ᠮᠥᠩᠬᠡ ᠲᠩᠷᠢ ᠶᠢᠨ ᠹᠢᠯᠣᠰᠣᠹᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠮᠥᠩᠬᠡ ᠲᠩᠷᠢ ᠶᠢᠨ ᠹᠢᠯᠣᠰᠣᠹᠢ ᠨᠢ ᠹᠢᠯᠣᠰᠣᠹᠢ ᠶᠢᠨ ᠨᠢᠭᠡ ᠲᠥᠷᠥᠯ ᠶᠤᠮ᠃

13 ᠍ ᠳᠦᠭᠡᠷ ᠵᠠᠭᠤᠨ ᠤ ᠡᠬᠢᠨ ᠳᠦ ᠮᠣᠩᠭᠣᠯᠴᠤᠳ ᠶᠢᠷᠲᠢᠨᠴᠦ ᠶᠢ ᠬᠣᠶᠠᠷ ᠡᠬᠢᠯᠡᠯ ᠲᠡᠢ ᠭᠡᠵᠦ ᠦᠵᠡᠵᠦ ᠪᠠᠶᠢᠭᠰᠠᠨ ᠢ ᠹᠢᠯᠣᠰᠣᠹᠢ ᠳᠤ ᠳᠤᠸᠠᠯᠢᠰᠮ ᠬᠡᠮᠡᠳᠡᠭ᠃

ᠲᠤᠬᠠᠶᠢᠯᠠᠪᠠᠯ: ᠮᠣᠩᠭᠣᠯᠴᠤᠳ ᠤᠨ ᠣᠶᠢᠯᠠᠭᠠᠵᠤ ᠪᠠᠶᠢᠭᠰᠠᠨ ᠢᠶᠠᠷ ᠡᠷ᠎ᠡ ᠡᠭᠦᠳᠬᠡᠯ ᠬᠡᠮᠡᠬᠦ ᠡᠴᠢᠭᠡ ᠲᠩᠷᠢ ᠪᠣᠯ ᠤᠬᠠᠮᠰᠠᠷ ᠤᠨ ᠰᠢᠨᠵᠢᠲᠡᠢ᠂ ᠡᠮ᠎ᠡ ᠡᠭᠦᠳᠬᠡᠯ ᠬᠡᠮᠡᠬᠦ ᠡᠬᠡ ᠭᠠᠵᠠᠷ ᠪᠣᠯ ᠮᠠᠰᠲ᠋ᠧᠷ ᠤᠨ ᠲᠥᠯᠥᠪᠲᠡᠢ ᠠᠵᠢ᠃ ᠮᠣᠩᠭᠣᠯᠴᠤᠳ ᠬᠦᠮᠦᠨ ᠨᠠᠰᠤ ᠪᠠᠷᠠᠬᠤ ᠶᠢ ᠥᠭᠡᠳᠡ ᠪᠣᠯᠤᠯ᠎ᠠ ᠭᠡᠵᠦ ᠬᠡᠯᠡᠳᠡᠭ᠂ ᠴᠢᠩᠭᠢᠰ ᠬᠠᠭᠠᠨ ᠢ ᠮᠣᠩᠭᠣᠯ ᠤᠨ ᠨᠢᠭᠤᠴᠠ ᠲᠣᠪᠴᠢᠶᠠᠨ ᠳᠤ 《ᠲᠩᠷᠢ ᠳᠦ ᠬᠠᠯᠢᠪ》 ᠭᠡᠰᠡᠨ ᠪᠠᠶᠢᠳᠠᠭ᠃ ᠡᠨᠡ ᠪᠣᠯ ᠮᠣᠩᠭᠣᠯ ᠬᠦᠮᠦᠨ ᠦ ᠤᠬᠠᠮᠰᠠᠷ᠂ ᠣᠶᠤᠨ ᠤᠬᠠᠭᠠᠨ᠂ ᠰᠦᠨᠡᠰᠦ ᠲᠩᠷᠢ ᠡᠴᠡ ᠢᠷᠡᠵᠦ ᠲᠡᠭᠦᠨᠦᠷᠦᠦ ᠪᠡᠨ ᠪᠤᠴᠠᠳᠠᠭ ᠭᠡᠰᠡᠨ ᠦᠵᠡᠯ ᠢ ᠪᠠᠷᠢᠮᠲᠠᠵᠢᠭᠤᠯᠵᠤ ᠪᠠᠶᠢᠭ᠎ᠠ ᠵᠢᠱᠢᠶ᠎ᠡ ᠮᠥᠨ᠃ ᠮᠡᠳᠡᠭᠡᠵᠢ ᠬᠦᠮᠦᠨ ᠦ ᠮᠢᠬᠠᠨ ᠪᠡᠶ᠎ᠡ ᠪᠣᠯ ᠭᠠᠵᠠᠷ ᠠᠴᠠ ᠪᠦᠲᠦᠵᠦ ᠲᠡᠭᠦᠨ ᠳᠦ ᠪᠡᠨ ᠪᠤᠴᠠᠨ ᠰᠢᠩᠭᠡᠳᠡᠭ ᠪᠢᠯᠡ᠃ ᠲᠡᠶᠢᠮᠦ ᠴᠤ ᠤᠴᠢᠷ ᠠᠴᠠ 《《ᠷᠵᠢᠯᠲᠠ ᠡᠬᠡ ᠭᠠᠵᠠᠷ ᠢᠶᠠᠨ ᠦᠬᠦᠵᠦ ᠬᠡᠪᠲᠡᠬᠦ ᠪᠡᠶ᠎ᠡ ᠮᠢᠨᠢ》 ᠭᠡᠰᠡᠨ ᠪᠠᠶᠢᠳᠠᠭ᠃ ᠬᠠᠷᠢᠨ ᠴᠢᠩᠭᠢᠰ ᠬᠠᠭᠠᠨ ᠤ ᠹᠢᠯᠣᠰᠣᠹᠢ ᠶᠢᠨ ᠲᠠᠯ᠎ᠠ ᠪᠠᠷ ᠬᠢᠭᠰᠡᠨ ᠬᠠᠮᠤᠭ ᠤᠨ ᠲᠣᠮᠣ ᠨᠡᠭᠡᠭᠡᠯᠲᠡ ᠪᠣᠯ ᠮᠥᠩᠬᠡ ᠲᠩᠷᠢ ᠶᠢ ᠤᠬᠠᠭᠠᠷᠠᠭᠰᠠᠨ ᠳᠤ ᠣᠷᠣᠰᠢᠵᠤ ᠪᠠᠶᠢᠭ᠎ᠠ ᠶᠤᠮ᠃ ᠡᠨᠡ ᠨᠢ ᠮᠣᠩᠭᠣᠯ ᠢ ᠨᠢᠭᠡᠳᠬᠡᠬᠦ᠂ ᠳᠡᠯᠡᠬᠡᠢ ᠶᠢ ᠪᠠᠶᠢᠯᠳᠤᠨ ᠳᠠᠭᠠᠭᠤᠯᠬᠤ ᠲᠡᠦᠬᠡᠨ ᠦᠢᠯᠡ ᠶᠠᠪᠤᠳᠠᠯ ᠲᠠᠢ ᠰᠢᠭᠤᠳ ᠬᠣᠯᠪᠣᠭᠠᠲᠠᠢ ᠪᠠᠶᠢᠨ᠎ᠠ᠃

ᠳᠡᠯᠡᠬᠡᠢ ᠳᠠᠬᠢᠨ ᠢ ᠨᠢᠭᠡᠳᠬᠡᠨ ᠵᠠᠬᠢᠷᠤᠭᠰᠠᠨ ᠴᠢᠩᠭᠢᠰ ᠬᠠᠭᠠᠨ ᠤ ᠲᠥᠷᠥ ᠡᠷᠬᠡ ᠵᠦᠢ ᠶᠢᠨ ᠹᠢᠯᠣᠰᠣᠹᠢ ᠶᠢᠨ ᠦᠨᠳᠦᠰᠦ ᠪᠣᠯ ᠮᠥᠩᠬᠡ ᠲᠩᠷᠢ ᠶᠢᠨ ᠮᠣᠨᠣᠲ᠋ᠧᠢᠰᠲ ᠨᠣᠮᠯᠠᠯ cypᠭᠠᠯ ᠪᠣᠯᠬᠤ ᠶᠤᠮ᠃ ᠥᠭᠡᠷ᠎ᠡ ᠪᠡᠷ ᠬᠡᠯᠡᠪᠡᠯ ᠲᠤᠬᠠᠢ ᠶᠢᠨ ᠦᠶ᠎ᠡ ᠪᠡᠨ ᠡᠴᠡ ᠡᠬᠢᠯᠡᠨ ᠮᠣᠩᠭᠣᠯᠴᠤᠳ ᠹᠢᠯᠣᠰᠣᠹᠢ ᠶᠢᠨ ᠮᠣᠨᠣᠲ᠋ᠧᠢᠰᠲ ᠴᠢᠭᠯᠡᠯ ᠢ ᠪᠠᠷᠢᠮᠲᠠᠯᠠᠨ ᠬᠥᠭᠵᠢᠭᠦᠯᠵᠦ ᠢᠷᠡᠭᠰᠡᠨ ᠨᠢ ᠲᠣᠳᠣᠷᠬᠠᠢ ᠪᠠᠶᠢᠨ᠎ᠠ᠃ ᠮᠥᠩᠬᠡ ᠲᠩᠷᠢ ᠪᠣᠯ ᠮᠠᠲ᠋ᠧᠷᠢ ᠤᠬᠠᠮᠰᠠᠷ ᠭᠡᠵᠦ ᠬᠤᠪᠢᠶᠠᠭᠳᠠᠬᠤ ᠦᠭᠡᠢ᠂ ᠨᠢᠭᠡᠳᠦᠭᠰᠡᠨ᠂ ᠲᠤᠶᠢᠯ ᠤᠨ᠂ ᠴᠣᠷ ᠤᠨ ᠭᠠᠭᠴᠠ ᠪᠦᠬᠦᠨ ᠦ ᠡᠬᠢᠯᠡᠯ ᠮᠥᠨ᠃

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ