ᠮᠤᠤᠷ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠤᠤᠷ
ᠮᠤᠤᠷ ᠤᠨ ᠪᠤᠰᠤᠳ ᠵᠢᠷᠤᠭ ᠤᠳ
ᠬᠣᠪᠣᠷᠳᠠᠯᠲᠠ ᠶᠢᠨ ᠵᠡᠷᠭᠡᠯᠡᠯ
ᠭᠡᠷᠰᠢᠭᠦᠯᠦᠭᠰᠡᠨ
ᠪᠢᠣᠯᠣᠭᠢ ᠶᠢᠨ ᠠᠩᠭᠢᠯᠠᠯ
ᠠᠶᠢᠮᠠᠭ: ᠠᠮᠢᠲᠠᠨ
ᠬᠦᠷᠢᠶ᠎ᠡ: ᠬᠥᠪᠴᠢᠲᠡᠨ
ᠳᠡᠳ᠋ ᠬᠦᠷᠢᠶ᠎ᠡ: ᠰᠡᠭᠡᠷ ᠨᠢᠷᠤᠭᠤᠲᠠᠨ
ᠠᠩᠭᠢ: ᠬᠥᠬᠥᠲᠡᠨ
ᠪᠠᠭ: ᠮᠢᠬ᠎ᠠ ᠢᠳᠡᠰᠢᠲᠡᠨ
ᠣᠪᠤᠭ: ᠮᠣᠣᠷ ᠤᠨ ᠠᠢᠮᠠᠭ
ᠲᠥᠷᠥᠯ: Felis
ᠵᠦᠢᠯ: ᠮᠤᠤᠷ
ᠯᠠᠲ᠋ᠢᠨ ᠨᠡᠷ᠎ᠡ
Felis catus
(ᠯᠢᠨᠡᠨᠢ᠂ 1758)
ᠢᠵᠢᠯ ᠤᠳᠬ᠎ᠠ ᠲᠠᠢ ᠨᠡᠷᠡᠰᠢᠯ

Felis catus domestica (ᠪᠤᠷᠤᠭᠤ ᠰᠣᠨᠢᠨᠢᠮ)
Felis silvestris catus

moor

ᠮᠤᠤᠷ (Felis catus) ᠪᠤᠶᠤ ᠭᠡᠷ ᠦᠨ ᠮᠤᠤᠷ ᠬᠣᠣᠷᠲᠠᠨ ᠮᠡᠷᠡᠭᠴᠢ᠂ ᠮᠣᠭᠠᠢ᠂ ᠬᠢᠯᠢᠨᠴᠡᠲᠦ ᠬᠣᠷᠣᠬᠠᠢ ᠵᠡᠷᠭᠡ ᠭᠡᠷ ᠦᠨ ᠬᠣᠣᠷᠲᠠᠨ ᠢ ᠠᠩᠨᠠᠬᠤ ᠴᠢᠳᠠᠪᠤᠷᠢ᠂ ᠬᠥᠮᠦᠨ ᠳᠦ ᠳᠠᠰᠬᠤ ᠴᠢᠳᠠᠪᠤᠷᠢ ᠪᠠᠷ ᠢᠶᠠᠨ ᠬᠦᠨᠳᠦ ᠦᠨᠡᠯᠡᠭᠳᠡᠳᠡᠭ ᠮᠢᠬᠠᠨ ᠢᠳᠡᠰᠢᠳᠦ ᠬᠥᠬᠥᠲᠡᠨ᠃ ᠮᠤᠤᠷ 9500 ᠵᠢᠯ ᠦᠨ ᠡᠮᠦᠨ᠎ᠡ ᠬᠦᠮᠦᠨ ᠲᠡᠢ ᠬᠣᠯᠪᠣᠭ᠎ᠠ ᠲᠠᠢ ᠪᠣᠯᠤᠭᠰᠠᠨ᠃[1] ᠴᠢᠳᠠᠪᠤᠷᠢᠯᠢᠭ ᠮᠢᠬᠠᠴᠢᠨ ᠮᠤᠤᠷ 1000 ᠣᠷᠴᠢᠮ ᠵᠦᠢᠯ ᠦᠨ ᠠᠮᠢᠲᠠᠨ ᠪᠠᠷᠢᠵᠤ ᠬᠣᠭᠣᠯᠠᠯᠠᠳᠠᠭ᠃ ᠮᠤᠤᠷ ᠬᠠᠭᠠᠯᠭᠠᠨ ᠤ ᠪᠠᠷᠢᠭᠤᠯ ᠳᠣᠭᠣᠭᠰᠢ ᠳᠠᠷᠤᠵᠤ ᠣᠩᠭᠣᠶᠢᠯᠭᠠᠬᠤ ᠵᠡᠷᠭᠡ ᠡᠩ ᠦᠨ ᠮᠧᠬᠠᠨᠢᠰᠮ ᠢ ᠥᠪᠡᠷ ᠢᠶᠡᠨ ᠡᠵᠡᠮᠰᠢᠵᠦ ᠰᠤᠷᠳᠠᠭ᠃ ᠮᠤᠤᠷ ᠶᠠᠩᠵᠤ ᠪᠦᠷᠢ ᠶᠢᠨ ᠳᠠᠭᠤᠤ ᠠᠪᠢᠶ᠎ᠠ ᠪᠠᠷ ᠬᠠᠷᠢᠯᠴᠠᠳᠠᠭ ᠠᠴᠠ ᠭᠠᠳᠠᠨ᠎ᠠ᠂ ᠪᠡᠶ᠎ᠡ ᠶᠢᠨ ᠬᠥᠳᠡᠯᠭᠡᠭᠡᠨ ᠢᠶᠡᠷ ᠬᠠᠷᠢᠯᠴᠠᠳᠠᠭ᠃[2] ᠮᠤᠤᠷ ᠳᠡᠯᠡᠬᠡᠢ ᠳᠡᠭᠡᠷ᠎ᠡ ᠬᠠᠮᠤᠭ ᠤᠨ ᠲᠦᠭᠡᠮᠡᠯ ᠭᠡᠷ ᠦᠨ ᠠᠮᠢᠲᠠᠨ ᠪᠠᠶᠢᠬᠤ ᠮᠠᠭᠠᠳᠯᠠᠯ ᠲᠠᠢ᠃ ᠨᠡᠶᠢᠲᠡ 600 ᠰᠠᠶ᠎ᠠ ᠭᠠᠷᠤᠢ ᠮᠤᠤᠷ ᠳᠡᠯᠡᠬᠡᠢ ᠳᠠᠶᠠᠭᠠᠷ ᠲᠠᠷᠬᠠᠭᠰᠠᠨ᠃[3] ᠪᠦᠷᠢᠳᠬᠡᠯ ᠲᠡᠢ ᠴᠡᠪᠡᠷ ᠡᠭᠦᠯᠳᠡᠷ ᠦᠨ ᠮᠤᠤᠷ ᠲᠡᠵᠢᠭᠡᠳᠡᠭ ᠬᠦᠮᠦᠰ ᠣᠯᠠᠨ ᠪᠤᠢ᠃ ᠮᠤᠤᠷ ᠢ ᠰᠢᠲᠦᠭᠡᠨ ᠢᠶᠡᠨ ᠪᠣᠯᠭᠠᠭᠰᠠᠨ ᠡᠷᠲᠡᠨ ᠦ ᠶᠸᠵᠠᠫᠲ ᠲᠦ ᠮᠤᠤᠷ ᠢ ᠠᠩᠬ᠎ᠠ ᠭᠡᠷᠰᠢᠭᠦᠯᠦᠭᠰᠡᠨ ᠭᠡᠵᠦ ᠦᠵᠡᠳᠡᠭ ᠪᠠᠶᠢᠪᠠ᠃[4]

ᠠᠨᠠᠲ᠋ᠣᠮᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠤᠤᠷ ᠨᠢ 2.5-7 ᠺᠢᠯᠣᠭ᠍ᠷᠠᠮ ᠵᠢᠩᠲᠡᠢ᠂ ᠵᠠᠷᠢᠮ ᠡᠭᠦᠯᠳᠡᠷ᠂ ᠲᠤᠬᠠᠶᠢᠯᠠᠪᠠᠯ Maine Coon ᠵᠡᠷᠭᠡ ᠨᠢ 11.3 ᠺᠢᠯᠣᠭ᠍ᠷᠠᠮ ᠬᠦᠷᠡᠳᠡᠭ᠃ ᠮᠥᠨ ᠮᠠᠰᠢ ᠵᠢᠵᠢᠭ᠍ᠭᠡᠨ 1.8 ᠺᠢᠯᠣᠭ᠍ᠷᠠᠮ ᠣᠷᠴᠢᠮ ᠲᠥᠷᠥᠯ ᠪᠠᠰᠠ ᠪᠤᠢ᠃ ᠳᠡᠯᠡᠬᠡᠢ ᠶᠢᠨ ᠬᠠᠮᠤᠭ ᠤᠨ ᠲᠣᠮᠣ ᠷᠧᠺᠣᠷᠳ᠋ ᠲᠣᠭᠲᠠᠭᠠᠭᠰᠠᠨ ᠮᠤᠤᠷ 21 ᠺᠢᠯᠣᠭ᠍ᠷᠠᠮ 297 ᠭᠷᠦᠶᠢᠫᠫᠫ ᠪᠠ ᠬᠠᠮᠤᠭ ᠤᠨ ᠵᠢᠵᠢᠭ ᠨᠢ 1 ᠺᠢᠯᠣᠭ᠍ᠷᠠᠮ 36 ᠭᠷᠦᠶᠢᠫᠫᠫ ᠪᠠᠶᠢᠨ᠎ᠠ᠃ ᠮᠤᠤᠷ ᠤᠨ ᠳᠤᠮᠳᠠᠴᠢ ᠥᠨᠳᠥᠷ 23-25 ᠰᠠᠨᠲ᠋ᠢᠮᠧᠲ᠋ᠷ᠂ ᠤᠷᠲᠤ 46 ᠰᠠᠨᠲ᠋ᠢᠮᠧᠲ᠋ᠷ (ᠲᠣᠯᠣᠭᠠᠢ᠂ ᠪᠡᠶ᠎ᠡ) ᠪᠠ ᠰᠡᠭᠦᠯᠡᠨ ᠦ ᠤᠷᠲᠤ 30 ᠰᠠᠨᠲ᠋ᠢᠮᠧᠲ᠋ᠷ ᠪᠠᠶᠢᠳᠠᠭ᠃ ᠦᠶ᠎ᠡ ᠮᠥᠴᠢ᠂ ᠪᠤᠯᠴᠢᠩᠰᠢᠷᠪᠦᠰᠦ ᠨᠢ ᠲᠤᠩ ᠵᠥᠭᠡᠯᠡᠨ᠂ ᠤᠶᠠᠨ ᠬᠠᠲᠠᠨ ᠲᠤᠯᠠ ᠲᠣᠯᠣᠭᠠᠢ ᠶᠢᠨ ᠢᠶᠠᠨ ᠡᠷᠭᠢᠨ ᠲᠣᠭᠣᠷᠢᠨ ᠠᠴᠠ ᠪᠤᠰᠤᠳ ᠪᠠᠷᠤᠭ ᠪᠦᠬᠦ ᠪᠡᠶ᠎ᠡ ᠶᠢᠨ ᠢᠶᠡᠨ ᠬᠡᠰᠡᠭ ᠢ ᠳᠣᠯᠢᠶᠠᠵᠤ ᠴᠢᠳᠠᠨ᠎ᠠ᠃ ᠮᠥᠨ ᠥᠨᠳᠥᠷ ᠦᠰᠦᠷᠬᠦ ᠴᠢᠳᠠᠪᠤᠷᠢ ᠰᠠᠶᠢᠨ ᠪᠥᠭᠡᠳ ᠪᠡᠶ᠎ᠡ ᠶᠢᠨ ᠥᠨᠳᠥᠷ ᠡᠴᠡ ᠪᠡᠨ 5 ᠳᠠᠬᠢᠨ ᠢᠯᠡᠭᠦᠦ 1.5 ᠮ ᠣᠷᠴᠢᠮ ᠦᠰᠦᠷᠴᠢ ᠴᠢᠳᠠᠳᠠᠭ᠃ ᠴᠠᠭ ᠲᠤ 60 ᠺᠢᠯᠣᠮᠧᠲ᠋ᠷ ᠣᠷᠴᠢᠮ ᠬᠤᠷᠳᠤᠯᠠᠬᠤ ᠴᠢᠳᠠᠪᠤᠷᠢ ᠲᠠᠢ ᠬᠡᠮᠡᠭᠳᠡᠬᠦ ᠪᠠ ᠡᠭᠰᠢᠨ ᠵᠠᠭᠤᠷ᠎ᠠ ᠪᠣᠭᠣᠨᠢ ᠵᠠᠢ ᠳᠤ ᠥᠨᠳᠥᠷ ᠬᠤᠷᠳᠤ ᠭᠠᠷᠭᠠᠬᠤ ᠪᠣᠯᠪᠠᠴᠤ ᠬᠣᠯᠠ ᠳᠠᠪᠬᠢᠬᠤ ᠦᠭᠡᠢ᠃

===ᠨᠢᠳᠦ===  ᠨᠢᠭᠤᠷ  ᠦᠨ  ᠬᠢ ᠨᠢ ᠬᠡᠮᠵᠢᠶ᠎ᠡ ᠲᠡᠢ ᠬᠠᠷᠢᠴᠠᠭᠤᠯᠬᠤ ᠳᠤ ᠨᠡᠯᠢᠶᠡᠨ ᠲᠣᠮᠣ ᠨᠢᠳᠦ ᠲᠡᠢ᠃ ᠬᠠᠷᠠᠭᠠᠨ ᠤ ᠬᠤᠪᠢ ᠳᠤ ᠬᠥᠳᠡᠯᠭᠡᠭᠡᠨᠳᠦ ᠵᠦᠢᠯ ᠢ ᠣᠯᠵᠤ ᠲᠣᠭᠲᠠᠭᠠᠬᠤ ᠳᠤ ᠪᠠᠨ ᠲᠤᠩ ᠰᠠᠶᠢᠨ ᠴᠤ᠂ ᠬᠥᠳᠡᠯᠭᠡᠭᠡᠨ ᠦᠭᠡᠢ ᠪᠣᠯᠤᠨ ᠤᠳᠠᠭᠠᠨ ᠬᠥᠳᠡᠯᠵᠦ ᠪᠤᠢ ᠵᠦᠢᠯ ᠢ ᠣᠯᠵᠤ ᠬᠠᠷᠠᠬᠤ ᠳᠤ ᠪᠠᠨ ᠲᠡᠶᠢᠮᠦ ᠰᠠᠶᠢᠨ ᠪᠢᠰᠢ᠃ 2-6 ᠮᠸᠲ᠋ᠷ ᠳᠣᠲᠣᠷᠠᠬᠢ ᠶᠢ ᠲᠣᠳᠣ ᠰᠠᠶᠢᠨ ᠬᠠᠷᠠᠬᠤ ᠪᠠ ᠲᠡᠭᠦᠨ ᠡᠴᠡ ᠣᠶᠢᠷ᠎ᠠ ᠡᠰᠡᠪᠡᠯ ᠬᠣᠯᠠ ᠵᠦᠢᠯ ᠢ ᠬᠠᠷᠠᠬᠤ ᠳᠤ ᠪᠠᠨ ᠰᠠᠶᠢᠨ ᠪᠢᠰᠢ ᠭᠡᠵᠦ ᠲᠣᠭᠠᠴᠠᠭᠳᠠᠳᠠᠭ᠃ ᠬᠡᠦᠬᠡᠨ ᠬᠠᠷᠠᠭ᠎ᠠ ᠨᠢ ᠬᠦᠮᠦᠨ ᠤ ᠬᠢ ᠡᠴᠡ ᠥᠭᠡᠷ᠎ᠡ᠂ ᠪᠣᠰᠤᠭ᠎ᠠ ᠨᠠᠷᠢᠨ ᠪᠠᠶᠢᠳᠠᠭ ᠨᠢ ᠬᠡᠮᠵᠢᠶ᠎ᠡ ᠪᠡᠨ ᠬᠤᠷᠳᠤᠨ ᠥᠭᠡᠷᠡᠴᠢᠯᠡᠬᠦ ᠳᠦ ᠳᠠᠪᠠᠭᠤ ᠲᠠᠯ᠎ᠠ ᠲᠠᠢ ᠠᠵᠢ᠃ ᠭᠡᠭᠡ ᠲᠡᠢ ᠭᠠᠵᠠᠷ ᠨᠠᠷᠢᠨ ᠪᠣᠰᠤᠭ᠎ᠠ᠂ ᠪᠦᠳᠡᠭᠢ ᠬᠠᠷᠠᠩᠭᠤᠢ ᠤᠷᠴᠢᠨ ᠳᠤ ᠬᠡᠦᠬᠡᠨ ᠬᠠᠷᠠᠭ᠎ᠠ ᠨᠢ ᠨᠢᠳᠦ ᠳᠦᠭᠦᠷᠡᠩ ᠨᠡᠭᠡᠭᠡᠭᠳᠡᠵᠦ ᠭᠡᠷᠡᠯ ᠦᠨ ᠨᠢᠳᠦᠨ ᠳᠦ ᠲᠤᠰᠤᠬᠤ ᠬᠡᠮᠵᠢᠶ᠎ᠡ ᠶᠢ ᠶᠡᠬᠡᠰᠭᠡᠬᠦ ᠪᠠ ᠰᠠᠶᠢᠨ ᠬᠠᠷᠠᠳᠠᠭ᠃ ᠥᠩᠭᠡ ᠶᠢᠨ ᠦᠨᠳᠦᠰᠦᠨ 3 ᠡᠬᠡ ᠪᠣᠯᠬᠤ ᠬᠥᠬᠡ᠂ ᠤᠯᠠᠭᠠᠨ᠂ ᠨᠣᠭᠣᠭᠠᠨ ᠢ ᠢᠯᠭᠠᠬᠤ ᠪᠣᠯᠪᠠᠴᠤ ᠤᠯᠠᠭᠠᠨ ᠥᠩᠭᠡ ᠶᠢ ᠪᠦᠳᠡᠭᠢ ᠶᠠᠭᠠᠨ ᠪᠣᠯᠭᠠᠵᠤ ᠬᠠᠷᠠᠳᠠᠭ ᠪᠠᠶᠢᠨ᠎ᠠ᠃ ᠶᠡᠷᠦᠩᠬᠡᠢ ᠳᠤ ᠪᠡᠨ ᠶᠠᠭᠤᠮᠠᠰ ᠦᠵᠡᠭᠳᠡᠯ ᠢ ᠬᠠᠷ᠎ᠠ᠂ ᠴᠠᠭᠠᠨ ᠢᠶᠠᠷ ᠬᠠᠷᠠᠨ᠎ᠠ᠃

ᠬᠠᠮᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠮᠠᠷ ᠨᠢ ᠪᠤᠰᠤᠳ ᠠᠮᠢᠲᠠᠳ ᠲᠠᠢ ᠬᠠᠷᠢᠴᠠᠭᠤᠯᠬᠤ ᠳᠤ ᠭᠣᠴᠣ ᠰᠠᠶᠢᠨ ᠭᠡᠵᠦ ᠢᠯᠭᠠᠷᠠᠬᠤ ᠵᠦᠢᠯ ᠦᠭᠡᠢ ᠴᠤ ᠬᠦᠮᠦᠨ ᠡᠴᠡ ᠬᠡᠳᠦᠨ 10 ᠮᠢᠩᠭ᠎ᠠ ᠳᠠᠬᠢᠨ ᠥᠨᠳᠥᠷ ᠦᠨᠦᠷᠯᠡᠬᠦ ᠴᠢᠳᠠᠪᠤᠷᠢᠲᠠᠢ ᠪᠠᠶᠢᠨ᠎ᠠ᠃ ᠮᠤᠤᠷ ᠲᠤ "ᠬᠠᠮᠠᠷ ᠤᠨ ᠬᠡ" ᠭᠡᠵᠦ ᠪᠠᠶᠢᠬᠤ ᠪᠠ ᠡᠨᠡ ᠨᠢ ᠬᠦᠮᠦᠨ ᠤ ᠬᠢ ᠪᠡᠷ ᠪᠣᠯ ᠬᠤᠷᠤᠭᠤᠨ ᠤ ᠬᠡ ᠲᠡᠢ ᠠᠳᠠᠯᠢ ᠪᠥᠭᠡᠳ ᠮᠤᠤᠷ ᠪᠣᠯᠭᠠᠨ ᠤ ᠬᠢ ᠥᠭᠡᠷ᠎ᠡ ᠶᠠᠭᠤᠮ᠎ᠠ᠃ ᠨᠣᠬᠠᠢ ᠰᠢᠭ ᠦᠨᠦᠷᠯᠡᠬᠦ ᠴᠢᠳᠠᠪᠤᠷᠢ ᠪᠠᠨ ᠠᠰᠢᠭᠯᠠᠨ ᠠᠩ ᠬᠢᠬᠦ ᠨᠢ ᠪᠠᠷᠤᠭ ᠦᠭᠡᠢ᠃ ᠮᠤᠤᠷ ᠨᠢ ᠬᠠᠮᠠᠷ ᠢᠶᠠᠨ ᠥᠪᠡᠷ ᠦᠨ ᠡᠵᠡᠮᠰᠢᠯ ᠭᠠᠵᠠᠷ ᠢᠶᠠᠨ ᠰᠢᠯᠭᠠᠬᠤ ᠪᠣᠯᠤᠨ ᠢᠳᠡᠵᠦ ᠪᠣᠯᠬᠤ ᠵᠦᠢᠯ ᠮᠥᠨ ᠪᠢᠰᠢ ᠶᠢ ᠢᠯᠭᠠᠬᠤ ᠳᠤ ᠠᠰᠢᠭᠯᠠᠳᠠᠭ᠃ᠮᠤᠤᠷ ᠤᠨ ᠬᠠᠮᠠᠷ ᠪᠣᠯ ᠣᠨᠴᠠᠭᠠᠢ ᠶᠠᠭᠤᠮ᠎ᠠ᠃

ᠴᠢᠬᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠤᠤᠷ ᠤᠨ 5 ᠮᠡᠳᠡᠷᠡᠬᠦᠢ ᠳᠣᠲᠣᠷ᠎ᠠ ᠠᠴᠠ ᠬᠠᠮᠤᠭ ᠤᠨ ᠰᠠᠶᠢᠨ ᠨᠢ ᠰᠣᠨᠣᠰᠬᠠᠯ ᠠᠵᠤ᠃ 60 ᠭᠧᠷᠼ-65 ᠺᠢᠯᠣᠭᠧᠷᠼ ᠬᠦᠷᠲᠡᠯ᠎ᠡ ᠭᠡᠵᠦ ᠲᠣᠭᠠᠴᠠᠭᠳᠠᠳᠠᠭ᠃ (ᠨᠣᠬᠠᠢ 40 ᠭᠧᠷᠼ-47 ᠺᠢᠯᠣᠭᠷᠠᠮ᠂ ᠬᠦᠮᠦᠨ 20 ᠭᠧᠷᠼ-20 ᠺᠢᠯᠣᠭ᠍ᠷᠠᠮ) ᠡᠨᠡ ᠨᠢ ᠬᠤᠯᠤᠭᠠᠨ᠎ᠠ ᠵᠡᠷᠭᠡ ᠠᠮᠢᠲᠠᠳ ᠤᠨ ᠭᠠᠷᠭᠠᠬᠤ ᠴᠢᠮᠡᠭᠡ ᠶᠢ ᠣᠯᠵᠤ ᠰᠣᠨᠣᠰᠬᠤ ᠳᠤ ᠵᠣᠷᠢᠭᠤᠯᠤᠭᠳᠠᠭᠰᠠᠨ᠃ ᠮᠥᠨ ᠴᠢᠬᠢ ᠪᠡᠨ ᠨᠢᠭᠡ ᠨᠢᠭᠡ ᠪᠡᠷ ᠨᠢ 2 ᠥᠭᠡᠷ᠎ᠡ ᠵᠦᠭ ᠲᠤ ᠬᠥᠳᠡᠯᠭᠡᠨ ᠲᠡᠷᠡ ᠵᠦᠭ ᠦᠨ ᠢᠶᠡᠨ ᠳᠠᠭᠤᠤ ᠴᠢᠮᠡᠭᠡ ᠶᠢ ᠢᠯᠭᠠᠵᠤ ᠰᠣᠨᠣᠰᠴᠤ ᠴᠢᠳᠠᠳᠠᠭ ᠪᠠ ᠬᠠᠮᠢᠭ᠎ᠠ ᠶᠠᠭ ᠠᠯᠢ ᠵᠠᠢ ᠳᠤ ᠭᠠᠷᠴᠤ ᠪᠤᠢ ᠶᠢ ᠨᠢ ᠮᠠᠰᠢ ᠨᠠᠷᠢᠨ ᠲᠣᠭᠲᠠᠭᠠᠳᠠᠭ ᠪᠠᠶᠢᠨ᠎ᠠ᠃ ᠡᠳᠡᠭᠡᠷ ᠨᠢ ᠰᠥᠨᠢ ᠪᠡᠷ ᠠᠩ ᠬᠢᠬᠦ ᠳᠦ ᠪᠡᠨ ᠣᠯᠵᠠ ᠪᠠᠨ ᠬᠦᠯᠢᠶᠡᠨ ᠮᠢᠷᠢᠶᠠᠵᠤ᠂ ᠭᠡᠲᠡᠵᠦ ᠪᠠᠶᠢᠭᠠᠳ ᠠᠪᠠᠯᠠᠬᠤ ᠳᠤ ᠵᠣᠬᠢᠴᠠᠨ ᠬᠥᠭᠵᠢᠭᠰᠡᠨ ᠴᠢᠳᠠᠪᠤᠷᠢ ᠶᠤᠮ᠃

ᠰᠡᠭᠦᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠡᠭᠦᠯ ᠨᠢ ᠪᠡᠶ᠎ᠡ ᠶᠢᠨ ᠤᠷᠲᠤ ᠲᠠᠢ ᠣᠶᠢᠷᠠᠯᠴᠠᠭ᠎ᠠ ᠪᠠᠶᠢᠨ᠎ᠠ᠃ ᠵᠠᠷᠢᠮ ᠡᠭᠦᠯᠳᠡᠷ ᠦᠨ ᠮᠤᠤᠷ ᠮᠠᠰᠢ ᠪᠣᠭᠣᠨᠢ ᠡᠰᠡᠪᠡᠯ ᠰᠡᠭᠦᠯ ᠦᠭᠡᠢ ᠪᠠᠶᠢᠬᠤ ᠨᠢ ᠪᠤᠢ᠃ ᠭᠦᠶᠦᠬᠦ᠂ ᠬᠠᠷᠠᠶᠢᠬᠤ᠂ ᠦᠰᠦᠷᠬᠦ ᠵᠡᠷᠭᠡ ᠳᠦ ᠬᠥᠳᠡᠯᠭᠡᠭᠡᠨ ᠦ ᠲᠡᠩᠴᠡᠪᠦᠷᠢ ᠪᠡᠨ ᠣᠯᠬᠤ ᠳᠤ ᠬᠡᠷᠡᠭᠯᠡᠭᠳᠡᠬᠦ ᠪᠠ ᠮᠥᠨ ᠶᠠᠭᠤ ᠢᠯᠡᠷᠬᠡᠶᠢᠯᠡᠵᠦ ᠪᠠᠶᠢᠭ᠎ᠠ ᠶᠢ ᠮᠡᠳᠡᠵᠦ ᠪᠣᠯᠤᠨ᠎ᠠ᠃

  • ᠰᠡᠭᠦᠯ ᠢᠶᠡᠨ ᠪᠣᠰᠬᠠᠬᠤ- ᠬᠠᠷᠢᠴᠠᠩᠭᠤᠢ ᠰᠠᠶᠢᠬᠠᠨ ᠠᠭᠠᠰᠢᠲᠠᠢ ᠦᠶ᠎ᠡ ᠳᠦ᠃ ᠠᠯᠬᠤᠵᠤ ᠪᠠᠶᠢᠬᠤ ᠦᠶ᠎ᠡ ᠳᠦ ᠪᠣᠰᠬᠠᠭᠰᠠᠨ ᠪᠠᠶᠢᠬᠤ ᠨᠢ ᠡᠯᠪᠡᠭ᠃
  • ᠬᠠᠵᠠᠭᠤ ᠲᠡᠰᠢ ᠬᠦᠳᠡᠯᠭᠡᠬᠦ- ᠲᠠᠭᠠᠯᠠᠮᠵᠢ ᠦᠭᠡᠢ ᠦᠶ᠎ᠡ ᠳᠦ᠃ ᠡᠵᠡᠨ ᠨᠢ ᠳᠠᠭᠤᠳᠠᠬᠤ ᠳᠤ ᠮᠥᠨ 2 ᠲᠡᠰᠢ ᠬᠡᠳᠦ ᠬᠡᠳᠦ ᠳᠠᠯᠠᠯᠤᠨ ᠬᠠᠷᠢᠭᠤᠯᠬᠤ ᠦᠶ᠎ᠡ ᠪᠤᠢ᠃ ᠪᠠᠰᠠ ᠠᠩ ᠬᠢᠬᠦ᠂ ᠲᠣᠭᠯᠠᠵᠤ ᠪᠠᠶᠢᠬᠤ ᠵᠡᠷᠭᠡ ᠦᠶ᠎ᠡ ᠳᠦ ᠠᠵᠢᠭᠯᠠᠭᠳᠠᠨ᠎ ᠠ᠃
  • ᠬᠣᠶᠢᠳᠤ ᠬᠥᠯ ᠦᠨ ᠵᠠᠪᠰᠠᠷ ᠰᠡᠭᠦᠯ ᠢᠶᠡᠨ ᠬᠠᠪᠴᠢᠬᠤ- ᠠᠶᠤᠭᠰᠠᠨ ᠦᠶ᠎ᠡ ᠳᠦ᠃
  • ᠦᠰᠦ ᠶᠢ ᠨᠢ ᠠᠷᠵᠠᠶᠢᠯᠭᠠᠨ ᠲᠣᠮᠣᠰᠬᠠᠭᠰᠠᠨ- ᠭᠠᠶᠢᠬᠠᠵᠤ ᠴᠣᠴᠢᠭᠰᠠᠨ᠃
  • ᠥᠭᠡᠷ᠎ᠡ ᠮᠤᠤᠷ ᠪᠣᠯᠤᠨ ᠡᠵᠡᠨ ᠢ ᠪᠡᠨ ᠣᠷᠢᠶᠠᠬᠤ- ᠡᠨᠡ ᠨᠢ ᠳᠣᠲᠣᠨᠣ᠂ ᠨᠥᠬᠥᠷᠰᠡᠭ ᠪᠠᠶᠢᠳᠠᠯ ᠢᠶᠠᠨ ᠢᠯᠡᠷᠬᠡᠶᠢᠯᠡᠵᠦ ᠪᠤᠢ ᠬᠡᠷᠡᠭ ᠠᠵᠢ᠃

ᠬᠤᠷᠤᠭᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠷᠳᠤ ᠬᠥᠯ ᠨᠢ 5, ᠬᠣᠶᠢᠳᠤ ᠬᠥᠯ ᠨᠢ 4 ᠬᠤᠷᠤᠭᠤ ᠲᠠᠢ ᠪᠠᠶᠢᠳᠠᠭ᠃ ᠭᠡᠪᠡᠴᠦ ᠵᠠᠷᠢᠮ ᠭᠠᠵᠢᠭ ᠠᠴᠠ ᠪᠣᠯᠤᠭᠠᠳ ᠤᠷᠳᠤ ᠬᠥᠯ ᠨᠢ 6, ᠡᠰᠡᠪᠡᠯ ᠬᠣᠶᠢᠳᠤ ᠬᠥᠯ ᠨᠢ 5 ᠬᠤᠷᠤᠭᠤ ᠲᠠᠢ ᠮᠤᠤᠷ ᠴᠥᠭᠡᠨ ᠦᠭᠡᠢ ᠪᠤᠢ᠃ ᠭᠢᠨᠢᠨ᠋ᠧᠰ ᠦᠨ ᠨᠣᠮ ᠳᠤ ᠬᠣᠶᠢᠳᠤ᠂ ᠤᠷᠳᠤ ᠬᠥᠯᠦᠨ ᠳᠦ ᠪᠡᠨ ᠲᠤᠰ ᠪᠦᠷᠢ 7 ᠬᠤᠷᠤᠭᠤ ᠲᠠᠢ᠂ ᠨᠡᠶᠢᠲᠡ 28 ᠬᠤᠷᠤᠭᠤ ᠲᠠᠢ ᠮᠤᠤᠷ ᠲᠡᠮᠳᠡᠭᠯᠡᠭᠳᠡᠭᠰᠡᠨ ᠪᠠᠶᠢᠳᠠᠭ᠃

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. Oldest Known Pet Cat? 9500-Year-Old Burial Found on Cyprus. National Geographic News (2004-04-08). 2007-03-06 ᠍ ᠳᠦ ᠬᠠᠨᠳᠤᠭᠰᠠᠨ᠃
  2. Meows Mean More To Cat Lovers. Channel3000.com. 2006-06-14 ᠍ ᠳᠦ ᠬᠠᠨᠳᠤᠭᠰᠠᠨ᠃
  3. Cat Diversity by National Geographic. MySpaceTV. 2008-11-22 ᠍ ᠳᠦ ᠬᠠᠨᠳᠤᠭᠰᠠᠨ᠃
  4. Wade, Nicholas. "Study Traces Cat's Ancestry to Middle East", The New York Times, 2007-06-29. 2008-04-02 ᠍ ᠳᠦ ᠠᠪᠤᠭᠰᠠᠨ᠃ 

ᠭᠠᠳᠠᠨ᠎ᠠ ᠶᠢᠨ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: Felis silvestris catus
ᠸᠢᠭᠵᠦᠢᠯ ᠳᠦ ᠮᠤᠤᠷ ᠍ ᠲᠠᠢ ᠬᠣᠯᠪᠣᠭᠠᠲᠠᠢ ᠮᠡᠳᠡᠭᠡᠯᠡᠯ ᠪᠠᠶᠢᠨ᠎ᠠ᠃

ᠥᠭᠦᠯᠡᠯ ᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠯ ᠡᠮᠨᠡᠯᠭᠡ ᠶᠢᠨ ᠬᠣᠯᠪᠣᠭᠳᠠᠯ ᠲᠠᠢ[ᠵᠠᠰᠠᠪᠤᠷᠢᠯᠠᠬᠤ | ᠺᠣᠳ᠋ ᠢᠶᠠᠷ ᠵᠠᠰᠠᠬᠣ]

http://wiki.uhaan.com/index.php?title=ᠮᠤᠤᠷ&oldid=478555》 ᠍  ᠡᠴᠡ ᠠᠪᠤᠭᠰᠠᠨ

ᠪᠢᠴᠢᠭᠡᠰᠦ