ᠮᠥᠩᠬᠡ ᠬᠠᠭᠠᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
Mengkehan.jpg
ᠮᠥᠩᠬᠡ ᠬᠠᠭᠠᠨ
ᠮᠥᠩᠬᠡ
ᠶᠡᠬᠡ ᠮᠣᠡᠭᠭᠣᠯ ᠣᠯᠣᠰ ᠤᠨ ᠳᠠᠯᠠᠢ ᠬᠠᠭᠠᠨ
ᠬᠠᠭᠠᠨᠴᠢᠯᠠᠯ 1251-1259
ᠲᠦᠷᠦᠭᠰᠡᠨ ᠣᠩᠨᠠᠭ᠎ᠠ 1208 ᠤᠨ
ᠥᠩᠭᠡᠷᠡᠭᠰᠡᠨ ᠣᠩᠨᠠᠭ᠎ᠠ 1259 ᠤᠨ ᠤ 8 ᠰᠠᠷ᠎ᠠ ᠶᠢᠨ 11
ᠥᠩᠭᠡᠷᠡᠭᠰᠡᠨ ᠭᠠᠵᠠᠷ ᠴᠦᠩᠴᠢᠩ
ᠡᠮᠦᠨᠡᠬᠢ ᠬᠠᠭᠠᠨ ᠭᠦᠶᠦᠭ ᠬᠠᠭᠠᠨ
ᠤᠳᠠᠭᠠᠬᠢ ᠬᠠᠭᠠᠨ ᠬᠤᠪᠢᠯᠠᠢ ᠬᠠᠭᠠᠨ
ᠶᠡᠬᠡ ᠬᠠᠲᠤᠨ ᠬᠤᠲᠤᠭᠤᠢ ᠬᠠᠳᠣᠨ
ᠤᠯᠤᠰ ᠤᠨ ᠨᠡᠷ᠎ᠡ ᠪᠣᠷᠵᠢᠭᠢᠨ
ᠡᠴᠢᠭᠡ ᠲᠤᠯᠤᠢ
ᠡᠬᠡ ᠰᠣᠷᠬᠠᠭᠲᠠᠨᠢ ᠪᠺᠢ

ᠮᠥᠩᠬᠡ (Mongke qaghan.svg᠂ 1208-1259) ᠨᠢ ᠶᠡᠬᠡ ᠮᠣᠩᠭᠣᠯ ᠤᠯᠤᠰ ᠤᠨ ᠳᠥᠷᠪᠡᠳ᠋ᠡᠬᠢ (1251 ᠤᠨ ᠤ 6 ᠰᠠᠷ᠎ᠠ ᠶᠢᠨ 1 ᠍ ᠡᠴᠡ 1259ᠤᠨ ᠤ 8 ᠰᠠᠷ᠎ᠠ ᠶᠢᠨ 11) ᠶᠡᠬᠡ ᠬᠠᠭᠠᠨ ᠪᠠᠶᠢᠪᠠ᠃ ᠮᠥᠩᠬᠡ ᠬᠠᠭᠠᠨ ᠢᠷᠠᠺᠰᠢᠷᠢᠢ ᠠᠳ᠋ᠠᠯᠢ ᠤᠯᠤᠰ᠂ ᠸᠢᠶᠧᠲ᠋ᠨᠠᠮ ᠵᠡᠷᠭᠡ ᠤᠯᠤᠰ ᠤᠳ ᠢ ᠡᠵᠡᠯᠡᠨ ᠠᠪᠤᠭᠰᠠᠨ ᠶᠤᠮ᠃ ᠲᠡᠷᠡ ᠪᠡᠷ ᠡᠵᠡᠨᠳᠦ ᠭᠦᠷᠦᠨ ᠦ ᠲᠣᠮᠣ ᠤᠳᠤᠷᠢᠳᠤᠭᠴᠢᠳ ᠤᠨ ᠨᠢᠭᠡ ᠪᠠᠶᠢᠭᠰᠠᠨ ᠶᠤᠮ᠃

ᠵᠠᠯᠠᠭᠤ ᠨᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠦᠩᠬᠡ ᠬᠠᠭᠠᠨ 1208ᠤᠨ ᠤ ᠰᠢᠷ᠎ᠠ ᠯᠤᠤ ᠵᠢᠯ ᠳᠤ ᠮᠡᠨᠳᠦᠯᠡᠵᠡᠢ᠃ 1251 ᠤᠨ ᠤ ᠴᠠᠭᠠᠭᠴᠢᠨ ᠭᠠᠬᠠᠢ ᠵᠢᠯ ᠶᠡᠬᠡ ᠬᠤᠷᠠᠯᠳᠠᠢ ᠪᠠᠷ ᠬᠠᠭᠠᠨ ᠰᠢᠷᠡᠭᠡᠨ ᠳᠦ ᠰᠠᠭᠤᠵᠠᠢ᠃ ᠲᠡᠷᠡᠪᠡᠷ ᠴᠢᠩᠭᠢᠰ ᠬᠠᠭᠠᠨ ᠤ ᠣᠳᠬᠣᠨ ᠬᠥᠪᠡᠭᠦᠨ ᠲᠤᠯᠤᠢ ᠶᠢᠨ ᠠᠬᠠᠮᠠᠳ ᠬᠥᠪᠡᠭᠦᠨ ᠪᠠᠶᠢᠵᠤ᠂ ᠬᠦᠯᠢᠭᠦ ᠠᠷᠭᠦᠪᠡᠬᠦ ᠪᠠ ᠬᠤᠪᠢᠯᠠᠢ ᠬᠠᠭᠠᠨ ᠨᠠᠷ ᠤᠨ ᠠᠬ᠎ᠠ ᠨᠢ ᠪᠠᠶᠢᠪᠠ᠃ ᠶᠡᠬᠡ ᠮᠣᠩᠭᠣᠯ ᠤᠯᠤᠰ ᠲᠤᠬᠠᠢ ᠶᠢᠨ ᠦᠶ᠎ᠡ ᠶᠢᠨ ᠳᠡᠯᠡᠬᠡᠢ ᠶᠢᠨ ᠬᠠᠮᠤᠭ ᠤᠨ ᠲᠣᠮᠣ ᠶᠡᠬᠡ ᠭᠦᠷᠦᠨ ᠦ ᠬᠡᠮᠵᠢᠶᠡᠨ ᠳᠦ ᠬᠦᠷᠭᠡᠭᠰᠡᠨ ᠮᠦᠷᠲᠡᠬᠡᠨ ᠲᠡᠭᠦᠨ ᠦ ᠨᠢᠭᠡᠳᠦᠮᠡᠯ ᠪᠠᠶᠢᠳᠠᠯ ᠢ ᠬᠠᠳᠠᠭᠠᠯᠠᠨ ᠴᠢᠳᠠᠭᠰᠠᠨ ᠲᠥᠷᠥ ᠶᠢᠨ ᠭᠣᠣᠯ ᠵᠢᠳᠬᠦᠯᠲᠡᠨ ᠪᠠᠶᠢᠵᠠᠢ᠃ ᠮᠦᠩᠬᠡ ᠬᠠᠭᠠᠨ ᠡᠮᠦᠨ᠎ᠡ ᠵᠦᠭ ᠬᠢᠲᠠᠳ ᠤᠳ ᠢ ᠪᠠᠶᠢᠯᠳᠤᠨ ᠳᠠᠭᠠᠭᠤᠯᠤᠯ ᠬᠢᠵᠦ ᠶᠠᠪᠤᠭᠠᠳ 1259ᠤᠨ ᠤ ᠰᠢᠷᠠᠭᠴᠢᠨ ᠬᠣᠨᠢᠨ ᠵᠢᠯ ᠨᠠᠰᠤ ᠪᠠᠷᠠᠵᠠᠢ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

 ᠶᠡᠬᠡ ᠮᠣᠩᠭᠣᠯ ᠤᠯᠤᠰ ᠤᠨ ᠬᠠᠭᠠᠨ ᠮᠥᠩᠬᠡ ᠨᠢ ᠲᠤᠯᠤᠢ ᠶᠢᠨ ᠤᠤᠭᠠᠨ ᠬᠦᠦ ᠪᠥᠭᠡᠳ ᠲᠢᠪ ᠲᠩᠷᠢ ᠪᠥᠭᠡ ᠶᠢᠨ ᠤᠷᠢᠳᠴᠢᠯᠠᠨ ᠬᠡᠯᠡᠭᠰᠡᠨ ᠢᠶᠡᠷ ᠮᠥᠩᠬᠡ ᠲᠩᠷᠢ ᠶᠢᠨ ᠰᠢᠨ᠎ᠡ ᠡᠷᠬᠢᠮ ᠬᠦᠨᠳᠦᠲᠳ ᠬᠦᠮᠦᠨ ᠠᠵᠤᠭᠤ᠃ ᠲᠡᠷᠡ ᠪᠡᠷ ᠦᠨᠡᠬᠡᠷ ᠴᠤ ᠨᠡᠷᠡ ᠰᠢᠭ ᠢᠶᠡᠨ ᠮᠥᠩᠬᠡ ᠭᠠᠪᠢᠶ᠎ᠠ ᠶᠢ ᠪᠠᠶᠢᠭᠤᠯᠤᠭᠰᠠᠨ ᠨᠢᠭᠡᠨ ᠪᠢᠯᠡ᠃ ᠢᠳᠡ ᠵᠠᠯᠠᠭᠤ 22 ᠨᠠᠰᠤᠨ ᠠᠴᠠ ᠪᠠᠨ ᠥᠭᠡᠲᠡᠢ ᠬᠠᠭᠠᠨ ᠢ ᠳᠠᠭᠠᠵᠤ᠂ 1230ᠤᠨ ᠳᠤ ᠬᠣᠵᠢᠮ ᠤᠨ ᠬᠣᠣᠷᠲᠤ ᠳᠠᠶᠢᠰᠤᠨ ᠪᠥᠭᠡᠳ ᠡᠪᠦᠭᠡ ᠳᠡᠭᠡᠳᠦᠰ ᠴᠢᠩᠭᠢᠰ ᠪᠣᠭᠳᠠ ᠶᠢᠨ ᠢᠶᠠᠨ ᠪᠠᠶᠢᠩᠭᠤ ᠰᠠᠨᠠᠭᠤᠯᠵᠤ ᠪᠠᠶᠢᠭᠰᠠᠨ ᠠᠯᠲᠠᠨ ᠤᠯᠤᠰ ᠢ ᠳᠠᠶᠢᠯᠠᠷ᠎ᠠ ᠮᠣᠷᠳᠠᠭᠰᠠᠨ᠎ᠠ ᠪᠠᠷ ᠮᠥᠩᠬᠡ ᠶᠢᠨ ᠠᠶᠠᠨ ᠡᠬᠢᠯᠡᠭᠰᠡᠨ ᠭᠡᠵᠦ ᠬᠡᠯᠡᠵᠦ ᠪᠣᠯᠬᠤ ᠶᠤᠮ᠃ ᠤᠳᠠᠯ ᠦᠭᠡᠢ ᠠᠯᠲᠠᠨ ᠤᠯᠤᠰ ᠢ ᠮᠥᠬᠥᠭᠡᠭᠡᠳ ᠳᠥᠷᠪᠡᠨ ᠵᠢᠯ ᠦᠨ ᠬᠣᠶᠢᠨ᠎ᠠ ᠲᠥᠷᠥᠯᠬᠢ ᠮᠣᠩᠭᠣᠯ ᠳᠤ ᠪᠠᠨ ᠡᠷᠭᠢᠨ ᠢᠷᠡᠪᠡ᠃ ᠡᠴᠢᠭᠡ ᠲᠤᠯᠤᠢ ᠨᠢ ᠨᠠᠰᠤ ᠪᠠᠷᠠᠭᠰᠠᠨ ᠲᠤᠯᠠ ᠮᠥᠩᠬᠡ ᠳᠤ ᠥᠭᠡᠲᠡᠢ ᠬᠠᠭᠠᠨ ᠬᠠᠷᠢᠶᠠᠲᠤ ᠢᠷᠭᠡᠨ ᠢ ᠬᠤᠪᠢᠶᠠᠨ ᠥᠭᠭᠦᠭᠡᠳ ᠡᠴᠢᠭᠡ ᠶᠢᠨ ᠬᠢ ᠨᠢ ᠣᠷᠳᠣᠨ ᠲᠡᠰᠢ ᠪᠤᠴᠠᠭᠠᠴᠠᠢ᠃

ᠡᠶᠢᠨᠬᠦᠦ ᠲᠤᠯᠤᠢ ᠶᠢᠨ ᠵᠠᠬᠢᠷᠴᠤ ᠶᠠᠪᠤᠭᠰᠠᠨ ᠴᠡᠷᠢᠭ ᠢᠷᠡᠭᠡᠳ ᠮᠥᠩᠬᠡ ᠶᠢᠨ ᠵᠠᠬᠢᠷᠭᠠᠨ ᠤ ᠪᠣᠯᠵᠤ᠂ ᠶᠡᠬᠡ ᠠᠶᠠᠨ ᠤ ᠳᠥᠷᠥᠭᠡ ᠪᠡᠨ ᠴᠠᠭᠠᠰᠢ ᠰᠤᠩᠭᠠᠬᠤ ᠪᠣᠯᠪᠠ᠃ ᠬᠣᠶᠢᠲᠤᠨ ᠵᠢᠯ ᠨᠢ ᠮᠥᠩᠬᠡ ᠴᠡᠷᠢᠭ ᠢᠶᠡᠨ ᠠᠪᠴᠤ ᠥᠷᠥᠨ᠎ᠡ ᠲᠡᠰᠢ ᠳᠣᠪᠲᠣᠯᠤᠭᠰᠠᠭᠠᠷ ᠪᠣᠯᠭᠠᠷᠢᠶ᠎ᠠ ᠤᠯᠤᠰ ᠢ ᠳᠠᠶᠢᠯᠠᠭᠠᠳ ᠺᠢᠫᠴᠠᠺ ᠲᠡᠰᠢ ᠤᠴᠢᠪᠠ᠃ ᠮᠥᠩᠬᠡ ᠶᠢᠨ ᠴᠡᠷᠢᠭ ᠦᠳ ᠺᠢᠫᠴᠠᠺ ᠤᠨ ᠲᠠᠯ᠎ᠠ ᠳᠤ ᠳᠠᠭᠠᠷᠢᠨ ᠣᠷᠣᠭᠠᠳ ᠶᠡᠬᠡᠩᠬᠢ ᠶᠢ ᠨᠢ ᠤᠰᠠᠳᠬᠠᠬᠤ ᠳᠤ ᠴᠥᠭᠡᠪᠲᠦᠷ ᠪᠦᠯᠦᠭ ᠴᠡᠷᠢᠭ ᠪᠠᠷᠠᠭᠤᠨ ᠵᠦᠭ ᠳᠤᠲᠠᠭᠠᠨ ᠸᠣᠯᠭ᠎ ᠠ ᠮᠥᠷᠡᠨ ᠦ ᠣᠷᠴᠢᠮ ᠤᠨ ᠰᠢᠭᠢᠭᠦᠦ ᠰᠢᠭᠤᠢ ᠳᠤ ᠰᠢᠷᠭᠤᠯᠠᠨ ᠣᠷᠣᠭᠰᠠᠨ ᠢᠶᠠᠷ ᠪᠠᠷᠢᠭᠳᠠᠬᠤ ᠦᠭᠡᠢ ᠪᠣᠯᠪᠠ᠃ ᠲᠡᠳᠡ ᠬᠠᠶᠠ ᠰᠢᠭᠤᠢ ᠳᠣᠲᠣᠷ᠎ᠠ ᠠᠴᠠ ᠭᠡᠨᠡᠳᠲᠡ ᠤᠤᠯᠭᠠᠯᠠᠨ ᠳᠠᠭᠠᠷᠢᠵᠤ ᠮᠣᠩᠭᠣᠯ ᠴᠡᠷᠢᠭ ᠦᠳ ᠦᠨ ᠠᠴᠢᠶ᠎ᠠ ᠪᠠᠷᠠᠭ᠎ᠠ ᠶᠢ ᠳᠡᠭᠡᠷᠡᠮᠳᠡᠨ ᠲᠦᠢᠪᠡᠭᠡᠵᠦ ᠪᠠᠶᠢᠯ᠎ᠠ᠃

ᠮᠥᠩᠬᠡ ᠬᠠᠭᠠᠨ ᠡᠭᠦᠨ ᠳᠦ ᠶᠡᠬᠡ ᠯᠠ ᠵᠢᠪᠡᠭᠦᠴᠡᠨ ᠳᠡᠭᠦᠦ ᠪᠦᠵᠢᠭᠲᠦ ᠲᠡᠢ ᠬᠡᠯᠴᠢᠵᠦ ᠪᠠᠯᠠᠷ ᠰᠢᠭᠤᠢ ᠶᠢ ᠪᠥᠰᠡᠯᠡᠨ ᠠᠪᠤᠭᠠᠳ ᠨᠡᠩᠵᠢᠭᠰᠡᠨ ᠠᠵᠤᠭᠤ᠃ ᠴᠠᠳᠬᠤᠯᠠᠩ ᠮᠣᠭᠠᠢ ᠦᠯᠦ ᠰᠢᠷᠭᠤᠮ ᠪᠢᠲᠡᠭᠦᠦ ᠨᠢᠭᠲᠠᠴᠠ ᠰᠢᠭᠤᠢ ᠶᠢ ᠴᠠᠪᠴᠢᠯᠠᠨ ᠳᠥᠷᠪᠡᠨ ᠲᠡᠷᠭᠡ ᠵᠡᠷᠭᠡᠴᠡᠨ ᠶᠠᠪᠤᠬᠤᠶᠢᠴᠠ ᠥᠷᠭᠡᠨ ᠵᠠᠮ ᠭᠠᠷᠭᠠᠨ ᠳᠣᠲᠣᠭᠰᠢᠯᠠᠪᠠ᠃ ᠸᠣᠯᠭ᠎ ᠠ ᠮᠥᠷᠡᠨ ᠦ ᠨᠢᠭᠡᠨ ᠵᠢᠵᠢᠭ ᠠᠷᠠᠯ ᠤᠷᠤᠭᠤ ᠳᠤᠲᠠᠭᠠᠨ ᠣᠳᠤᠭᠰᠠᠨ ᠢ ᠨᠤᠲᠤᠭ ᠳᠡᠭᠡᠷ᠎ᠡ ᠨᠢ ᠣᠷᠬᠢᠭᠳᠠᠭᠰᠠᠨ ᠡᠪᠡᠳᠴᠢᠲᠡᠢ ᠡᠮᠡᠭᠡᠨ ᠡᠴᠡ ᠣᠯᠵᠤ ᠰᠣᠨᠣᠰᠤᠭᠠᠳ ᠬᠣᠶᠢᠨ᠎ᠠ ᠠᠴᠠ ᠨᠢ ᠮᠥᠷᠳᠡᠭᠰᠡᠨ ᠪᠤᠯᠪᠠᠴᠤ᠂ ᠮᠥᠷᠡᠨ ᠦ ᠤᠰᠤ ᠰᠦᠷᠲᠡᠢ ᠶᠡᠬᠡ ᠪᠡᠷ ᠳᠠᠪᠠᠯᠭᠠᠯᠠᠨ ᠤᠭᠲᠤᠬᠤ ᠨᠢ ᠲᠡᠷᠡ᠃ ᠣᠩᠭᠣᠴᠠ ᠵᠠᠪᠢ ᠦᠭᠡᠢ ᠲᠡᠳᠡ ᠭᠠᠶᠢᠬᠠᠰᠢᠷᠠᠨ ᠪᠠᠶᠢᠬᠤ ᠦᠶ ᠡ ᠳᠤ ᠬᠦᠴᠦᠲᠡᠢ ᠰᠠᠯᠬᠢᠨ ᠳᠤ ᠮᠥᠷᠡᠨ ᠦ ᠤᠰᠤ ᠬᠣᠶᠠᠷ ᠲᠡᠰᠢ ᠢᠷᠠᠭᠳᠠᠵᠤ ᠢᠷᠤᠭᠠᠷ ᠨᠢ ᠦᠵᠡᠭᠳᠡᠵᠦ ᠪᠠᠶᠢᠯ᠎ᠠ᠃ ᠡᠨᠡ ᠵᠠᠢ ᠶᠢ ᠠᠰᠢᠭᠯᠠᠨ ᠮᠣᠷᠢ ᠪᠠᠷ ᠱᠠᠯᠠᠮᠠᠭᠠᠶᠢᠯᠠᠨ ᠭᠠᠲᠤᠯᠤᠭᠠᠳ ᠠᠷᠠᠯ ᠳᠡᠭᠡᠷ᠎ᠡ ᠠᠪᠠᠷᠢᠨ ᠭᠠᠷᠤᠭᠠᠳ ᠵᠠᠬᠢᠷᠤᠭᠴᠢ ᠪᠠᠴᠢᠮᠠᠨ ᠢ ᠪᠠᠷᠢᠪᠴᠢᠯᠠᠨ᠂ ᠳᠡᠭᠦᠦ ᠪᠦᠵᠢᠭᠲᠦ ᠪᠡᠨ ᠲᠤᠰᠢᠶᠠᠯ ᠥᠭᠴᠦ ᠲᠡᠭᠦᠨ ᠢ ᠴᠠᠭᠠᠵᠠᠯᠠᠭᠤᠯᠪᠠ᠃ ᠺᠢᠷᠭᠢᠰ ᠤᠨ ᠶᠡᠬᠡ ᠠᠭᠤᠯᠠ ᠨᠢᠷᠤᠭᠤ ᠺᠠᠰᠫᠢ ᠲᠡᠩᠭᠢᠰ ᠦᠨ ᠬᠣᠭᠣᠷᠣᠨᠳᠣᠬᠢ ᠠᠰᠤᠷᠤ ᠠᠭᠤᠳᠠᠮ ᠭᠠᠵᠠᠷ ᠢ ᠪᠠᠶᠢᠯᠳᠤᠨ ᠳᠠᠭᠠᠭᠤᠯᠵᠤ ᠣᠷᠣᠰ ᠤᠨ ᠬᠠᠷᠢᠶᠠᠲᠤ ᠠᠰᠤ ᠤᠯᠤᠰ ᠤᠨ ᠨᠡᠶᠢᠰᠯᠡᠯ ᠮᠠᠭᠠᠰ ᠬᠣᠲᠠ ᠶᠢ ᠪᠥᠰᠡᠯᠡᠨ ᠠᠪᠴᠠᠢ᠃ ᠮᠠᠭᠠᠰ ᠨᠢ ᠬᠢᠷᠭᠢᠰ ᠠᠭᠤᠯᠠ᠂ ᠲᠡᠷᠡᠬᠡ ᠭᠣᠣᠯ ᠢ ᠲᠦᠰᠢᠭᠯᠡᠨ ᠪᠠᠶᠢᠭᠤᠯᠤᠭᠳᠠᠭᠰᠠᠨ ᠭᠠᠵᠠᠷ ᠤᠨ᠎ ᠪᠠᠷᠲᠠᠭ᠎ᠠ ᠶᠡᠬᠡ ᠲᠡᠢ ᠲᠤᠯᠠ ᠬᠣᠶᠠᠷ ᠰᠠᠷ᠎ᠠ ᠶᠢᠨ ᠲᠤᠷᠰᠢ ᠲᠤᠯᠤᠯᠳᠤᠨ ᠪᠠᠶᠢᠵᠤ ᠮᠣᠩᠭᠣᠯᠴᠤᠳ ᠤᠨ ᠡᠷᠬᠡᠰᠢᠶᠡᠯ ᠳᠦ ᠣᠷᠣᠭᠰᠠᠨ ᠭᠡᠳᠡᠭ᠃ ᠡᠨᠡ ᠨᠢ ᠣᠷᠣᠰ ᠢ ᠡᠵᠡᠯᠡᠬᠦ ᠰᠡᠭᠦᠯᠴᠢ ᠶᠢᠨ ᠪᠠᠶᠢᠯᠳᠤᠭᠠᠨ ᠪᠠᠶᠢᠵᠠᠢ᠃

ᠭᠦᠶᠦᠭ ᠬᠠᠭᠠᠨ 1248 ᠤᠨ ᠳᠤ ᠨᠠᠰᠤ ᠪᠠᠷᠠᠭᠰᠠᠨ ᠢᠶᠠᠷ ᠴᠢᠩᠭᠢᠰ ᠬᠠᠭᠠᠨ ᠤ ᠠᠯᠲᠠᠨ ᠤᠷᠤᠭ ᠤᠨ ᠬᠦᠪᠡᠭᠦᠳ ᠶᠡᠬᠡᠰ ᠨᠣᠶᠠᠳ ᠤᠳ ᠬᠣᠶᠠᠷ ᠲᠣᠮᠣ ᠪᠦᠯᠦᠭ ᠪᠣᠯᠵᠤ ᠬᠠᠭᠠᠨ ᠣᠷᠣ ᠶᠢᠨ ᠲᠥᠯᠥᠭᠡ ᠰᠢᠷᠦᠭᠦᠨ ᠥᠷᠢᠰᠦᠯᠳᠦᠵᠦ ᠡᠬᠢᠯᠡᠪᠡ᠃ ᠪᠠᠲᠤ ᠲᠡᠷᠢᠭᠦᠨ ᠲᠡᠢ ᠵᠦᠴᠢ ᠶᠢᠨ ᠦᠷ᠎ᠡ ᠰᠠᠳᠤ ᠶᠡᠬᠡ ᠯᠠ ᠤᠬᠠᠭᠠᠯᠢᠭ ᠬᠥᠳᠡᠯᠵᠦ᠂ ᠲᠡᠷᠡ ᠳᠤᠮᠳᠠ ᠠᠴᠠ ᠪᠠᠲᠤ ᠬᠠᠭᠠᠨ ᠳᠥᠷᠪᠡᠳ᠋ᠡᠬᠢ ᠦᠶ᠎ᠡ ᠶᠢᠨ ᠶᠡᠬᠡ ᠬᠠᠭᠠᠨ ᠢ ᠰᠤᠩᠭᠤᠬᠤ ᠰᠠᠨᠠᠯ ᠶᠢᠡᠨ ᠳᠡᠪᠰᠢᠭᠦᠯᠦᠭᠰᠡᠨ ᠭᠡᠳᠡᠭ᠃ (ᠮᠥᠩᠬᠡ ᠪᠣᠯ ᠶᠢᠷᠲᠢᠨᠴᠦ ᠶᠢᠨ ᠰᠠᠶᠢᠨ ᠮᠠᠭᠤ ᠶᠢ ᠦᠵᠡᠵᠦ ᠬᠠᠮᠤᠭ ᠬᠡᠷᠡᠭ ᠶᠠᠪᠤᠳᠠᠯ ᠤᠨ ᠵᠣᠪᠠᠯᠠᠩ ᠵᠢᠷᠭᠠᠯ ᠢ ᠪᠡᠶ᠎ᠡ ᠪᠡᠷ ᠠᠮᠰᠠᠭᠰᠠᠨ᠂ ᠣᠯᠠᠨ ᠣᠷᠣᠨ ᠳᠤ ᠶᠡᠬᠡ ᠴᠡᠷᠢᠭ ᠤᠳᠤᠷᠢᠳᠤᠨ ᠵᠠᠬᠢᠷᠴᠤ ᠶᠠᠪᠤᠭᠰᠠᠨ᠂ ᠠᠪᠢᠶᠠᠰ ᠪᠢᠯᠢᠭᠲᠦ᠂ ᠡᠷᠡᠯᠬᠡᠭ ᠪᠠᠭᠠᠲᠤᠷ᠂ ᠰᠡᠴᠡᠨ ᠠᠷᠭ᠎ᠠ ᠪᠣᠳᠣᠯ ᠲᠠᠢ ᠤᠴᠢᠷ ᠲᠡᠭᠦᠨ ᠢ ᠬᠠᠭᠠᠨ ᠰᠢᠷᠡᠭᠡᠨ ᠢᠶᠡᠨ ᠡᠷᠭᠦᠮᠵᠢᠯᠡᠪᠡᠰᠦ ᠨᠠᠷᠠᠨ ᠤᠷᠭᠤᠬᠤ ᠵᠦᠭ ᠡᠴᠡ ᠨᠠᠷᠠᠨ ᠤᠨᠠᠬᠤ ᠬᠦᠷᠲᠡᠯᠡᠬᠢ ᠭᠠᠵᠠᠷ ᠨᠤᠲᠤᠭ ᠢ ᠲᠣᠬᠢᠵᠢᠭᠤᠯᠠᠨ ᠵᠠᠰᠠᠵᠤ ᠴᠢᠳᠠᠨ᠎ᠠ᠃ ᠲᠡᠭᠡᠪᠡᠰᠦ ᠤᠯᠤᠰ ᠲᠥᠷᠥ᠂ ᠴᠡᠷᠢᠭ ᠠᠷᠠᠳ᠂ ᠬᠠᠨ ᠬᠥᠪᠡᠭᠦᠳ ᠪᠢᠳᠡ ᠣᠯᠠᠨ ᠤ ᠵᠢᠷᠭᠠᠯ ᠳᠤ ᠪᠠᠲᠤ ᠲᠠᠢ ᠪᠣᠯᠬᠤ ᠪᠤᠰᠤ ᠤᠤ) ᠭᠡᠵᠦ ᠵᠠᠷᠯᠠᠭᠰᠠᠨ ᠢᠶᠠᠷ ᠪᠦᠭᠦᠳᠡ ᠵᠥᠪᠰᠢᠶᠡᠷᠡᠨ ᠬᠠᠭᠠᠨ ᠰᠢᠷᠡᠭᠡᠨ ᠳᠤ ᠮᠥᠩᠬᠡ ᠵᠠᠯᠠᠷᠠᠭᠰᠠᠨ ᠪᠣᠯᠠᠢ᠃ ᠥᠷᠥᠨ᠎ᠡ ᠳᠣᠷᠣᠨ᠎ᠠ ᠵᠦᠭ ᠲᠤ ᠠᠶᠠᠨ ᠳᠠᠶᠢᠨ ᠬᠢᠬᠦ ᠡᠪᠦᠭᠡᠳ ᠦᠨ ᠶᠡᠬᠡ ᠬᠡᠷᠡᠭ ᠢ ᠦᠷᠭᠦᠯᠵᠢᠯᠡᠭᠦᠯᠦᠨ ᠳᠡᠭᠦᠦ ᠬᠤᠪᠢᠯᠠᠢ ᠶᠢ 1251 ᠤᠨ ᠠᠴᠠ ᠳᠣᠷᠣᠨ᠎ᠠ ᠵᠦᠭ ᠳ᠋ᠡᠬᠢ ᠶᠡᠬᠡ ᠵᠠᠬᠢᠷᠤᠭᠴᠢ᠂ ᠨᠥᠭᠥᠭᠡ ᠳᠡᠭᠦᠦ ᠦᠯᠬᠦ ᠶᠢ ᠢᠷᠠᠨ ᠢ ᠵᠠᠬᠢᠷᠬᠤ ᠶᠡᠬᠡ ᠵᠠᠬᠢᠷᠤᠭᠴᠢ ᠪᠠᠷ ᠲᠣᠮᠢᠯᠠᠵᠤ ᠲᠤᠬᠠᠢ ᠶᠢᠨ ᠭᠠᠵᠠᠷ ᠣᠷᠣᠨ ᠨᠤᠭᠤᠳ ᠢ ᠲᠦᠪᠰᠢᠳᠬᠡᠬᠦ ᠪᠡᠷ ᠢᠯᠡᠭᠡᠪᠡ᠃

ᠮᠥᠩᠬᠡ ᠶᠢᠨ ᠦᠶ᠎ᠡ ᠳᠦ ᠭᠠᠤᠯᠢᠨ ᠤᠯᠤᠰ-ᠠᠨᠠᠮ᠎ᠠ ᠤᠯᠤᠰ ᠡᠯᠴᠢ ᠢᠯᠡᠭᠡᠨ ᠭᠠᠳᠠᠭᠠᠳᠤ ᠬᠠᠷᠢᠯᠴᠠᠭ᠎ᠠ ᠲᠣᠭᠲᠠᠭᠠᠪᠠ᠃ ᠮᠥᠨ ᠧᠦ᠋ᠷᠣᠫᠠ ᠠᠴᠠ ᠹᠷᠠᠨᠼᠢ ᠶᠢᠨ ᠡᠯᠴᠢ ᠸ᠂ ᠷᠦᠪᠠᠷᠰᠺ ᠲᠡᠷᠢᠭᠦᠨ ᠲᠡᠢ ᠬᠦᠮᠦᠰ ᠮᠥᠩᠬᠡ ᠬᠠᠭᠠᠨ ᠤ ᠣᠷᠳᠣᠨ ᠳᠤ ᠢᠷᠡᠵᠡᠢ᠃ ᠰᠦᠩ ᠤᠯᠤᠰ ᠢ ᠳᠠᠶᠢᠯᠠᠬᠤ ᠪᠣᠳᠣᠯᠭ᠎ᠠ ᠶᠢ ᠦᠷᠭᠦᠯᠵᠢᠯᠡᠭᠦᠯᠦᠨ ᠪᠡᠯᠡᠳᠬᠡᠯ ᠢᠶᠡᠨ ᠰᠠᠶᠢᠲᠤᠷ ᠬᠠᠩᠭᠠᠭᠠᠳ᠂1258 ᠤᠨ ᠳᠤ ᠮᠥᠩᠬᠡ ᠬᠠᠭᠠᠨ ᠤ ᠶᠡᠬᠡ ᠴᠡᠷᠢᠭ ᠡᠮᠦᠨ᠎ᠡ ᠵᠦᠭ ᠬᠥᠳᠡᠯᠦᠨ ᠬᠠᠲᠤᠨ ᠭᠣᠣᠯ ᠢ ᠲᠤᠭᠤᠯᠤᠨ ᠰᠸᠴᠤᠸᠠᠨ ᠬᠦᠷᠦᠭᠰᠡᠨ ᠪᠢᠯᠡ᠃ ᠬᠠᠷᠠᠮᠰᠠᠯᠲᠠᠢ ᠨᠢ ᠮᠣᠩᠭᠣᠯᠴᠤᠳ ᠬᠦᠴᠦᠨ ᠳᠤ ᠪᠠᠨ ᠲᠦᠰᠢᠭᠯᠡᠨ ᠰᠠᠶᠢᠨ ᠪᠠᠶᠢᠯᠳᠤᠨ ᠳᠠᠶᠢᠰᠤᠨ ᠢ ᠢᠯᠡᠳᠳᠡ ᠳᠡᠶᠢᠯᠵᠦ ᠪᠠᠶᠢᠬᠤ ᠵᠠᠭᠤᠷ᠎ᠠ ᠴᠡᠷᠢᠭ ᠦᠳ ᠤᠨ ᠳᠤᠮᠳᠠ ᠬᠠᠯᠠᠭᠤᠨ ᠬᠢᠵᠢᠭ ᠡᠪᠡᠳᠴᠢᠨ ᠭᠠᠷᠴᠤ ᠦᠢ ᠣᠯᠠᠨ ᠴᠡᠷᠢᠭ ᠪᠠᠭᠠᠲᠤᠷ ᠤᠳ ᠨᠢ ᠨᠠᠰᠤ ᠪᠠᠷᠠᠴᠤ ᠮᠥᠩᠬᠡ ᠬᠠᠭᠠᠨ ᠤ ᠪᠡᠶ᠎ᠡ ᠮᠥᠨ ᠤᠨ ᠤ ᠳᠣᠯᠣᠳᠤᠭᠠᠷ ᠰᠠᠷ᠎ᠠ ᠳᠤ ᠬᠢᠵᠢᠭ ᠡᠪᠡᠳᠴᠢᠨ ᠢᠶᠡᠷ ᠲᠩᠷᠢ ᠶᠢᠨ ᠣᠷᠣᠨ ᠳᠤ ᠣᠳᠤᠭᠰᠠᠨ ᠠᠵᠤᠭᠤ᠃ ᠲᠡᠭᠦᠨ ᠦ ᠦᠢᠯᠡ ᠬᠡᠷᠡᠭ ᠢ ᠳᠡᠭᠦᠦ ᠬᠤᠪᠢᠯᠠᠢ ᠵᠠᠯᠭᠠᠮᠵᠢᠯᠠᠨ ᠠᠪᠤᠭᠠᠳ ᠶᠡᠬᠡ ᠴᠡᠷᠢᠭ ᠢ ᠨᠤᠲᠤᠭ ᠪᠤᠴᠠᠭᠠᠯ ᠦᠭᠡᠢ ᠪᠠᠷᠢᠵᠤ ᠡᠮᠦᠨᠡᠲᠦ ᠰᠦᠩ ᠤᠯᠤᠰ ᠢ ᠡᠵᠡᠯᠡᠬᠦ ᠪᠣᠳᠣᠯᠭ᠎ᠠ ᠪᠠᠨ ᠦᠷᠭᠦᠯᠵᠢᠯᠡᠭᠦᠯᠦᠭᠰᠡᠨ ᠲᠡᠦᠬᠡ ᠲᠡᠢ᠃

ᠮᠥᠩᠬᠡ ᠪᠣᠯ ᠥᠪᠡᠷ ᠦᠨ ᠭᠠᠷ ᠲᠤ ᠪᠦᠬᠦ ᠤᠯᠤᠰ ᠣᠷᠣᠨ ᠤ ᠵᠠᠬᠢᠷᠭ᠎ᠠ ᠶᠢ ᠨᠢᠭᠡᠳᠬᠡᠨ ᠠᠳᠬᠤᠵᠤ ᠴᠢᠳᠠᠭᠰᠠᠨ ᠬᠭᠠᠨ ᠪᠢᠯᠡ᠃ ᠶᠡᠬᠡ ᠮᠣᠩᠭᠣᠯ ᠤᠨ ᠠᠶᠠᠨ ᠳᠠᠶᠢᠨ ᠢ ᠥᠨᠳᠥᠷ ᠬᠡᠮᠵᠢᠶᠡᠨ ᠳᠦ ᠶᠠᠪᠤᠭᠤᠯᠵᠤ᠂ ᠳᠡᠯᠡᠬᠡᠢ ᠶᠢ ᠲᠥᠪᠡᠬᠢᠨᠡᠭᠦᠯᠬᠦ ᠦᠢᠯᠡ ᠬᠡᠷᠡᠭ ᠲᠦ ᠦᠯᠡᠮᠵᠢ ᠭᠠᠪᠢᠶ᠎ᠠ ᠪᠠᠶᠢᠭᠤᠯᠤᠭᠰᠠᠨ ᠢᠶᠠᠷ ᠢᠶᠠᠨ ᠪᠠᠲᠤ ᠬᠠᠭᠠᠨ ᠠᠴᠠ ᠳᠤᠲᠠᠬᠤ ᠪᠠᠷ ᠦᠭᠡᠢ ᠨᠢᠭᠡᠨ ᠪᠠᠶᠢᠵᠠᠢ᠃ ᠲᠡᠷᠡ ᠪᠡᠷ ᠡᠪᠦᠭᠡ ᠡᠴᠢᠭᠡ ᠴᠢᠩᠭᠢᠰ ᠢ ᠮᠠᠰᠢᠳᠠ ᠪᠢᠰᠢᠷᠡᠨ ᠬᠦᠨᠳᠦᠳᠬᠡᠳᠡᠭ᠃ ᠲᠥᠷᠥ ᠶᠢᠨ ᠬᠢ ᠨᠢ ᠪᠣᠳᠣᠯᠭ᠎ᠠ ᠶᠢ ᠭᠠᠳᠠᠭᠰᠢ ᠲᠡᠯᠡᠵᠦ ᠰᠢᠢᠳᠪᠦᠷᠢᠯᠡᠭᠰᠡᠨ ᠠᠤᠭ᠎ᠠ ᠶᠡᠬᠡ ᠬᠠᠭᠠᠨ ᠪᠠᠶᠢᠯ᠎ᠠ᠃ 1251 ᠤᠨ ᠳᠤ ᠳᠡᠭᠦᠦ ᠦᠯᠬᠦ ᠳᠦ ᠪᠡᠨ ᠠᠷᠪᠠᠨ ᠬᠣᠶᠠᠷ ᠲᠦᠮᠡᠨ ᠴᠡᠷᠢᠭ ᠥᠭᠴᠦ ᠫᠧᠷᠰ᠂ ᠪᠠᠭᠳᠤᠳ ᠢ ᠪᠠᠶᠢᠯᠳᠤᠨ ᠠᠪᠴᠤ᠂ ᠬᠤᠪᠢᠯᠠᠢ᠂ ᠣᠷᠬᠣᠨᠳᠠᠢ ᠳᠤ ᠲᠤᠰᠢᠶᠠᠯ ᠥᠭᠴᠦ ᠵᠡᠭᠦᠨ ᠬᠢᠲᠠᠳ ᠢ ᠲᠡᠷᠡ ᠴᠢᠭ ᠢᠶᠡᠷ ᠨᠢ ᠡᠵᠡᠯᠡᠭᠦᠯᠦᠨ ᠠᠪᠴᠤ ᠪᠠᠶᠢᠭᠰᠠᠨ ᠨᠢ ᠶᠡᠬᠡ ᠮᠣᠩᠭᠣᠯ ᠤᠯᠤᠰ ᠤᠨ ᠴᠠᠳᠢᠭ ᠢ ᠣᠯᠠᠨ ᠭᠠᠶᠢᠬᠠᠮᠰᠢᠭᠲᠤ ᠦᠢᠯᠡ ᠶᠠᠪᠤᠳᠠᠯ ᠢᠶᠠᠷ ᠪᠠᠶᠠᠵᠢᠭᠤᠯᠤᠭᠰᠠᠨ ᠪᠣᠯᠠᠢ᠃ 1257 ᠤᠨ ᠤ ᠵᠤᠨ ᠬᠡᠷᠡᠯᠦᠨ ᠮᠥᠷᠡᠨ ᠦ ᠬᠥᠪᠡᠭᠡᠨ ᠳᠤ ᠴᠢᠩᠭᠢᠰ ᠬᠠᠭᠠᠨ ᠤ ᠶᠠᠪᠤᠭᠤᠯ ᠣᠷᠳᠣᠨ ᠳᠤ ᠬᠦᠷᠴᠦ ᠲᠤᠭ ᠰᠦᠯᠳᠡ ᠪᠡᠨ ᠲᠠᠬᠢᠭᠠᠳ ᠨᠠᠮᠤᠷ ᠨᠢ ᠳᠡᠭᠦᠦ ᠠᠷᠭᠦᠪᠡᠬᠦ ᠳᠦ ᠲᠡᠷᠡ ᠦᠶ᠎ᠡ ᠶᠢᠨ ᠳᠡᠯᠡᠬᠡᠢ ᠳᠦ ᠭᠠᠶᠢᠬᠠᠭᠳᠠᠭᠰᠠᠨ ᠠᠯᠳᠠᠷᠲᠤ ᠨᠡᠶᠢᠰᠯᠡᠯ ᠬᠣᠲᠠ ᠬᠠᠷᠠᠬᠣᠷᠣᠮ ᠢ ᠲᠤᠰᠢᠶᠠᠨ ᠥᠭᠴᠦ ᠶᠡᠬᠡ ᠴᠡᠷᠢᠭ ᠢᠶᠡᠨ ᠠᠪᠤᠭᠠᠳ ᠡᠮᠦᠨ᠎ᠡ ᠵᠦᠭ ᠮᠣᠷᠳᠠᠭᠰᠠᠨ ᠶᠤᠮ᠃

ᠳᠡᠭᠡᠷ᠎ᠡ ᠦᠭᠦᠯᠡᠭᠰᠡᠨ ᠬᠠᠯᠠᠭᠤᠨ ᠬᠢᠵᠢᠭ ᠡᠪᠡᠳᠴᠢᠨ ᠦ ᠤᠴᠢᠷ ᠡᠨᠡ ᠭᠠᠶᠢᠬᠠᠮᠰᠢᠭᠲᠤ ᠬᠦᠮᠦᠨ ᠦ ᠢᠯᠠᠭᠤᠭᠰᠠᠨ ᠠᠶᠠᠨ ᠵᠣᠭᠰᠣᠭᠰᠠᠨ ᠪᠦᠯᠦᠭᠡ᠃ ᠳᠡᠯᠡᠬᠡᠢ ᠳᠠᠬᠢᠨ ᠢ ᠪᠠᠶᠢᠯᠳᠤᠨ ᠳᠠᠭᠠᠭᠤᠯᠬᠤ ᠠᠷᠭ᠎ᠠ ᠶᠢ ᠮᠥᠩᠬᠡ ᠬᠠᠭᠠᠨ ᠢᠶᠠᠷ ᠵᠢᠭᠠᠯᠭᠠᠵᠤ ᠰᠤᠷᠬᠤ ᠨᠢ ᠵᠦᠢᠲᠡᠢ ᠭᠡᠵᠦ ᠢᠷᠠᠨ ᠤ ᠮᠣᠩᠭᠣᠯᠴᠢ ᠡᠷᠳᠡᠮᠲᠡᠨ ᠵᠤᠪᠠᠶᠢᠨᠢ ᠨᠢᠭᠡᠨᠲᠡ ᠬᠡᠯᠡᠭᠰᠡᠨ ᠭᠡᠳᠡᠭ᠃ ᠮᠥᠩᠬᠡ ᠬᠠᠭᠠᠨ ᠤ ᠨᠡᠷ᠎ᠡ ᠪᠡᠷ ᠠᠯᠳᠠᠷᠰᠢᠭᠰᠠᠨ ᠬᠥᠰᠢᠶ᠎ᠡ ᠬᠥᠪᠰᠥᠭᠥᠯ ᠠᠶᠢᠮᠠᠭ ᠤᠨ ᠪᠦᠷᠡᠨᠲᠣᠭᠲᠠᠬᠤ ᠰᠤᠮᠤ ᠶᠢᠨ ᠨᠤᠲᠤᠭ ᠠᠴᠠ ᠣᠯᠳᠠᠭᠰᠠᠨ ᠪᠥᠭᠡᠳ ᠣᠳᠣ ᠦᠨᠳᠦᠰᠦᠨ ᠦ ᠲᠡᠦᠬᠡ ᠶᠢᠨ ᠮᠦᠽᠧᠢ ᠳᠦ ᠪᠤᠢ᠃ ᠡᠨᠡ ᠬᠥᠰᠢᠭᠡᠨ ᠦ ᠪᠢᠴᠢᠭᠡᠰᠦ ᠨᠢ᠄《ᠮᠥᠩᠬᠡ ᠬᠠᠭᠠᠨ ᠤ ᠦᠷᠡᠰ ᠲᠦᠮᠡᠨ ᠲᠦᠮᠡᠨ ᠨᠠᠰᠤᠯᠠᠲᠤᠭᠠᠢ!》 ᠪᠢᠯᠢᠭᠡ ᠬᠠᠭᠠᠨ᠂ ᠺᠦᠶᠢᠯᠢᠲ᠋ᠧᠭᠢᠨ᠂ ᠮᠣᠠᠨᠴᠤᠷ᠂ ᠴᠢᠩᠭᠢᠰ ᠦᠨ ᠴᠢᠯᠠᠭᠤ᠂ ᠳᠠᠭᠤᠲᠤ ᠶᠢᠨ ᠬᠠᠳᠠ᠂ ᠳᠠᠮᠪᠠᠳᠠᠷᠵᠢᠭᠠᠯᠢᠨ ᠬᠡᠶᠢᠳ ᠦᠨ ᠭᠡᠷᠡᠯᠲᠦ ᠬᠥᠰᠢᠭᠡᠨ ᠡᠴᠡ ᠳᠤᠲᠠᠬᠤ ᠪᠠᠷ ᠦᠭᠡᠢ ᠤᠳᠬ᠎ᠠ ᠲᠡᠭᠦᠯᠳᠡᠷ ᠶᠤᠮ᠃ ᠮᠥᠩᠬᠡ ᠬᠠᠭᠠᠨ ᠤ ᠤᠯᠤᠰ ᠤᠨ ᠦᠶ᠎ᠡ ᠨᠢ ᠮᠣᠩᠭᠣᠯᠴᠤᠳ ᠤᠨ ᠬᠦᠴᠦᠷᠬᠡᠭᠵᠢᠵᠦ ᠮᠠᠨᠳᠤᠭᠰᠠᠨ ᠠᠯᠲᠠᠨ ᠦᠶ᠎ᠡ ᠪᠠᠶᠢᠵᠠᠢ᠃ ᠴᠡᠴᠡᠨ ᠰᠠᠶᠢᠳ ᠤᠯᠤᠰ ᠤᠨ ᠡᠷᠳᠡᠨᠢ᠂ ᠮᠡᠷᠭᠡᠨ ᠡᠮ᠎ᠡ ᠭᠡᠷ ᠦᠨ ᠡᠷᠳᠡᠨᠢ᠂ ᠪᠠᠭᠠᠲᠤᠷ ᠵᠠᠩᠵᠤᠨ ᠴᠡᠷᠢᠭ ᠦᠨ ᠡᠷᠳᠡᠨᠢ᠂ ᠪᠠᠭᠲᠠᠭᠠᠮᠵᠢᠲᠤ ᠬᠥᠪᠡᠭᠦᠨ ᠭᠡᠷ ᠦᠨ ᠡᠷᠳᠡᠨᠢ ᠬᠡᠮᠡᠨ ᠴᠢᠩᠭᠢᠰ ᠡᠪᠦᠭᠡ ᠨᠢ ᠰᠤᠷᠭᠠᠵᠤ ᠪᠠᠶᠢᠭᠰᠠᠨ ᠢ ᠶᠣᠰᠣᠴᠢᠯᠠᠨ ᠪᠡᠶᠡᠯᠡᠭᠦᠯᠵᠦ ᠶᠠᠪᠤᠭᠰᠠᠨ ᠮᠥᠩᠬᠡ ᠬᠠᠭᠠᠨ ᠤ ᠤᠯᠤᠰ ᠤᠨ ᠴᠠᠳᠢᠭ ᠡᠭᠦᠪᠡᠷ ᠥᠨᠳᠥᠷᠯᠡᠵᠦ ᠪᠠᠶᠢᠨ᠎ᠠ᠃

ᠡᠮᠦᠨᠡᠬᠢ
ᠭᠦᠶᠦᠭ ᠬᠠᠭᠠᠨ
ᠶᠡᠬᠡ ᠮᠣᠩᠭᠣᠯ ᠤᠯᠤᠰ ᠍ ᠤᠨ ᠬᠠᠭᠠᠨ
{{{on}}}
ᠳᠠᠷᠠᠭᠠᠬᠢ
ᠬᠤᠪᠢᠯᠠᠢ ᠬᠠᠭᠠᠨ

ᠪᠢᠴᠢᠭᠡᠰᠦ