ᠮᠤᠩᠭᠤᠯ ᠪᠦᠬᠦᠩ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠤᠩᠭᠤᠯ ᠪᠦᠬᠦᠩ

ᠮᠤᠩᠭᠤᠯ ᠪᠦᠬᠦᠩ

ᠲᠤᠪᠴᠢ ᠪᠠᠶᠢᠳᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠣᠷᠣᠨ ᠳᠤ ᠠᠩᠬᠠᠨ ᠠᠴᠠ ᠪᠠᠨ ᠪᠠᠶᠢᠭᠰᠠᠨ ᠲᠥᠷᠥᠯ ᠵᠦᠢᠯ ᠦᠨ ᠠᠮᠢᠲᠠᠨ ᠪᠤᠯᠤᠨ᠎ ᠠ᠃ ᠳᠡᠯᠡᠬᠡᠢ ᠶᠢᠨ ᠪᠠᠶᠢᠭᠠᠯᠢ ᠶᠢᠨ ᠬᠠᠮᠠᠭᠠᠯᠠᠯᠲᠠ ᠶᠢᠨ ᠰᠠᠩ(世界自然保护联盟) ᠤᠨ ᠤᠯᠠᠭᠠᠨ ᠳᠠᠩᠰᠠᠨ ᠳᠤ ᠲᠡᠮᠳᠡᠭᠯᠡᠭᠳᠡᠵᠤ ᠪᠤᠢ ᠳᠡᠯᠡᠬᠡᠢ ᠳᠡᠭᠡᠷ᠎ ᠡ ᠲᠤᠩ ᠬᠣᠪᠣᠷᠳᠠᠭᠰᠠᠨ ᠮᠦᠷᠲᠡᠭᠡᠨ᠂ ᠤᠰᠠᠳᠴᠤ ᠪᠣᠯᠣᠰᠢ ᠦᠭᠡᠢ ᠠᠮᠢᠲᠠᠨ ᠤ ᠠᠶᠢᠮᠠᠭ ᠲᠤ ᠪᠠᠭᠲᠠᠭᠰᠠᠨ ᠪᠥᠭᠡᠳ ᠮᠣᠩᠭᠣᠯ ᠣᠷᠣᠨ ᠤ ᠬᠡᠪᠴᠢᠶᠡᠨ ᠳᠦ ᠮᠥᠬᠦᠬᠦ ᠮᠠᠭᠠᠳᠯᠠᠯ ᠶᠢᠡᠷ ᠥᠨᠳᠥᠷ  ᠪᠤᠯᠤᠭᠰᠠᠨ ᠠᠮᠢᠲᠠᠨ ᠤ ᠲᠣᠭᠠᠨ ᠳᠤ ᠪᠠᠭᠲᠠᠭᠰᠠᠨ ᠪᠠᠶᠢᠨ᠎ᠠ [1]᠃ ᠪᠥᠬᠥᠩ ᠤᠨ ᠲᠠᠷᠬᠠᠨ ᠠᠮᠢᠳᠤᠷᠠᠳᠠᠭ ᠳᠡᠯᠡᠬᠡᠢ ᠶᠢᠨ ᠪᠦᠬᠦ ᠤᠯᠤᠰ ᠣᠷᠣᠨ ᠤ ᠵᠠᠰᠠᠭ ᠵᠠᠬᠢᠷᠭ᠎ᠠ᠂ ᠰᠢᠨᠵᠢᠯᠡᠬᠦ ᠤᠬᠠᠭᠠᠨ ᠤ ᠬᠦᠷᠢᠶᠡᠯᠡᠩ ᠤᠳ᠂ ᠣᠯᠠᠨ ᠤᠯᠤᠰ ᠤᠨ ᠪᠠᠶᠢᠭᠤᠯᠤᠯᠭ᠎ᠠ ᠤᠳ᠂ ᠲᠥᠷᠥ ᠶᠢᠨ ᠪᠠ ᠲᠥᠷᠥ ᠶᠢᠨ ᠪᠤᠰᠤ ᠪᠠᠶᠢᠭᠤᠯᠤᠯᠭ᠎ᠠ ᠨᠤᠭᠤᠳ ᠪᠣᠯᠤᠨ ᠲᠥᠯᠦᠭᠡᠯᠡᠭᠴᠢᠳ ᠣᠷᠣᠯᠴᠠᠭᠰᠠᠨ ᠡᠷᠳᠡᠮ ᠰᠢᠨᠵᠢᠯᠡᠭᠡᠨ ᠦ ᠣᠯᠠᠨ ᠤᠯᠤᠰ ᠤᠨ ᠬᠠᠮᠲᠤᠷᠠᠭᠰᠠᠨ ᠬᠤᠷᠠᠯ ᠤᠯᠠᠭᠠᠨᠪᠠᠭᠠᠲᠤᠷ ᠬᠣᠳᠠ ᠳᠤ 2010 ᠤᠨ ᠳᠤ ᠪᠣᠯᠤᠭᠰᠠᠨ ᠪᠥᠭᠡᠳ ᠮᠣᠩᠭᠣᠯ ᠪᠥᠬᠥᠩ ᠢ ᠪᠤᠰᠤᠳ ᠪᠥᠬᠦᠩ ᠡᠴᠡ ᠲᠤᠰ ᠲᠤ ᠪᠠᠨ ᠪᠡᠶ᠎ᠡ ᠳᠠᠭᠠᠭᠰᠠᠨ ᠲᠥᠷᠦᠯ ᠠᠩᠭᠢ(Saiga borealis) ᠭᠡᠳᠡᠭ ᠢ ᠨᠢ ᠬᠦᠯᠢᠶᠡᠨ ᠵᠥᠪᠰᠢᠶᠡᠷᠡᠵᠦ᠂ ᠣᠯᠠᠨ ᠤᠯᠤᠰ ᠤᠨ ᠭᠡᠷ᠎ᠡ᠂ ᠲᠡᠮᠳᠡᠭᠯᠡᠯ ᠢ ᠰᠢᠨᠡᠴᠢᠯᠡᠨ ᠪᠠᠶᠢᠭᠤᠯᠵᠤ ᠨᠠᠶᠢᠷᠠᠭᠤᠯᠤᠭᠰᠠᠨ ᠶᠤᠮ [2]

ᠭᠠᠳᠠᠷ ᠲᠥᠷᠬᠥ᠂ ᠰᠢᠨᠵᠢ ᠴᠢᠨᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

116 cm ᠤᠷᠴᠢᠮ ᠤᠷᠲᠤ ᠪᠡᠶ᠎ᠡ ᠲᠡᠢ ᠂ ᠵᠣ᠋ ᠶᠢᠨ ᠥᠨᠳᠥᠷ ᠨᠢ 75 cm ᠤᠷᠴᠢᠮ ᠪᠠᠶᠢᠳᠠᠭ ᠪᠥᠭᠡᠳ ᠪᠡᠶ᠎ᠡ ᠶᠢᠨ ᠬᠦᠨᠳᠦ ᠨᠢ 32 kg ᠬᠦᠷᠲᠡᠭ᠃ ᠰᠡᠭᠦᠯ ᠤᠨ ᠤᠷᠲᠤ ᠨᠢ 25 cm᠂ ᠴᠠᠶᠢᠪᠤᠷ ᠰᠢᠷᠭᠠᠯ ᠵᠢᠰᠦ ᠲᠡᠢ᠂ ᠬᠣᠣᠰ ᠱᠣᠷᠤᠨ ᠡᠪᠡᠷ ᠲᠡᠢ᠃ ᠡᠮ ᠡ ᠪᠥᠬᠥᠩ ᠨᠢ ᠡᠪᠡᠷ ᠦᠭᠡᠢ᠃ ᠵᠤᠨ ᠤ ᠤᠯᠠᠷᠢᠯ ᠳᠤ ᠤᠯᠠᠭᠠᠨ ᠰᠢᠷᠭᠠᠯ᠂ ᠡᠪᠦᠯ ᠤᠨ ᠤᠯᠠᠷᠢᠯ ᠳᠤ ᠴᠠᠶᠢᠪᠤᠷ ᠰᠠᠷᠠᠯ᠂ ᠨᠢᠯᠬ᠎ᠠ ᠢᠨᠵᠠᠭ᠎ᠠ ᠨᠢ ᠪᠣᠷᠣ ᠬᠦᠷᠡᠩ ᠵᠢᠰᠦ ᠲᠡᠢ ᠪᠠᠶᠢᠳᠠᠭ᠃ ᠬᠥᠵᠦᠭᠦᠦ ᠪᠡᠨ ᠤᠷᠤᠭᠰᠢ ᠰᠤᠩᠭᠠᠨ᠂ ᠲᠣᠯᠣᠭᠠᠢ ᠪᠠᠨ ᠭᠤᠳᠤᠶᠢᠯᠭᠠᠨ ᠪᠦᠬᠦᠶᠢᠵᠦ᠂ ᠴᠠᠭ ᠲᠤ 60-70 km ᠬᠦᠷᠲᠡᠯ᠎ᠡ ᠬᠤᠷᠳᠤᠯᠠᠨ ᠳᠠᠪᠬᠢᠳᠠᠭ᠃

ᠲᠠᠷᠬᠠᠴᠠ᠂ ᠪᠠᠶᠢᠷᠢᠰᠢᠯ ᠨᠤᠲᠤᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠣᠷᠢᠳᠤᠭᠠᠷ ᠵᠠᠭᠤᠨ ᠶᠢᠡᠷ ᠪᠥᠬᠥᠩ ᠨᠢ ᠮᠤᠩᠭᠤᠯ ᠤᠯᠤᠰ ᠤᠨ ᠤᠪᠰᠤ ᠨᠠᠭᠤᠷ ᠤᠨ ᠬᠣᠲᠣᠭᠣᠷ ᠠᠴᠠ ᠤᠯᠠᠭᠠᠨ ᠨᠠᠭᠤᠷ᠂  ᠶᠡᠬᠡ ᠨᠠᠭᠤᠷ ᠤᠨ ᠬᠣᠩᠬᠣᠷ ᠠᠴᠠ᠂  ᠨᠠᠭᠤᠷ ᠤᠳ ᠤᠨ ᠬᠥᠨᠳᠡᠢ ᠶᠢᠨ ᠡᠯᠡᠰᠦᠷᠬᠡᠭ ᠬᠡᠭᠡᠷ᠎ᠡ ᠲᠠᠷᠬᠠᠨ ᠢᠳᠡᠰᠢᠯᠡᠵᠦ ᠨᠤᠲᠤᠭᠰᠢᠵᠤ ᠪᠠᠶᠢᠪᠠ [3]᠃ ᠮᠢᠩᠭ᠎ᠠ ᠶᠢᠰᠦᠨ ᠵᠠᠭᠤᠨ ᠶᠡᠷᠡᠭᠡᠳ ᠤᠨ ᠤ ᠦᠶ᠎ᠡ ᠪᠡᠷ ᠨᠡᠶᠢᠲᠡ ᠲᠠᠷᠬᠠᠨ ᠪᠠᠶᠢᠭᠰᠠᠨ ᠭᠠᠵᠠᠷ ᠨᠤᠲᠤᠭ ᠤᠨ ᠢᠶᠠᠨ ᠬᠣᠷᠢᠭᠠᠳ ᠬᠤᠪᠢ ᠲᠠᠢ ᠲᠡᠩᠴᠡᠬᠦ ᠬᠡᠮᠵᠢᠶᠡᠨ ᠦ ᠦᠨᠳᠦᠰᠦᠨ ᠬᠣᠶᠠᠷᠬᠠᠨ ᠭᠠᠵᠠᠷ ᠨᠤᠲᠤᠭ ᠲᠤ ᠮᠣᠩᠭᠣᠯ ᠪᠥᠬᠥᠩ ᠤᠳ ᠰᠠᠭᠤᠷᠢᠰᠢᠨ ᠠᠮᠢᠳᠤᠷᠠᠵᠤ ᠪᠠᠶᠢᠪᠠ᠃ ᠲᠡᠭᠦᠨ ᠦ ᠨᠢᠭᠡ ᠰᠢᠷᠭ᠎ᠠ ᠶᠢᠨ ᠰᠦᠷᠦᠭ ᠨᠢ ᠰᠢᠷᠭ᠎ᠠ ᠶᠢᠨ ᠭᠣᠪᠢ ᠶᠢᠨ ᠤᠮᠠᠷᠠᠲᠤ ᠠᠴᠠ᠂ ᠪᠠᠷᠠᠭᠤᠨ᠂ ᠬᠣᠶᠢᠳᠤ ᠲᠠᠯ᠎ᠠ ᠪᠠᠷ ᠢᠶᠠᠨ᠂ ᠣᠶᠢᠷ᠎ᠠ ᠣᠷᠴᠢᠮ ᠤᠨ ᠠᠭᠤᠯᠠᠰ ᠤᠨ ᠪᠡᠯᠴᠢᠷ ᠡᠴᠡ ᠭᠣᠪᠢ ᠶᠢᠨ ᠬᠣᠲᠣᠭᠣᠷ ᠤᠨ ᠵᠠᠬ᠎ᠠ ᠤᠷᠤᠭᠤ ᠰᠢᠯᠵᠢᠨ ᠲᠠᠷᠬᠠᠵᠠᠢ᠃ ᠬᠠᠷ᠎ᠠ ᠤᠰᠤ ᠨᠠᠭᠤᠷ ᠠᠴᠠ ᠡᠮᠦᠨ᠎ᠡ ᠲᠡᠰᠢ ᠮᠣᠩᠭᠣᠯ ᠠᠯᠲᠠᠢ ᠶᠢᠨ ᠠᠭᠤᠯᠠᠰ ᠤᠨ ᠪᠡᠯ ᠢᠶᠡᠷ ᠳᠥᠷᠪᠡᠨ ᠵᠠᠭᠤ ᠣᠷᠴᠢᠮ ᠺᠦᠸᠠᠳ᠋ ᠺᠢᠯᠤᠮᠸᠲ᠋ᠷ ᠪᠠᠭᠠᠬᠠᠨ ᠪᠡᠯᠴᠢᠷ ᠲᠦ ᠦᠯᠡᠳᠡᠭᠰᠡᠨ᠂ ᠮᠥᠬᠦᠬᠦ ᠠᠶᠤᠯ ᠲᠤᠯᠭᠠᠷᠠᠭᠰᠠᠨ ᠲᠥᠷᠦᠯ [4] ᠪᠤᠯᠬᠤ ᠶᠤᠮ᠃ ᠮᠣᠩᠭᠣᠯ ᠠᠯᠲᠠᠢ ᠶᠢᠨ ᠠᠭᠤᠯᠠᠰ ᠤᠨ ᠳᠠᠯᠠᠢ ᠶᠢᠨ ᠲᠥᠪᠰᠢᠨ ᠡᠴᠡ ᠳᠡᠭᠡᠭᠰᠢ 1100-2200 ᠮᠸᠲ᠋ᠷ ᠡᠷᠭᠦᠭᠳᠡᠭᠰᠡᠨ ᠠᠷᠤ ᠪᠡᠯ ᠦᠨ ᠪᠠᠭᠯᠠᠭᠤᠷ᠂ ᠲᠠᠭᠠᠨ᠎ᠠ᠂ ᠮᠣᠩᠭᠣᠯ ᠡᠪᠡᠰᠦᠲᠦ᠂ ᠰᠢᠪᠠᠭ ᠪᠦᠬᠦᠢ ᠳᠠᠭᠵᠢᠭᠤᠷ ᠬᠠᠶᠢᠷᠭᠤᠨ ᠬᠥᠷᠥᠰᠥ ᠳᠦ᠂ ᠪᠠᠷᠲᠠᠭ᠎ᠠ ᠦᠭᠡᠢ᠂ ᠬᠡᠪᠡᠭᠡᠢ᠂ ᠡᠭᠡᠷᠡᠮ᠎ᠡ ᠥᠨᠳᠥᠷᠯᠢᠭ ᠭᠠᠵᠠᠷ ᠲᠤ  ᠨᠤᠲᠤᠭᠯᠠᠨ᠎ᠠ [5]᠃ ᠡᠪᠦᠯ ᠦᠨ ᠴᠠᠰᠤ ᠲᠠᠢ ᠰᠡᠷᠢᠭᠦᠨ ᠦᠶ᠎ᠡ ᠳᠦ᠂ ᠭᠠᠩ ᠭᠠᠴᠢᠭ ᠲᠠᠢ ᠵᠤᠨ ᠤ ᠦᠶ ᠡ ᠪᠡᠷ ᠡᠪᠡᠰᠦᠨ ᠦ ᠥᠶᠥᠭ ᠰᠤᠷ᠂ ᠪᠡᠯᠴᠢᠭᠡᠷ ᠳᠠᠭᠠᠵᠤ ᠠᠭᠤᠯᠠᠰ ᠤᠨ ᠠᠮᠠ ᠬᠥᠨᠳᠡᠢ᠂ ᠲᠣᠯᠣᠭᠠᠳ ᠤᠨ ᠪᠡᠯ ᠶᠢᠡᠷ ᠪᠡᠯᠴᠢᠳᠡᠭ᠃ ᠪᠥᠬᠥᠩ ᠨᠢ ᠰᠢᠷᠭ᠎ᠠ ᠶᠢᠨ ᠭᠣᠪᠢ ᠪᠠᠷ 3325 ᠺᠦᠸᠠᠳ᠋ ᠺᠢᠯᠤᠮᠸᠲ᠋ᠷ᠂ ᠬᠦᠢᠰᠦ ᠶᠢᠨ ᠭᠣᠪᠢ ᠪᠠᠷ 6700 ᠺᠦᠸᠠᠳ᠋ ᠺᠢᠯᠤᠮᠸᠲ᠋ᠷ᠂ ᠲᠠᠪᠤᠨ ᠬᠠᠶᠢᠷᠬᠠᠨ᠂ ᠴᠢᠨᠳᠠᠮᠤᠨᠢ ᠲᠠᠯ᠎ᠠ ᠨᠤᠲᠤᠭ ᠢᠶᠠᠷ 1173 ᠺᠦᠸᠠᠳ᠋ ᠺᠢᠯᠤᠮᠸᠲ᠋ᠷ ᠨᠤᠲᠤᠭ ᠲᠤ ᠲᠠᠷᠬᠠᠭᠰᠠᠨ ᠪᠠᠶᠢᠨ᠎ᠠ [6]

ᠠᠮᠢᠳᠤᠷᠠᠯ ᠤᠨ ᠬᠡᠪ ᠰᠢᠨᠵᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠯᠢ ᠪᠣᠯᠬᠤ ᠰᠠᠶᠢᠨ ᠰᠢᠮᠡᠲᠦ ᠪᠡᠯᠴᠢᠭᠡᠷ ᠢ ᠰᠣᠩᠭᠣᠨ ᠢᠳᠡᠭᠡᠰᠢᠯᠡᠵᠦ᠂ ᠣᠶᠢᠷ᠎ᠠ ᠣᠶᠢᠷᠠᠬᠠᠨ ᠰᠣᠯᠢᠵᠤ ᠰᠡᠯᠭᠦᠵᠦ᠂ ᠬᠣᠯᠠ ᠨᠡᠭᠦᠳᠡᠯᠯᠡᠬᠦ ᠦᠭᠡᠢ᠃ ᠰᠢᠷᠭ᠎ᠠ ᠶᠢᠨ ᠭᠣᠪᠢ ᠪᠠᠷ ᠡᠪᠦᠯ ᠳᠦ ᠪᠡᠨ ᠲᠠᠪᠢ ᠠᠴᠠ ᠳᠣᠭᠣᠭᠰᠢ ᠦᠭᠡᠢ ᠲᠣᠭ᠎ᠠ ᠲᠣᠯᠣᠭᠠᠢ ᠪᠠᠷ ᠰᠦᠷᠦᠭᠯᠡᠨ ᠠᠮᠢᠳᠤᠷᠠᠨ᠎ᠠ᠃ ᠤᠷᠢᠨ ᠳᠤᠯᠠᠭᠠᠨ ᠴᠠᠭ ᠢᠶᠠᠷ ᠰᠦᠷᠦᠭ ᠨᠢ ᠪᠤᠲᠠᠷᠠᠨ ᠲᠠᠷᠬᠠᠳᠠᠭ᠃ ᠣᠷᠣᠭ᠎ᠠ ᠨᠢ ᠨᠢᠭᠡ ᠰᠠᠷ᠎ᠠ ᠳᠤ ᠣᠷᠣᠳᠠᠭ ᠪᠠ ᠬᠡᠭᠡᠯ ᠶᠢᠡᠨ ᠲᠠᠪᠤᠨ ᠰᠠᠷ᠎ᠠ ᠲᠡᠭᠡᠭᠡᠳ ᠵᠤᠨ ᠤ ᠵᠢᠷᠭᠤᠭᠠᠨ ᠰᠠᠷ᠎ᠠ ᠶᠢᠨ ᠳᠤᠮᠳᠠᠴᠢ ᠪᠡᠷ ᠲᠥᠯᠯᠡᠳᠡᠭ᠃ ᠡᠮᠡᠭᠴᠢᠨ ᠨᠢ ᠢᠬᠢᠷᠯᠡᠬᠦ ᠮᠠᠭᠠᠳᠯᠠᠯ ᠶᠡᠬᠡ ᠲᠡᠢ ᠪᠥᠭᠡᠳ 16% ᠨᠢ ᠦᠷᠭᠦᠯᠵᠢ ᠢᠬᠢᠷᠡᠯᠡᠳᠡᠭ᠃ ᠡᠮᠡᠭᠴᠢᠨ ᠦᠳ ᠨᠢ ᠵᠠᠷᠢᠮ ᠳᠤ ᠪᠠᠨ ᠳᠣᠯᠣᠭᠠᠨ ᠰᠠᠷ ᠠ ᠲᠠᠢ ᠳᠤ ᠪᠠᠨ ᠪᠡᠶ᠎ᠡ ᠬᠦᠢᠴᠡᠵᠦ᠂ ᠠᠷᠪᠠᠨ ᠶᠢᠰᠦᠨ ᠰᠠᠷᠠᠲᠠᠢ ᠳᠤ ᠪᠠᠨ ᠦᠷᠡᠵᠢᠯ ᠳᠤ ᠣᠷᠣᠵᠤ ᠡᠬᠢᠯᠡᠨ᠎ᠡ [7]᠃ ᠭᠣᠪᠢ ᠶᠢᠨ ᠬᠢᠯᠭᠠᠨ᠎ᠠ᠂ ᠲᠠᠭᠠᠨ᠎ᠠ᠂ ᠬᠥᠮᠡᠯᠢ᠂ ᠪᠠᠭᠯᠠᠭᠤᠷ᠂ ᠰᠢᠷᠠᠯᠵᠢ ᠵᠡᠷᠭᠡ ᠭᠤᠴᠢᠭᠠᠳ ᠲᠥᠷᠦᠯ ᠦᠨ ᠡᠪᠡᠰᠦ ᠤᠷᠭᠤᠮᠠᠯ ᠢᠶᠠᠷ ᠬᠣᠭᠣᠯᠠᠯᠠᠳᠠᠭ᠃ ᠬᠠᠪᠤᠷ ᠡᠪᠡᠰᠦ ᠨᠣᠭᠣᠭ᠎ᠠ ᠨᠢᠯᠬ᠎ᠠ ᠰᠢᠭᠦᠰᠦᠯᠢᠭ ᠦᠶ᠎ᠡ ᠳᠦ ᠪᠣᠯ ᠪᠠᠷᠤᠭ ᠤᠰᠤ ᠤᠤᠭᠤᠳᠠᠭ ᠦᠭᠡᠢ ᠪᠠᠶᠢᠨ᠎ᠠ᠃ ᠭᠧᠯᠮᠢᠩ ᠳᠦ 17᠂ ᠬᠠᠴᠢᠭ 2᠂ ᠠᠷᠠᠰᠤᠨ ᠤ ᠭᠤᠤᠷ 1 ᠵᠦᠢᠯ ᠰᠢᠮᠡᠭᠴᠢᠯᠡᠳᠡᠭ᠃ ᠲᠠᠪᠤᠨ ᠬᠣᠰᠢᠭᠤ ᠮᠠᠯ ᠤᠨ ᠡᠪᠡᠳᠴᠢᠨ ᠪᠣᠯᠬᠤ ᠣᠮᠣᠷᠤᠤ ᠡᠪᠡᠳᠴᠢᠨ ᠢ ᠲᠤᠰᠬᠤ ᠳᠤ ᠪᠠᠨ ᠮᠠᠰᠢ ᠬᠦᠨᠳᠦ ᠲᠤᠰᠳᠠᠭ ᠪᠠᠶᠢᠨ᠎ᠠ᠃ ᠨᠢᠯᠬ᠎ᠠ ᠵᠤᠯᠵᠠᠭ᠎ᠠ᠂ ᠢᠨᠵᠠᠭ᠎ᠠ ᠨᠢ ᠬᠦᠮᠦᠨ ᠳᠤ ᠳᠠᠰᠤᠨ ᠭᠠᠷᠰᠢᠬᠤ ᠳᠤ ᠪᠠᠨ ᠠᠮᠠᠷᠬᠠᠨ ᠪᠠᠶᠢᠳᠠᠭ ᠪᠥᠭᠡᠳ ᠥᠰᠦᠨ ᠲᠣᠷᠨᠢᠭᠠᠳ ᠨᠠᠰᠤ ᠪᠡᠶ᠎ᠡ ᠬᠦᠢᠴᠡᠭᠡᠳ ᠬᠡᠪ ᠦᠨ ᠪᠥᠬᠥᠩ ᠰᠢᠭ ᠦᠷᠡᠵᠢᠵᠦ ᠲᠥᠯᠵᠢᠳᠡᠭ᠃

ᠬᠣᠷᠣᠭᠳᠠᠬᠤ ᠪᠣᠯᠤᠭᠰᠠᠨ ᠰᠢᠯᠲᠠᠭᠠᠨ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠶᠢᠭᠠᠯᠢ ᠶᠢᠨ ᠪᠣᠯᠤᠨ ᠬᠦᠮᠦᠨ ᠠᠮᠢᠲᠠᠨ ᠤ ᠬᠦᠴᠦᠨ ᠵᠦᠢᠯ᠂ ᠦᠢᠯᠡᠳᠦᠯ ᠡᠴᠡ ᠪᠣᠯᠵᠤ ᠮᠣᠩᠭᠣᠯ ᠪᠥᠬᠥᠩ ᠦᠨ ᠲᠣᠭ᠎ᠠ ᠲᠣᠯᠣᠭᠠᠢ ᠨᠢ ᠵᠢᠯ ᠡᠴᠡ ᠵᠢᠯ ᠳᠤ ᠶᠠᠩᠵᠤ ᠪᠦᠷᠢ ᠪᠡᠷ ᠬᠡᠯᠪᠡᠯᠵᠡᠵᠦ ᠪᠠᠶᠢᠳᠠᠭ᠃ 1993 ᠤᠨ ᠤ ᠪᠠᠶᠢᠳᠠᠯ ᠢᠶᠠᠷ᠂ ᠰᠢᠷᠭ᠎ᠠ ᠶᠢᠨ ᠰᠦᠷᠦᠭ 1400᠂ ᠮᠠᠩᠬᠠᠨ ᠤ ᠰᠦᠷᠦᠭ 70 ᠍ ᠊ᠭᠠᠳ ᠲᠤᠯᠤᠭᠠᠢ ᠪᠠᠶᠢᠭᠰᠠᠨ [8]᠃1980 ᠣᠷᠴᠢᠮ ᠶᠢᠡᠷ᠂ ᠰᠢᠷᠭ᠎ᠠ ᠶᠢᠨ ᠭᠣᠪᠢ ᠶᠢᠨ 1000 ᠭᠠ(公顷) ᠳᠦ 5.9 ᠲᠣᠯᠣᠭᠠᠢ ᠨᠣᠭᠳᠠᠬᠤ᠂ ᠬᠦᠢᠰᠦ ᠶᠢᠨ ᠭᠣᠪᠢ ᠳᠤ 1000 ᠭᠠ ᠲᠦ 1.6 ᠲᠣᠯᠣᠭᠠᠢ ᠨᠣᠭᠳᠠᠬᠤ(1100 ᠲᠤᠯᠤᠭᠠᠢ ᠤᠷᠴᠢᠮ)᠂ ᠴᠢᠨᠳᠠᠮᠤᠨᠢ ᠲᠠᠯ᠎ᠠ ᠳᠤ 1000 ᠭᠠ ᠳᠦ 0.8 ᠲᠣᠯᠣᠭᠠᠢ ᠨᠣᠭᠳᠠᠬᠤ(160 ᠲᠤᠯᠤᠭᠠᠢ ᠣᠷᠴᠢᠮ)᠂ ᠨᠡᠶᠢᠲᠡ 3240 ᠲᠤᠯᠤᠭᠠᠢ ᠮᠣᠩᠭᠣᠯ ᠪᠥᠬᠥᠩ ᠪᠠᠶᠢᠨ᠎ᠠ [9]᠃ 2010-2012 ᠤᠨ ᠤ ᠬᠣᠭᠣᠷᠣᠨᠳᠣ ᠬᠢᠭᠰᠡᠨ ᠪᠢᠣᠯᠣᠭᠢ ᠶᠢᠨ ᠬᠦᠷᠢᠶᠡᠯᠡᠩ᠂ ᠳᠡᠯᠡᠬᠡᠢ ᠶᠢᠨ ᠪᠠᠶᠢᠭᠠᠯᠢ ᠬᠠᠮᠠᠭᠠᠯᠠᠬᠤ ᠰᠠᠩ(WWF) ᠍ ᠤᠨ ᠬᠥᠲᠦᠯᠪᠦᠷᠢ ᠶᠢᠨ ᠭᠠᠵᠠᠷ ᠤᠨ ᠬᠠᠮᠲᠤᠷᠠᠭᠰᠠᠨ ᠰᠤᠳᠤᠯᠭ᠎ᠠ ᠶᠢᠨ ᠲᠣᠭᠠᠯᠠᠯᠭ᠎ᠠ ᠶᠢᠨ ᠳ᠋ᠦᠩ ᠶᠢᠡᠷ᠂ ᠮᠣᠩᠭᠣᠯ ᠣᠷᠣᠨ ᠳᠤ ᠳᠤᠮᠳᠠᠴᠢ ᠪᠠᠷ 8000 ᠲᠣᠯᠣᠭᠠᠢ ᠮᠣᠩᠭᠣᠯ ᠪᠥᠬᠥᠩ ᠪᠠᠶᠢᠨ᠎ᠠ ᠭᠡᠵᠦ ᠰᠤᠳᠤᠯᠤᠨ ᠲᠣᠭᠠᠯᠠᠨ ᠲᠣᠭᠲᠠᠭᠠᠵᠠᠢ [10]᠃ ᠮᠣᠩᠭᠣᠯ ᠪᠥᠬᠥᠩ ᠦᠨ ᠡᠪᠡᠷ ᠢ ᠳᠣᠷᠣᠨ᠎ᠠ ᠳ᠋ᠠᠬᠢᠨ ᠤ ᠠᠨᠠᠭᠠᠬᠤ ᠤᠬᠠᠭᠠᠨ ᠠᠷᠠᠳ ᠤᠨ ᠡᠮᠴᠢᠯᠡᠭᠡᠨ ᠳᠦ᠂ ᠮᠢᠬ᠎ᠠ ᠶᠢ ᠨᠢ ᠨᠤᠲᠤᠭ ᠤᠨ ᠬᠦᠮᠦᠨ ᠠᠷᠠᠳ ᠬᠣᠭᠣᠯᠠ ᠬᠦᠨᠡᠰᠦᠨ ᠳᠦ ᠪᠡᠨ ᠡᠷᠲᠡᠨ ᠡᠴᠡ ᠠᠰᠢᠭᠯᠠᠵᠤ᠂ ᠬᠠᠶᠢᠷ᠎ᠠ ᠨᠠᠶᠢᠷ ᠦᠭᠡᠢ ᠠᠪᠠᠯᠠᠭᠰᠠᠨ ᠠᠴᠠ᠂ ᠮᠣᠩᠭᠣᠯ ᠪᠥᠬᠥᠩ ᠦᠨ ᠠᠮᠢᠳᠤᠷᠠᠬᠤ ᠨᠤᠲᠤᠭ ᠲᠠᠷᠬᠠᠴᠠ ᠨᠢ ᠪᠠᠭᠠᠰᠤᠨ ᠬᠤᠮᠢᠭᠳᠠᠵᠤ᠂ ᠲᠣᠭ᠎ᠠ ᠬᠡᠮᠵᠢᠶ᠎ᠡ ᠨᠢ ᠡᠷᠡᠰ ᠪᠠᠭᠤᠷᠠᠭᠰᠠᠨ ᠶᠤᠮ [11]᠃ 1990 ᠍ ᠊ᠭᠡᠳ ᠤᠨ ᠡᠴᠡ ᠮᠣᠩᠭᠣᠯ ᠪᠥᠬᠥᠩ ᠦᠨ ᠡᠪᠡᠷ ᠢ ᠭᠠᠳᠠᠭᠰᠢ ᠭᠠᠷᠭᠠᠨ ᠵᠠᠷᠤᠵᠤ ᠪᠣᠷᠣᠯᠠᠭᠤᠯᠬᠤ ᠨᠢ ᠶᠡᠬᠡ ᠪᠣᠯᠤᠭᠰᠠᠨ ᠠᠴᠠ ᠬᠠᠤᠯᠢ ᠪᠤᠰᠤ ᠪᠠᠷ ᠪᠥᠬᠥᠩ ᠢ ᠠᠩᠨᠠᠬᠤ ᠶᠠᠪᠤᠳᠠᠯ ᠨᠢ ᠶᠡᠬᠡᠰᠴᠠᠢ᠃ ᠮᠣᠩᠭᠣᠯ ᠪᠥᠬᠥᠩ ᠦᠨ ᠲᠥᠷᠥᠵᠦ ᠥᠰᠴᠦ ᠢᠳᠡᠭᠡᠰᠢᠯᠡᠨ ᠳᠠᠰᠤᠭᠰᠠᠨ ᠨᠤᠲᠤᠭ ᠣᠷᠣᠨ᠂ ᠪᠡᠯᠴᠢᠭᠡᠷ ᠤᠰᠤ ᠶᠢ ᠨᠢ ᠬᠦᠮᠦᠨ ᠪᠣᠯᠤᠨ ᠭᠡᠷ ᠦᠨ ᠲᠡᠵᠢᠭᠡᠪᠦᠷᠢ ᠮᠠᠯ ᠲᠦᠷᠢᠨ ᠡᠵᠡᠯᠡᠬᠦ ᠪᠣᠯᠵᠤ᠂ ᠲᠡᠳᠡᠨ ᠦ ᠪᠡᠯᠴᠢᠭᠡᠷ ᠨᠤᠲᠤᠭ ᠠᠴᠠ ᠬᠣᠷᠢᠶᠠᠭᠰᠠᠭᠠᠷ ᠪᠠᠶᠢᠨ᠎ᠠ᠃ ᠴᠠᠰᠤ ᠵᠤᠳ ᠶᠡᠬᠡ ᠲᠡᠢ ᠬᠦᠢᠲᠡᠨ ᠡᠪᠦᠯ ᠪᠣᠯᠤᠨ ᠬᠠᠪᠤᠷ ᠪᠥᠬᠥᠩ ᠨᠢ ᠶᠡᠬᠡᠬᠡᠨ ᠬᠡᠮᠵᠢᠶ᠎ᠡ ᠪᠡᠷ ᠲᠤᠷᠠᠵᠤ ᠡᠴᠡᠨ ᠥᠯᠪᠡᠷᠴᠦ᠂ ᠮᠥᠨ ᠣᠰᠤᠨ ᠬᠥᠯᠳᠡᠵᠦ ᠦᠬᠦᠬᠦ ᠶᠠᠪᠤᠳᠠᠯ ᠶᠡᠬᠡ ᠪᠠᠶᠢᠳᠠᠭ[12]᠃ ᠪᠥᠬᠥᠩ ᠭᠤᠤᠷ ᠶᠡᠬᠡ ᠪᠠᠶᠢᠳᠠᠭ ᠠᠴᠠ ᠪᠣᠯᠵᠤ ᠲᠠᠷᠭᠤᠯᠠᠬᠤ᠂ ᠬᠦᠨᠳᠦ ᠨᠥᠬᠥᠴᠡᠯ ᠪᠠᠶᠢᠳᠠᠯ ᠢ ᠳᠠᠬᠤ᠂ ᠪᠡᠷᠬᠡᠰᠢᠶᠡᠯ ᠳᠠᠪᠠᠬᠤ ᠴᠢᠳᠠᠪᠤᠷᠢ ᠳᠣᠷᠣᠶᠢᠲᠠᠳᠠᠭ ᠨᠢ ᠬᠣᠷᠣᠭᠳᠠᠬᠤ ᠳᠤ ᠨᠢ  ᠨᠥᠯᠦᠭᠡᠯᠡᠵᠦ ᠪᠠᠶᠢᠨ᠎ᠠ [13]᠃ ᠮᠣᠩᠭᠣᠯ ᠪᠥᠬᠥᠩ ᠦᠨ ᠭᠣᠣᠯ ᠳᠠᠶᠢᠰᠤᠨ ᠨᠢ ᠪᠦᠷᠭᠦᠳ ᠰᠢᠪᠠᠭᠤ ᠶᠤᠮ [14]

ᠤᠰᠠᠳᠬᠤ ᠠᠶᠤᠯ ᠳᠤ ᠣᠷᠣᠭᠰᠠᠨ ᠪᠠ ᠬᠠᠮᠠᠭᠠᠯᠠᠭᠰᠠᠨ ᠪᠠᠶᠢᠳᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠩᠬ᠎ᠠ ᠬᠣᠷᠢᠳᠤᠭᠠᠷ ᠵᠠᠭᠤᠨ ᠤ ᠭᠤᠴᠢᠭᠠᠳ ᠤᠨ ᠠᠴᠠ ᠮᠣᠩᠭᠣᠯ ᠪᠥᠬᠥᠩ ᠢ ᠠᠩᠨᠠᠬᠤ ᠶᠢ ᠬᠠᠤᠯᠢ ᠪᠠᠷ ᠪᠦᠷᠢᠨ ᠬᠣᠷᠢᠭᠯᠠᠵᠤ᠂ ᠠᠮᠢᠲᠠᠨ ᠤ ᠲᠤᠬᠠᠢ ᠬᠠᠤᠯᠢ᠂ ᠪᠦᠷᠢᠳᠬᠡᠯ ᠳᠦ ᠪᠡᠨ ᠨᠡᠩ ᠬᠣᠪᠣᠷ ᠠᠮᠢᠲᠠᠨ ᠢᠶᠠᠷ ᠪᠦᠷᠢᠳᠬᠡᠨ ᠠᠪᠴᠤ ᠪᠠᠶᠢᠵᠠᠢ [15]᠃ ᠮᠣᠩᠭᠣᠯ ᠤᠨ ᠤᠯᠠᠭᠠᠨ ᠨᠣᠮ᠂ ᠣᠯᠠᠨ ᠤᠯᠤᠰ ᠤᠨ ᠤᠯᠠᠭᠠᠨ ᠨᠣᠮ᠂ ᠵᠡᠷᠯᠢᠭ ᠠᠮᠢᠲᠠᠨ ᠪᠠ ᠤᠷᠭᠤᠮᠠᠯ ᠤᠨ ᠠᠶᠢᠮᠠᠭ ᠤᠨ ᠬᠣᠪᠣᠷᠳᠠᠭᠰᠠᠨ ᠵᠦᠢᠯ ᠢ ᠣᠯᠠᠨ ᠤᠯᠤᠰ ᠤᠨ ᠬᠡᠮᠵᠢᠶᠡᠨ ᠳᠦ ᠬᠤᠳᠠᠯᠳᠤᠭᠠᠯᠠᠬᠤ ᠲᠤᠬᠠᠢ ᠬᠤᠷᠠᠯ ᠤᠨ ᠬᠠᠪᠰᠤᠷᠤᠯᠲᠠ ᠳᠤ ᠲᠤᠰ ᠪᠦᠷᠢ ᠳᠦ ᠨᠢ ᠤᠷᠤᠭᠤᠯᠪᠠ [16]᠃ ᠰᠢᠷᠭ᠎ᠠ᠂ ᠮᠠᠩᠬᠤᠨ ᠢ 1993 ᠤᠨ ᠠᠴᠠ ᠤᠯᠤᠰ ᠤᠨ ᠲᠤᠰᠬᠠᠢ ᠬᠠᠮᠠᠭᠠᠯᠠᠯᠲᠠ ᠳᠤ ᠠᠪᠴᠤ ᠨᠥᠭᠡᠴᠡ ᠭᠠᠵᠠᠷ ᠪᠣᠯᠭᠠᠵᠠᠢ [17]᠃ ᠮᠣᠩᠭᠣᠯ ᠪᠥᠬᠥᠩ ᠦᠨ ᠨᠥᠭᠡᠴᠡ᠂ ᠲᠠᠷᠬᠠᠴᠠ ᠡᠺᠣᠯᠣᠭᠢ ᠪᠢᠣᠯᠣᠭᠢ ᠶᠢ ᠰᠤᠳᠤᠯᠵᠤ᠂ ᠭᠠᠷᠰᠢᠭᠤᠯᠬᠤ᠂ ᠨᠤᠲᠤᠭᠰᠢᠭᠤᠯᠬᠤ ᠶᠢ ᠲᠤᠷᠰᠢᠨ ᠦᠵᠡᠭ᠍ᠰᠡᠨ ᠶᠤᠮ᠃

ᠬᠠᠮᠠᠭᠠᠯᠠᠬᠤ ᠠᠷᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠪᠥᠬᠥᠩ ᠦᠨ ᠪᠡᠯᠴᠢᠭᠡᠷ ᠨᠤᠲᠤᠭ ᠳᠡᠭᠡᠭᠦᠷ ᠳᠠᠭᠠᠷᠢᠨ ᠥᠩᠭᠡᠷᠡᠭᠰᠡᠨ ᠣᠯᠠᠨ ᠰᠠᠯᠠᠭ᠎ᠠ ᠵᠠᠮ ᠵᠢᠮ ᠢ ᠪᠠᠭᠠᠰᠬᠠᠨ ᠵᠢᠷᠤᠮᠯᠠᠬᠤ᠂ ᠵᠠᠮ ᠤᠨ ᠬᠢᠨᠠᠯᠲᠠ ᠰᠢᠯᠭᠠᠯᠲᠠ ᠶᠢ ᠴᠢᠩᠭᠠᠳᠬᠠᠨ ᠰᠠᠶᠢᠵᠢᠷᠠᠭᠤᠯᠬᠤ᠃ ᠲᠠᠷᠬᠠᠴᠠ ᠨᠤᠲᠤᠭ ᠢ ᠨᠢ ᠤᠯᠤᠰ ᠤᠨ ᠲᠤᠰᠬᠠᠢ ᠬᠠᠮᠠᠭᠠᠯᠠᠯᠲᠠ ᠳᠤ ᠨᠡᠮᠡᠨ ᠣᠷᠣᠨ ᠨᠤᠲᠤᠭ ᠤᠨ ᠰᠦᠯᠵᠢᠶᠡᠨ ᠳᠦ ᠬᠠᠮᠤᠷᠤᠭᠤᠯᠬᠤ᠂ ᠭᠠᠷᠰᠢᠭᠤᠯᠤᠨ ᠲᠡᠵᠢᠭᠡᠨ᠂ ᠥᠰᠬᠡᠨ ᠦᠷᠡᠵᠢᠭᠦᠯᠵᠦ᠂ ᠪᠡᠯᠴᠢᠵᠦ ᠪᠠᠶᠢᠭᠰᠠᠨ ᠨᠤᠲᠤᠭ ᠲᠤ ᠨᠢ ᠠᠬᠢᠨ ᠨᠤᠲᠤᠭᠰᠢᠭᠤᠯᠬᠤ᠂ ᠪᠥᠬᠥᠩ ᠦᠨ ᠪᠡᠯᠴᠢᠭᠡᠷ ᠲᠦ ᠨᠤᠲᠤᠭᠯᠠᠬᠤ ᠮᠠᠯ ᠢ ᠪᠡᠯᠴᠢᠭᠡᠬᠦ ᠦᠭᠡᠢ ᠳᠠᠪᠬᠤᠴᠠᠭᠤᠯᠬᠤ ᠦᠭᠡᠢ ᠪᠠᠶᠢᠬᠤ᠂ ᠪᠢᠣᠯᠣᠭᠢ ᠶᠢᠨ ᠰᠤᠳᠤᠯᠭ᠎ᠠ ᠶᠢ ᠨᠠᠷᠢᠪᠴᠢᠯᠠᠨ ᠭᠦᠨᠵᠡᠭᠡᠶᠢᠷᠡᠭᠦᠯᠦᠨ ᠰᠤᠳᠤᠯᠬᠤ᠂ ᠬᠠᠤᠯᠢ ᠪᠤᠰᠤ ᠠᠪᠠ ᠶᠢ ᠲᠠᠰᠤᠯᠤᠨ ᠵᠣᠭᠰᠣᠭᠠᠵᠤ᠂ ᠲᠤᠬᠠᠢ ᠪᠦᠷᠢ ᠳᠦ ᠨᠢ ᠬᠠᠷᠢᠭᠤᠴᠠᠯᠭ᠎ᠠ ᠲᠣᠭᠠᠴᠠᠬᠤ᠂ ᠣᠷᠣᠨ ᠨᠤᠲᠤᠭ ᠤᠨ ᠢᠷᠭᠡᠳ ᠦᠨ ᠬᠠᠮᠲᠤ ᠶᠢᠨ ᠨᠥᠬᠥᠷᠯᠡᠯ᠂ ᠲᠥᠷᠦ ᠶᠢᠨ ᠪᠤᠰᠤ ᠪᠠᠶᠢᠭᠤᠯᠤᠯᠭ᠎ᠠ ᠨᠤᠭᠤᠳ ᠲᠠᠢ ᠬᠠᠮᠲᠤᠷᠠᠨ ᠮᠣᠩᠭᠣᠯ ᠪᠥᠬᠥᠩ ᠦᠨ ᠪᠡᠯᠴᠢᠭᠡᠷ ᠨᠤᠲᠤᠭ ᠢ ᠲᠡᠳᠡᠭᠡᠷ ᠢᠷᠭᠡᠳ ᠲᠦ ᠬᠠᠷᠢᠭᠤᠴᠠᠭᠤᠯᠤᠨ ᠥᠭᠴᠦ ᠲᠤᠬᠠᠢ ᠶᠢᠨ ᠪᠦᠰᠡ ᠨᠤᠲᠤᠭ ᠤᠨ ᠢᠷᠭᠡᠨ ᠪᠦᠷᠢ ᠶᠢ ᠪᠠᠶᠢᠭᠠᠯᠢ ᠬᠠᠮᠠᠭᠠᠯᠠᠭᠴᠢ ᠪᠣᠯᠭᠠᠨ ᠢᠷᠭᠡᠨ ᠦ ᠡᠭᠦᠷᠭᠡ ᠶᠢᠨ ᠪᠡᠶᠡᠯᠡᠯᠲᠡ ᠶᠢ ᠨᠢ ᠬᠠᠩᠭᠠᠬᠤ᠂ ᠲᠥᠷᠦ ᠵᠠᠰᠠᠭ ᠠᠴᠠ ᠳᠡᠮᠵᠢᠬᠦ ᠬᠠᠮᠠᠭᠠᠯᠠᠯᠲᠠ᠂ ᠬᠢᠨᠠᠯᠲᠠ ᠶᠢᠨ ᠰᠢᠰᠲ᠋ᠧᠮ ᠢ ᠲᠣᠭᠲᠠᠮᠠᠯᠵᠢᠭᠤᠯᠠᠨ᠂ ᠲᠡᠳᠡᠭᠡᠷ ᠢᠷᠭᠡᠳ ᠦᠨ ᠬᠦᠴᠦ ᠪᠡᠷ ᠬᠠᠤᠯᠢ ᠪᠤᠰᠤ ᠠᠩ ᠠᠪᠠ ᠶᠢ ᠲᠠᠰᠤᠯᠤᠨ ᠵᠣᠭᠰᠣᠭᠠᠵᠤ ᠠᠷᠢᠯᠭᠠᠬᠤ᠂ ᠪᠠᠶᠢᠭᠠᠯᠢ ᠶᠢᠨ ᠭᠠᠩ ᠭᠠᠴᠢᠭ᠂ ᠴᠠᠰᠤ ᠵᠤᠳ ᠳᠤ᠂ ᠭᠠᠮᠰᠢᠭ ᠲᠣᠬᠢᠶᠠᠯᠳᠤᠬᠤ ᠳᠤ ᠪᠢᠣᠲ᠋ᠧᠭᠨᠢᠭ ᠤᠨ ᠨᠡᠮᠡᠯᠲᠡ ᠠᠷᠭ᠎ᠠ ᠬᠡᠮᠵᠢᠶ᠎ᠡ ᠠᠪᠬᠤ᠂ ᠤᠳᠤᠮ ᠤᠨ ᠰᠠᠩ ᠢ ᠬᠠᠳᠠᠭᠠᠯᠠᠬᠤ ᠵᠡᠷᠭᠡ ᠪᠤᠢ᠃

ᠬᠡᠳᠦᠢ ᠪᠡᠷ ᠮᠣᠩᠭᠣᠯ ᠣᠷᠣᠨ ᠳᠤ ᠨᠡᠩ ᠬᠣᠪᠣᠷ ᠠᠮᠢᠲᠠᠳ ᠢ ᠠᠩᠨᠠᠬᠤ ᠶᠢᠨ ᠡᠰᠡᠷᠬᠦ ᠬᠠᠤᠯᠢ ᠪᠠᠲᠤᠯᠠᠭᠳᠠᠨ ᠮᠥᠷᠳᠡᠭᠳᠡᠵᠦ ᠪᠠᠶᠢᠭ᠎ᠠ ᠪᠣᠯᠪᠠᠴᠤ ᠬᠠᠤᠯᠢ ᠪᠤᠰᠤ ᠪᠠᠷ ᠮᠣᠩᠭᠣᠯ ᠪᠥᠬᠥᠩ ᠢ ᠠᠩᠨᠠᠬᠤ ᠶᠠᠪᠤᠳᠠᠯ ᠪᠠᠶᠢᠭᠰᠠᠭᠠᠷ ᠪᠠᠶᠢᠨ᠎ᠠ᠃ ᠲᠡᠶᠢᠮᠦ ᠡᠴᠡ ᠮᠣᠩᠭᠣᠯ ᠪᠥᠬᠥᠩ ᠲᠠᠷᠬᠠᠨ ᠰᠠᠭᠤᠷᠢᠰᠢᠭᠰᠠᠨ ᠨᠤᠲᠤᠭ ᠤᠨ ᠢᠷᠭᠡᠳ ᠪᠣᠯᠤᠨ ᠬᠠᠤᠯᠢ ᠬᠦᠴᠦᠨ ᠦ ᠪᠠᠶᠢᠭᠤᠯᠤᠯᠭ᠎ᠠ ᠬᠠᠮᠲᠤᠷᠠᠨ ᠬᠠᠤᠯᠢ ᠶᠢ ᠬᠡᠷᠡᠭᠵᠢᠭᠦᠯᠬᠦ ᠨᠢ ᠬᠠᠮᠤᠭ ᠤᠨ ᠴᠢᠬᠤᠯᠠ ᠠᠯᠬᠤᠮ ᠶᠤᠮ᠃

ᠡᠬᠡ ᠵᠣᠬᠢᠶᠠᠯ᠂ ᠮᠡᠳᠡᠭᠡ: 1. ᠪᠠᠨᠢᠺᠣᠸ᠂ 1954, 2. ᠡᠷᠭᠢᠳᠡᠩᠳᠠᠭᠪᠠ᠂ 1954, 3. ᠪᠠᠨᠢᠺᠣᠸ ᠨᠠᠷ᠂ 1961, 4. ᠴᠡᠪᠡᠭᠮᠢᠳ ᠨᠠᠷ᠂ 1973, 5. ᠨᠠᠮᠨᠠᠨᠳᠣᠷᠵᠢ᠂ 1976, 6. ᠰᠢᠷᠴᠢᠨ᠂ 1974, 7. ᠰᠠᠫᠣᠵᠨᠢᠺᠣᠸ ᠨᠠᠷ᠂ 1982, 8. ᠭᠷᠦᠨᠢᠨ᠂ 1962, 9. ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠶᠢᠨ ᠠᠩ ᠠᠩᠨᠠᠭᠤᠷ ᠤᠨ ᠬᠠᠤᠯᠢ᠂ 1975, 10. ᠳᠤᠯᠮᠰᠡᠷᠡᠩ ᠨᠠᠷ᠂ 1989, 11. ᠳᠤᠯᠮᠰᠡᠷᠡᠩ᠂ 1992, 12. ᠳᠤᠯᠮᠰᠡᠷᠡᠩ ᠨᠠᠷ᠂ 1993, 13. ᠳᠤᠯᠮᠰᠡᠷᠡᠩ ᠨᠠᠷ᠂ 1994, 14. ᠵᠠᠺᠣᠨ ᠣᠪ ᠣᠬᠣᠲ᠋ᠧ МНО, 1930, 15. ᠳᠤᠯᠮᠰᠡᠷᠡᠩ ᠨᠠᠷ᠂ 1993, 16. ᠪᠠᠳᠠᠷᠠᠬᠤ ᠨᠠᠷ᠂ 1993, 17. ᠱᠠᠭᠳᠤᠷᠰᠦ᠋ᠷᠦᠩ ᠨᠠᠷ᠂ 1987, 18. ᠪᠣᠯᠣᠳ ᠨᠠᠷ᠂ 1984, 19. ᠮᠣᠩᠭᠣᠯ ᠤᠯᠤᠰ ᠤᠨ ᠲᠤᠰᠬᠠᠢ ᠬᠠᠮᠠᠭᠠᠯᠠᠯᠲᠠ ᠲᠠᠢ ᠭᠠᠵᠠᠷ ᠨᠤᠲᠤᠭ᠂ 1994, 20. CITES, 1991, 21. ᠠᠮᠤᠭᠤᠯᠠᠩ ᠨᠠᠷ᠂ 2008. 22. ᠪᠠᠶᠢᠭᠠᠯᠢ ᠣᠷᠴᠢᠨ ᠬᠠᠤᠯᠢ ᠶᠢᠨ ᠡᠮᠬᠢᠳᠬᠡᠯ᠂ УБ. 2012, 23. ᠤᠯᠠᠭᠠᠨ ᠳᠠᠩᠰᠠ 2006, 24. ᠪᠥᠬᠥᠩ ᠬᠠᠮᠠᠭᠠᠯᠠᠬᠤ ᠣᠯᠠᠨ ᠤᠯᠤᠰ ᠤᠨ ᠬᠤᠷᠠᠯ ᠤᠨ ᠡᠮᠬᠢᠳᠬᠡᠯ᠂ 2010, 25. ᠵᠢᠷᠢᠨᠠᠪ ᠨᠠᠷ᠂ 2005. 26. ᠳᠡᠯᠡᠬᠡᠢ ᠶᠢᠨ ᠪᠠᠶᠢᠭᠠᠯᠢ ᠬᠠᠮᠠᠭᠠᠯᠠᠬᠤ ᠰᠠᠩ ᠦᠨ ᠮᠣᠩᠭᠣᠯ ᠳ᠋ᠠᠬᠢ ᠬᠥᠲᠥᠯᠪᠦᠷᠢ ᠶᠢᠨ ᠭᠠᠵᠠᠷ ᠤᠨ ᠲᠠᠶᠢᠯᠤᠨ᠂ 2012,

27. ᠰᠢᠭᠢᠷᠠᠪᠠᠳᠠᠮᠪᠠ ᠨᠠᠷ᠂ 1997.
 1. 23᠃ ᠤᠯᠠᠭᠠᠨ ᠳᠠᠩᠰᠠ 2006᠂
 2. 24. ᠪᠥᠬᠥᠨ ᠬᠠᠮᠠᠭᠠᠯᠠᠬᠤ ᠣᠯᠠᠨ ᠤᠯᠤᠰ ᠤᠨ ᠬᠤᠷᠠᠯ ᠤᠨ ᠡᠮᠬᠢᠳᠬᠡᠯ᠂ 2010,
 3. 1. ᠪᠠᠨᠢᠺᠣᠸ᠂ 3. ᠪᠠᠨᠢᠺᠣᠸ ᠨᠠᠷ᠂ 1961, 5. ᠨᠠᠮᠨᠠᠨᠳᠣᠷᠵᠢ᠂ 1976, 6. ᠰᠢᠷᠴᠢᠨ᠂ 1974,5. ᠨᠠᠮᠨᠠᠨᠳᠣᠷᠵᠢ᠂ 1976,10, 25. ᠵᠢᠷᠢᠨᠠᠪ ᠨᠠᠷ᠂ 2005. 1954,
 4. 5. ᠨᠠᠮᠨᠠᠨᠳᠣᠷᠵᠢ᠂ 1976,10, 12. ᠳᠤᠯᠮᠰᠡᠷᠡᠩ ᠨᠠᠷ᠂ 1993,
 5. 1. ᠪᠠᠨᠢᠺᠣᠸ᠂ 1954, 2. ᠡᠷᠭᠢᠳᠡᠩᠳᠠᠭᠪᠠ᠂ 1954, 5. ᠨᠠᠮᠨᠠᠨᠳᠣᠷᠵᠢ᠂ 1976,10. ᠳᠤᠯᠮᠰᠡᠷᠡᠩ ᠨᠠᠷ᠂ 1989, 11. ᠳᠤᠯᠮᠰᠡᠷᠡᠩ᠂ 1992, 12. ᠳᠤᠯᠮᠰᠡᠷᠡᠩ ᠨᠠᠷ᠂ 1993,
 6. 21. ᠠᠮᠤᠭᠤᠯᠠᠩ ᠨᠠᠷ᠂ 2008
 7. 10. ᠳᠤᠯᠮᠰᠡᠷᠡᠩ ᠨᠠᠷ᠂ 1989,13. ᠳᠤᠯᠮᠰᠡᠷᠡᠩ ᠨᠠᠷ᠂ 1994,
 8. 15. ᠳᠤᠯᠮᠰᠡᠷᠡᠩ ᠨᠠᠷ᠂ 1993, 16. ᠪᠠᠳᠠᠷᠠᠬᠤ ᠨᠠᠷ᠂ 1993,
 9. 21. ᠠᠮᠤᠭᠤᠯᠠᠩ ᠨᠠᠷ᠂ 2008.
 10. 26. ᠳᠡᠯᠡᠬᠡᠢ ᠶᠢᠨ ᠪᠠᠶᠢᠭᠠᠯᠢ ᠬᠠᠮᠠᠭᠠᠯᠠᠬᠤ ᠰᠠᠩ ᠤᠨ ᠮᠣᠩᠭᠣᠯ ᠳ᠋ᠠᠬᠢ ᠬᠥᠲᠦᠯᠪᠦᠷᠢ ᠶᠢᠨ ᠭᠠᠵᠠᠷ ᠤᠨ ᠲᠠᠶᠢᠯᠤᠨ᠂ 2012,
 11. 1. ᠪᠠᠨᠢᠺᠣᠸ᠂ 1954, 4. ᠴᠡᠪᠡᠭᠮᠢᠳ ᠨᠠᠷ᠂ 1973, 5. ᠨᠠᠮᠨᠠᠨᠳᠣᠷᠵᠢ᠂ 1976, 11. ᠳᠤᠯᠮᠰᠡᠷᠡᠩ᠂ 1992, 25. ᠵᠢᠷᠢᠨᠠᠪ ᠨᠠᠷ᠂ 2005.
 12. 1. ᠪᠠᠨᠢᠺᠣᠸ᠂ 1954, 5. ᠨᠠᠮᠨᠠᠨᠳᠣᠷᠵᠢ᠂ 1976, 11. ᠳᠤᠯᠮᠰᠡᠷᠡᠩ᠂ 1992, 12. ᠳᠤᠯᠮᠰᠡᠷᠡᠩ ᠨᠠᠷ᠂ 1993, 25. ᠵᠢᠷᠢᠨᠠᠪ ᠨᠠᠷ᠂ 2005, 27. ᠰᠢᠭᠢᠷᠠᠪᠠᠳᠠᠮᠪᠠ ᠨᠠᠷ᠂ 1997,
 13. 8. ᠭᠷᠦᠨᠢᠨ᠂ 1962, 10. ᠳᠤᠯᠮᠰᠡᠷᠡᠩ ᠨᠠᠷ᠂ 1989,
 14. 11. ᠳᠤᠯᠮᠰᠡᠷᠡᠩ᠂ 1992,
 15. 22. ᠪᠠᠶᠢᠭᠠᠯᠢ ᠣᠷᠴᠢᠨ ᠬᠠᠤᠯᠢ ᠶᠢᠨ ᠡᠮᠬᠢᠳᠬᠡᠯ᠂ УБ. 2012,
 16. 9. ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠶᠢᠨ ᠠᠩ ᠠᠩᠨᠠᠭᠤᠷ ᠤᠨ ᠬᠠᠤᠯᠢ᠂ 1975, 14. ᠵᠠᠺᠣᠨ ᠣᠪ ᠣᠬᠣᠲ᠋ᠧ МНО, 1930, 17. ᠱᠠᠭᠳᠤᠷᠰᠦ᠋ᠷᠦᠩ ᠨᠠᠷ᠂ 1987, 20. CITES, 1991,
 17. 19. ᠮᠣᠩᠭᠣᠯ ᠤᠯᠤᠰ ᠤᠨ ᠲᠤᠰᠬᠠᠢ ᠬᠠᠮᠠᠭᠠᠯᠠᠯᠲᠠ ᠲᠠᠢ ᠭᠠᠵᠠᠷ ᠨᠤᠲᠤᠭ᠂ 1994,

ᠪᠢᠴᠢᠭᠡᠰᠦ