ᠮᠥᠩᠭᠥ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
"ᠮᠥᠩᠭᠥ" ᠨᠢ ᠡᠨᠡ ᠬᠠᠭᠤᠳᠠᠰᠤᠨ ᠳᠤ ᠰᠢᠭᠤᠳ ᠬᠣᠯᠪᠣᠭᠳᠠᠵᠠᠢ᠃ ᠥᠭᠡᠷ᠎ᠡ ᠤᠳᠬ᠎ᠠ ᠶᠢ ᠦᠵᠡᠬᠦ ᠶᠢ ᠬᠦᠰᠡᠪᠡᠯ᠂ ᠮᠥᠩᠭᠥ (ᠬᠢᠮᠢ ᠶᠢᠨ ᠡᠯᠧᠮᠧᠨᠲ) ᠍ ᠢ ᠦᠵᠡᠨ᠎ᠡ ᠦᠦ᠃

ᠮᠥᠩᠭᠥ ᠭᠡᠳᠡᠭ ᠨᠢ ᠨᠡᠶᠢᠭᠡᠮ ᠤᠨ ᠪᠣᠯᠤᠨ ᠬᠠᠤᠯᠢ ᠶᠣᠰᠣᠨ ᠤ ᠬᠤᠪᠢ ᠳᠤ ᠵᠥᠪᠰᠢᠶᠡᠷᠡᠭᠳᠡᠳᠡᠭ᠂ ᠪᠠᠷᠠᠭ᠎ᠠ ᠪᠦᠲᠦᠭᠡᠭᠳᠡᠬᠦᠨ᠂ ᠦᠢᠯᠡᠴᠢᠯᠡᠭᠡ᠂ ᠥᠷᠢ ᠰᠢᠷᠢᠢ ᠠ ᠶᠢ ᠳᠠᠷᠤᠬᠤ ᠵᠣᠷᠢᠭᠤᠯᠤᠯᠲᠠ ᠲᠠᠢ ᠵᠦᠢᠯ ᠶᠤᠮ᠃

ᠮᠥᠩᠭᠥᠨ ᠦ ᠡᠭᠦᠷᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠥᠩᠭᠥ ᠳᠠᠷᠠᠭᠠᠬᠢ ᠭᠤᠷᠪᠠᠨ ᠡᠭᠦᠷᠭᠡ ᠶᠢ ᠭᠦᠢᠴᠡᠳᠭᠡᠨ᠎ᠡ᠃

ᠰᠣᠯᠢᠯᠴᠠᠭ᠎ᠠ᠂ ᠲᠥᠯᠥᠪᠦᠷᠢ ᠶᠢᠨ ᠬᠡᠷᠡᠭᠰᠡᠯ ᠦᠨ ᠡᠭᠦᠷᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠯᠣᠮᠲᠠ ᠪᠠᠩᠬᠢ , ᠬᠤᠳᠠᠯᠳᠤᠭ᠎ᠠ ᠬᠥᠭᠵᠢᠯ ᠦᠨ ᠪᠠᠩᠬᠢ᠂ ᠬᠠᠭᠠᠨ ᠪᠠᠩᠬᠢ 3 ᠲᠣᠮᠣ ᠪᠠᠩᠬᠢ ᠶᠤᠮ᠃ ᠮᠥᠩᠭᠥ ᠪᠤᠢ ᠪᠣᠯᠤᠭᠰᠠᠨ ᠢᠶᠠᠷ ᠲᠠᠸᠠᠷ᠂ ᠲᠠᠸᠠᠷ ᠤᠨ ᠬᠠᠷᠢᠯᠴᠠᠭᠠᠨ ᠤ ᠣᠯᠠᠨ ᠬᠡᠯᠬᠢᠶᠡᠨ ᠦ ᠣᠷᠣᠨ ᠳᠤ ᠮᠥᠩᠭᠥ ᠲᠠᠸᠠᠷ ᠤᠨ ᠭᠡᠰᠡᠨ ᠬᠣᠶᠠᠷ ᠬᠠᠷᠢᠯᠴᠠᠭ᠎ᠠ ᠪᠤᠢ ᠪᠣᠯᠳᠠᠭ᠃ ᠡᠶᠢᠮᠦ ᠦᠶ᠎ᠡ ᠳᠦ ᠮᠥᠩᠭᠥ ᠨᠢ ᠰᠣᠯᠢᠯᠴᠠᠭᠠᠨ ᠤ ᠡᠭᠦᠷᠭᠡ ᠭᠦᠢᠴᠡᠳᠭᠡᠵᠦ ᠪᠠᠶᠢᠨ᠎ᠠ᠃ ᠮᠥᠩᠭᠥ ᠨᠢ ᠪᠠᠰᠠ ᠥᠷᠢ ᠲᠥᠯᠥᠭᠡᠰᠦ ᠥᠭᠬᠦ᠂ ᠵᠡᠭᠡᠯᠢ ᠪᠤᠴᠠᠭᠠᠵᠤ ᠤᠯᠭᠤᠬᠤ ᠵᠡᠷᠭᠡ ᠳᠦ ᠬᠡᠷᠡᠭᠯᠡᠭᠳᠡᠳᠡᠭ ᠤᠴᠢᠷ ᠲᠥᠯᠥᠪᠦᠷᠢ ᠶᠢᠨ ᠬᠡᠷᠡᠭᠰᠡᠯ ᠦᠨ ᠡᠭᠦᠷᠭᠡ ᠭᠦᠢᠴᠡᠳᠭᠡᠵᠦ ᠪᠠᠶᠢᠨ᠎ᠠ᠃

ᠥᠷᠲᠡᠭ ᠦᠨ ᠬᠡᠮᠵᠢᠭᠦᠷ ᠦᠨ ᠡᠭᠦᠷᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠶᠠᠩᠵᠤ ᠪᠦᠷᠢ ᠶᠢᠨ ᠪᠠᠷᠠᠭᠠᠨ ᠤ ᠦᠨ᠎ᠡ ᠴᠢᠨ ᠢ ᠬᠣᠭᠣᠷᠣᠨᠳᠣ ᠬᠠᠷᠢᠴᠠᠭᠤᠯᠬᠤ᠂ ᠵᠢᠰᠢᠬᠦ ᠦᠶ᠎ᠡ ᠳᠦ ᠮᠥᠩᠭᠥᠨ ᠦ ᠡᠯ᠎ᠡ ᠡᠭᠦᠷᠭᠡ ᠢᠯᠡᠷᠡᠵᠦ ᠭᠠᠷᠳᠠᠭ᠃ ᠥᠭᠡᠷ᠎ᠡ ᠪᠡᠷ ᠬᠡᠯᠡᠪᠡᠯ᠂ ᠪᠤᠰᠤᠳ ᠪᠦᠬᠦ ᠪᠠᠷᠠᠭᠠᠨ ᠤ ᠦᠨ᠎ᠡ ᠴᠢᠨ ᠢ ᠢᠯᠡᠷᠬᠡᠶᠢᠯᠡᠭᠴᠢ ᠲᠦᠭᠡᠮᠡᠯ ᠬᠡᠮᠵᠢᠭᠦᠷ ᠦᠨ ᠡᠭᠦᠷᠭᠡ ᠭᠦᠢᠴᠡᠳᠬᠡᠭᠴᠢ ᠨᠢ ᠭᠠᠭᠴᠠᠬᠦ ᠮᠥᠩᠭᠥ ᠶᠤᠮ᠃


ᠬᠤᠷᠠᠮᠳᠤᠯᠠᠯ ᠬᠠᠳᠠᠭᠠᠯᠠᠮᠵᠢ ᠶᠢᠨ ᠬᠡᠷᠡᠭᠯᠡᠭᠦᠷ ᠦᠨ ᠡᠭᠦᠷᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠥᠩᠭᠥ ᠨᠢ ᠵᠠᠷᠢᠮ ᠳᠤ ᠪᠠᠨ ᠬᠤᠷᠠᠮᠳᠤᠯᠠᠯ ᠪᠣᠯᠵᠤ ᠠᠰᠢᠭᠯᠠᠭᠳᠠᠨ᠎ᠠ᠃ ᠬᠤᠪᠢᠴᠠᠭ᠎ᠠ᠂ ᠣᠪᠯᠢᠭᠠᠼ᠂ ᠪᠠᠶᠢᠰᠢᠩ᠂ ᠠᠯᠲᠠ ᠍ ᠢ ᠪᠣᠳᠣᠪᠠᠯ ᠮᠥᠩᠭᠥ ᠨᠢ ᠠᠵᠠ ᠲᠤᠷᠰᠢᠬᠤ ᠪᠠᠶᠢᠳᠠᠯ ᠪᠠᠭ᠎ᠠ ᠪᠠᠶᠢᠳᠠᠭ᠃ ᠬᠡᠯᠡᠴᠡᠯ ᠢ ᠲᠦᠷᠭᠡᠨ ᠬᠢᠯᠪᠠᠷ ᠪᠠᠶᠢᠭᠤᠯᠬᠤ᠂ ᠦᠨ᠎ᠡ ᠶᠢ ᠲᠣᠳᠣᠷᠬᠠᠶᠢᠯᠠᠬᠤ᠂ ᠬᠤᠷᠠᠮᠳᠤᠯᠠᠯ ᠬᠢᠬᠦ ᠪᠣᠯᠤᠮᠵᠢ ᠣᠯᠭᠤᠳᠠᠭ ᠤᠴᠢᠷ ᠠᠴᠠ ᠮᠥᠩᠭᠥ ᠠᠰᠢᠭᠲᠠᠢ᠃

ᠭᠠᠳᠠᠨ᠎ᠠ ᠶᠢᠨ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠸᠢᠭᠮᠧᠳᠢᠶᠠ ᠵᠢᠷᠤᠭ ᠤᠨ ᠰᠠᠩ:
    «ᠮᠥᠩᠭᠥ»
http://wiki.uhaan.com/index.php?title=ᠮᠥᠩᠭᠥ&oldid=412109》 ᠍  ᠡᠴᠡ ᠠᠪᠤᠭᠰᠠᠨ

ᠪᠢᠴᠢᠭᠡᠰᠦ