ᠮᠥᠩᠬᠡᠢᠬᠠᠶᠢᠷᠬᠠᠨ ᠰᠤᠮᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠥᠩᠬᠡᠢᠬᠠᠶᠢᠷᠬᠠᠨ ᠰᠤᠮᠤ
ᠰᠤᠮᠤ
ᠤᠯᠤᠰ ᠣᠷᠣᠨ Flag of Mongolia.svg ᠮᠣᠩᠭᠣᠯ
ᠠᠶᠢᠮᠠᠭ Mn coa khovd aymag.png ᠬᠣᠪᠳᠣ
ᠰᠤᠮᠤ ᠮᠥᠩᠬᠡᠢᠬᠠᠶᠢᠷᠬᠠᠨ
ᠪᠠᠭ (4) ᠠᠯᠠᠭ᠂ ᠪᠣᠷᠣ ᠳᠤ᠂
ᠬᠠᠭ᠂ ᠰᠡᠩᠬᠡᠷᠡ
ᠭᠠᠵᠠᠷ ᠨᠤᠲᠤᠭ 2,554 ᠺᠦᠸᠠᠳ᠋ ᠺᠢᠯᠣᠮᠧᠲ᠋ᠷ
ᠬᠦᠮᠦᠨ ᠠᠮᠠ (ᠲᠣᠭᠠᠯᠠᠯ) 2010 ᠣᠨ ᠳᠤ 1,955 ᠬᠦᠮᠦᠨ [1]
ᠬᠦᠮᠦᠨ ᠠᠮᠠ (ᠲᠣᠭᠠᠴᠠ᠃) 2011 ᠣᠨ ᠳᠤ 2,225 ᠬᠦᠮᠦᠨ [2]
ᠨᠢᠭᠲᠠᠴᠠ ᠰᠡᠶᠢᠷᠡᠭ 2011 ᠣᠨ ᠳᠤ 0.87 ᠬᠦᠮᠦᠨ/км²
ᠨᠤᠲᠤᠭ ᠤᠨ ᠣᠯᠠᠨ ᠮᠥᠩᠬᠡᠢᠬᠠᠶᠢᠷᠬᠠᠨ ᠤ ᠬᠢᠨ
ᠵᠥᠪᠬᠡᠨ ᠮᠣᠩᠭᠣᠯ ᠤᠯᠤᠰ ᠶᠢᠨ ᠰᠠᠭᠤᠷᠢᠨ ᠢᠷᠭᠡᠨ ᠦ ᠲᠣᠭ᠎ᠠ᠃ ᠭᠠᠳᠠᠭᠠᠳᠤ ᠶᠢᠨ ᠬᠠᠷᠢᠶᠠᠲᠤ ᠢᠷᠭᠡᠨ᠂ ᠭᠠᠳᠠᠭᠠᠳᠤ ᠳᠤ ᠣᠷᠣᠰᠢᠨ ᠰᠠᠭᠤᠭ᠎ᠠ ᠮᠣᠩᠭᠣᠯ ᠤᠯᠤᠰ ᠶᠢᠨ ᠢᠷᠭᠡᠨ ᠪᠠᠭᠠᠳᠤᠭ᠎ᠠ ᠦᠭᠡᠢ᠃
ᠬᠣᠪᠳᠣ ᠠᠶᠢᠮᠠᠭ ᠳᠠᠬᠢ ᠮᠥᠩᠬᠡᠢᠬᠠᠶᠢᠷᠬᠠᠨ ᠰᠤᠮᠤ᠂ ᠲᠡᠭᠦᠨ ᠦ ᠲᠥᠪ

ᠮᠥᠩᠬᠡᠢᠬᠠᠶᠢᠷᠬᠠᠨᠮᠣᠩᠭᠣᠯ ᠤᠯᠤᠰ ᠤᠨ ᠬᠣᠪᠳᠣ ᠠᠶᠢᠮᠠᠭ ᠤᠨ ᠰᠤᠮᠤ᠃ ᠤᠯᠠᠭᠠᠨᠪᠠᠭᠠᠲᠤᠷᠠ ᠠᠴᠠ 1421 ᠺᠢᠯᠣᠮᠧᠲ᠋ᠷ᠂ ᠠᠶᠢᠮᠠᠭ ᠤᠨ ᠲᠥᠪ ᠡᠴᠡ 155 ᠺᠢᠯᠣᠮᠧᠲ᠋ᠷ ᠬᠣᠯᠠ᠃ ᠭᠠᠵᠠᠷ ᠨᠤᠲᠤᠭ ᠤᠨ ᠬᠤᠪᠢ ᠳᠤ ᠬᠣᠶᠢᠳᠤ ᠲᠠᠯ᠎ᠠ ᠪᠠᠷ ᠢᠶᠠᠨ ᠬᠣᠪᠳᠣ ᠠᠶᠢᠮᠠᠭ ᠤᠨ ᠳᠠᠭᠤᠲᠤ᠂ ᠵᠡᠭᠦᠨ ᠬᠣᠶᠢᠭᠤᠷ ᠢᠶᠠᠨ ᠮᠠᠩᠬᠠᠨ᠂ ᠵᠡᠭᠦᠨ ᠤᠷᠳᠤᠭᠤᠷ ᠢᠶᠠᠨ ᠮᠥᠰᠦᠲᠦ᠂ ᠤᠷᠳᠤᠭᠤᠷ ᠢᠶᠠᠨ ᠦᠶᠡᠩᠴᠢ᠂ ᠪᠠᠷᠠᠭᠤᠨ ᠲᠠᠯ᠎ᠠ ᠪᠠᠷ ᠢᠶᠠᠨ ᠪᠠᠶᠠᠨ-ᠥᠯᠥᠭᠡᠢ ᠠᠶᠢᠮᠠᠭ ᠤᠨ ᠪᠤᠯᠠᠭᠠᠨ ᠰᠤᠮᠤᠳ ᠲᠠᠢ ᠬᠢᠯᠢᠯᠡᠳᠡᠭ᠃ ᠬᠣᠪᠳᠣ ᠠᠶᠢᠮᠠᠭ ᠤᠨ ᠬᠠᠮᠤᠭ ᠤᠨ ᠴᠥᠭᠡᠨ ᠬᠦᠮᠦᠨ ᠠᠮᠠ ᠲᠠᠢ ᠰᠤᠮᠤ ᠶᠢᠨ ᠨᠢᠭᠡ ᠶᠠᠭᠤᠮ᠎ᠠ᠃ ᠰᠤᠮᠤ ᠶᠢᠨ ᠲᠥᠪ ᠨᠢ ᠰᠡᠩᠬᠡᠷᠡ᠃ ᠠᠯᠠᠭ᠂ ᠪᠣᠷᠣ ᠳᠤ᠂ ᠬᠠᠭ᠂ ᠰᠡᠩᠬᠡᠷᠡ ᠳᠥᠷᠪᠡᠨ ᠪᠠᠭ ᠲᠠᠢ᠃ ᠬᠦᠮᠦᠨ ᠠᠮᠠ ᠶᠢᠨ 98 ᠬᠤᠪᠢ ᠨᠢ ᠤᠷᠢᠶᠠᠩᠬᠠᠶᠢᠴᠤᠳ᠃

ᠨᠡᠷ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠠᠯᠲᠠᠢ ᠶᠢᠨ ᠨᠢᠷᠤᠭᠤᠨ ᠤ ᠮᠥᠩᠬᠡ ᠴᠠᠰᠤᠲᠤ ᠮᠥᠩᠬᠡᠢᠬᠠᠶᠢᠷᠬᠠᠨ ᠤᠤᠯ ᠤᠨ ᠡᠵᠡᠯᠡᠬᠦ ᠭᠠᠵᠠᠷ ᠨᠤᠲᠤᠭ ᠤᠨ ᠶᠡᠬᠡᠩᠬᠢ ᠬᠡᠰᠡᠭ ᠲᠤᠰ ᠰᠤᠮᠤ ᠶᠢᠨ ᠨᠤᠲᠤᠭ ᠲᠤ ᠪᠠᠶᠢᠳᠠᠭ ᠲᠤᠯᠠ ᠡᠨᠡ ᠨᠡᠷ᠎ᠡ ᠶᠢ ᠠᠪᠴᠠᠢ᠃ 1930 ᠣᠨ ᠳᠤ ᠠᠯᠲᠠᠢ ᠬᠠᠨ ᠠᠭᠤᠯᠠ ᠶᠢᠨ ᠤᠷᠢᠶᠠᠩᠬᠠᠢ ᠪᠠᠷᠠᠭᠤᠨ ᠬᠣᠰᠢᠭᠤ ᠶᠢ ᠴᠢᠨᠳᠠᠮᠠᠨᠢ ᠤᠤᠯ ᠤᠨ ᠠᠶᠢᠮᠠᠭ ᠲᠤ ᠬᠠᠷᠢᠶᠠᠯᠠᠵᠤ᠂ ᠲᠤᠰ ᠲᠤ ᠪᠠᠨ ᠰᠤᠮᠤ ᠪᠣᠯᠭᠠᠨ ᠵᠣᠬᠢᠶᠠᠨ ᠪᠠᠶᠢᠭᠤᠯᠬᠤ ᠳᠤ ᠠᠩᠬ᠎ᠠ ᠮᠥᠩᠬᠡᠢᠬᠠᠶᠢᠷᠬᠠᠨ ᠬᠡᠮᠡᠨ ᠨᠡᠷᠡᠶᠢᠳᠦᠭᠰᠡᠨ᠃ ᠬᠠᠷᠢᠨ ᠰᠤᠮᠤ ᠶᠢᠨ ᠲᠥᠪ ᠨᠢ ᠮᠥᠩᠬᠡᠢᠬᠠᠶᠢᠷᠬᠠᠨ ᠠᠭᠤᠯᠠ ᠠᠴᠠ ᠡᠬᠢ ᠠᠪᠳᠠᠭ ᠰᠡᠩᠬᠡᠷ ᠦᠨ ᠭᠣᠣᠯ ᠢᠶᠠᠷ ᠨᠡᠷᠡᠯᠡᠭᠳᠡᠭᠰᠡᠨ ᠪᠠᠶᠢᠨ᠎ᠠ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠷᠲᠡ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠢᠩᠭᠢᠰ ᠬᠠᠭᠠᠨ ᠶᠡᠬᠡ ᠮᠣᠩᠭᠣᠯ ᠤᠯᠤᠰ ᠢ ᠪᠠᠶᠢᠭᠤᠯᠵᠤ ᠤᠯᠤᠰ ᠢᠶᠠᠨ ᠮᠢᠩᠭᠠᠲᠤ ᠶᠢᠨ ᠲᠣᠭᠲᠠᠯᠴᠠᠭᠠᠨ ᠳᠤ ᠣᠷᠣᠭᠤᠯᠬᠤ ᠳᠤ ᠤᠷᠢᠶᠠᠩᠬᠠᠢ ᠶᠢᠨ ᠵᠠᠷᠢᠮ ᠨᠢ ᠲᠣᠯᠤᠢ᠂ ᠤᠯᠠᠮ ᠢᠶᠠᠷ ᠲᠡᠭᠦᠨ ᠦ ᠣᠳᠬᠣᠨ ᠬᠦᠦ ᠠᠷᠭᠦᠪᠦᠬᠦ ᠶᠢᠨ ᠮᠡᠳᠡᠯ ᠳᠦ ᠣᠴᠢᠵᠤ ᠶᠠᠪᠤᠭᠠᠨ ᠳᠠᠭᠠᠨ ᠲᠠᠩᠨᠠ ᠠᠭᠤᠯᠠ ᠶᠢᠨ ᠡᠮᠦᠨ᠎ᠡ ᠪᠡᠶ᠎ᠡ᠂ ᠠᠯᠲᠠᠢ ᠳᠤ ᠣᠳᠴᠤ ᠣᠶᠢᠷᠠᠳ ᠤᠨ ᠳᠣᠲᠣᠷ᠎ᠠ ᠪᠠᠭᠲᠠᠳᠠᠭ ᠪᠣᠯᠵᠠᠢ᠃ ᠬᠠᠷᠢᠨ ᠦᠯᠦ ᠳᠦ ᠬᠢ ᠬᠡᠰᠡᠭ ᠢᠶᠡᠷ ᠨᠢ ᠳᠠᠷᠠᠭᠠᠬᠢ ᠮᠢᠩᠭᠠᠨ ᠢ ᠪᠠᠶᠢᠭᠤᠯᠤᠭᠰᠠᠨ ᠪᠠᠶᠢᠨ᠎ᠠ᠃ ᠡᠭᠦᠨ ᠳᠦ᠂ ᠤᠷᠢᠶᠠᠩᠬᠠᠢ ᠶᠢᠨ ᠰᠦᠪᠡᠭᠡᠳᠡᠢ ᠪᠠᠭᠠᠲᠤᠷ᠂ ᠶᠡᠰᠦᠢ ᠪᠤᠬ᠎ᠠ᠂ ᠤᠲᠠᠴᠢ ᠨᠠᠷ ᠲᠤ ᠨᠢᠵᠡᠭᠡᠳ ᠮᠢᠩᠭᠠᠨ ᠵᠠᠬᠢᠷᠤᠭᠤᠯᠤᠨ ᠬᠠᠮᠲᠤ ᠳᠤ ᠨᠢ ᠮᠣᠩᠭᠣᠯ ᠤᠯᠤᠰ ᠤᠨ ᠵᠡᠭᠦᠨ ᠵᠢᠭᠦᠷ ᠲᠦ ᠬᠠᠷᠢᠶᠠᠯᠠᠭᠤᠯᠤᠭᠰᠠᠨ ᠪᠣᠯ ᠤᠷᠢᠶᠠᠩᠬᠠᠢ ᠶᠢᠨ ᠶᠡᠰᠦᠨ ᠲᠤᠸᠠ ᠲᠠᠷᠺ ᠲᠤ ᠨᠢᠭᠡᠨ ᠮᠢᠩᠭᠠᠨ ᠥᠭᠴᠦ ᠪᠠᠷᠠᠭᠤᠨ ᠵᠢᠭᠦᠷ ᠲᠦ ᠣᠷᠣᠭᠤᠯᠵᠠᠢ᠃ ᠴᠢᠩᠭᠢᠰ ᠬᠠᠭᠠᠨ ᠮᠥᠨ ᠥᠪᠡᠷ ᠦᠨ ᠤᠷᠤᠭ ᠤᠨ ᠡᠯᠵᠢᠭᠥᠳᠡᠢ ᠳᠦ ᠭᠤᠷᠪᠠᠨ ᠮᠢᠩᠭᠠᠨ ᠥᠭᠭᠦᠭᠰᠡᠨ ᠦ ᠨᠢᠭᠡ ᠨᠢ ᠤᠷᠢᠶᠠᠩᠬᠠᠢ ᠨᠠᠷ ᠠᠴᠠ ᠭᠣᠣᠯᠯᠠᠨ ᠪᠥᠷᠢᠳᠴᠦ ᠪᠠᠶᠢᠪᠠ᠃ ᠳᠡᠭᠡᠷᠡᠬᠢ ᠮᠢᠩᠭᠠᠨ ᠨᠤᠭᠤᠳ ᠠᠴᠠ ᠤᠳᠠᠴᠢ ᠶᠢᠨ ᠬᠢ ᠨᠢ ᠪᠤᠷᠬᠠᠨ ᠬᠠᠯᠳᠤᠨ ᠠᠭᠤᠯᠠᠨ ᠳᠤ ᠠᠰᠠᠨ ᠶᠡᠬᠡ ᠬᠠᠭᠠᠳ ᠤᠨ ᠬᠣᠷᠢᠭ ᠢ ᠰᠠᠬᠢᠩ ᠬᠠᠮᠠᠭᠠᠯᠠᠬᠤ ᠴᠢᠬᠤᠯᠠ ᠡᠭᠦᠷᠭᠡ ᠬᠦᠯᠢᠶᠡᠳᠡᠭ ᠲᠤᠯᠠ ᠴᠡᠷᠢᠭ ᠦᠨ ᠠᠯᠪᠠᠨ ᠳᠤ ᠶᠠᠪᠤᠳᠠᠭ ᠦᠭᠡᠢ ᠪᠠᠶᠢᠪᠠ᠃ ᠬᠣᠵᠢᠮ XIY ᠵᠠᠭᠤᠨ ᠤ ᠡᠴᠦᠰ ᠲᠦ ᠮᠢᠩ ᠤᠯᠤᠰ ᠬᠦᠴᠦᠷᠬᠡᠭᠵᠢᠵᠦ ᠤᠮᠠᠷᠠᠳᠤ ᠬᠢᠵᠠᠭᠠᠷ ᠢᠶᠠᠨ ᠪᠠᠲᠤᠯᠠᠨ ᠰᠠᠬᠢᠬᠤ ᠶᠢᠨ ᠲᠤᠯᠠᠳᠠ ᠮᠣᠩᠭᠣᠯ ᠤᠨ ᠨᠤᠲᠤᠭ ᠤᠨ ᠵᠡᠭᠦᠨ ᠡᠲᠡᠭᠡᠳ ᠲᠦ ᠭᠤᠷᠪᠠᠨ ᠬᠠᠷᠠᠭᠤᠯ ᠭᠡᠭᠴᠢ ᠶᠢ ᠪᠠᠶᠢᠭᠤᠯᠤᠭᠰᠠᠨ ᠤ ᠳᠣᠶᠢᠨ ᠬᠠᠷᠠᠭᠤᠯ ᠢ ᠨᠢ ᠤᠷᠢᠶᠠᠩᠬᠠᠢ ᠨᠠᠷᠠ ᠪᠠᠷ ᠪᠠᠶᠢᠭᠤᠯᠤᠭᠰᠠᠨ ᠪᠥᠭᠡᠳ ᠡᠳᠡᠭᠡᠷ ᠨᠢ ᠵᠡᠯᠮᠡ ᠵᠠᠩᠵᠤᠨ ᠤ ᠦᠷ᠎ᠡ ᠰᠠᠳᠤ ᠶᠤᠮ᠃ ᠵᠡᠯᠮ᠎ᠡ ᠶᠢᠨ ᠬᠣᠶᠢᠴᠢ ᠬᠣᠲᠠᠨ ᠨᠣᠶᠠᠨ ᠤ ᠦᠶ᠎ᠡ ᠳᠦ ᠪᠤᠶᠤ 1500 ᠍ ᠊ᠭᠠᠳ ᠣᠨ ᠤ ᠶᠡᠬᠡ ᠪᠡᠷ ᠨᠡᠯᠢᠶᠡᠳ ᠬᠦᠴᠦᠷᠬᠡᠭᠵᠢᠭᠰᠡᠨ ᠤᠷᠢᠶᠠᠩᠬᠠᠶᠢᠴᠤᠳ ᠪᠠᠲᠤᠮᠦ᠋ᠩᠬᠡ ᠬᠠᠭᠠᠨ ᠤ ᠦᠶ᠎ᠡ ᠳᠦ ᠵᠠᠬᠢᠷᠭᠠᠨ ᠳᠤ ᠨᠢ ᠣᠷᠣᠭᠰᠠᠨ ᠲᠡᠳᠦᠢ ᠦᠭᠡᠢ ᠠᠯᠲᠠᠨ ᠤᠷᠤᠭ ᠤᠨ ᠬᠢᠨ ᠲᠠᠢ ᠪᠠᠶᠢᠨ ᠪᠠᠶᠢᠨ ᠤᠷᠤᠭ ᠬᠣᠯᠪᠣᠵᠤ᠂ ᠣᠶᠢᠷ᠎ᠠ ᠳᠣᠲᠣᠨᠣ ᠬᠠᠷᠢᠯᠴᠠᠭᠰᠠᠭᠠᠷ ᠪᠠᠶᠢᠪᠠ᠃ XY-Xᠵᠢᠷᠭᠤᠳᠤᠭᠠᠷ ᠵᠠᠭᠤᠨ ᠤ ᠲᠡᠷᠢᠭᠦᠨ ᠬᠠᠭᠠᠰ ᠤᠨ ᠵᠡᠭᠦᠨ ᠮᠣᠩᠭᠣᠯ ᠤᠨ ᠵᠢᠷᠭᠤᠭᠠᠨ ᠲᠦᠮᠡᠨ ᠦ ᠨᠢᠭᠡ ᠨᠢ ᠤᠷᠢᠶᠠᠩᠬᠠᠢ ᠲᠦᠮᠡᠨ ᠪᠠᠶᠢᠪᠠ᠃ ᠡᠳᠡᠭᠡᠷ ᠨᠢ ᠠᠷᠪᠠᠨ ᠭᠤᠷᠪᠠᠳᠤᠭᠠᠷ ᠵᠠᠭᠤᠨ ᠤ ᠡᠬᠡ ᠪᠡᠷ ᠶᠡᠬᠡ ᠬᠠᠭᠠᠳ ᠤᠨ ᠬᠣᠷᠢᠭ ᠢ ᠰᠠᠬᠢᠵᠤ ᠪᠠᠶᠢᠭᠰᠠᠨ ᠤᠲᠠᠴᠢ ᠨᠠᠷ ᠤᠨ ᠤᠷᠢᠶᠠᠩᠬᠠᠢ ᠶᠢᠨ ᠤᠳᠤᠮ ᠶᠤᠮ᠃ ᠬᠠᠭᠠᠨ ᠤ ᠲᠥᠪᠯᠡᠷᠡᠭᠰᠡᠨ ᠵᠠᠰᠠᠭᠯᠠᠯ ᠢ ᠡᠰᠡᠷᠭᠦᠴᠡᠨ ᠲᠡᠮᠡᠴᠡᠭᠰᠡᠨ ᠲᠡᠳᠡᠨ ᠢ ᠵᠠᠷᠢᠮ ᠰᠠᠶᠢᠳ ᠲᠦᠰᠢᠮᠡᠳ ᠲᠠᠷᠬᠠᠭᠠᠨ ᠰᠠᠭᠤᠯᠭᠠᠬᠤ ᠭᠡᠰᠡᠨ ᠳᠦ ᠪᠠᠲᠤᠮᠦ᠋ᠩᠬᠡ ᠳᠠᠶᠠᠩ ᠬᠠᠭᠠᠨ 《ᠤᠷᠢᠶᠠᠩᠬᠠᠢ ᠡᠵᠡᠨ ᠦ ᠠᠯᠲᠠᠨ ᠬᠥᠮᠦᠷᠢᠭᠡ ᠶᠢ ᠰᠠᠬᠢᠭᠰᠠᠨ ᠪᠠᠰᠠ ᠶᠡᠬᠡ ᠵᠠᠶᠠᠭᠠᠲᠤ ᠤᠯᠤᠰ ᠲᠤᠯᠠ》 ᠲᠠᠷᠠᠭᠠᠨ ᠵᠢᠱᠢᠵᠦ ᠬᠡᠷᠡᠭ ᠦᠭᠡᠢ ᠭᠡᠰᠡᠨ ᠠᠵᠡᠢ᠃ ᠪᠠᠲᠤᠮᠦ᠋ᠩᠬᠡ ᠳᠠᠶᠠᠩ ᠬᠠᠭᠠᠨ ᠤ ᠳᠠᠷᠠᠭ᠎ᠠ ᠣᠳᠬᠣᠨ ᠬᠥᠪᠡᠭᠦᠨ ᠭᠡᠷᠰᠡᠩᠵᠡ ᠶᠢᠨ ᠬᠢ ᠨᠢ ᠮᠡᠳᠡᠯ ᠳᠦ ᠣᠴᠢᠭᠰᠠᠨ ᠵᠡᠭᠦᠨ ᠮᠣᠩᠭᠣᠯ ᠤᠨ ᠤᠷᠢᠶᠠᠩᠬᠠᠢ ᠨᠠᠷ ᠪᠠᠷᠠᠭᠤᠨ ᠲᠡᠰᠢ ᠨᠡᠭᠦᠳᠡᠯᠯᠡᠭᠰᠡᠭᠡᠷ ᠠᠯᠲᠠᠢ ᠶᠢᠨ ᠠᠭᠤᠯᠠᠨ ᠳᠤ ᠬᠦᠷᠴᠦ ᠨᠤᠲᠤᠭᠯᠠᠬᠤ ᠪᠣᠯᠪᠠ᠃ ᠡᠭᠦᠨ ᠡᠴᠡ ᠬᠣᠶᠢᠰᠢ 200 ᠭᠠᠷᠤᠢ ᠵᠢᠯ ᠦᠨ ᠳᠠᠷᠠᠭ᠎ᠠ ᠪᠤᠶᠤ 1759 ᠣᠨ ᠳᠤ ᠮᠠᠨᠵᠤ ᠴᠢᠩ ᠤᠯᠤᠰ ᠤᠨ ᠬᠢᠵᠠᠭᠠᠷ ᠳᠠᠬᠢᠨ ᠢ ᠲᠣᠭᠲᠠᠭᠠᠬᠤ ᠵᠡᠭᠦᠨ ᠡᠲᠡᠭᠡᠳ ᠦᠨ ᠲᠤᠰᠠᠯᠠᠭᠴᠢ ᠵᠠᠩᠵᠤᠨ ᠤ ᠭᠠᠵᠠᠷ ᠠᠴᠠ ᠠᠯᠲᠠᠢ ᠶᠢᠨ ᠤᠷᠢᠶᠠᠩᠬᠠᠢ ᠶᠢ ᠳᠣᠯᠣᠭᠠᠨ ᠬᠣᠰᠢᠭᠤ ᠪᠣᠯᠭᠠᠨ ᠵᠣᠬᠢᠶᠠᠨ ᠪᠠᠶᠢᠭᠤᠯᠵᠤ᠂ ᠵᠡᠭᠦᠨ ᠪᠠ ᠪᠠᠷᠠᠭᠤᠨ ᠭᠠᠷ ᠪᠣᠯᠭᠠᠨ ᠬᠤᠪᠢᠶᠠᠴᠠᠢ᠃ ᠢᠩᠭᠢᠬᠦ ᠳᠦ ᠪᠡᠨ ᠤᠷᠢᠶᠠᠩᠬᠠᠢ ᠨᠠᠷᠠ ᠪᠠᠷ ᠳᠥᠷᠪᠡ᠂ ᠲᠤᠸᠠ ᠨᠠᠷᠠ ᠪᠠᠷ ᠭᠤᠷᠪᠠᠨ ᠬᠣᠰᠢᠭᠤ ᠪᠣᠯᠭᠠᠭᠰᠠᠨ ᠪᠥᠭᠡᠳ ᠬᠣᠶᠠᠷ ᠭᠠᠷ ᠤᠨ ᠲᠤᠰ ᠪᠦᠷᠢ ᠬᠣᠶᠠᠷ᠂ ᠨᠡᠶᠢᠲᠡ ᠳᠥᠷᠪᠡᠨ ᠬᠣᠰᠢᠭᠤ ᠨᠢ ᠮᠣᠩᠭᠣᠯ ᠤᠷᠢᠶᠠᠩᠬᠠᠢ ᠨᠠᠷ ᠠᠴᠠ ᠪᠦᠷᠢᠳᠦᠭᠰᠡᠨ ᠪᠠᠶᠢᠪᠠ᠃ ᠮᠣᠩᠭᠣᠯ ᠤᠷᠢᠶᠠᠩᠬᠠᠢ ᠨᠠᠷ ᠤᠨ ᠳᠥᠷᠪᠡᠨ ᠬᠣᠰᠢᠭᠤ ᠨᠢ ᠵᠡᠭᠦᠨ ᠭᠠᠷ ᠤᠨ ᠵᠡᠭᠦᠨ ᠠᠮᠪᠠᠨ ᠤ ᠬᠣᠰᠢᠭᠤ᠂ ᠮᠡᠶᠢᠷᠡᠨ ᠵᠠᠩᠭᠢ ᠶᠢᠨ ᠬᠣᠰᠢᠭᠤ᠂ ᠪᠠᠷᠠᠭᠤᠨ ᠭᠠᠷ ᠤᠨ ᠪᠠᠷᠠᠭᠤᠨ ᠠᠮᠪᠠᠨ ᠤ ᠬᠣᠰᠢᠭᠤ᠂ ᠭᠣᠮᠪᠣ ᠳᠠᠭ᠎ᠠ ᠶᠢᠨ ᠬᠣᠰᠢᠭᠤ ᠶᠤᠮ᠃ ᠠᠯᠲᠠᠢ ᠶᠢᠨ ᠤᠷᠢᠶᠠᠩᠬᠠᠢ ᠶᠢᠨ ᠵᠡᠭᠦᠨ ᠭᠠᠷ ᠤᠨ ᠴᠢᠭᠤᠯᠭᠠᠨ ᠳᠥᠷᠪᠡᠨ ᠬᠣᠰᠢᠭᠤ᠂ 16 ᠰᠤᠮᠤ ᠲᠠᠢ᠂ ᠠᠩᠬᠠᠨ ᠤ ᠴᠢᠭᠤᠯᠭᠠᠨ ᠳᠠᠷᠤᠭ᠎ᠠ ᠨᠢ ᠰᠠᠨᠳᠠᠭ᠂ ᠪᠠᠷᠠᠭᠤᠨ ᠭᠠᠷ ᠤᠨ ᠴᠢᠭᠤᠯᠭᠠᠨ ᠨᠢ ᠭᠤᠷᠪᠠᠨ ᠬᠣᠰᠢᠭᠤ᠂ 11 ᠰᠤᠮᠤ ᠲᠠᠢ᠂ ᠳᠠᠷᠤᠭ᠎ᠠ ᠨᠢ ᠲᠦᠪᠰᠢᠨ ᠪᠣᠯᠪᠠ᠃ 19 ᠵᠠᠭᠤᠨ ᠤ ᠦᠶ᠎ᠡ ᠳᠦ ᠤᠭ ᠳᠣᠯᠣᠭᠠᠨ ᠬᠣᠰᠢᠭᠤ ᠨᠡᠶᠢᠲᠡ 12000 ᠣᠷᠴᠢᠮ ᠬᠦᠮᠦᠨ ᠠᠮᠠ ᠲᠠᠢ᠂ ᠡᠭᠦᠨ ᠡᠴᠡ ᠮᠣᠩᠭᠣᠯ ᠤᠷᠢᠶᠠᠩᠬᠠᠢ ᠶᠢᠨ ᠳᠥᠷᠪᠡᠨ ᠬᠣᠰᠢᠭᠤ 8000 ᠭᠠᠷᠤᠢ ᠬᠦᠮᠦᠨ ᠠᠮᠠ ᠲᠠᠢ ᠪᠠᠶᠢᠴᠠᠢ᠃ ᠠᠯᠲᠠᠢ ᠶᠢᠨ ᠤᠷᠢᠶᠠᠩᠬᠠᠢ ᠶᠢᠨ ᠬᠣᠱᠤᠳ ᠬᠣᠵᠢᠮ ᠪᠣᠭᠳᠠ ᠬᠠᠭᠠᠨᠲᠤ ᠮᠣᠩᠭᠣᠯ ᠤᠯᠤᠰ᠂ ᠠᠷᠠᠳ ᠤᠨ ᠵᠠᠰᠠᠭ ᠤᠨ ᠡᠬᠢᠨ ᠦᠶ᠎ᠡ ᠨᠦᠭᠦᠳ ᠲᠦ ᠥᠭᠡᠷ᠎ᠡ ᠥᠭᠡᠷ᠎ᠡ ᠪᠡᠷ ᠨᠡᠷᠡᠯᠡᠭᠳᠡᠵᠦ ᠶᠠᠪᠤᠪᠠ᠃

1911 ᠣᠨ ᠠᠴᠠ ᠬᠣᠶᠢᠰᠢ[ᠵᠠᠰᠠᠪᠤᠷᠢᠯᠠᠬᠤ | ᠺᠣᠳ᠋ ᠢᠶᠠᠷ ᠵᠠᠰᠠᠬᠣ]

1911 ᠣᠨ ᠤ ᠦᠨᠳᠦᠰᠦᠨ ᠦ ᠬᠤᠪᠢᠰᠬᠠᠯ ᠢᠯᠠᠭᠰᠠᠨ ᠤ ᠬᠣᠶᠢᠲᠤᠨ ᠵᠢᠯ ᠠᠯᠲᠠᠢ ᠶᠢᠨ ᠤᠷᠢᠶᠠᠩᠬᠠᠢ ᠶᠢᠨ ᠳᠣᠯᠣᠭᠠᠨ ᠬᠣᠰᠢᠭᠤ ᠪᠣᠭᠳᠠ ᠬᠠᠭᠠᠨᠲᠤ ᠮᠣᠩᠭᠣᠯ ᠤᠯᠤᠰ ᠲᠤ ᠬᠣᠪᠳᠣ ᠶᠢᠨ ᠬᠢᠵᠠᠭᠠᠷ ᠤᠨ ᠣᠯᠠᠨ ᠬᠣᠱᠤᠳ ᠤᠨ ᠬᠠᠮᠲᠤ ᠪᠠᠷ ᠳᠠᠭᠠᠨ ᠣᠷᠣᠭᠰᠠᠨ ᠶᠤᠮ᠃ 1923 ᠣᠨ ᠳᠤ ᠤᠭ ᠳᠣᠯᠣᠭᠠᠨ ᠬᠣᠰᠢᠭᠤ ᠶᠢ ᠨᠢᠭᠡᠳᠬᠡᠨ ᠨᠢᠭᠡ ᠴᠢᠭᠤᠯᠭᠠᠨ ᠪᠣᠯᠭᠠᠵᠤ ᠬᠣᠪᠳᠣ ᠶᠢᠨ ᠰᠠᠶᠢᠳ ᠵᠠᠩᠵᠤᠨ ᠤ ᠭᠠᠵᠠᠷ ᠲᠤ ᠵᠠᠬᠢᠷᠤᠭᠤᠯᠤᠭᠰᠠᠨ ᠪᠣᠯ 1927 ᠣᠨ ᠳᠤ ᠠᠯᠲᠠᠢ ᠬᠠᠨ ᠠᠭᠤᠯᠠ ᠶᠢᠨ ᠤᠷᠢᠶᠠᠩᠬᠠᠢ ᠶᠢᠨ ᠵᠡᠭᠦᠨ ᠪᠠᠷᠠᠭᠤᠨ ᠬᠣᠶᠠᠷ ᠬᠣᠰᠢᠭᠤ ᠪᠣᠯᠭᠠᠭᠰᠠᠨ ᠪᠥᠭᠡᠳ ᠪᠠᠷᠠᠭᠤᠨ ᠬᠣᠰᠢᠭᠤᠨ ᠤ ᠲᠠᠮᠠᠭ᠎ᠠ ᠶᠢᠨ ᠭᠠᠵᠠᠷ ᠢ ᠣᠳᠣ ᠶᠢᠨ ᠪᠠᠶᠠᠨ-ᠥᠯᠥᠭᠡᠢ ᠠᠶᠢᠮᠠᠭ ᠤᠨ ᠪᠤᠯᠠᠭᠠᠨ ᠰᠤᠮᠤ ᠶᠢᠨ ᠨᠤᠲᠤᠭ ᠶᠡᠬᠡ ᠵᠢᠷᠭᠠᠯᠠᠩᠲᠤ ᠶᠢᠨ ᠠᠮᠠᠨ ᠳᠤ ᠪᠠᠶᠢᠷᠢᠰᠢᠭᠤᠯᠤᠭᠰᠠᠨ ᠢᠶᠠᠷ ᠥᠨᠥ ᠶᠢᠨ ᠮᠥᠩᠬᠡᠢᠬᠠᠶᠢᠷᠬᠠᠨ ᠰᠤᠮᠤ ᠶᠢᠨ ᠦᠨᠳᠦᠰᠦ ᠰᠠᠭᠤᠷᠢ ᠲᠠᠯᠪᠢᠭᠳᠠᠭᠰᠠᠨ ᠭᠡᠵᠦ ᠠᠯᠪᠠᠨ ᠶᠣᠰᠣᠭᠠᠷ ᠦᠵᠡᠳᠡᠭ᠃ ᠳᠠ ᠯᠠᠮᠠ ᠴᠦᠯᠲᠦᠮ ᠦᠨ ᠵᠠᠬᠢᠷᠤᠭᠰᠠᠨ ᠡᠨᠡ ᠬᠣᠰᠢᠭᠤ ᠪᠤᠯᠠᠭᠠᠨ᠂ ᠳᠡᠯᠢᠭᠦᠨ᠂ ᠭᠤᠷᠪᠠᠨ ᠴᠡᠩᠬᠡᠷ ᠵᠡᠷᠭᠡ ᠥᠷᠭᠡᠨ ᠠᠭᠤᠳᠠᠮ ᠨᠤᠲᠤᠭ ᠢ ᠬᠠᠮᠤᠷᠤᠭᠰᠠᠨ᠂ ᠮᠢᠩᠭ᠎ᠠ ᠳᠤ᠂ ᠠᠬ᠎ᠠ᠂ ᠴᠡᠷᠪᠡ ᠪᠡᠨ᠂ ᠣᠭᠣᠷᠴᠣᠭ ᠳᠥᠷᠪᠡᠨ ᠡᠯᠺᠡᠨ ᠪᠤᠶᠤ ᠣᠪᠤᠭ ᠲᠠᠢ᠂ 2000 ᠍ ᠊ᠭᠠᠳ ᠡᠷᠦᠬᠡ ᠲᠡᠢ ᠪᠠᠶᠢᠴᠠᠢ᠃ ᠮᠥᠨ ᠬᠤᠷᠠᠯ ᠤᠨ ᠬᠣᠶᠠᠷ ᠳ᠋ᠠᠴᠠᠩ ᠪᠦᠬᠦᠢ ᠳᠠᠰᡀᠦᠮᠪᠦ ᠬᠡᠮᠡᠬᠦ ᠬᠡᠶᠢᠳ ᠲᠡᠢ᠂ ᠳᠠ ᠯᠠᠮᠠ ᠨᠢ ᠪᠠᠪᠠ ᠪᠠᠶᠢᠪᠠ᠃ ᠤᠯᠠᠮ ᠢᠶᠠᠷ 1930 ᠣᠨ ᠳᠤ ᠤᠷᠢᠶᠠᠩᠬᠠᠢ ᠶᠢᠨ ᠵᠡᠭᠦᠨ ᠪᠠᠷᠠᠭᠤᠨ ᠬᠣᠶᠠᠷ ᠬᠣᠰᠢᠭᠤ ᠶᠢ ᠨᠢᠭᠡᠳᠬᠡᠵᠦ ᠴᠢᠨᠳᠠᠮᠠᠨᠢ ᠤᠤᠯ ᠤᠨ ᠠᠶᠢᠮᠠᠭ ᠲᠤ ᠵᠠᠬᠢᠷᠤᠭᠤᠯᠤᠨ ᠳᠥᠷᠪᠡᠨ ᠰᠤᠮᠤ ᠪᠠᠶᠢᠭᠤᠯᠤᠭᠰᠠᠨ ᠤ ᠨᠢᠭᠡ ᠨᠢ ᠮᠥᠩᠬᠡᠢᠬᠠᠶᠢᠷᠬᠠᠨ ᠪᠣᠯᠪᠠ᠃ ᠰᠤᠮᠤ ᠶᠢᠨ ᠠᠩᠬᠠᠨ ᠤ ᠳᠠᠷᠤᠭ᠎ᠠ ᠨᠢ ᠴᠦᠯᠲᠦᠮ ᠦᠨ ᠳᠡᠯᠭᠡᠷ᠂ ᠲᠠᠮᠠᠭ᠎ᠠ ᠶᠢᠨ ᠪᠢᠴᠢᠭᠡᠴᠢ ᠨᠢ ᠳᠤᠯᠮᠠᠵᠠᠪ ᠤᠨ ᠤᠷᠭᠤᠩᠵᠠᠪ ᠪᠠᠶᠢᠴᠠᠢ᠃

ᠣᠷᠴᠢᠨ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

1942 ᠣᠨ ᠳᠤ ᠣᠳᠣ ᠶᠢᠨ ᠮᠥᠰᠦᠲᠦᠳᠠᠭᠤᠲᠤ ᠰᠤᠮᠤᠳ ᠢ ᠰᠢᠨ᠎ᠡ ᠪᠡᠷ ᠪᠠᠶᠢᠭᠤᠯᠬᠤ ᠪᠣᠯᠤᠭᠰᠠᠨ ᠢᠶᠠᠷ ᠮᠥᠩᠬᠡᠢᠬᠠᠶᠢᠷᠬᠠᠨ ᠰᠤᠮᠤ ᠶᠢ ᠬᠣᠶᠠᠷ ᠬᠤᠪᠢᠶᠠᠵᠤ᠂ ᠵᠠᠬᠢᠷᠭ᠎ᠠ ᠶᠢ ᠮᠥᠰᠦᠲᠦ ᠰᠤᠮᠤᠨ ᠳᠤ ᠰᠢᠯᠵᠢᠭᠦᠯᠵᠡᠢ᠃ ᠮᠥᠨ ᠣᠨ ᠠᠴᠠ ᠰᠤᠮᠤ ᠶᠢᠨ ᠠᠷᠠᠳ ᠤᠳ ᠰᠠᠨᠠᠭᠠᠴᠢᠯᠭ᠎ᠠ ᠪᠠᠷ ᠢᠶᠠᠨ ᠬᠡᠳᠦ ᠬᠡᠳᠦᠨ ᠨᠢᠭᠡᠳᠦᠯ ᠪᠠᠶᠢᠭᠤᠯᠵᠤ ᠬᠠᠮᠲᠤ ᠶᠢᠨ ᠬᠦᠴᠦ ᠬᠥᠷᠥᠩᠭᠡ ᠪᠡᠨ ᠨᠢᠭᠡᠳᠬᠡᠨ ᠠᠵᠢᠯᠯᠠᠵᠤ ᠢᠷᠡᠭᠰᠡᠨ ᠪᠥᠭᠡᠳ 1959 ᠣᠨ ᠳᠤ ᠮᠥᠩᠬᠡᠢᠬᠠᠶᠢᠷᠬᠠᠨ ᠰᠤᠮᠤ ᠶᠢ ᠳᠠᠬᠢᠨ ᠪᠠᠶᠢᠭᠤᠯᠵᠤ ᠶᠡᠩᠳᠡᠷ ᠲᠦ ᠭᠡᠳᠡᠭ ᠭᠠᠵᠠᠷ ᠲᠥᠪᠯᠡᠷᠡᠨ 1965 ᠣᠨ ᠬᠦᠷᠭᠡᠪᠡ᠃ ᠭᠡᠪᠡᠴᠦ ᠲᠤᠬᠠᠢ ᠶᠢᠨ ᠦᠶ᠎ᠡ ᠶᠢᠨ ᠠᠶᠢᠮᠠᠭ ᠰᠤᠮᠤ ᠶᠢᠨ ᠵᠠᠷᠢᠮ ᠤᠳᠤᠷᠢᠳᠤᠯᠭ᠎ᠠ ᠶᠢᠨ ᠰᠢᠢᠳᠪᠦᠷᠢ ᠪᠡᠷ ᠤᠭ ᠰᠤᠮᠤ ᠶᠢ ᠮᠥᠰᠦᠲᠦᠮᠠᠩᠬᠠᠨ ᠰᠤᠮᠤᠨ ᠳᠤ ᠳᠠᠬᠢᠨ ᠬᠤᠪᠢᠶᠠᠨ ᠰᠢᠯᠵᠢᠭᠦᠯᠵᠦ᠂ ᠠᠷᠠᠳ ᠣᠯᠠᠨ ᠤ ᠬᠠᠮᠲᠤᠷᠠᠵᠤ ᠪᠤᠢ ᠪᠣᠯᠭᠠᠭᠰᠠᠨ ᠶᠡᠬᠡᠬᠡᠨ ᠬᠥᠷᠥᠩᠭᠡ ᠶᠢ ᠲᠠᠷᠮᠠᠳᠠᠭᠤᠯᠤᠭᠰᠠᠨ ᠨᠢ ᠰᠤᠮᠤ ᠶᠢᠨ ᠬᠢᠨ ᠤ ᠰᠡᠳᠬᠢᠯ ᠰᠠᠨᠠᠭᠠᠨ ᠳᠤ ᠬᠦᠴᠦᠲᠡᠢ ᠨᠦᠯᠦᠭᠡᠯᠡᠪᠡ᠃ ᠡᠶᠢᠮᠦ ᠡᠴᠡ ᠨᠤᠲᠤᠭ ᠤᠨ ᠵᠠᠷᠢᠮ ᠰᠡᠬᠡᠭᠡᠲᠡᠨ᠂ ᠴᠥᠭᠡᠩᠬᠢ ᠤᠷᠢᠶᠠᠩᠬᠠᠢ ᠶᠠᠰᠤᠲᠠᠨ ᠤ ᠬᠤᠪᠢ ᠵᠠᠶᠠᠭᠠᠨ ᠳᠤ ᠰᠡᠳᠬᠢᠯ ᠵᠣᠪᠠᠨᠢᠵᠤ ᠡᠷᠭᠦᠳᠡᠯ ᠭᠠᠷᠭᠠᠭᠰᠠᠨ ᠨᠢ ᠨᠠᠮ ᠵᠠᠰᠠᠭ ᠤᠨ ᠤᠳᠤᠷᠢᠳᠤᠯᠭ᠎ᠠ ᠳᠤ ᠬᠦᠷᠴᠡᠢ᠃ ᠢᠩᠭᠢᠭᠰᠡᠨ ᠢᠶᠡᠷ 《ᠰᠤᠮᠤ ᠴᠢᠨᠠᠭᠰᠢᠳᠠ ᠬᠥᠭᠵᠢᠬᠦ ᠡᠳ᠋ ᠍ ᠦᠨ ᠵᠠᠰᠠᠭ ᠤᠨ ᠪᠣᠯᠤᠮᠵᠢ ᠨᠥᠭᠡᠴᠡ᠂ ᠭᠠᠵᠠᠷ ᠨᠤᠲᠤᠭ᠂ ᠬᠦᠮᠦᠨ ᠠᠮᠠ ᠶᠢᠨ ᠥᠰᠦᠯᠲᠡ ᠵᠡᠷᠭᠡ ᠶᠢ ᠨᠠᠷᠢᠪᠴᠢᠯᠠᠨ ᠲᠣᠭᠠᠴᠠᠭᠰᠠᠨ ᠲᠣᠭᠠᠴᠠᠭᠠᠨ ᠤ ᠬᠠᠮᠲᠤ ᠬᠦᠰᠡᠯᠲᠦ ᠪᠡᠨ ᠢᠷᠡᠭᠦᠯᠵᠦ ᠪᠣᠯᠤᠨ᠎ᠠ》 ᠭᠡᠰᠡᠨ ᠬᠠᠷᠢᠭᠤ ᠬᠦᠯᠢᠶᠡᠨ ᠠᠪᠤᠭᠰᠠᠨ ᠪᠥᠭᠡᠳ ᠭ᠃ᠨᠠᠮᠵᠢᠯᠳᠣᠷᠵᠢ᠂ ᠬ᠃ᠣᠮᠪᠣᠭ ᠨᠠᠷ ᠤᠨ ᠬᠦᠮᠦᠰ ᠬᠠᠮᠲᠤᠷᠠᠨ ᠲᠣᠭᠠᠴᠠᠭ᠎ᠠ ᠭᠠᠷᠭᠠᠵᠤ᠂ ᠲᠤᠬᠠᠢ ᠶᠢᠨ ᠦᠶ᠎ᠡ ᠳᠦ ᠨᠠᠮ ᠤᠨ ᠳᠡᠭᠡᠳᠦ ᠰᠤᠷᠭᠠᠭᠤᠯᠢ ᠳᠤ ᠰᠤᠷᠴᠤ ᠪᠠᠶᠢᠭᠰᠠᠨ ᠪ᠃ᠪᠠᠲᠤ ᠪᠠᠨ ᠵᠠᠰᠠᠭ ᠤᠨ ᠭᠠᠵᠠᠷ ᠲᠤ ᠪᠡᠶ᠎ᠡ ᠪᠡᠷ ᠡᠷᠭᠦᠨ ᠪᠠᠷᠢᠭᠰᠠᠨ ᠢᠶᠠᠷ 1968 ᠣᠨ ᠤ ᠠᠷᠪᠠᠳᠤᠭᠠᠷ ᠰᠠᠷ᠎ᠠ ᠳᠤ ᠮᠥᠩᠬᠡᠢᠬᠠᠶᠢᠷᠬᠠᠨ ᠰᠤᠮᠤ ᠣᠳᠣ ᠶᠢᠨ ᠰᠠᠭᠤᠷᠢᠨ ᠳᠡᠭᠡᠷ᠎ᠡ 300 ᠭᠠᠷᠤᠢ ᠡᠷᠦᠬᠡ᠂ 1000 ᠭᠠᠷᠤᠢ ᠬᠦᠮᠦᠨ ᠠᠮᠠ᠂ 40 ᠮᠢᠩᠭᠠᠨ ᠲᠣᠯᠣᠭᠠᠢ ᠮᠠᠯ ᠲᠠᠢ᠂ ᠮᠠᠯ ᠠᠵᠤ ᠠᠬᠤᠢ ᠶᠢᠨ ᠭᠤᠷᠪᠠᠨ ᠪᠠᠷᠢᠭᠠᠳᠠ ᠲᠠᠢ ᠪᠠᠷ ᠵᠣᠬᠢᠶᠠᠨ ᠪᠠᠶᠢᠭᠤᠯᠤᠭᠳᠠᠵᠤ᠂ ᠰᠤᠮᠤ ᠨᠢᠭᠡᠳᠦᠯ ᠦᠨ ᠳᠠᠷᠤᠭ᠎ᠠ ᠪᠠᠷ ᠣ᠃ᡀᠠᠮᠠᠵᠠᠪ᠂ ᠣᠷᠣᠯᠠᠭᠴᠢ ᠳᠠᠷᠤᠭ᠎ᠠ ᠪᠠᠷ ᠰ᠃ᠰᠣᠨᠢᠨᠲᠦᠷ ᠨᠠᠷ ᠲᠣᠮᠢᠯᠠᠭᠳᠠᠵᠠᠢ᠃

》ᠬᠤᠪᠢᠰᠬᠠᠯ ᠭᠡᠭᠡᠴᠢ ᠭᠠᠷᠤᠭᠰᠠᠨ ᠠᠴᠠ ᠬᠣᠶᠢᠰᠢ ᠤᠷᠢᠶᠠᠩᠬᠠᠢ ᠨᠠᠷ ᠢ ᠬᠡᠳᠦ ᠴᠤ ᠰᠠᠯᠭᠠᠵᠤ᠂ ᠬᠡᠴᠢᠨᠡᠨ ᠴᠤ ᠲᠠᠰᠤᠳᠠᠭᠰᠠᠨ ᠶᠤᠮ ᠳ᠋ᠡ᠃ ᠬᠥᠬᠡ ᠲᠩᠷᠢ ᠶᠢ ᠮᠥᠷᠥᠯᠡᠭᠰᠡᠨ ᠬᠥᠵᠢ ᠶᠢᠨ ᠬᠥᠬᠡ ᠥᠨᠳᠥᠷ᠂ ᠣᠷᠣᠢ ᠶᠢᠨ ᠨᠠᠷᠠᠨ ᠤ ᠲᠤᠶᠠᠭᠠᠨ ᠳᠤ ᠣᠷᠣᠢ ᠨᠢ ᠭᠠᠯ ᠤᠨ ᠵᠠᠯᠢ ᠰᠢᠭ ᠪᠠᠳᠠᠷᠠᠳᠠᠭ ᠢᠮᠠᠭᠠᠲᠤ ᠤᠯᠠᠭᠠᠨ ᠠᠭᠤᠯᠠ ᠶᠢᠨ ᠬᠣᠭᠣᠷᠣᠨᠳᠣ ᠰᠤᠮᠤ ᠶᠢᠨ ᠲᠥᠪ ᠣᠷᠣᠰᠢᠳᠠᠭ ᠠᠵᠢ᠃ ᠳᠡᠭᠡᠭᠰᠢ ᠪᠡᠨ ᠬᠠᠷᠠᠪᠠᠯ ᠳᠠᠬᠤ ᠶᠢᠨ ᠳᠡᠭᠡᠳᠦ ᠠᠮᠠ ᠵᠠᠳᠠᠭᠠᠶᠢᠷᠠᠵᠤ᠂ ᠳᠣᠭᠣᠭᠰᠢ ᠪᠠᠨ ᠬᠠᠷᠠᠪᠠᠯ ᠳᠤᠮᠳᠠ ᠬᠠᠭᠠᠯᠭ᠎ᠠ ᠶᠢᠨ ᠳ᠋ᠣᠣ ᠳᠤ ᠠᠮᠠ ᠪᠢᠲᠡᠭᠦᠷᠡᠵᠡᠢ᠃ ᠢᠮᠠᠭᠠᠲᠤ ᠤᠯᠠᠭᠠᠨ ᠤ ᠪᠡᠯ ᠳᠦ ᠲᠤᠯᠭ᠎ᠠ ᠶᠢᠨ ᠭᠤᠷᠪᠠᠨ ᠴᠢᠯᠠᠭᠤ ᠰᠢᠭ ᠬᠠᠷ᠎ᠠ ᠲᠣᠯᠣᠭᠠᠢ ᠪᠤᠢ᠃ 《ᠡᠨᠡ ᠯᠠ ᠳᠠᠭᠰᠢᠨ ᠭᠠᠵᠠᠷ ᠢ ᠲᠦᠰᠢᠵᠦ ᠰᠤᠮᠤ ᠶᠢᠨ ᠲᠥᠪ ᠢᠶᠡᠨ ᠪᠠᠶᠢᠭᠤᠯᠤᠶ᠎ᠠ ᠭᠡᠰᠡᠨ ᠰᠠᠨᠠᠭ᠎ᠠ ᠶᠢ ᠨᠤᠲᠤᠭ ᠤᠨ ᠠᠬ᠎ᠠ ᠰᠠᠬᠠᠯ ᠴᠤ᠃ᠷᠢᠮᠡᠳ ᠭᠤᠸᠠᠢ ᠭᠠᠷᠭᠠᠵᠤ᠂ 1964 ᠣᠨ ᠳᠤ ᠰᠢᠪᠠ ᠶᠢ ᠲᠠᠯᠪᠢᠭᠰᠠᠨ ᠠᠴᠠ ᠬᠣᠶᠢᠰᠢ ᠮᠠᠨ ᠤ ᠰᠤᠮᠤ ᠰᠠᠶᠢᠨ ᠶᠠᠪᠤᠵᠤ ᠪᠠᠶᠢᠨ᠎ᠠ》 ᠭᠡᠵᠦ ᠪᠠᠭᠰᠢ᠂ ᠤᠤᠯ ᠤᠨ ᠰᠫᠣᠷᠲ ᠤᠨ ᠮᠠᠰᠲ᠋ᠸᠷ ᠪ᠃ᠡᠷᠬᠢᠮᠪᠠᠶᠠᠷ ᠬᠠᠭᠤᠴᠢᠯᠠᠭᠰᠠᠨ…》 《ᠲᠤᠤᠯᠢᠰ ᠬᠠᠶᠢᠯᠠᠳᠠᠭ ᠠᠤᠯᠠᠯᠠᠰ》. ᠭ᠃ᠠᠺᠢᠮ᠃ [3]

1992 ᠣᠨ ᠳᠤ ᠮᠣᠩᠭᠣᠯ ᠤᠯᠤᠰ ᠤᠨ ᠰᠢᠨ᠎ᠡ ᠦᠨᠳᠦᠰᠦᠨ ᠬᠠᠤᠯᠢ ᠶᠢᠨ ᠬᠦᠷᠢᠶᠡᠨ ᠳᠦ ᠵᠠᠰᠠᠭ ᠵᠠᠬᠢᠷᠭ᠎ᠠ᠂ ᠨᠢᠭᠡᠴᠡ ᠶᠢᠨ ᠬᠤᠪᠢᠶᠠᠷᠢ ᠳᠤ ᠥᠭᠡᠷᠡᠴᠢᠯᠡᠯᠲᠡ ᠣᠷᠣᠵᠤ᠂ ᠨᠤᠲᠤᠭ ᠤᠨ ᠥᠪᠡᠷ ᠢᠶᠡᠨ ᠤᠳᠤᠷᠢᠳᠬᠤ ᠪᠠᠶᠢᠭᠤᠯᠤᠯᠭ᠎ᠠ ᠢᠷᠭᠡᠳ ᠦᠨ ᠲᠥᠯᠥᠭᠡᠯᠡᠭᠴᠢᠳ ᠦᠨ ᠬᠤᠷᠠᠯ ᠣᠷᠣᠨ ᠳᠠᠶᠠᠭᠠᠷ ᠪᠠᠶᠢᠭᠤᠯᠤᠭᠳᠠᠬᠤ ᠳᠤ ᠮᠥᠩᠬᠡᠢᠬᠠᠶᠢᠷᠬᠠᠨ ᠰᠤᠮᠤ ᠶᠢᠨ ᠠᠩᠬᠠᠨ ᠤ ᠢᠷᠭᠡᠨ ᠦ ᠲᠥᠯᠥᠭᠡᠯᠡᠭᠴᠢᠳ ᠦᠨ ᠬᠤᠷᠠᠯ ᠤᠨ ᠲᠡᠷᠢᠭᠦᠯᠡᠭᠴᠢᠳ ᠦᠨ ᠳᠠᠷᠤᠭ᠎ᠠ ᠪᠠᠷ ᠪᠠᠳᠢᠷᠴᠢ ᠶᠢᠨ ᠨᠢᠮ᠎ᠠ ᠪᠠᠨ ᠰᠣᠩᠭᠣᠭᠳᠠᠨ ᠠᠵᠢᠯᠯᠠᠵᠤ ᠪᠠᠶᠢᠴᠠᠢ᠃

ᠭᠠᠵᠠᠷᠵᠦᠢ᠂ ᠠᠭᠤᠷ ᠠᠮᠢᠰᠬᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠥᠩᠬᠡᠢᠬᠠᠶᠢᠷᠬᠠᠨ ᠠᠭᠤᠯᠠ

ᠮᠣᠩᠭᠣᠯ ᠠᠯᠲᠠᠢ ᠶᠢᠨ ᠨᠢᠷᠤᠭᠤᠨ ᠤ ᠭᠣᠣᠯ ᠬᠡᠰᠡᠭ ᠪᠣᠯᠵᠤ 40-80 ᠺᠢᠯᠣᠮᠧᠲ᠋ᠷ ᠤᠨ ᠥᠷᠭᠡᠨᠲᠡᠢ ᠪᠡᠷ ᠪᠠᠷᠠᠭᠤᠨ ᠬᠣᠶᠢᠨ᠎ᠠ ᠠᠴᠠ ᠵᠡᠭᠦᠨ ᠤᠷᠤᠭᠰᠢ 200 ᠭᠠᠷᠤᠢ ᠺᠢᠯᠣᠮᠧᠲ᠋ᠷ ᠦᠷᠭᠦᠯᠵᠢᠯᠡᠬᠦ ᠮᠥᠩᠬᠡᠢᠬᠠᠶᠢᠷᠬᠠᠨ ᠤ ᠨᠢᠷᠤᠭᠤᠨ ᠤ ᠵᠡᠭᠦᠨ ᠪᠡᠶ᠎ᠡ ᠶᠢᠨ ᠠᠭᠤᠯᠠᠷᠬᠠᠭ ᠨᠤᠲᠤᠭ ᠲᠤ ᠣᠷᠣᠰᠢᠨ᠎ᠠ᠃ ᠪᠠᠶᠠᠨᠰᠠᠢ᠂ ᠠᠯᠠᠭ᠂ ᠤᠯᠢᠶᠠᠰᠤᠲᠠᠢ᠂ ᠬᠥᠬᠡ᠂ ᠪᠣᠷᠣ ᠳᠤ᠂ ᠰᠢᠭᠤᠷᠬᠠᠢ᠂ ᠰᠡᠩᠬᠡᠷᠡ᠂ ᠳᠣᠯᠣᠭᠠᠨ ᠨᠠᠭᠤᠷ ᠤᠨ ᠭᠣᠣᠯ ᠤᠳ᠂ ᠪᠥᠭᠡᠷᠡᠭ᠂ ᠠᠯᠠᠭ᠂ ᠬᠥᠬᠡ᠂ ᠰᠢᠭᠤᠷᠬᠠᠢ᠂ ᠳᠣᠯᠣᠭᠠᠨ᠂ ᠬᠣᠲᠣᠭᠣᠷ ᠵᠡᠷᠭᠡ ᠴᠡᠩᠭᠡᠭ ᠨᠠᠭᠤᠷ ᠤᠳ ᠪᠤᠢ᠃ ᠡᠷᠡᠰ ᠲᠡᠰᠦ ᠠᠭᠤᠷ ᠠᠮᠢᠰᠬᠤᠯ ᠲᠠᠢ᠂ ᠳᠠᠯᠠᠢ ᠶᠢᠨ ᠲᠦᠪᠰᠢᠨ ᠡᠴᠡ ᠳᠡᠭᠡᠭᠰᠢ ᠳᠤᠮᠳᠠᠴᠢ ᠪᠠᠷ 1940 ᠮᠧᠲ᠋ᠷ ᠦᠨ ᠥᠨᠳᠥᠷ ᠲᠦ ᠣᠷᠣᠰᠢᠳᠠᠭ᠃ ᠵᠢᠯ ᠦᠨ ᠳᠤᠮᠳᠠᠴᠢ ᠲᠣᠯᠠᠭᠠᠨ ᠤ ᠬᠡᠮᠵᠢᠶ᠎ᠡ ᠼᠧᠯᠰ ᠦᠨ +2 ᠭᠷᠠᠳᠦᠶᠢᠰ᠂ ᠵᠤᠨ ᠤ ᠳᠤᠯᠠᠭᠠᠨ ᠤ ᠲᠣᠯᠠᠭᠠᠨ ᠤ ᠬᠡᠮᠵᠢᠶ᠎ᠡ ᠤᠨ ᠳᠤᠮᠳᠠᠴᠢ ᠨᠢ 15 ᠍ ᠠᠴᠠ 16 ᠭᠷᠠᠳᠦᠶᠢᠰ᠂ ᠬᠠᠮᠤᠭ ᠤᠨ ᠳᠤᠯᠠᠭᠠᠨ ᠨᠢ 28 ᠍ ᠠᠴᠠ 30 ᠭᠷᠠᠳᠦᠶᠢᠰ ᠬᠦᠷᠡᠨ᠎ᠡ᠃ ᠡᠪᠦᠯ ᠦᠨ ᠬᠦᠢᠲᠡᠨ ᠦ ᠲᠣᠯᠠᠭᠠᠨ ᠤ ᠬᠡᠮᠵᠢᠶ᠎ᠡ ᠤᠨ ᠳᠤᠮᠳᠠᠴᠢ -13 ᠍ ᠠᠴᠠ -14 ᠭᠷᠠᠳᠦᠶᠢᠰ ᠣᠷᠴᠢᠮ᠂ ᠶᠡᠬᠡ ᠬᠦᠢᠲᠡᠨ ᠨᠢ -29 ᠍ ᠡᠴᠡ-30 ᠭᠷᠠᠳᠦᠶᠢᠰ ᠪᠠᠶᠢᠳᠠᠭ᠃ ᠵᠢᠯ ᠦᠨ ᠳᠤᠮᠳᠠᠴᠢ ᠬᠤᠷ᠎ᠠ ᠲᠤᠨᠤᠳᠠᠰᠤ 70 ᠮᠢᠯᠯᠢᠮᠧᠲ᠋ᠷ᠂ ᠬᠤᠷ᠎ᠠ ᠲᠠᠢ ᠵᠢᠯ ᠦᠨ ᠲᠤᠨᠤᠳᠠᠰᠤ 142 ᠮᠢᠯᠯᠢᠮᠧᠲ᠋ᠷ᠂ ᠭᠠᠩᠲᠠᠢ ᠵᠢᠯ ᠦᠨ ᠳᠤᠮᠳᠠᠴᠢ ᠲᠤᠨᠤᠳᠠᠰᠤ 60 ᠮᠢᠯᠯᠢᠮᠧᠲ᠋ᠷ ᠣᠷᠴᠢᠮ᠃ [4]



ᠪᠠᠶᠢᠭᠠᠯᠢ᠂ ᠠᠮᠢᠲᠠᠨ ᠤᠷᠭᠤᠮᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠠᠷᠢᠨ ᠬᠠᠭ ᠤᠨ ᠮᠡᠯᠡᠬᠡᠢ ᠬᠠᠳᠠ

ᠮᠥᠩᠬᠡᠢᠬᠠᠶᠢᠷᠬᠠᠨ ᠤᠤᠯ ᠤᠨ ᠦᠵᠡᠰᠬᠦᠯᠡᠩᠲᠦ ᠰᠠᠶᠢᠬᠠᠨ ᠪᠠᠶᠢᠭᠠᠯ ᠢ ᠨᠤᠲᠤᠭ ᠤᠨ ᠵᠣᠨ ᠣᠯᠠᠨ ᠦᠶ᠎ᠡ ᠶᠢᠨ ᠦᠶ᠎ᠡ ᠳᠦ ᠣᠩᠭᠣᠨ ᠠᠷᠢᠭᠤᠨ ᠢᠶᠠᠷ ᠨᠢ ᠬᠠᠳᠠᠭᠠᠯᠠᠨ ᠬᠠᠮᠠᠭᠠᠯᠠᠵᠤ᠂ ᠲᠠᠬᠢᠨ ᠰᠢᠲᠦᠵᠦ᠂ ᠨᠤᠲᠤᠭᠯᠠᠨ ᠢᠷᠡᠭᠰᠡᠨ ᠤᠯᠠᠮᠵᠢᠯᠠᠯ ᠲᠠᠢ᠃ ᠮᠥᠩᠬᠡᠢᠬᠠᠶᠢᠷᠬᠠᠨ ᠠᠭᠤᠯᠠ ᠲᠡᠭᠦᠨ ᠦ ᠣᠷᠴᠢᠮ ᠤᠨ 301219,9 ᠭᠠ ᠭᠠᠵᠠᠷ ᠨᠤᠲᠤᠭ ᠢ ᠤᠯᠤᠰ ᠤᠨ ᠶᠡᠬᠡ ᠬᠤᠷᠠᠯ ᠤᠨ 2006 ᠣᠨ ᠤ 26 ᠍ ᠳᠦᠭᠡᠷ ᠲᠣᠭᠲᠠᠭᠠᠯ ᠢᠶᠠᠷ ᠤᠯᠤᠰ ᠤᠨ ᠲᠤᠰᠬᠠᠢ ᠬᠠᠮᠠᠭᠠᠯᠠᠯᠲᠠᠨ ᠳᠤ ᠠᠪᠤᠭᠰᠠᠨ ᠪᠥᠭᠡᠳ 2011 ᠣᠨ ᠳᠤ ᠥᠷᠭᠡᠳᠬᠡᠭᠰᠡᠨ ᠢᠶᠡᠷ 582446 ᠭᠠ ᠪᠣᠯᠵᠠᠢ᠃ ᠮᠥᠩᠬᠡ ᠴᠠᠰᠤᠲᠤ ᠮᠥᠩᠬᠡᠢᠬᠠᠶᠢᠷᠬᠠᠨ ᠠᠭᠤᠯᠠ᠂ ᠰᠢᠭᠤᠷᠬᠠᠢ ᠶᠢᠨ ᠮᠥᠰᠦᠨ ᠪᠥᠭᠡᠷᠡᠭ᠂ ᠬᠥᠬᠡ ᠨᠠᠭᠤᠷ ᠤᠨ ᠪᠤᠬ᠎ᠠ ᠴᠢᠯᠠᠭᠤ᠂ ᠨᠠᠷᠢᠨ ᠬᠠᠭ ᠤᠨ ᠮᠡᠯᠡᠬᠡᠢ ᠬᠠᠳᠠ᠂ ᠰᠡᠩᠬᠡᠷ ᠦᠨ ᠭᠣᠣᠯ ᠤᠨ ᠡᠮᠡᠭᠡᠨ ᠬᠠᠳᠠ᠂ ᠳᠣᠯᠣᠭᠠᠨ ᠨᠠᠭᠤᠷ ᠤᠨ ᠮᠠᠶᠢᠬᠠᠨ ᠬᠠᠳᠠ᠂ ᠰᠢᠭᠤᠷᠬᠠᠢ ᠶᠢᠨ ᠴᠢᠯᠠᠭᠤ᠂ ᠶᠡᠬᠡ ᠲᠣᠰᠢᠩ ᠤᠨ ᠨᠢᠳᠦᠨ ᠨᠠᠭᠤᠷ᠂ ᠪᠠᠶᠢᠨᠵᠢᠭᠤᠷ ᠤᠨ ᠲᠡᠮᠡᠭᠡᠨ ᠬᠠᠳᠠ᠂ ᠠᠷᠴᠠᠲ᠂ ᠢᠮᠠᠭᠠᠲᠤ ᠶᠢᠨ ᠴᠠᠭᠠᠨ᠂ ᠨᠣᠭᠣᠭᠠᠨ᠂ ᠰᠢᠷ᠎ᠠ ᠨᠠᠭᠤᠷ ᠤᠳ᠂ ᠰᠢᠭᠤᠷᠬᠠᠢ᠂ ᠳᠣᠯᠣᠭᠠᠨ ᠨᠠᠭᠤᠷ ᠤᠨ ᠡᠬᠢᠨ ᠦ ᠴᠠᠭᠠᠨ᠂ ᠨᠣᠭᠣᠭᠠᠨ ᠨᠠᠭᠤᠷ᠂ ᠭᠠᠪᠠᠷ ᠲᠠᠢ ᠤᠰᠤ᠂ ᠠᠯᠠᠭ ᠤᠨ ᠪᠤᠭᠤᠷᠤᠯ ᠬᠠᠶᠢᠷᠬᠠᠨ᠂ ᠬᠠᠷ᠎ᠠ ᠤᠰᠤᠨ ᠤ ᠠᠭᠤᠢ᠂ ᠪᠣᠷᠲ ᠤᠨ ᠬᠡᠷᠰᠡᠩ ᠬᠠᠳᠠ᠂ ᠪᠥᠭᠡᠷᠡᠭ ᠨᠠᠭᠤᠷ ᠤᠨ ᠪᠤᠭᠠᠲ ᠤᠨ ᠬᠠᠷ᠎ᠠ ᠱᠣᠪᠣᠭᠣᠷ᠂ ᠢᠮᠠᠭᠠᠲᠤ ᠤᠯᠠᠭᠠᠨ ᠤ ᠠᠭᠤᠢ᠂ ᠪᠢᠲᠡᠭᠦᠦ ᠨᠠᠭᠤᠷ᠂ ᠴᠠᠭᠠᠨ ᠰᠠᠶᠢᠭ᠎ᠠ ᠶᠢᠨ ᠵᠣᠩᠰᠢᠲ ᠠᠭᠤᠢ ᠵᠡᠷᠭᠡ ᠥᠪᠡᠷᠮᠢᠴᠡ ᠲᠣᠭᠲᠠᠴᠠ ᠲᠠᠢ ᠦᠵᠡᠰᠬᠦᠯᠡᠩᠲᠦ ᠭᠠᠵᠠᠷ ᠤᠳ ᠪᠤᠢ᠃ ᠪᠤᠭᠤ᠂ ᠠᠷᠭᠠᠯᠢ᠂ ᠶᠠᠩᠭᠢᠷ᠂ ᠢᠷᠪᠢᠰᠰᠢᠯᠦᠭᠦᠰᠦᠴᠢᠨᠣ᠎ᠠᠦᠨᠡᠭᠡᠬᠢᠷᠰᠠᠲᠠᠷᠪᠠᠭ᠎ᠠ ᠵᠡᠷᠭᠡ ᠰᠦᠨ ᠲᠡᠵᠢᠭᠡᠯᠲᠡᠨᠲᠠᠰᠪᠦᠷᠭᠦᠳᠶᠣᠯᠣᠬᠣᠶᠢᠯᠣᠭᠱᠣᠩᠬᠣᠷ ᠵᠡᠷᠭᠡ ᠰᠢᠪᠠᠭᠤᠳ ᠪᠤᠢ᠃ ᠭᠣᠣᠯ ᠲᠥᠯᠥᠪ ᠡᠮ ᠦᠨ ᠨᠠᠶᠢᠷᠠᠯᠭ᠎ᠠ ᠳᠤ ᠣᠷᠣᠳᠠᠭ ᠸᠠᠩᠰᠡᠮᠪᠡᠷᠦ᠂ ᠲᠠᠪᠤᠨ ᠰᠠᠯᠠᠭ᠎ᠠ᠂ ᠬᠣᠩᠭᠣᠷ ᠵᠤᠯᠠ᠂ ᠰᠡᠷᠵᠢᠮᠢᠳᠣᠭ᠂ ᠠᠯᠲᠠᠨ ᠭᠠᠩᠨᠠᠭᠤᠷ᠂ ᠭᠣᠨᠢᠳ᠂ ᠪᠠᠯᠭᠤᠨ᠎ᠠ᠂ ᠪᠠᠷᠭᠠᠰᠢᠨ ᠵᠡᠷᠭᠡ ᠣᠯᠠᠨ ᠲᠥᠷᠥᠯ ᠦᠨ ᠤᠷᠭᠤᠮᠠᠯ᠂ ᠬᠠᠳᠠ᠂ ᠲᠠᠰᠢᠯ ᠵᠡᠷᠭᠡ ᠵᠢᠮᠢᠰ ᠤᠷᠭᠤᠳᠠᠭ᠃ ᠭᠣᠣᠯ ᠤᠳ ᠲᠤ ᠨᠢ ᠮᠣᠩᠭᠣᠯ ᠬᠠᠳᠤᠷᠤᠨ (Thymallus brevirostris) ᠪᠤᠢ᠃ 128 ᠮᠧᠲ᠋ᠷ ᠦᠨ ᠥᠨᠳᠥᠷ ᠡᠴᠡ ᠪᠠᠭᠤᠳᠠᠭ ᠦᠵᠡᠰᠬᠦᠯᠡᠩᠲᠦ ᠰᠠᠶᠢᠬᠠᠨ ᠬᠦᠷᠬᠢᠷ᠎ᠡ ᠲᠡᠢ᠃ [5]

》ᠠᠯᠠᠭ ᠤᠨ ᠪᠤᠭᠤᠷᠤᠯ ᠬᠠᠶᠢᠷᠬᠠᠨ ᠨᠠᠳᠠ ᠡᠶᠢᠮᠦ ᠨᠢᠭᠡ ᠲᠤᠤᠯᠢ ᠬᠠᠶᠢᠯᠠᠯ᠎ᠠ᠃ ᠮᠠᠨ ᠤ ᠡᠨᠡ ᠬᠠᠪᠢ ᠳᠤ ᠨᠢᠭᠡ ᠬᠦᠦ ᠡᠵᠢ ᠲᠡᠢ ᠪᠡᠨ ᠬᠣᠶᠠᠭᠤᠯᠠᠨ ᠰᠠᠭᠤᠳᠠᠭ ᠠᠰᠠᠨ᠃ ᠲᠡᠷᠡ ᠵᠠᠯᠠᠭᠤ ᠠᠨ ᠬᠢᠵᠦ ᠠᠮᠢ ᠵᠢᠭᠤᠳᠠᠭ ᠪᠠᠶᠢᠭᠰᠠᠨ ᠲᠤᠯᠠ ᠨᠢᠭᠡ ᠡᠳᠦᠷ ᠠᠯᠠᠭ ᠤᠨ ᠪᠤᠭᠤᠷᠤᠯ ᠬᠠᠶᠢᠷᠬᠠᠨ ᠳᠤ ᠭᠥᠷᠥᠭᠡᠯᠡᠬᠦ ᠪᠡᠷ ᠭᠠᠷᠴᠠᠢ᠃ ᠲᠡᠭᠡᠲᠡᠯ᠎ᠡ ᠨᠢᠭᠡ ᠢᠮᠠᠭ᠎ᠠ (ᠶᠠᠩᠭᠢᠷ) ᠲᠠᠭᠠᠷᠠᠵᠠᠢ᠃ ᠪᠤᠤᠳᠠᠬᠤ ᠭᠡᠲᠡᠯ᠎ᠡ ᠴᠠᠭᠠᠨ ᠡᠪᠡᠰᠦ ᠣᠪᠣᠭ᠎ᠠ ᠶᠢ ᠨᠢ ᠬᠠᠭᠠᠴᠢᠬᠠᠭᠠᠳ ᠪᠣᠯᠵᠤ ᠥᠭᠳᠡᠭ ᠦᠭᠡᠢ ᠭᠡᠨ᠎ᠡ᠃ ᠭᠡᠰᠡᠨ ᠴᠤ ᠵᠠᠯᠠᠭᠤ ᠭᠣᠬ᠎ᠠ ᠮᠤᠯᠲᠤᠯᠤᠭᠠᠳ᠂ ᠶᠠᠩᠭᠢᠷ ᠤᠨ ᠬᠥᠯ ᠢ ᠨᠢ ᠬᠤᠭᠤ ᠪᠤᠤᠳᠠᠴᠢᠬᠠᠵᠤ᠃ ᠢᠮᠠᠭ᠎ᠠ ᠴᠠᠰᠢ ᠵᠢᠭᠤᠳᠠᠵᠤ᠂ ᠬᠦᠦ ᠬᠣᠶᠢᠨ᠎ᠠ ᠠᠴᠠ ᠨᠢ ᠬᠥᠭᠡᠭᠡᠵᠦ ᠳ᠋ᠡ᠃ ᠭᠡᠲᠡᠯ᠎ᠡ ᠬᠤᠯᠠᠭᠠᠶᠢᠴᠢ ᠶᠢᠨ ᠣᠩᠭᠣᠷᠬᠠᠢ (ᠬᠣᠩᠬᠣᠷᠬᠠᠢ) ᠍ ᠳᠦ ᠤᠭᠤᠯᠢ ᠬᠠᠷ᠎ᠠ ᠤᠷᠤᠴᠠ ᠪᠠᠶᠢᠬᠤ ᠶᠤᠮ ᠭᠡᠨ᠎ᠡ᠃ ᠤᠷᠤᠴᠠᠨ ᠳᠤ ᠨᠢᠭᠡ ᠡᠮᠡᠭᠡᠨ ᠪᠠᠶᠢᠵᠤ᠂ ᠤᠷᠴᠠᠨ ᠤ ᠪᠠᠨ ᠪᠠᠷᠠᠭᠤᠨ ᠬᠠᠲᠠᠪᠴᠢᠨ ᠳᠤ ᠢᠰᠢᠭᠡ ᠲᠡᠢ ᠳᠣᠭᠣᠯᠠᠩ ᠬᠠᠷ᠎ᠠ ᠢᠮᠠᠭ᠎ᠠ ᠶᠢ ᠤᠶᠠᠴᠢᠬᠠᠭᠰᠠᠨ ᠪᠠᠶᠢᠨ᠎ᠠ᠃ ᠡᠮᠡᠭᠡᠨ ᠬᠡᠯᠡᠵᠦ ᠪᠠᠶᠢᠬᠤ ᠶᠤᠮ ᠭᠡᠨ᠎ᠡ᠃ 《ᠢᠮᠠᠭ᠎ᠠ ᠶᠢ ᠫᠤᠤᠳᠠᠭᠤᠯᠬᠤ ᠦᠭᠡᠢ ᠭᠡᠵᠦ ᠲᠡᠪᠡᠨᠡ ᠪᠡᠷ ᠲᠠᠰᠢᠶᠠᠯᠠᠭᠰᠠᠭᠠᠷ ᠪᠠᠶᠢᠲᠠᠯ᠎ᠠ ᠴᠢ ᠪᠤᠤᠳᠠᠴᠢᠬᠠᠯ᠎ᠠ᠃ ᠰᠦ᠋ ᠍ ᠲᠡᠢ ᠢᠮᠠᠭ᠎ᠠ ᠪᠠᠶᠢᠭᠰᠠᠨ ᠶᠤᠮ》 ᠭᠡᠳ 《ᠳᠠᠬᠢᠭᠠᠳ ᠠᠨ ᠪᠤᠤ ᠬᠡᠢ᠃ ᠵᠠᠮ ᠳᠤ ᠴᠢᠨᠢ ᠴᠠᠭᠠᠨ ᠦᠬᠡᠷ ᠲᠠᠭᠠᠷᠠᠯᠳᠤᠨ᠎ᠠ᠃ ᠲᠡᠭᠦᠨ ᠢ ᠠᠪᠠᠴᠢᠵᠤ ᠮᠠᠯ ᠬᠢᠵᠦ ᠠᠪᠤᠭᠠᠷᠠᠢ》 ᠭᠡᠵᠡᠢ᠃ ᠮᠣᠷᠢᠨ ᠳᠤ ᠪᠠᠨ ᠮᠣᠷᠳᠠᠭᠠᠳ ᠡᠷᠭᠢᠭᠡᠳ ᠬᠠᠷᠠᠲᠠᠯ᠎ᠠ ᠤᠷᠤᠴᠠ ᠪᠠᠶᠢᠭᠰᠠᠨ ᠭᠠᠵᠠᠷ ᠬᠣᠪ ᠬᠣᠭᠣᠰᠣᠨ᠃ ᠳᠣᠭᠣᠭᠰᠢ ᠪᠠᠭᠤᠬᠤ ᠳᠤ ᠨᠢᠳᠦ ᠨᠢ ᠰᠣᠬᠣᠷᠠᠨ ᠨᠤᠤᠬᠠᠲᠠᠭᠰᠠᠨ ᠴᠠᠭᠠᠨ ᠰᠠᠷᠯᠤᠭ ᠪᠠᠶᠢᠵᠤ᠃ ᠬᠦᠦ ᠰᠠᠷᠯᠤᠭ ᠤᠨ ᠨᠢᠳᠦ ᠶᠢ ᠨᠢ ᠤᠭᠢᠶᠠᠭᠠᠳ ᠭᠡᠷ ᠲᠦ ᠪᠡᠨ ᠠᠪᠠᠴᠢᠵᠤ ᠮᠠᠯ ᠪᠣᠯᠭᠠᠵᠤ ᠠᠪᠴᠠᠢ᠃ ᠲᠡᠳᠡᠨ ᠦ ᠬᠢ ᠣᠯᠠᠨ ᠦᠬᠡᠷ ᠲᠡᠢ ᠪᠣᠯᠵᠠᠢ᠃ ᠬᠦᠦ ᠳᠠᠬᠢᠭᠠᠳ ᠠᠨ ᠬᠢᠭᠰᠡᠨ ᠦᠭᠡᠢ》 《ᠲᠤᠤᠯᠢᠰ ᠬᠠᠶᠢᠯᠠᠳᠠᠭ ᠠᠤᠯᠠᠯᠠᠰ》. ᠭ᠃ᠠᠺᠢᠮ᠃[6]

ᠮᠥᠩᠬᠡᠢᠬᠠᠶᠢᠷᠬᠠᠨ ᠤ ᠪᠠᠶᠢᠭᠠᠯᠢ ᠶᠢᠨ ᠴᠣᠭᠴᠠᠯᠠᠪᠤᠷᠢ ᠳᠤ ᠭᠠᠵᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠦᠮᠦᠨ ᠠᠮᠠ᠂ ᠮᠠᠯ ᠠᠵᠤ ᠠᠬᠤᠢ[ᠵᠠᠰᠠᠪᠤᠷᠢᠯᠠᠬᠤ | ᠺᠣᠳ᠋ ᠢᠶᠠᠷ ᠵᠠᠰᠠᠬᠣ]

2008 ᠣᠨ ᠤ ᠪᠠᠶᠢᠳᠠᠯ ᠢᠶᠠᠷ ᠨᠡᠶᠢᠲᠡ ᠳᠦ ᠪᠡᠨ 586 ᠡᠷᠦᠬᠡ ᠲᠡᠢ᠂ 2400 ᠬᠦᠮᠦᠨ ᠠᠮᠠ ᠲᠠᠢ᠃ 93 ᠮᠢᠩᠭᠠᠨ ᠲᠣᠯᠣᠭᠠᠢ ᠮᠠᠯ ᠲᠠᠢ᠃ ᠬᠦᠮᠦᠨ ᠠᠮᠠ ᠶᠢᠨ 97.6 ᠬᠤᠪᠢ ᠨᠢ ᠤᠷᠢᠶᠠᠩᠬᠠᠶᠢᠴᠤᠳ᠃ ᠨᠡᠶᠢᠲᠡ ᠨᠤᠲᠤᠭ ᠳᠡᠪᠢᠰᠬᠡᠷ ᠦᠨ ᠬᠡᠮᠵᠢᠶ᠎ᠡ 255413 ᠭᠠ᠃ ᠡᠭᠦᠨ ᠡᠴᠡ 167971 ᠨᠢ ᠬᠥᠳᠡᠭᠡ ᠠᠵᠤ ᠠᠬᠤᠢ ᠶᠢᠨ ᠡᠳ᠋ᠯᠡᠪᠦᠷᠢ᠂ 95403 ᠨᠢ ᠲᠤᠰᠬᠠᠢ ᠬᠠᠮᠠᠭᠠᠯᠠᠯᠲᠠ ᠲᠠᠢ᠂ 1338 ᠨᠢ ᠤᠰᠤᠨ ᠤ ᠡᠳ᠋ᠯᠡᠪᠦᠷᠢ᠂ 1176 ᠨᠢ ᠬᠣᠲᠠ ᠰᠠᠭᠤᠷᠢᠨ ᠤ ᠡᠳ᠋ᠯᠡᠪᠦᠷᠢ ᠭᠠᠵᠠᠷ ᠶᠤᠮ᠃ ᠨᠡᠶᠢᠲᠡ ᠭᠠᠵᠠᠷ ᠨᠤᠲᠤᠭ ᠤᠨ 15 ᠭᠠ ᠠᠴᠠ ᠬᠠᠳᠤᠯᠠᠩ ᠠᠪᠳᠠᠭ ᠪᠣᠯ ᠬᠣᠶᠠᠷ ᠭᠠ ᠲᠠᠷᠢᠶᠠᠯᠠᠩ ᠤᠨ ᠲᠠᠯᠠᠪᠠᠢ ᠳᠤ ᠣᠳᠣ ᠪᠠᠷ ᠲᠠᠷᠢᠶᠠᠯᠠᠯᠲᠠ ᠬᠢᠭᠡ ᠦᠭᠡᠢ᠃ ᠣᠢ ᠶᠢᠨ ᠨᠥᠭᠡᠴᠡ ᠨᠢ 12 ᠭᠠ᠃ ᠠᠭᠤᠯᠠ ᠠᠭᠤᠷᠬᠠᠢ ᠶᠢᠨ ᠡᠳ᠋ᠯᠡᠪᠦᠷᠢ ᠭᠠᠵᠠᠷ ᠪᠠᠶᠢᠬᠤ ᠦᠭᠡᠢ᠃

ᠬᠦᠮᠦᠨ ᠠᠮᠠ ᠶᠢᠨ ᠦᠵᠡᠭᠦᠯᠦᠯᠲᠡ[7]
ᠦᠵᠡᠭᠦᠯᠦᠯᠲᠡ 2006 2007 2008
ᠰᠤᠮᠤ ᠶᠢᠨ ᠨᠡᠶᠢᠲᠡ ᠬᠦᠮᠦᠨ ᠠᠮᠠ 2504 2477 2432
ᠡᠳ᠋ ᠍ ᠦᠨ ᠵᠠᠰᠠᠭ ᠤᠨ ᠢᠳᠡᠪᠬᠢᠲᠡᠢ ᠬᠦᠮᠦᠨ ᠠᠮᠠ 1085 1002 999
ᠠᠵᠢᠯ ᠡᠷᠬᠢᠯᠡᠳᠡᠭ ᠬᠦᠮᠦᠨ ᠠᠮᠠ ᠪᠤᠶᠤ ᠠᠵᠢᠯ ᠡᠷᠬᠢᠯᠡᠭᠴᠢᠳ 975 981 968

ᠰᠤᠶᠤᠯ ᠪᠣᠯᠪᠠᠰᠤᠷᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠤᠮᠤ ᠶᠢᠨ ᠠᠩᠬᠠᠨ ᠤ ᠰᠤᠷᠭᠠᠭᠤᠯᠢ 1948 ᠣᠨ ᠳᠤ ᠬᠣᠶᠠᠷ ᠪᠠᠭᠰᠢ᠂ 63 ᠰᠤᠷᠠᠭᠴᠢ ᠲᠠᠢ ᠪᠠᠷ ᠲᠠᠪᠤᠨ ᠢᠰᠡᠭᠡᠢ ᠭᠡᠷ ᠲᠦ ᠠᠩᠬᠠᠨ ᠤ ᠬᠢᠴᠢᠶᠡᠯ ᠢᠶᠡᠨ ᠡᠬᠢᠯᠡᠭᠰᠡᠨ ᠪᠥᠭᠡᠳ 1976 ᠣᠨ ᠳᠤ ᠨᠠᠶᠢᠮᠠᠨ ᠵᠢᠯ ᠦᠨ ᠰᠤᠷᠭᠠᠭᠤᠯᠢ ᠪᠣᠯᠤᠨ ᠥᠷᠭᠡᠵᠢᠭᠰᠡᠨ ᠪᠣᠯ 1992 ᠣᠨ ᠳᠤ 10 ᠵᠢᠯ ᠦᠨ ᠰᠤᠷᠭᠠᠭᠤᠯᠢ ᠪᠣᠯᠵᠠᠢ᠃ 50 ᠰᠢᠬᠠᠮ ᠪᠠᠭᠰᠢ᠂ 600 ᠭᠠᠷᠤᠢ ᠰᠤᠷᠤᠭᠴᠢ᠂ ᠬᠢᠴᠢᠶᠡᠯ ᠦᠨ ᠬᠣᠶᠠᠷ ᠪᠠᠶᠢᠷᠢ᠂ 120 ᠬᠡᠦᠬᠡᠳ ᠦᠨ ᠳᠣᠲᠣᠭᠤᠷ ᠪᠠᠶᠢᠷᠢ᠂ ᠺᠣᠮᠫᠢᠶᠦ᠋ᠲ᠋ᠧᠷ ᠦᠨ ᠢᠵᠢ ᠪᠦᠷᠢᠨ ᠺᠠᠪᠢᠨᠧᠲ ᠲᠡᠢ᠂ ᠪᠠᠭᠰᠢ ᠨᠠᠷ ᠤᠨ 75% ᠨᠢ ᠮᠡᠷᠭᠡᠵᠢᠯ ᠦᠨ ᠵᠡᠷᠭᠡ ᠲᠡᠢ ᠪᠠᠶᠢᠨ᠎ᠠ᠃ ᠠᠩᠬ᠎ᠠ 1975 ᠣᠨ ᠳᠤ ᠪᠠᠶᠢᠭᠤᠯᠤᠭᠳᠠᠭᠰᠠᠨ 《ᠣᠷᠭᠢᠯ》 ᠴᠡᠴᠡᠷᠯᠢᠭ ᠲᠦ ᠣᠳᠣ 80 ᠰᠢᠬᠠᠮ ᠬᠡᠦᠬᠡᠳ ᠰᠤᠷᠴᠤ ᠬᠦᠮᠦᠵᠢᠳᠡᠭ᠃ ᠰᠤᠶᠤᠯ ᠤᠨ ᠲᠥᠪ ᠨᠢ 1959 ᠣᠨ ᠳᠤ ᠪᠠᠶᠢᠭᠤᠯᠤᠭᠳᠠᠭᠰᠠᠨ᠃ 2012 ᠣᠨ ᠳᠤ ᠤᠷᠢᠶᠠᠩᠬᠠᠢ ᠶᠢᠨ ᠠᠯᠳᠠᠷᠲᠤ ᠲᠤᠤᠯᠢᠴᠢ᠂ ᠲᠥᠷᠥ ᠶᠢᠨ ᠰᠣᠶᠣᠷᠬᠠᠯ ᠳᠤ ᠪ᠃ᠠᠪᠤᠷᠢᠮᠡᠳ ᠦᠨ ᠨᠡᠷᠡᠮᠵᠢᠲᠦ ᠪᠣᠯᠭᠠᠵᠠᠢ᠃ ᠰᠤᠮᠤ ᠶᠢᠨ ᠬᠦᠮᠦᠨ ᠡᠮᠨᠡᠯᠭᠡ 1950 ᠣᠨ ᠳᠤ ᠨᠢᠭᠡ ᠪᠠᠭ᠎ᠠ ᠡᠮᠴᠢ᠂ ᠨᠢᠭᠡ ᠠᠵᠢᠯᠴᠢᠨ᠂ ᠬᠣᠶᠠᠷ ᠭᠡᠷ᠂ ᠬᠣᠶᠠᠷ ᠣᠷᠣ ᠲᠠᠢ ᠠᠩᠬ᠎ᠠ ᠠᠵᠢᠯᠯᠠᠵᠤ ᠡᠬᠢᠯᠡᠭᠰᠡᠨ ᠪᠣᠯ 1972 ᠣᠨ ᠠᠴᠠ ᠬᠦᠮᠦᠨ ᠦ ᠶᠡᠬᠡ ᠡᠮᠴᠢ ᠶᠢᠨ ᠰᠠᠯᠪᠤᠷᠢ ᠪᠣᠯᠤᠨ ᠥᠷᠭᠡᠵᠢᠵᠦ ᠣᠳᠣ ᠰᠤᠮᠤ ᠶᠢᠨ ᠨᠡᠶᠢᠲᠡ ᠡᠷᠦᠬᠡ ᠶᠢᠨ ᠬᠦᠮᠦᠨ ᠠᠮᠠ ᠳᠤ ᠡᠷᠡᠭᠦᠯ ᠮᠡᠨᠳᠦ ᠶᠢᠨ ᠦᠢᠯᠡᠴᠢᠯᠡᠭᠡ ᠦᠵᠡᠭᠦᠯᠵᠦ ᠪᠠᠶᠢᠨ᠎ᠠ᠃ 1975 ᠣᠨ ᠳᠤ ᠪᠠᠶᠢᠭᠤᠯᠤᠭᠳᠠᠭᠰᠠᠨ ᠴᠠᠭ ᠠᠭᠤᠷ ᠤᠨ ᠰᠲ᠋ᠠᠨᠼ ᠨᠢ 1989 ᠣᠨ ᠳᠤ 《ᠮᠥᠩᠬᠡᠢᠬᠠᠶᠢᠷᠬᠠᠨ ᠰᠲ᠋ᠠᠨᠼ》 ᠨᠡᠷ᠎ᠡ ᠲᠡᠢ ᠪᠣᠯᠵᠤ᠂ ᠬᠥᠳᠡᠭᠡ ᠶᠢᠨ ᠮᠠᠯᠴᠢᠳ᠂ ᠢᠷᠭᠡᠳ ᠲᠦ ᠴᠠᠭ ᠠᠭᠠᠷ ᠤᠨ ᠮᠡᠳᠡᠭᠡ ᠶᠢ ᠰᠢᠭᠤᠷᠬᠠᠢ ᠳᠠᠮᠵᠢᠭᠤᠯᠵᠤ ᠪᠠᠶᠢᠨ᠎ᠠ᠃ 1998 ᠣᠨ ᠠᠴᠠ 《ᠴᠡᠩᠬᠡᠷ ᠦᠨ ᠳᠣᠯᠭᠢᠶ᠎ᠠ》, 2002 ᠣᠨ ᠠᠴᠠ 《ᠮᠥᠩᠬᠡᠢᠬᠠᠶᠢᠷᠬᠠᠨ ᠴᠠᠷᠴᠠᠭ᠎ᠠ》 ᠨᠡᠷ᠎ᠡ ᠲᠡᠢ ᠬᠣᠶᠠᠷ ᠮᠠᠯ ᠡᠮᠨᠡᠯᠭᠡ ᠠᠵᠢᠯᠯᠠᠵᠤ 80 ᠮᠢᠩᠭ᠎ᠠ ᠭᠠᠷᠤᠢ ᠮᠠᠯᠦᠲ᠋ᠠ ᠮᠠᠯ ᠡᠮᠨᠡᠯᠭᠡ ᠶᠢᠨ ᠦᠢᠯᠡᠴᠢᠯᠡᠭᠡ ᠦᠵᠡᠭᠦᠯᠵᠦ ᠪᠠᠶᠢᠭ᠎ᠠ ᠶᠤᠮ᠃

ᠱᠠᠰᠢᠨ ᠰᠢᠲᠦᠯᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠥᠭᠡ ᠮᠥᠷᠭᠥᠯ᠂ ᠪᠤᠳ᠋ᠳ᠋ᠾᠠ ᠶᠢᠨ ᠱᠠᠰᠢᠨ ᠰᠢᠲᠦᠯᠭᠡ ᠲᠡᠢ᠃ ᠠᠯᠠᠭ ᠪᠠᠭ ᠤᠨ ᠢᠷᠭᠡᠨ ᠷᠢᠮᠡᠳ ᠦᠨ ᠪᠠᠯᠳᠠᠨᠵᠠᠪ 2004 ᠣᠨ ᠳᠤ ᠳᠠᠰᠢᠪᠠᠯᠵᠢᠷ ᠬᠡᠶᠢᠳ ᠢ ᠪᠠᠶᠢᠭᠤᠯᠤᠭᠰᠠᠨ ᠠᠴᠠ ᠬᠣᠶᠢᠰᠢ ᠬᠣᠶᠠᠷ ᠰᠢᠪ ᠦᠨ ᠬᠠᠮᠲᠤ ᠪᠠᠷ ᠥᠨᠥ ᠶᠢ ᠬᠦᠷᠲᠡᠯ᠎ᠡ ᠲᠣᠭᠲᠠᠮᠠᠯ ᠦᠢᠯᠡ ᠠᠵᠢᠯᠯᠠᠭ᠎ᠠ ᠶᠠᠪᠤᠭᠤᠯᠵᠤ ᠪᠠᠶᠢᠨ᠎ᠠ᠃ ᠪᠢᠯᠢᠭ ᠦᠨ ᠲᠣᠭᠠᠯᠠᠯ ᠤᠨ ᠰᠠᠷ᠎ᠠ ᠪᠦᠷᠢ ᠶᠢᠨ 29 ᠍ ᠳᠦ ᠭᠣᠣᠯ ᠰᠢᠲᠦᠭᠡᠨ ᠢᠶᠡᠨ ᠵᠠᠯᠠᠵᠤ ᠬᠤᠷᠠᠯ ᠬᠤᠷᠠᠳᠠᠭ᠃ ᠬᠡᠶᠢᠳ ᠦᠨ ᠭᠣᠣᠯ ᠰᠢᠲᠦᠭᠡᠨ ᠨᠢ ᠭᠣᠮᠪᠣ᠂ ᠮᠠᠾᠠᠭᠠᠯᠠ ᠪᠤᠷᠬᠠᠨ᠃ 2006 ᠣᠨ ᠳᠤ ᠲᠤᠰ ᠬᠡᠶᠢᠳ ᠲᠦ ᠭᠠᠨᠵᠤᠤᠷ ᠤᠨ 108 ᠪᠣᠲᠢ ᠬᠥᠯᠭᠡᠨ ᠰᠤᠳᠤᠷ ᠢ ᠵᠠᠯᠠᠵᠠᠢ᠃

ᠠᠰᠢᠭᠲᠤ ᠮᠠᠯᠲᠠᠮᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠨᠲᠢᠭ᠂ ᠤᠰᠤᠨ ᠪᠣᠯᠣᠷ᠂ ᠬᠠᠶᠢᠯᠤᠭᠤᠷ ᠵᠣᠩᠰᠢ᠂ ᠭᠢᠯᠲᠠᠭᠠᠨᠠᠭᠤᠷ᠂ ᠰᠢᠷᠤᠶᠢᠨ ᠪᠤᠳᠤᠭ ᠵᠡᠷᠭᠡ ᠠᠰᠢᠭᠲᠤ ᠮᠠᠯᠲᠠᠮᠠᠯ ᠲᠠᠢ᠃

ᠲᠡᠦᠬᠡ ᠶᠢᠨ ᠳᠤᠷᠠᠰᠬᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠢᠭᠤᠷᠬᠠᠢ ᠶᠢᠨ ᠠᠮᠠᠨ ᠤ ᠬᠦᠮᠦᠨ ᠴᠢᠯᠠᠭᠤᠨ ᠬᠥᠰᠢᠶ᠎ᠡ

ᠳᠣᠯᠣᠭᠠᠨ ᠨᠠᠭᠤᠷ ᠤᠨ ᠤᠯᠠᠭᠠᠨ ᠲᠣᠯᠣᠭᠠᠢ ᠶᠢᠨ ᠬᠠᠳᠠᠨ ᠤ ᠪᠢᠴᠢᠭᠡᠰᠦ᠂ ᠳ᠋ᠣᠣ ᠳᠤ ᠤᠯᠠᠭᠠᠨ ᠭᠣᠪᠢ ᠶᠢᠨ ᠠᠮᠠᠨ ᠤ ᠬᠦᠮᠦᠨ ᠴᠢᠯᠠᠭᠤ ᠳᠤ᠂ ᠳᠣᠯᠣᠭᠠᠨ ᠨᠠᠭᠤᠷ ᠤᠨ ᠬᠦᠮᠦᠨ ᠴᠢᠯᠠᠭᠤ ᠳᠤ᠂ ᠰᠢᠭᠤᠷᠬᠠᠢ ᠶᠢᠨ ᠠᠮᠠᠨ ᠤ ᠬᠦᠮᠦᠨ ᠴᠢᠯᠠᠭᠤᠨ ᠬᠥᠰᠢᠶ᠎ᠡ᠂ ᠬᠠᠷ᠎ᠠ ᠭᠣᠪᠢ ᠶᠢᠨ ᠪᠤᠭᠤᠨ ᠴᠢᠯᠠᠭᠤᠨ ᠬᠥᠰᠢᠶ᠎ᠡ ᠳᠦ᠂ ᠲᠡᠯᠡᠩᠭᠢᠳ ᠦᠨ ᠠᠮᠠᠨ ᠤ ᠬᠥᠰᠢᠶ᠎ᠡ ᠵᠡᠷᠭᠡ ᠡᠷᠲᠡᠨ ᠦ ᠲᠡᠦᠬᠡ ᠶᠢᠨ ᠳᠤᠷᠠᠰᠬᠠᠯ ᠤᠳ ᠪᠤᠢ᠃ ᠡᠳᠡᠭᠡᠷ ᠡᠴᠡ ᠤᠯᠠᠭᠠᠨ ᠲᠣᠯᠣᠭᠠᠢ ᠶᠢᠨ ᠪᠢᠴᠢᠭᠡᠰᠦ ᠨᠢ ᠮᠣᠩᠭᠣᠯ ᠣᠷᠣᠨ ᠤ ᠨᠤᠲᠤᠭ ᠠᠴᠠ ᠣᠯᠳᠠᠵᠤ ᠪᠤᠢ ᠠᠩᠬᠠᠨ ᠤ ᠪᠢᠴᠢᠭ ᠦᠨ ᠳᠤᠷᠠᠰᠬᠠᠯ ᠪᠣᠯᠵᠤ ᠪᠠᠶᠢᠭ᠎ᠠ ᠪᠠᠷ ᠢᠶᠠᠨ ᠴᠢᠬᠤᠯᠠ ᠠᠴᠢ ᠬᠣᠯᠪᠣᠭᠳᠠᠯ ᠲᠠᠢ ᠤᠴᠢᠷ 1990 ᠣᠨ ᠳᠤ ᠤᠯᠤᠰ ᠤᠨ ᠲᠤᠰᠬᠠᠢ ᠬᠠᠮᠠᠭᠠᠯᠠᠯᠲᠠᠨ ᠳᠤ ᠠᠪᠴᠠᠢ᠃ ᠪᠤᠰᠤᠳ ᠨᠢ ᠠᠶᠢᠮᠠᠭ ᠤᠨ ᠪᠣᠯᠤᠨ ᠣᠷᠣᠨ ᠨᠤᠲᠤᠭ ᠤᠨ ᠬᠠᠮᠠᠭᠠᠯᠠᠯᠲᠠ ᠳᠤ ᠪᠤᠢ᠃

ᠪᠠᠭ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠯᠠᠭ ᠪᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠤᠲᠤᠭ ᠳᠡᠪᠢᠰᠬᠡᠷ ᠨᠢ 90 ᠮᠢᠩᠭᠠᠨ ᠭᠠ᠃ ᠰᠡᠩᠬᠡᠷ ᠦᠨ ᠭᠣᠣᠯ ᠤᠨ ᠰᠠᠪᠠ ᠭᠠᠵᠠᠷ ᠤᠨ ᠨᠡᠯᠢᠶᠡᠳ ᠬᠡᠰᠡᠭ ᠢ ᠬᠠᠮᠤᠷᠳᠠᠭ᠂ ᠬᠠᠳᠤᠯᠠᠩ ᠤᠨ ᠲᠠᠯᠠᠪᠠᠢ ᠶᠡᠬᠡ ᠲᠡᠢ᠃ ᠲᠤᠰ ᠪᠠᠭ ᠤᠨ ᠪᠠᠶᠢᠭᠠᠯᠢ ᠶᠢᠨ ᠦᠵᠡᠰᠬᠦᠯᠡᠩᠲᠦ ᠭᠠᠵᠠᠷ ᠪᠢᠲᠡᠭᠦᠦ ᠨᠠᠭᠤᠷ ᠤᠨ ᠣᠢ ᠶᠢᠨ ᠰᠠᠪᠠ ᠭᠠᠵᠠᠷ ᠢ 1990 ᠣᠨ ᠳᠤ ᠣᠷᠣᠨ ᠨᠤᠲᠤᠭ ᠤᠨ ᠬᠠᠮᠠᠭᠠᠯᠠᠯᠲᠠ ᠳᠤ ᠠᠪᠴᠠᠢ᠃

ᠪᠣᠷᠣ ᠳᠤ ᠪᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠤᠮᠤ ᠶᠢᠨ ᠲᠥᠪ ᠡᠴᠡ ᠪᠠᠷᠠᠭᠤᠨ ᠤᠷᠤᠭᠰᠢ 18 ᠺᠢᠯᠣᠮᠧᠲ᠋ᠷ ᠲᠤ ᠣᠷᠣᠰᠢᠳᠠᠭ ᠪᠥᠭᠡᠳ 68.2 ᠮᠢᠩᠭᠠᠨ ᠭᠠ ᠨᠤᠲᠤᠭ ᠲᠠᠢ᠃ ᠳᠠᠯᠠᠢ ᠶᠢᠨ ᠲᠦᠪᠰᠢᠨ ᠡᠴᠡ 4362 ᠮᠧᠲ᠋ᠷ ᠡᠷᠭᠦᠭᠳᠡᠭᠰᠡᠨ ᠮᠥᠩᠬᠡ ᠴᠠᠰᠤᠲᠤ ᠮᠥᠩᠬᠡᠢᠬᠠᠶᠢᠷᠬᠠᠨ ᠠᠭᠤᠯᠠ ᠣᠷᠣᠰᠢᠳᠠᠭ᠂ ᠠᠶᠠᠯᠠᠯ ᠵᠢᠭᠤᠯᠴᠢᠯᠠᠯ ᠬᠥᠭᠵᠢᠭᠦᠯᠬᠦ ᠳᠤ ᠲᠠᠭᠠᠲᠠᠢ ᠪᠥᠰᠡ ᠨᠤᠲᠤᠭ ᠶᠤᠮ᠃

ᠬᠠᠭ ᠪᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠡᠶᠢᠲᠡ 65.5 ᠮᠢᠩᠭᠠᠨ ᠭᠠ ᠨᠤᠲᠤᠭᠲᠠᠢ ᠶᠢᠨ 30 ᠬᠤᠪᠢ ᠨᠢ ᠤᠯᠤᠰ ᠤᠨ ᠲᠤᠰᠬᠠᠢ ᠬᠠᠮᠠᠭᠠᠯᠠᠯᠲᠠ ᠲᠠᠢ ᠪᠥᠰᠡ ᠳᠦ ᠬᠠᠮᠤᠷᠤᠭᠳᠠᠳᠠᠭ᠃ ᠡᠨᠳᠡᠬᠢ ᠶᠢᠨ ᠳᠣᠯᠣᠭᠠᠨ ᠨᠠᠭᠤᠷ ᠤᠨ ᠬᠠᠳᠠᠨ ᠤ ᠪᠢᠴᠢᠭᠡᠰᠦ ᠶᠢ 1990 ᠣᠨ ᠳᠤ ᠤᠯᠤᠰ ᠤᠨ ᠬᠠᠮᠠᠭᠠᠯᠠᠯᠲᠠ ᠳᠤ ᠠᠪᠴᠠᠢ᠃

ᠰᠡᠩᠬᠡᠷᠡ ᠪᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

36.7 ᠮᠢᠩᠭᠠᠨ ᠭᠠ ᠭᠠᠵᠠᠷ ᠨᠤᠲᠤᠭ ᠲᠠᠢ᠂ ᠰᠤᠮᠤ ᠶᠢᠨ ᠲᠥᠪ ᠦᠨ ᠪᠠᠭ ᠶᠤᠮ᠃

ᠠᠯᠲᠠᠢ ᠶᠢᠨ ᠤᠷᠢᠶᠠᠩᠬᠠᠶᠢᠴᠤᠳ ᠤᠨ ᠰᠤᠶᠤᠯ᠂ ᠶᠣᠰᠣ ᠵᠠᠩᠰᠢᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠯᠳᠠᠷᠲᠠᠨ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠪ᠃ᠠᠪᠤᠷᠢᠮᠡᠳ᠃ ᠲᠥᠷᠥ ᠶᠢᠨ ᠰᠣᠶᠣᠷᠬᠠᠯ ᠳᠤ ᠲᠤᠤᠯᠢᠴᠢ
  • ᠣ᠃ᠪᠠᠲᠤᠰᠦ᠋ᠬᠡ᠃ ᠮᠣᠩᠭᠣᠯ ᠤᠯᠤᠰ ᠤᠨ ᠬᠦᠮᠦᠨ ᠦ ᠭᠠᠪᠢᠶ᠎ᠠ ᠳᠤ ᠡᠮᠴᠢ
  • ᠭ᠃ᠰᠡᠭᠰᠡᠭᠡᠷ᠃ ᠳ᠋ᠢᠫᠯᠣᠮᠠᠲ᠋ᠴᠢ᠂ ᠭᠠᠳᠠᠭᠠᠳᠤ ᠬᠠᠷᠢᠯᠴᠠᠭᠠᠨ ᠤ ᠨᠡᠷ᠎ᠡ ᠲᠡᠢ ᠵᠢᠳᠬᠦᠯᠲᠡᠨ
  • ᠭ᠃ᠳᠠᠰᠢᠭᠠᠨ᠃ ᠮᠣᠩᠭᠣᠯ ᠤᠯᠤᠰ ᠤᠨ ᠭᠠᠪᠢᠶ᠎ᠠ ᠳᠤ ᠪᠠᠭᠰᠢ᠂ ᠳᠤᠭᠤᠢ ᠶᠢᠨ ᠰᠫᠣᠷᠲ ᠤᠨ ᠮᠠᠰᠲ᠋ᠸᠷ
  • ᠪ᠃ᠡᠷᠬᠢᠮᠪᠠᠶᠠᠷ᠃ ᠤᠤᠯ ᠤᠨ ᠰᠫᠣᠷᠲ ᠤᠨ ᠮᠠᠰᠲ᠋ᠸᠷ
  • ᠴ᠃ᠪᠥᠬᠡ ᠪᠡᠨ᠃ ᠬᠥᠩᠭᠡᠨ ᠠᠲᠯᠧᠲ᠋ᠢᠭ ᠤᠨ ᠰᠫᠣᠷᠲ ᠤᠨ ᠮᠠᠰᠲ᠋ᠸᠷ
  • ᠴ᠃ᠣᠯᠠᠳᠬᠤ᠃ ᠤᠯᠤᠰ ᠤᠨ ᠠᠪᠤᠷᠭᠤ ᠮᠠᠯᠴᠢᠨ
  • ᠮ᠃ᠪᠠᠲᠤᠲᠤᠯᠭ᠎ᠠ᠃ ᠤᠯᠤᠰ ᠤᠨ ᠠᠪᠤᠷᠭᠤ ᠮᠠᠯᠴᠢᠨ
  • ᠵ᠃ᠨᠠᠮᠰᠠᠷᠠᠢ᠃ ᠭᠠᠪᠢᠶ᠎ᠠ ᠳᠤ ᠲᠡᠭᠡᠭᠡᠪᠦᠷᠢᠴᠢᠨ
  • ᠭ᠃ᠮᠥᠩᠬᠡᠳᠠᠪᠠ᠃ ᠰᠫᠣᠷᠲ ᠤᠨ ᠮᠠᠰᠲ᠋ᠸᠷ
  • ᠮ᠃ᠥᠯᠵᠡᠶᠢᠲᠣᠭᠲᠠᠬᠤ᠃ ᠡᠷᠳᠡᠮᠲᠡᠨ᠂ ᠳ᠋ᠣᠺᠲ᠋ᠣᠷ
  • ᠱ᠃ᠠᠳᠢᠰᠢᠭ᠎ᠠ᠃ ᠤᠯᠤᠰ ᠲᠥᠷᠦᠴᠢ᠂ ᠪᠢᠽᠢᠨ᠋ᠧᠰᠮᠡᠨ
  • ᠪ᠃ᠪᠠᠶᠠᠩᠮᠥᠶᠢᠩᠬᠡ᠃ ᠠᠶᠢᠮᠠᠭ ᠤᠨ ᠠᠷᠰᠯᠠᠨ᠂ ᠵᠢᠦ᠋ᠳᠣ᠋ ᠪᠥᠬᠡ ᠶᠢᠨ ᠰᠫᠣᠷᠲ ᠤᠨ ᠮᠠᠰᠲ᠋ᠸᠷ

ᠡᠬᠢ ᠰᠤᠷᠪᠤᠯᠵᠢ[ᠵᠠᠰᠠᠪᠤᠷᠢᠯᠠᠬᠤ | ᠺᠣᠳ᠋ ᠢᠶᠠᠷ ᠵᠠᠰᠠᠬᠣ]

  1. ᠮᠣᠩᠭᠣᠯ ᠤᠯᠤᠰ ᠤᠨ 2010 ᠣᠨ ᠤ ᠬᠦᠮᠦᠨ ᠠᠮᠠ ᠶᠢᠨ ᠲᠣᠭᠠᠯᠠᠯᠭ᠎ᠠ ᠶᠢᠨ ᠳᠦᠩ (ᠰᠤᠮᠤ᠂ ᠳᠡᠭᠦᠷᠭᠡ ᠪᠡᠷ)
  2. ᠬᠣᠪᠳᠣ ᠠᠶᠢᠮᠠᠭ ᠤᠨ ᠰᠲ᠋ᠠᠲ᠋ᠢᠰᠲ᠋ᠢᠭ ᠤᠨ ᠬᠡᠯᠲᠡᠰ᠃ ᠬᠣᠪᠳᠣ ᠠᠶᠢᠮᠠᠭ ᠤᠨ ᠨᠡᠶᠢᠭᠡᠮ᠂ ᠡᠳ᠋ ᠍ ᠦᠨ ᠵᠠᠰᠠᠭ ᠤᠨ 2011 ᠣᠨ ᠤ ᠲᠠᠨᠢᠯᠴᠠᠭᠤᠯᠭ᠎ᠠ
  3. http://goakim.wordpress.com/2012/03/01/%D1%86%D0%B0%D1%81%D1%82-%D1%86%D0%B0%D0%B3%D0%B0%D0%B0%D0%BD-%D1%83%D1%83%D0%BB-%D1%86%D0%B0%D0%B4%D0%B8%D0%B3-%D1%82%D2%AF%D2%AF%D1%85-%D1%85%D2%AF%D2%AF%D1%80%D0%BD%D1%8D%D0%BB%D1%8D%D1%8D_01/ ᠭ᠃ᠠᠺᠢᠮ᠃ "ᠲᠤᠤᠯᠢᠰ ᠬᠠᠶᠢᠯᠠᠳᠠᠭ ᠠᠤᠯᠠᠯᠠᠰ" ᠨᠣᠮ ᠤᠨ "ᠴᠠᠰᠤᠲᠤ ᠴᠠᠭᠠᠨ ᠠᠭᠤᠯᠠ ᠴᠠᠳᠢᠭ ᠲᠡᠦᠬᠡ ᠬᠦᠦᠷᠨᠢᠯ ᠢᠶᠡᠨ" ᠪᠦᠯᠦᠭ ᠡᠴᠡ᠃
  4. http://www.khovd.gov.mn/home/index.php?option=com_content&view=article&id=502&Itemid=399 ᠬᠣᠪᠳᠣ ᠠᠶᠢᠮᠠᠭ ᠤᠨ ᠠᠯᠪᠠᠨ ᠶᠣᠰᠣᠨ ᠤ ᠸᠪᠰᠠᠢ ᠳᠤ᠃ ᠮᠥᠩᠬᠡᠢᠬᠠᠶᠢᠷᠬᠠᠨ ᠰᠤᠮᠤ᠃ ᠠᠭᠤᠷ ᠠᠮᠢᠰᠬᠤᠯ ᠤᠨ ᠪᠠᠶᠢᠳᠠᠯ᠃
  5. http://www.khovd.gov.mn/home/index.php?option=com_content&view=article&id=502&Itemid=399 ᠬᠣᠪᠳᠣ ᠠᠶᠢᠮᠠᠭ ᠤᠨ ᠠᠯᠪᠠᠨ ᠶᠣᠰᠣᠨ ᠤ ᠸᠪᠰᠠᠢ ᠳᠤ᠃ ᠮᠥᠩᠬᠡᠢᠬᠠᠶᠢᠷᠬᠠᠨ ᠰᠤᠮᠤ᠃ ᠪᠠᠶᠢᠭᠠᠯᠢ ᠶᠢᠨ ᠪᠠᠶᠠᠯᠢᠭ᠂ ᠲᠡᠦᠬᠡ ᠳᠤᠷᠠᠰᠬᠠᠯ ᠤᠨ ᠪᠣᠯᠤᠨ ᠦᠵᠡᠰᠬᠦᠯᠡᠩᠲᠦ ᠭᠠᠵᠠᠷ ᠤᠳ᠃
  6. http://goakim.wordpress.com/2012/03/01/%D1%86%D0%B0%D1%81%D1%82-%D1%86%D0%B0%D0%B3%D0%B0%D0%B0%D0%BD-%D1%83%D1%83%D0%BB-%D1%86%D0%B0%D0%B4%D0%B8%D0%B3-%D1%82%D2%AF%D2%AF%D1%85-%D1%85%D2%AF%D2%AF%D1%80%D0%BD%D1%8D%D0%BB%D1%8D%D1%8D_01/ ᠭ᠃ᠠᠺᠢᠮ᠃ "ᠲᠤᠤᠯᠢᠰ ᠬᠠᠶᠢᠯᠠᠳᠠᠭ ᠠᠤᠯᠠᠯᠠᠰ" ᠨᠣᠮ ᠤᠨ "ᠴᠠᠰᠤᠲᠤ ᠴᠠᠭᠠᠨ ᠠᠭᠤᠯᠠ ᠴᠠᠳᠢᠭ ᠲᠡᠦᠬᠡ ᠬᠦᠦᠷᠨᠢᠯ ᠢᠶᠡᠨ" ᠪᠦᠯᠦᠭ ᠡᠴᠡ᠃
  7. http://mercycorps.org.mn/beta/documents/publications/ledplan/2010/HO-Munhhairhan.pdf ᠮᠥᠩᠬᠡᠢᠬᠠᠶᠢᠷᠬᠠᠨ ᠰᠤᠮᠤ ᠶᠢᠨ ᠨᠡᠶᠢᠭᠡᠮ ᠡᠳ᠋ ᠍ ᠦᠨ ᠵᠠᠰᠠᠭ ᠤᠨ ᠬᠥᠭᠵᠢᠯ ᠦᠨ ᠮᠠᠰᠲ᠋ᠸᠷ ᠲᠥᠯᠥᠪᠯᠡᠭᠡ

ᠨᠣᠮ ᠵᠣᠬᠢᠶᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  • "ᠠᠯᠲᠠᠢ ᠶᠢᠨ ᠤᠷᠢᠶᠠᠩᠬᠠᠢ ᠶᠢᠨ ᠤᠭᠰᠠᠭᠠᠲᠠᠨ ᠤ ᠵᠦᠢ" ᠭ᠃ᠵᠣᠯᠪᠠᠶᠠᠷ᠂ ᠮ᠃ᠭᠠᠩᠪᠣᠯᠣᠳ᠂ ᠪ᠃ᠥᠮᠢᠷᠪᠧᠺ᠂ ᠪ᠃ᠵᠢᠷᠭᠠᠯᠰᠠᠶᠢᠬᠠᠨ᠂᠎ᠠ᠃ᠭᠠᠩᠲᠤᠯᠭ᠎ᠠ᠂ ᠨ᠃ᠡᠷᠳᠡᠨᠢᠪᠠᠶᠠᠷ᠂ ᠪ᠃ᠦᠷᠠᠨᠪᠢᠯᠢᠭ᠃ 2006. ᠤᠯᠠᠭᠠᠨᠪᠠᠭᠠᠲᠤᠷ ᠬᠣᠲᠠ᠃ ISBN 978-99973-41-27-3

ᠪᠢᠴᠢᠭᠡᠰᠦ