠤᠨ ᠵᠠᠬ᠎ᠠ ᠵᠡᠭᠡᠯᠢ ᠶᠢᠨ ᠭᠦᠢᠯᠭᠡᠭᠡᠨ ᠳᠦ ᠬᠡᠷᠡᠭᠯᠡᠭᠳᠡᠵᠦ ᠪᠠᠶᠢᠴᠠᠢ᠃ ᠡᠺᠸᠢᠸᠠᠯᠧᠨᠲ ᠤᠨ ᠡᠭᠦᠷᠭᠡ ᠭᠦᠢᠴᠡᠳᠭᠡᠬᠦ ᠶᠢᠨ ᠬᠤᠪᠢ ᠳᠤ ᠴᠠᠭᠠᠰᠤᠨ ᠲᠡᠮᠳᠡᠭᠲᠦ ᠬᠠᠮᠤᠭ ᠤᠨ ᠲᠣᠬᠢᠷᠠᠮᠵᠢᠲᠠᠢ ᠤᠴᠢᠷ ᠠᠴᠠ ᠣᠷᠴᠢᠨ ᠦᠶ᠎ᠡ ᠳᠦ ᠬᠦᠮᠦᠨ ᠲᠥᠷᠥᠯᠬᠢᠲᠡᠨ ᠡᠭᠦᠨ ᠢ ᠲᠦᠭᠡᠮᠡᠯ ᠬᠡᠷᠡᠭᠯᠡᠵᠦ ᠪᠠᠶᠢᠭ᠎ᠠ ᠪᠢᠯᠡ᠃ 1925 ᠣᠨ ᠤ 12 ᠰᠠᠷ᠎ᠠ ᠶᠢᠨ 9 ᠍ ᠳᠦ ᠵᠠᠰᠠᠭ ᠤᠨ ᠭᠠᠵᠠᠷ ᠠᠴᠠ ᠦᠨᠳᠦᠰᠦᠨ ᠦ ᠮᠥᠩᠭᠥᠨ ᠲᠡᠮᠳᠡᠭᠲᠦ—ᠲᠥᠭᠥᠷᠢᠭ ᠢ ᠭᠦᠢᠯᠭᠡᠭᠡᠨ ᠳᠦ ᠭᠠᠷᠭᠠᠵᠤ᠂ 900 ᠰᠣᠷᠢᠴᠠ ᠶᠢᠨ 18 ᠭᠷᠠᠮ ᠵᠢᠩᠲᠡᠢ ᠴᠠᠭᠠᠨ ᠮᠥᠩᠭᠥᠨ ᠵᠣᠭᠣᠰ ᠢ 《ᠨᠢᠭᠡ ᠲᠥᠭᠥᠷᠢᠭ》 ᠭᠡᠵᠦ ᠨᠡᠷᠡᠯᠡᠬᠦ ᠪᠣᠯᠪᠠ᠃ ᠡᠶᠢᠨᠬᠦᠦ ᠮᠠᠨ ᠤ ᠤᠯᠤᠰ ᠤᠨ ᠦᠨᠳᠦᠰᠦᠨ ᠦ ᠮᠥᠩᠭᠥᠨ ᠲᠡᠮᠳᠡᠭᠲᠦ ᠠᠩᠬ᠎ᠠ ᠪᠤᠢ ᠪᠣᠯᠤᠭᠰᠠᠨ ᠪᠢᠯᠡ᠃ ᠲᠥᠭᠥᠷᠢᠭ ᠪᠤᠢ ᠪᠣᠯᠭᠠᠬᠤ ᠬᠦᠷᠲᠡᠯ᠎ᠡ ᠮᠠᠨ ᠤ ᠤᠯᠤᠰ ᠤᠨ ᠵᠠᠬ᠎ᠠ ᠵᠡᠭᠡᠯᠢ ᠳᠦ ᠭᠠᠳᠠᠭᠠᠳᠤ ᠶᠢᠨ ᠶᠠᠩᠵᠤ ᠪᠦᠷᠢ ᠶᠢᠨ ᠣᠷᠣᠨ ᠤ (ᠬᠢᠲᠠᠳ᠂ ᠣᠷᠣᠰᠮᠸᠺᠰᠢᠺᠣ ᠭᠡᠬᠦ ᠮᠡᠲᠦ) ᠴᠠᠭᠠᠰᠤᠨ ᠪᠣᠯᠤᠨ ᠵᠣᠭᠣᠰᠤᠨ ᠲᠡᠮᠳᠡᠭᠲᠦ ᠶᠠᠩᠴᠢᠶᠠᠨ᠂ ᠪᠡᠶ᠎ᠡ ᠮᠥᠩᠭᠥ᠂ ᠴᠠᠢ᠂ ᠠᠷᠠᠰᠤ ᠰᠢᠷᠢᠢ ᠠ ᠨᠢᠭᠡᠨ ᠵᠡᠷᠭᠡ ᠬᠤᠳᠠᠯᠳᠤᠭ᠎ᠠ ᠠᠷᠠᠯᠵᠢᠶᠠᠨ ᠳᠤ ᠲᠥᠯᠥᠪᠦᠷᠢ ᠶᠢᠨ ᠬᠡᠷᠡᠭᠰᠡᠯ ᠦᠨ ᠡᠭᠦᠷᠭᠡ ᠭᠦᠢᠴᠡᠳᠭᠡᠵᠦ ᠪᠠᠶᠢᠯ᠎ᠠ᠃ 1928 ᠣᠨ ᠭᠡᠬᠦ ᠳᠦ ᠮᠠᠨ ᠤ ᠤᠯᠤᠰ ᠤᠨ ᠠᠯᠪᠠᠨ ᠪᠠᠶᠢᠭᠤᠯᠤᠯᠭ᠎ᠠ᠂ ᠠᠷᠠᠳ ᠢᠷᠭᠡᠳ ᠦᠨ ᠪᠣᠯᠤᠨ ᠤᠯᠤᠰ ᠤᠨ ᠮᠥᠩᠭᠥᠨ ᠲᠣᠭᠠᠴᠠᠭᠠᠨ ᠳᠤ ᠲᠥᠭᠥᠷᠢᠭ ᠬᠡᠷᠡᠭᠯᠡᠵᠦ᠂ ᠦᠨᠳᠦᠰᠦᠨ ᠦ ᠵᠠᠬ᠎ᠠ ᠵᠡᠭᠡᠯᠢ ᠳᠦ ᠵᠥᠪᠬᠡᠨ ᠲᠥᠭᠥᠷᠢᠭ ᠢᠶᠡᠷ ᠭᠦᠢᠯᠭᠡᠭᠡ ᠬᠢᠬᠦ ᠪᠣᠯᠵᠠᠢ᠃

ᠸᠠᠯᠦᠲ᠋ᠠ ᠶᠢᠨ ᠬᠠᠩᠰᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠢᠭᠡ ᠤᠯᠤᠰ ᠤᠨ ᠮᠥᠩᠭᠥᠨ ᠲᠡᠮᠳᠡᠭᠲᠦ ᠶᠢᠨ ᠨᠢᠭᠡᠴᠡ ᠶᠢᠨ ᠨᠥᠭᠥᠭᠡ ᠤᠯᠤᠰ ᠤᠨ ᠮᠥᠩᠭᠥᠨ ᠲᠡᠮᠳᠡᠭᠲᠦ ᠶᠢᠨ ᠨᠢᠭᠡᠴᠡ ᠪᠡᠷ ᠢᠯᠡᠷᠡᠬᠡᠶᠢᠯᠡᠭᠳᠡᠬᠦ ᠬᠠᠷᠢᠴᠠᠭ᠎ᠠ ᠶᠢ ᠸᠠᠯᠦᠲ᠋ᠠ ᠶᠢᠨ ᠬᠠᠩᠰᠢ ᠭᠡᠳᠡᠭ᠃ ᠸᠠᠯᠦᠲ᠋ᠠ ᠶᠢᠨ ᠬᠠᠰ ᠢ ᠲᠣᠭᠲᠠᠭᠠᠬᠤ ᠳᠤ ᠪᠠᠨ ᠸᠠᠯᠶᠦ᠋ᠲ ᠲᠤᠰ ᠪᠦᠷᠢ ᠶᠢᠨ ᠠᠯᠲᠠᠨ ᠪᠠᠲᠤᠯᠠᠭ᠎ᠠ ᠶᠢ ᠦᠨᠳᠦᠰᠦ ᠪᠣᠯᠭᠠᠨ᠎ᠠ᠃ ᠲᠤᠬᠠᠢ ᠶᠢᠨ ᠤᠯᠤᠰ ᠤᠨ ᠮᠥᠩᠭᠥᠨ ᠦ ᠨᠢᠭᠡᠴᠡ ᠳᠦ ᠠᠭᠤᠯᠤᠭᠳᠠᠵᠤ ᠪᠠᠶᠢᠭ᠎ᠠ ᠠᠯᠲᠠᠨ ᠤ ᠬᠡᠮᠵᠢᠶ ᠡᠪ ᠣᠯᠠᠨ ᠠᠯᠲᠠᠨ ᠤ ᠠᠯᠪᠠᠨ ᠶᠣᠰᠣᠨ ᠤ ᠦᠨ᠎ᠡ ᠶᠢ ᠦᠨᠳᠦᠰᠦᠯᠡᠨ ᠸᠠᠯᠦᠲ᠋ᠠ ᠶᠢᠨ ᠠᠯᠲᠠᠨ ᠪᠠᠲᠤᠯᠠᠭ᠎ᠠ ᠶᠢ ᠲᠣᠭᠲᠠᠭᠠᠳᠠᠭ᠃ ᠲᠥᠭᠥᠷᠢᠭ ᠦᠨ ᠠᠯᠲᠠᠨ ᠪᠠᠲᠤᠯᠠᠭ᠎ᠠ ᠶᠢ ᠦᠨᠳᠦᠰᠦᠯᠡᠨ ᠲᠡᠭᠦᠨ ᠦ ᠬᠠᠩᠰᠢ ᠶᠢ ᠶᠠᠮᠠᠷ ᠴᠤ ᠤᠯᠤᠰ ᠤᠨ ᠸᠠᠯᠦᠲ᠋ᠠ ᠲᠠᠢ ᠬᠠᠷᠢᠴᠠᠭᠤᠯᠤᠨ ᠲᠣᠭᠲᠠᠭᠠᠵᠤ ᠪᠣᠯᠤᠨ᠎ᠠ᠃ ᠸᠠᠯᠦᠲ᠋ᠠ ᠶᠢᠨ ᠬᠠᠩᠰᠢ ᠶᠢ ᠳᠣᠲᠣᠷ᠎ᠠ ᠨᠢ ᠠᠯᠪᠠᠨ (ᠬᠤᠳᠠᠯᠳᠤᠭᠠᠨ ᠤ) ᠪᠠ ᠠᠯᠪᠠᠨ ᠪᠤᠰᠤ (ᠬᠤᠳᠠᠯᠳᠤᠭᠠᠨ ᠤ ᠪᠤᠰᠤ) ᠭᠡᠵᠦ ᠠᠩᠭᠢᠯᠠᠳᠠᠭ᠃ ᠬᠤᠳᠠᠯᠳᠤᠭᠠᠨ ᠤ ᠪᠤᠰᠤ ᠸᠠᠯᠶᠦ᠋ᠲ ᠨᠢ ᠬᠤᠳᠠᠯᠳᠤᠭᠠᠨ ᠤ ᠪᠢᠰᠢ ᠰᠢᠨᠵᠢ ᠴᠢᠨᠠᠷᠲᠠᠢ ᠳ᠋ᠢᠫᠯᠣᠮᠠᠲ ᠲᠥᠯᠥᠭᠡᠯᠡᠭᠴᠢ ᠰᠤᠯᠢᠯᠴᠠᠬᠤ᠂ ᠠᠯᠪᠠᠨ ᠲᠣᠮᠢᠯᠠᠯᠲᠠ᠂ ᠵᠢᠭᠤᠯᠴᠢᠯᠠᠯ ᠢᠶᠠᠷ ᠬᠠᠷᠢᠯᠴᠠᠨ ᠵᠣᠷᠴᠢᠬᠤ᠂ ᠰᠢᠤᠳᠠᠨ ᠬᠣᠯᠪᠣᠭ᠎ᠠ᠂ ᠲᠡᠭᠡᠭᠡᠪᠦᠷᠢ ᠶᠢᠨ ᠦᠢᠯᠡᠴᠢᠯᠡᠭᠡᠨ ᠦ ᠲᠥᠯᠥᠪᠦᠷᠢ ᠲᠥᠯᠦᠯᠴᠡᠬᠦ ᠵᠡᠷᠭᠡ ᠬᠠᠷᠢᠯᠴᠠᠭᠠᠨ ᠤ ᠬᠣᠯᠪᠣᠭᠳᠠᠭᠰᠠᠨ ᠲᠥᠯᠥᠪᠦᠷᠢ ᠶᠢᠨ ᠲᠣᠭᠠᠴᠠᠭᠠᠨ ᠳᠤ ᠬᠡᠷᠡᠭᠯᠡᠭᠳᠡᠨ᠎ᠡ᠃ ᠲᠤᠰ ᠤᠯᠤᠰ ᠤᠨ ᠦᠢᠯᠡᠳᠪᠦᠷᠢᠯᠡᠯ᠂ ᠦᠢᠯᠡᠴᠢᠯᠡᠭᠡᠨ ᠦ ᠪᠦᠬᠦ ᠲᠥᠷᠥᠯ ᠦᠨ ᠲᠥᠯᠥᠪᠦᠷᠢ ᠲᠣᠭᠠᠴᠠᠭ᠎ᠠ ᠵᠥᠪᠬᠡᠨ ᠤᠯᠤᠰ ᠤᠨ ᠪᠠᠩᠬᠢ ᠪᠠᠷ ᠳᠠᠮᠵᠢᠨ ᠦᠨᠳᠦᠰᠦᠨ ᠦ ᠸᠠᠯᠦᠲ᠋ᠠ ᠶᠢᠨ ᠲᠥᠭᠥᠷᠢᠭ ᠢᠶᠡᠷ ᠬᠢᠭᠳᠡᠳᠡᠭ᠃

ᠪᠢᠴᠢᠭᠡᠰᠦ