ᠮᠣᠷᠢᠨ ᠬᠤᠭᠤᠷ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
Mongolian Musician.jpg
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠮᠣᠷᠢᠨ ᠬᠤᠭᠤᠷ ᠮᠣᠩᠭᠣᠯ ᠦᠨᠳᠦᠰᠦᠲᠡᠨ ᠦ ᠬᠥᠭᠵᠢᠮ ᠦᠨ ᠵᠢᠮᠰᠡᠭ ᠮᠥᠨ᠃ ᠮᠣᠷᠢᠨ ᠬᠤᠭᠤᠷ ᠥᠨᠢ ᠤᠳᠠᠭᠠᠨ ᠲᠡᠦᠬᠡ ᠲᠡᠢ᠂ ᠠᠯᠢ ᠡᠷᠲᠡ 13 ᠍ ᠳᠦᠭᠡᠷ ᠵᠠᠭᠤᠨ ᠤ ᠡᠬᠢᠨ ᠳᠦ ᠳᠠᠷᠤᠢ ᠮᠣᠩᠭᠣᠯ ᠦᠨᠳᠦᠰᠦᠲᠡᠨ ᠦ ᠬᠦᠮᠦᠨ ᠠᠷᠠᠳ ᠤᠨ ᠳᠤᠮᠳᠠ ᠥᠷᠭᠡᠨ ᠳᠡᠯᠭᠡᠷᠡᠭᠰᠡᠨ ᠶᠤᠮ᠃ ᠮᠣᠷᠢᠨ ᠬᠤᠭᠤᠷ ᠤᠨ ᠳᠡᠯᠭᠡᠷᠡᠭᠰᠡᠨ ᠨᠤᠲᠤᠭ ᠣᠷᠣᠨ ᠨᠢ ᠠᠳᠠᠯᠢ ᠪᠤᠰᠤ ᠪᠠᠶᠢᠳᠠᠭ ᠤᠨ ᠤᠯᠠᠮ ᠢᠶᠠᠷ᠂ ᠲᠡᠭᠦᠨ ᠦ ᠨᠡᠷ᠎ᠡ᠂ ᠬᠡᠯᠪᠡᠷᠢ ᠳᠦᠷᠰᠦ ᠳᠠᠭᠤᠨ ᠤ ᠥᠩᠭᠡ᠂ ᠬᠥᠭᠵᠢᠮᠳᠡᠬᠦ ᠠᠷᠭ᠎ᠠ ᠨᠢ ᠴᠤ ᠥᠪᠡᠷ ᠥᠪᠡᠷ ᠦᠨ ᠣᠨᠴᠠᠯᠢᠭ ᠲᠠᠢ ᠪᠠᠶᠢᠳᠠᠭ᠃ ᠮᠣᠩᠭᠣᠯᠴᠤᠳ ᠰᠠᠭᠤᠷᠢᠰᠢᠭᠰᠠᠨ ᠶᠡᠬᠡᠩᠬᠢ ᠨᠤᠲᠤᠭ ᠲᠤ ᠤᠭ ᠬᠥᠭᠵᠢᠮ ᠦᠨ ᠵᠢᠮᠰᠡᠭ ᠢ ᠮᠣᠷᠢᠨ ᠬᠤᠭᠤᠷ ᠭᠡᠵᠦ ᠨᠡᠷᠡᠯᠡᠵᠦ ᠪᠠᠶᠢᠬᠤ ᠳᠤ᠂ ᠥᠪᠥᠷ ᠮᠣᠩᠭᠣᠯ ᠍ ᠤᠨ ᠵᠠᠷᠢᠮ ᠨᠤᠲᠤᠭ ᠲᠤ ᠴᠣᠭᠣᠷ ᠭᠡᠵᠦ ᠨᠡᠷᠡᠯᠡᠬᠦ ᠲᠠᠯ᠎ᠠ ᠪᠠᠶᠢᠳᠠᠭ᠃ᠮᠣᠷᠢᠨ ᠬᠤᠭᠤᠷ ᠤᠨ ᠬᠠᠶᠢᠷᠴᠠᠭ ᠨᠢ ᠲᠡᠭᠰᠢ ᠳᠥᠷᠪᠡᠯᠵᠢᠨ ᠬᠡᠯᠪᠡᠷᠢ ᠲᠡᠢ᠂ ᠭᠷᠢᠪ ᠳᠡᠭᠡᠷ᠎ᠡ ᠪᠡᠨ ᠮᠣᠷᠢᠨ ᠲᠣᠯᠣᠭᠠᠢ ᠶᠢᠨ ᠰᠡᠶᠢᠯᠪᠦᠷᠢ ᠲᠡᠢ ᠪᠠᠶᠢᠳᠠᠭ᠃ ᠡᠨᠡ ᠪᠣᠯ ᠮᠣᠷᠢᠨ ᠬᠤᠭᠤᠷ ᠤᠨ ᠦᠨᠳᠦᠰᠦᠨ ᠲᠥᠷᠬᠥ ᠪᠥᠭᠡᠳ ᠮᠣᠷᠢᠨ ᠬᠤᠭᠤᠷ ᠭᠡᠰᠡᠨ ᠨᠡᠷ᠎ᠡ ᠶᠢᠨ ᠬᠢ ᠨᠢ ᠢᠯᠡᠷᠡᠯ ᠶᠤᠮ᠃ ᠮᠣᠷᠢᠨ ᠬᠤᠭᠤᠷ ᠤᠨ ᠴᠢᠪᠬᠠᠳᠠᠰᠤ ᠍ ᠢ ᠮᠣᠷᠢᠨ ᠤ ᠰᠡᠭᠦᠯ ᠢᠶᠡᠷ ᠬᠢᠨ᠎ᠡ᠃ ᠮᠣᠷᠢᠨ ᠬᠤᠭᠤᠷ ᠤᠨ ᠠᠶ᠎ᠠ ᠡᠭᠡᠰᠢᠭ ᠰᠣᠨᠣᠰᠬᠤᠯᠠᠩᠲᠠᠢ ᠰᠠᠶᠢᠬᠠᠨ ᠪᠥᠭᠡᠳ ᠤᠲᠠᠰᠤᠨ ᠬᠥᠭᠵᠢᠮ ᠦᠨ ᠳᠣᠲᠣᠷ᠎ᠠ ᠥᠪᠡᠷ ᠦᠨ ᠥᠪᠡᠷᠮᠢᠴᠡ ᠣᠨᠴᠠᠯᠢᠭ ᠲᠠᠢ ᠬᠥᠭᠵᠢᠮ ᠦᠨ ᠵᠢᠮᠰᠡᠭ ᠪᠣᠯᠬᠤ ᠶᠤᠮ᠃

ᠡᠷᠲᠡ ᠳᠡᠭᠡᠷ᠎ᠡ ᠦᠶ᠎ᠡ ᠳᠦ ᠮᠣᠷᠢᠨ ᠬᠤᠭᠤᠷ ᠢ ᠬᠥᠭᠵᠢᠮᠴᠢᠳ ᠥᠪᠡᠷᠰᠡᠳ ᠢᠶᠡᠨ ᠦᠢᠯᠡᠳᠴᠦ ᠪᠦᠲᠦᠭᠡᠭᠡᠳ ᠬᠡᠷᠡᠭᠯᠡᠵᠦ ᠪᠠᠶᠢᠭᠰᠠᠨ ᠶᠤᠮ᠃ ᠳᠠᠭᠤᠨ ᠤ ᠬᠡᠮᠵᠢᠶ᠎ᠡ ᠨᠢ ᠨᠡᠯᠢᠶᠡᠳ ᠳᠣᠣᠷ᠎ᠠ ᠪᠣᠯᠬᠣᠷ ᠮᠣᠩᠭᠣᠯ ᠭᠡᠷ ᠪᠣᠯᠤᠨ ᠪᠠᠶᠢᠰᠢᠩ ᠳᠤ ᠬᠥᠭᠵᠢᠮᠳᠡᠬᠦ ᠳᠤ ᠲᠣᠬᠢᠷᠠᠮᠵᠢᠲᠠᠢ ᠪᠠᠶᠢᠭᠰᠠᠨ ᠶᠤᠮ᠃ ᠴᠠᠭ ᠦᠶ᠎ᠡ ᠶᠢᠨ ᠱᠠᠭᠠᠷᠳᠠᠯᠭ᠎ᠠ ᠪᠠᠷ ᠬᠥᠭᠵᠢᠮ ᠦᠨ ᠵᠢᠮᠰᠡᠭ ᠦᠨ ᠮᠠᠰᠲ᠋ᠸᠷ ᠤᠳ ᠤᠯᠠᠮᠵᠢᠯᠠᠯᠲᠤ ᠮᠣᠷᠢᠨ ᠬᠤᠭᠤᠷᠠᠨ ᠳᠤ ᠥᠭᠡᠷᠡᠴᠢᠯᠡᠯᠲᠡ ᠣᠷᠣᠭᠤᠯᠤᠭᠰᠠᠨ ᠪᠠᠶᠢᠨ᠎ᠠ᠃ ᠥᠭᠡᠷᠡᠴᠢᠯᠡᠯᠲᠡ ᠣᠷᠣᠭᠤᠯᠤᠭᠰᠠᠨ ᠠᠴᠠ ᠬᠣᠶᠢᠰᠢ ᠮᠣᠷᠢᠨ ᠬᠤᠭᠤᠷ ᠤᠨ ᠳᠠᠭᠤᠨ ᠤ ᠪᠠᠭᠲᠠᠭᠠᠮᠵᠢ ᠳ᠋ᠢᠶᠠᠹᠠᠽᠣᠨ (ᠴᠠᠷ᠎ᠠ ᠬᠦᠷᠢᠶ᠎ᠡ) ᠨᠢ ᠥᠷᠭᠡᠵᠢᠵᠦ᠂ ᠮᠣᠷᠢᠨ ᠤ ᠰᠡᠭᠦᠯ ᠢ ᠨᠢᠯᠣᠨ ᠤᠲᠠᠰᠤ ᠪᠠᠷ ᠣᠷᠣᠯᠠᠭᠤᠯᠤᠨ ᠴᠢᠪᠬᠠᠳᠠᠰᠤ ᠬᠢᠭᠰᠡᠨ ᠨᠢ᠂ ᠳᠠᠭᠤᠨ ᠤ ᠬᠡᠮᠵᠢᠶ᠎ᠡ ᠨᠢ ᠥᠨᠳᠥᠷᠵᠢᠨ᠂ ᠬᠥᠭ ᠨᠢ ᠺᠣᠠᠷᠲ ᠢᠶᠠᠷ ᠳᠡᠭᠡᠭᠰᠢᠯᠡᠭᠰᠡᠨ ᠶᠤᠮ᠃ ᠥᠭᠡᠷᠡᠴᠢᠯᠡᠯᠲᠡ ᠣᠷᠣᠭᠤᠯᠤᠭᠰᠠᠨ ᠠᠴᠠ ᠬᠣᠶᠢᠰᠢ ᠮᠣᠷᠢᠨ ᠬᠤᠭᠤᠷ ᠨᠢ ᠤᠶᠠᠩᠭᠠᠯᠢᠭ ᠰᠠᠶᠢᠬᠠᠨ ᠬᠥᠭ ᠢᠶᠡᠨ ᠬᠠᠳᠠᠭᠠᠯᠠᠭᠠᠳ ᠵᠣᠭᠰᠣᠬᠤ ᠦᠭᠡᠢ ᠢᠷᠠᠭᠤ ᠲᠣᠳᠣ ᠪᠣᠯᠤᠭᠰᠠᠨ ᠢᠶᠠᠷ ᠲᠠᠶᠢᠰᠠᠨ ᠳᠡᠭᠡᠷ᠎ᠡ ᠪᠤᠶᠤ ᠬᠥᠳᠡᠭᠡ ᠲᠠᠯ᠎ᠠ ᠳᠤ ᠬᠥᠭᠵᠢᠮᠳᠡᠬᠦ ᠳᠤ ᠲᠣᠬᠢᠷᠠᠵᠤ᠂ ᠮᠣᠩᠭᠣᠯ ᠦᠨᠳᠦᠰᠦᠲᠡᠨ ᠦ ᠭᠣᠴᠣᠯᠠᠯ ᠬᠥᠭᠵᠢᠮ ᠦᠨ ᠭᠣᠣᠯ ᠵᠢᠮᠰᠡᠭ ᠦᠨ ᠨᠢᠭᠡ ᠪᠣᠯᠤᠭᠰᠠᠨ ᠪᠠᠶᠢᠨ᠎ᠠ᠃

ᠡᠭᠦᠨ ᠡᠴᠡ ᠭᠠᠳᠠᠨ᠎ᠠ ᠬᠥᠭᠵᠢᠮ ᠦᠨ ᠵᠢᠮᠰᠡᠭ ᠦᠢᠯᠡᠳᠪᠦᠷᠢᠯᠡᠭᠴᠢᠳ ᠪᠠᠰᠠ ᠳᠤᠮᠳᠠ ᠭᠠᠷ ᠤᠨ ᠮᠣᠷᠢᠨ ᠬᠤᠭᠤᠷ ᠪᠣᠯᠤᠨ ᠶᠡᠬᠡ ᠭᠠᠷ ᠤᠨ ᠮᠣᠷᠢᠨ ᠬᠤᠭᠤᠷ ᠰᠤᠳᠤᠯᠤᠨ ᠦᠢᠯᠡᠳᠦᠭᠰᠡᠨ ᠶᠤᠮ᠃ ᠡᠨᠡ ᠬᠣᠶᠠᠷ ᠲᠥᠷᠥᠯ ᠦᠨ ᠮᠣᠷᠢᠨ ᠬᠤᠭᠤᠷ ᠢ ᠬᠥᠭᠵᠢᠮᠳᠡᠬᠦ ᠠᠷᠭ᠎ᠠ ᠨᠢ ᠧᠦ᠋ᠷᠣᠫᠠ ᠶᠢᠨ ᠸᠢᠣᠯᠣᠨᠴᠧᠯ ᠪᠣᠯᠤᠨ ᠠᠯᠢ ᠳᠤ ᠬᠢᠭᠢᠯᠢᠲᠡᠢ ᠠᠳᠠᠯᠢᠬᠠᠨ ᠪᠠᠶᠢᠳᠠᠭ᠃ ᠢᠩᠭᠢᠭᠰᠡᠨ ᠢᠶᠡᠷ ᠮᠣᠷᠢᠨ ᠬᠤᠭᠤᠷ ᠨᠢ ᠰᠠᠫᠷᠣᠨ᠎ᠠ᠂ ᠠᠯᠢ ᠳᠤ᠂ ᠪᠠᠷᠢᠲ᠋ᠣᠨ ᠪᠦᠷᠢᠳᠦᠭᠰᠡᠨ ᠪᠦᠷᠢᠨ ᠪᠦᠲᠦᠨ ᠬᠥᠭᠵᠢᠮ ᠦᠨ ᠬᠡᠰᠡᠭ ᠪᠦᠷᠢᠯᠳᠦᠭᠦᠯᠵᠦ᠂ ᠮᠣᠩᠭᠣᠯ ᠦᠨᠳᠦᠰᠦᠲᠡᠨ ᠦ ᠬᠥᠭᠵᠢᠮ ᠦᠨ ᠠᠩᠭᠢ ᠶᠢ ᠪᠠᠶᠠᠵᠢᠭᠤᠯᠤᠭᠰᠠᠨ ᠪᠠᠶᠢᠨ᠎ᠠ᠃ ᠥᠭᠡᠷᠡᠴᠢᠯᠡᠯᠲᠡ ᠣᠷᠣᠭᠤᠯᠤᠨ ᠰᠢᠨ᠎ᠡ ᠪᠡᠷ ᠰᠤᠳᠤᠯᠤᠨ ᠪᠦᠲᠦᠭᠡᠭᠰᠡᠨ ᠮᠣᠷᠢᠨ ᠬᠤᠭᠤᠷ ᠨᠢ ᠭᠠᠳᠠᠷ ᠴᠢᠮᠡᠭᠯᠡᠯ ᠦᠨ ᠲᠠᠯ᠎ᠠ ᠪᠠᠷ ᠮᠥᠨ ᠮᠣᠩᠭᠣᠯ ᠦᠨᠳᠦᠰᠦᠲᠡᠨ ᠦ ᠣᠨᠴᠠᠯᠢᠭ ᠢ ᠬᠡᠪ ᠢᠶᠡᠷ ᠨᠢ ᠬᠠᠳᠠᠭᠠᠯᠠᠵᠤ᠂ ᠴᠠᠷ᠎ᠠ ᠳᠡᠭᠡᠷ᠎ᠡ ᠨᠢ ᠦᠨᠳᠦᠰᠦᠲᠡᠨ ᠦ ᠣᠨᠴᠠᠯᠢᠭ ᠲᠠᠢ ᠬᠡ ᠤᠭᠠᠯᠵᠠ ᠰᠡᠶᠢᠯᠦᠭᠰᠡᠨ ᠪᠠᠶᠢᠳᠠᠭ ᠢᠶᠠᠷ ᠶᠣᠰᠣᠲᠠᠢ ᠯᠠ ᠤᠷᠠᠨ ᠨᠠᠷᠢᠨ ᠤᠷᠠᠯᠢᠭ ᠤᠨ ᠪᠦᠲᠦᠭᠡᠯ ᠭᠡᠵᠦ ᠪᠣᠯᠤᠨ᠎ᠠ᠃

ᠮᠣᠩᠭᠣᠯ ᠤᠯᠤᠰ ᠳᠤ 1992 ᠤᠨ ᠳᠤ ᠮᠣᠷᠢᠨ ᠬᠤᠭᠤᠷ ᠤᠨ ᠴᠢᠭᠤᠯᠭ᠎ᠠ ᠪᠠᠶᠢᠭᠤᠯᠤᠭᠳᠠᠨ ᠦᠢᠯᠡ ᠠᠵᠢᠯᠯᠠᠭ᠎ᠠ ᠶᠢ ᠪᠠᠨ ᠶᠠᠪᠤᠭᠤᠯᠵᠤ ᠪᠠᠶᠢᠨ᠎ᠠ᠃ ᠮᠣᠷᠢᠨ ᠬᠤᠭᠤᠷ ᠨᠢ United Nations Educational Scientific and Cultural Organization ᠍ ᠶᠢᠨ ᠳᠡᠯᠡᠬᠡᠢ ᠶᠢᠨ ᠥᠪ ᠳᠤ ᠪᠦᠷᠢᠳᠬᠡᠯ ᠲᠡᠢ᠃

ᠮᠣᠷᠢᠨ ᠬᠤᠭᠤᠷ ᠢ ᠭᠣᠪᠢ ᠶᠢᠨ ᠲᠡᠮᠡᠭᠡᠴᠢᠳ ᠲᠥᠯ ᠦᠷᠡᠴᠢᠯᠡᠭᠦᠯᠬᠦ ᠳᠦ ᠠᠰᠢᠭᠯᠠᠳᠠᠭ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠤᠨ ᠭᠣᠪᠢ ᠶᠢᠨ ᠲᠡᠮᠡᠭᠡᠴᠢᠳ ᠣᠯᠠᠨ ᠵᠠᠭᠤᠨ ᠤ ᠲᠤᠷᠰᠢ ᠲᠡᠮᠡᠭᠡᠨ ᠦ ᠰᠡᠳᠬᠢᠯ ᠵᠦᠢ ᠶᠢ ᠨᠠᠷᠢᠨ ᠠᠵᠢᠭᠡᠯᠡᠵᠤ᠂ ᠥᠨᠦᠴᠢᠷᠡᠭᠰᠡᠨ ᠪᠣᠲᠣᠭ᠎ᠠ ᠶᠢ ᠰᠢᠨ᠎ᠡ ᠡᠬᠡ ᠲᠡᠮᠡᠭᠡᠨ ᠳᠦ ᠠᠪᠬᠠᠭᠤᠯᠬᠤ ᠳᠤ ᠮᠣᠷᠢᠨ ᠬᠤᠭᠤᠷ ᠢ ᠠᠰᠢᠭᠯᠠᠭᠰᠠᠭᠠᠷ ᠢᠷᠡᠵᠡᠢ᠃ ᠡᠨᠡ ᠭᠠᠶᠢᠬᠠᠮᠰᠢᠭ ᠲᠠᠢ ᠨᠠᠷᠢᠨ ᠶᠠᠪᠤᠴᠠ ᠢ 1986 ᠤᠨ ᠤ ᠵ᠃ᠪᠠᠳᠠᠷ᠎ᠠ ᠶᠢᠨ ᠨᠠᠶᠢᠷᠠᠭᠤᠯᠤᠭᠰᠠᠨ ᠢᠩᠭᠡᠨ ᠡᠭᠡᠰᠢᠭ ᠪᠠᠷᠢᠮᠲᠠᠲᠤ ᠺᠢᠨᠣᠨ ᠳᠤ ᠠᠩᠬ᠎ᠠ ᠲᠣᠳᠣᠷᠬᠠᠢ ᠬᠠᠷᠠᠭᠤᠯᠵᠤ 1988 ᠤᠨ ᠤ ᠮᠣᠰᠺᠸᠠ ᠶᠢᠨ ᠣᠯᠠᠨ ᠤᠯᠤᠰ ᠤᠨ ᠺᠢᠨᠣ᠋ ᠹᠧᠰᠲ᠋ᠢᠸᠠᠯ ᠠᠴᠠ ᠭᠠᠷᠤᠨ ᠫᠷᠢ ᠱᠠᠩᠨᠠᠯ ᠬᠦᠷᠲᠡᠭᠰᠡᠨ ᠪᠣᠯ ᠮᠥᠨ ᠰᠡᠳᠦᠪ ᠢᠶᠡᠷ ᠨᠠᠶᠢᠷᠠᠭᠤᠯᠤᠭᠴᠢ ᠳ᠃ᠪᠢᠮᠪᠠᠰᠦ᠋ᠷᠦᠩ ᠦᠨ 2003 ᠤᠨ ᠳᠤ ᠪᠦᠲᠦᠭᠡᠭᠰᠡᠨ ᠢᠩᠭᠡᠨ ᠨᠢᠯᠪᠤᠰᠤ ᠺᠢᠨᠣ᠋ 2005 ᠤᠨ ᠤ ᠠᠮᠧᠷᠢᠺᠠ ᠶᠢᠨ ᠨᠢᠭᠡᠳᠦᠭᠰᠡᠨ ᠤᠯᠤᠰ ᠤᠨ ᠣᠰᠺᠠᠷ ᠤᠨ ᠱᠠᠩᠨᠠᠯ ᠳᠤ ᠰᠢᠯᠢᠳᠡᠭ ᠪᠠᠷᠢᠮᠲᠠᠲᠤ ᠺᠢᠨᠣᠨ ᠤ ᠲᠥᠷᠥᠯ ᠳᠦ ᠨᠡᠷ᠎ᠡ ᠳᠡᠪᠰᠢᠭᠰᠡᠨ ᠶᠤᠮ᠃

ᠮᠣᠷᠢᠨ ᠬᠤᠭᠤᠷ ᠤᠨ ᠡᠭᠦᠰᠦᠯ ᠦᠨ ᠲᠤᠬᠠᠢ ᠳᠣᠮᠣᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠷᠲᠡ ᠤᠷᠢᠳᠤ ᠴᠠᠭ ᠲᠤ ᠮᠣᠩᠭᠣᠯ ᠤᠨ ᠵᠡᠭᠦᠨ ᠬᠢᠵᠠᠭᠠᠷ ᠨᠤᠲᠤᠭ ᠤᠨ ᠠᠳᠤᠭᠤᠴᠢᠨ ᠬᠦᠦ ᠨᠠᠮᠵᠢᠯ ᠴᠡᠷᠢᠭ ᠦᠨ ᠠᠯᠪᠠᠨ ᠳᠤ ᠮᠣᠷᠳᠠᠵᠤ ᠪᠠᠷᠠᠭᠤᠨ ᠨᠤᠲᠤᠭ ᠢ ᠬᠠᠮᠠᠭᠠᠯᠠᠨ ᠰᠠᠭᠤᠴᠠᠢ᠃ ᠲᠡᠭᠦᠨ ᠦ ᠤᠶᠠᠩᠭᠠᠲᠤ ᠰᠠᠶᠢᠬᠠᠨ ᠬᠣᠭᠣᠯᠠᠢ ᠪᠠᠷ ᠢᠶᠠᠨ ᠢᠷᠠᠭᠤ ᠡᠭᠡᠰᠢᠭᠯᠡᠩᠲᠦ ᠳᠠᠭᠤᠤ ᠳᠠᠭᠤᠯᠠᠬᠤ ᠳᠤ ᠲᠡᠷᠡ ᠨᠤᠲᠤᠭ ᠤᠨ ᠮᠣᠷᠢ ᠲᠠᠢ ᠬᠦᠮᠦᠨ ᠪᠠᠭᠤᠵᠤ ᠰᠣᠨᠣᠰᠳᠠᠭ᠂ ᠶᠠᠪᠠᠭᠠᠨ ᠬᠦᠮᠦᠨ ᠰᠠᠭᠤᠵᠤ ᠰᠣᠨᠣᠰᠳᠠᠭ ᠪᠠᠶᠢᠴᠠᠢ᠃ ᠣᠯᠠᠨ ᠲᠦᠮᠡᠨ ᠠᠷᠠᠳ ᠤᠳ ᠰᠠᠶᠢᠬᠠᠨ ᠡᠷ᠎ᠡ ᠨᠠᠮᠵᠢᠯ ᠢ ᠭᠠᠶᠢᠬᠠᠨ ᠪᠢᠰᠢᠷᠡᠵᠦ ᠮᠠᠭᠲᠠᠨ ᠰᠠᠶᠢᠰᠢᠶᠠᠬᠤ ᠳᠤ ᠪᠠᠨ ᠬᠥᠬᠡᠭᠡ ᠰᠢᠪᠠᠭᠤᠨ ᠤ ᠳᠠᠭᠤᠤ ᠲᠠᠢ ᠢᠵᠢᠯᠢᠰᠡᠭᠦᠯᠦᠨ "ᠬᠥᠬᠡᠭᠡ ᠨᠠᠮᠵᠢᠯ》 ᠭᠡᠵᠦ ᠨᠡᠷᠡᠯᠡᠬᠦ ᠪᠣᠯᠵᠠᠢ᠃

ᠬᠥᠬᠡᠭᠡ ᠨᠠᠮᠵᠢᠯ ᠲᠡᠷᠡ ᠭᠠᠵᠠᠷ ᠣᠯᠠᠨ ᠵᠢᠯ ᠢᠶᠡᠷ ᠠᠯᠪᠠᠳᠠᠨ ᠰᠠᠭᠤᠬᠤ ᠳᠤ ᠪᠠᠨ ᠨᠤᠲᠤᠭ ᠤᠨ ᠨᠣᠶᠠᠨ ᠤ ᠨᠢᠭᠡᠨ ᠰᠠᠶᠢᠬᠠᠨ ᠭᠦᠨᠵᠡ ᠲᠡᠢ ᠳᠣᠲᠣᠨᠣ ᠲᠠᠨᠢᠯᠴᠠᠨ ᠢᠨᠠᠭᠯᠠᠨ ᠠᠮᠠᠷᠠᠭᠯᠠᠵᠠᠢ᠃ ᠬᠠᠭᠠᠨ ᠤ ᠠᠯᠪᠠ ᠴᠤ ᠬᠠᠯᠤᠭ᠎ᠠ ᠲᠠᠢ᠂ ᠡᠵᠡᠨ ᠦ ᠠᠯᠪᠠ ᠴᠤ ᠭᠡᠰᠡᠨ ᠡᠭᠡᠯᠵᠢ ᠲᠡᠢ ᠪᠠᠶᠢᠳᠠᠭ ᠪᠣᠯᠬᠣᠷ ᠬᠥᠬᠡᠭᠡ ᠨᠠᠮᠵᠢᠯ ᠤᠨᠨ ᠠᠯᠪᠠ ᠬᠠᠭᠠᠬᠤ ᠬᠤᠭᠤᠴᠠᠭ᠎ᠠ ᠳᠠᠭᠤᠰᠴᠤ ᠨᠤᠲᠤᠭ ᠣᠷᠣᠨ ᠳᠤ ᠪᠠᠨ ᠪᠤᠴᠠᠬᠤ ᠪᠣᠯᠬᠤ ᠳᠤ ᠠᠮᠠᠷᠠᠭ ᠬᠠᠶᠢᠷᠠᠲᠠᠢ ᠭᠦᠨᠵᠡ ᠨᠢ ᠬᠠᠶᠢᠷᠠᠲᠤ ᠬᠦᠮᠦᠨ ᠨᠠᠮᠵᠢᠯ ᠳᠤ ᠪᠠᠨ ᠨᠢᠭᠤᠴᠠ ᠳᠠᠯᠠᠪᠴᠢᠲᠠᠨ "ᠵᠢᠨᠦᠩ ᠬᠠᠷ᠎ᠠ》 ᠭᠡᠳᠡᠭ ᠨᠢᠰᠳᠡᠭ ᠮᠣᠷᠢ ᠥᠭᠡᠳ 《ᠡᠨᠡ ᠮᠣᠷᠢ ᠪᠠᠷ ᠭᠠᠵᠠᠷ ᠲᠣᠪᠴᠢᠯᠠᠨ ᠢᠷᠡᠵᠦ ᠠᠭᠤᠯᠵᠠᠵᠤ ᠪᠠᠶᠢᠭᠠᠷᠠᠢ》 ᠭᠡᠵᠦ ᠵᠠᠬᠢᠭᠰᠠᠨ ᠶᠤᠮᠰᠠᠨᠵᠡᠢ᠃ ᠨᠠᠮᠵᠢᠯ ᠲᠡᠷᠡ ᠮᠣᠷᠢ ᠪᠠᠷ ᠢᠶᠠᠨ ᠶᠠᠪᠤᠵᠤ ᠨᠤᠲᠤᠭ ᠲᠤ ᠪᠠᠨ ᠢᠷᠡᠬᠦ ᠳᠦ ᠨᠢ ᠬᠦᠮᠦᠰ ᠶᠡᠬᠡᠳᠡ ᠰᠣᠨᠢᠷᠬᠠᠨ ᠥᠭᠡᠷ᠎ᠡ ᠮᠣᠷᠢ ᠤᠨᠠᠬᠤ ᠦᠭᠡᠢ ᠳᠦ ᠨᠢ ᠪᠠᠰᠠ ᠭᠠᠶᠢᠬᠠᠳᠠᠭ ᠪᠠᠶᠢᠴᠠᠢ᠃ ᠨᠠᠮᠵᠢᠯ ᠬᠠᠭᠤᠴᠢᠨ ᠬᠡᠪ ᠢᠶᠡᠷ ᠢᠶᠡᠨ ᠠᠳᠤᠭᠤ ᠮᠠᠯ ᠢᠶᠠᠨ ᠥᠰᠬᠡᠨ ᠠᠪᠤ ᠡᠵᠢ ᠪᠡᠨ ᠠᠰᠠᠷᠠᠨ ᠰᠠᠭᠤᠳᠠᠭ ᠪᠠᠶᠢᠭᠰᠠᠨ ᠪᠣᠯᠪᠠᠴᠤ ᠰᠥᠨᠢ ᠳᠦ ᠪᠡᠨ ᠭᠡᠷ ᠣᠷᠣᠨ ᠳᠤ ᠪᠠᠨ ᠪᠠᠶᠢᠬᠤ ᠦᠭᠡᠢ ᠠᠯᠠᠭ᠎ᠠ ᠪᠣᠯᠤᠭᠠᠳ ᠪᠠᠶᠢᠳᠠᠭ ᠭᠡᠨ᠎ᠡ᠃ ᠢᠩᠭᠦᠭᠰᠡᠭᠡᠷ ᠭᠤᠷᠪᠠᠨ ᠵᠢᠯ ᠪᠣᠯᠬᠤ ᠳᠤ ᠲᠡᠭᠦᠨ ᠦ ᠤᠴᠢᠷ ᠢ ᠬᠦᠮᠦᠰ ᠶᠡᠷᠦ ᠮᠡᠳᠡᠳᠡᠭ ᠦᠭᠡᠢ ᠪᠠᠶᠢᠴᠠᠢ᠃
Image: 250 pixels


ᠬᠥᠬᠡᠭᠡ ᠨᠠᠮᠵᠢᠯ ᠤᠨᠨ ᠬᠢ ᠲᠠᠢ ᠣᠶᠢᠷᠠᠯᠴᠠᠭ᠎ᠠ ᠨᠢᠭᠡᠨ ᠪᠠᠶᠠᠨ ᠠᠶᠢᠯ ᠪᠠᠶᠢᠪᠠ᠃ ᠲᠡᠷᠡ ᠠᠶᠢᠯ ᠳᠤ ᠡᠭᠡᠯ ᠣᠯᠠᠨ ᠢ ᠦᠢᠮᠡᠭᠦᠯᠳᠡᠭ᠂ ᠡᠪᠲᠡᠢ ᠬᠣᠶᠠᠷ ᠢ ᠪᠤᠰᠠᠨᠢᠭᠤᠯᠳᠠᠭ ᠲᠡᠶᠢᠮᠦ ᠰᠦᠷᠡᠬᠡᠨᠢ ᠬᠣᠪᠴᠢ ᠬᠡᠦᠬᠡᠨ ᠪᠠᠶᠢᠴᠠᠢ᠃ ᠲᠡᠷᠡ ᠬᠡᠦᠬᠡᠨ ᠲᠡᠭᠦᠨ ᠢ ᠰᠡᠮ ᠠᠵᠢᠭᠡᠯᠡᠨ "ᠮᠣᠷᠢᠨ ᠳᠤ ᠨᠢ ᠶᠠᠮᠠᠷ ᠨᠢᠭᠡᠨ ᠨᠢᠭᠤᠴᠠ ᠪᠠᠶᠢᠨ᠎ᠠ》 ᠭᠡᠵᠦ ᠬᠢᠨᠠᠭᠰᠠᠭᠠᠷ ᠪᠠᠶᠢᠴᠠᠢ᠃ ᠮᠥᠨᠥᠬᠢ ᠬᠣᠪᠴᠢ ᠬᠡᠦᠬᠡᠨ "ᠵᠣᠨᠤᠩ ᠬᠠᠷ᠎ᠠ" ᠮᠣᠷᠢᠨ ᠤ ᠡᠭᠡᠯ ᠪᠢᠰᠢ ᠶᠢ ᠠᠵᠢᠭᠯᠠᠵᠣ ᠮᠡᠳᠡᠭᠰᠡᠨ ᠤᠴᠢᠷ ᠬᠥᠬᠡᠭᠡ ᠨᠠᠮᠵᠢᠯ ᠳᠤ ᠬᠣᠣᠷ ᠬᠥᠨᠥᠭᠡᠯ ᠬᠦᠷᠭᠡᠬᠦ ᠭᠡᠵᠦ ᠰᠠᠨᠠᠭᠠᠷᠬᠠᠳᠠᠭ ᠪᠣᠯᠪᠠ᠃ ᠬᠥᠬᠡᠭᠡ ᠨᠠᠮᠵᠢᠯ ᠦᠳᠡᠰᠢ ᠶᠠᠪᠤᠵᠤ ᠠᠮᠠᠷᠠᠭ ᠬᠠᠶᠢᠷᠠᠲᠤ ᠭᠦᠨᠵᠢᠲᠠᠢ ᠪᠡᠨ ᠠᠭᠤᠯᠵᠠᠭᠠᠳ ᠲᠡᠷᠡ ᠰᠥᠨᠢ ᠪᠤᠴᠠᠬᠤ ᠵᠠᠮ ᠳᠤ ᠪᠠᠨ ᠠᠳᠤᠭᠤ ᠶᠢ ᠪᠠᠨ ᠲᠤᠤᠰ ᠢᠶᠠᠷ ᠦᠷ ᠰᠥᠨᠢ ᠪᠡᠷ ᠪᠤᠴᠠᠵᠤ ᠢᠷᠡᠭᠡᠳ 《ᠮᠣᠷᠢᠨ ᠤ ᠪᠠᠨ ᠬᠥᠯᠥᠰᠥ ᠶᠢ ᠨᠠᠮᠳᠠᠭᠠᠭᠠᠳ ᠦᠷ ᠴᠠᠶᠢᠬᠤ ᠳᠤ ᠮᠣᠷᠢ ᠪᠠᠨ ᠲᠠᠯᠪᠢᠶ᠎ᠠ" ᠬᠡᠮᠡᠨ ᠭᠡᠷ ᠲᠦ ᠪᠡᠨ ᠣᠷᠣᠵᠤ ᠠᠮᠠᠷᠠᠨ ᠰᠠᠭᠤᠵᠤ ᠭᠡᠨ᠎ᠡ᠃ ᠢᠩᠭᠦᠬᠦ ᠳᠦ ᠪᠡᠨ ᠮᠣᠷᠢᠨ ᠤ ᠪᠠᠨ ᠨᠢᠭᠤᠴᠠ ᠵᠢᠭᠦᠷ ᠢ ᠨᠢᠭᠤᠬᠤ ᠪᠠᠨ ᠮᠠᠷᠲᠠᠵᠠᠢ᠃ ᠭᠡᠲᠡᠯ᠎ᠡ ᠨᠥᠭᠥᠭᠡᠬᠢ ᠬᠣᠪᠴᠢ ᠬᠡᠦᠬᠡᠨ ᠮᠣᠷᠢᠨ ᠤ ᠲᠥᠪᠡᠷᠭᠡᠨ ᠰᠣᠨᠣᠰᠴᠤ ᠬᠥᠬᠡᠭᠡ ᠨᠠᠮᠵᠢᠯ ᠤᠨᠨ ᠢᠷᠡᠬᠦ ᠶᠢ ᠮᠡᠳᠡᠭᠡᠳ ᠤᠶᠠᠨ ᠳᠡᠭᠡᠷ᠎ᠡ ᠨᠢ ᠰᠡᠮ ᠣᠴᠢᠪᠠᠯ ᠰᠠᠶᠢᠬᠠᠨ ᠵᠣᠨᠤᠩ ᠬᠠᠷ᠎ᠠ ᠮᠣᠷᠢ ᠰᠠᠨᠠᠭ᠎ᠠ ᠮᠠᠭᠤᠳᠤᠨ ᠢᠷᠡᠭᠰᠡᠨ ᠢ ᠲᠠᠨᠢᠯ ᠦᠭᠡᠢ᠂ ᠰᠠᠶᠢᠨ ᠡᠵᠡ ᠢᠶᠡᠨ ᠬᠡᠮᠡᠨ ᠪᠠᠶᠠᠰᠤᠭᠠᠳ ᠬᠡᠩᠬᠦᠳᠡᠭ ᠴᠡᠭᠡᠵᠢ ᠪᠡᠨ ᠬᠥᠨᠳᠡᠯᠢᠰᠦᠭᠦᠯᠦᠭᠡᠳ ᠬᠥᠯᠦᠰᠦᠲᠡᠢ ᠪᠡᠶ᠎ᠡ ᠪᠡᠨ ᠰᠢᠯᠭᠡᠭᠡᠨ ᠭᠠᠵᠠᠷ ᠴᠠᠪᠴᠢᠯᠠᠨ ᠪᠠᠶᠢᠵᠤ ᠬᠣᠶᠠᠷ ᠰᠤᠭᠤᠨ ᠠᠴᠠ ᠪᠠᠨ ᠢᠳᠡ ᠰᠢᠳᠢ ᠶᠢᠨ ᠬᠦᠴᠦᠲᠡᠢ ᠵᠢᠭᠦᠷ ᠢᠶᠡᠨ ᠳᠡᠷᠪᠡᠯᠵᠡᠭᠦᠯᠵᠦ ᠪᠠᠶᠢᠬᠤ ᠶᠢ ᠨᠢ ᠦᠵᠡᠭᠡᠳ ᠬᠣᠪᠴᠢ ᠬᠡᠦᠬᠡᠨ ᠭᠦᠢᠨ ᠬᠠᠷᠢᠵᠤ ᠦᠢᠯᠡ ᠶᠢᠨ ᠢᠶᠡᠨ ᠬᠠᠶᠢᠴᠢ ᠶᠢ ᠬᠠᠨᠴᠤᠶᠢᠯᠠᠵᠤ ᠢᠷᠡᠨ ᠵᠣᠨᠤᠩ ᠬᠠᠷ᠎ᠠ ᠮᠣᠷᠢᠨ ᠤ ᠵᠢᠭᠦᠷ ᠢ ᠲᠠᠰᠤ ᠬᠠᠶᠢᠴᠢᠯᠠᠭᠠᠳ ᠬᠠᠶᠠᠵᠠᠢ᠃ᠰᠠᠶᠢᠬᠠᠨ ᠵᠣᠨᠤᠩ ᠬᠠᠷ᠎ᠠ ᠮᠣᠷᠢ ᠨᠢ ᠰᠢᠳᠢᠲᠦ ᠵᠢᠭᠦᠷ ᠢᠶᠡᠨ ᠬᠠᠶᠢᠴᠢᠯᠠᠭᠤᠯᠤᠭᠰᠠᠨ ᠠᠴᠠ ᠪᠣᠯᠵᠤ ᠤᠳᠠᠯ ᠦᠭᠡᠢ ᠦᠬᠦᠵᠦ ᠭᠡᠨ᠎ᠡ᠃


ᠰᠠᠶᠢᠨ ᠮᠣᠷᠢᠨ ᠠᠴᠠ ᠪᠠᠨ ᠰᠠᠯᠢᠰᠤᠨ ᠳᠤ ᠪᠠᠨ ᠶᠡᠬᠡᠳᠡ ᠭᠠᠰᠢᠭᠤᠳᠠᠨ ᠬᠥᠬᠡᠭᠡ ᠨᠠᠮᠵᠢᠯ ᠨᠢᠭᠡᠨ ᠡᠳᠦᠷ ᠰᠠᠶᠢᠬᠠᠨ ᠵᠣᠨᠤᠩ ᠬᠠᠷ᠎ᠠ ᠮᠣᠷᠢᠨ ᠤ ᠪᠠᠨ ᠤᠷᠲᠤ ᠰᠠᠶᠢᠬᠠᠨ ᠳᠡᠯ ᠰᠡᠭᠦᠯ ᠢ ᠬᠠᠶᠢᠴᠢᠯᠠᠨ ᠠᠪᠴᠤ ᠲᠣᠯᠣᠭᠠᠶᠢᠯᠠᠨ ᠤᠲᠠᠰᠤᠯᠠᠵᠤ ᠨᠢᠮᠭᠡᠨ ᠭᠠᠵᠠᠷ ᠤᠨ ᠠᠷᠠᠰᠤᠨ ᠠᠴᠠ ᠨᠢ ᠥᠪᠴᠢᠨ ᠠᠪᠴᠤ ᠰᠢᠷᠢᠢ ᠠ ᠪᠣᠯᠭᠠᠨ ᠨᠠᠨᠳᠢᠩᠨᠠᠵᠤ ᠳᠠᠷᠠᠭ᠎ᠠ ᠨᠢ ᠪᠠᠩᠵᠠ ᠮᠣᠳᠣ ᠶᠢ ᠠᠪᠳᠠᠷᠯᠠᠨ ᠳᠠᠷᠬᠠᠯᠠᠵᠤ ᠥᠪᠴᠢᠵᠦ ᠠᠪᠤᠭᠰᠠᠨ ᠠᠷᠠᠰᠤ ᠪᠠᠷ ᠢᠶᠠᠨ ᠬᠥᠨᠳᠡᠢ ᠴᠠᠷᠠᠭ᠎ᠠ ᠰᠢᠷᠢᠯᠡᠵᠦ ᠣᠷᠣᠢ ᠳᠡᠭᠡᠷ᠎ᠡ ᠨᠢ ᠤᠬᠠᠭᠠᠨ ᠳᠤ ᠮᠣᠷᠢᠨ ᠤ ᠪᠠᠨ ᠲᠣᠯᠣᠭᠠᠢ ᠶᠢ ᠰᠡᠶᠢᠯᠵᠦ ᠮᠥᠩᠬᠡᠯᠡᠪᠡ᠃ ᠲᠡᠭᠦᠨ ᠦ ᠳᠣᠣᠷᠠᠳᠤ ᠬᠣᠭᠣᠯᠠᠢ ᠳᠤ ᠴᠢᠬᠢ ᠮᠣᠳᠣ ᠬᠣᠶᠠᠷ ᠢ ᠵᠣᠬᠢᠶᠠᠵᠤ ᠲᠡᠭᠦᠨ ᠡᠴᠡ ᠬᠢᠯᠭᠠᠰᠤᠨ ᠤᠲᠠᠰᠤ ᠪᠠᠨ ᠬᠣᠶᠠᠷ ᠡᠩᠨᠡᠭᠡ ᠪᠣᠯᠭᠠᠨ ᠵᠡᠭᠦᠵᠦ ᠤᠨᠵᠢᠭᠤᠯᠤᠭᠠᠳ ᠠᠪᠳᠠᠷ᠎ᠠ ᠶᠢ ᠳᠠᠪᠠᠭᠤᠯᠤᠨ ᠢᠷᠤᠭᠠᠷ ᠲᠤ ᠨᠢ ᠪᠡᠬᠢᠯᠡᠪᠡ᠃ ᠪᠠᠰᠠ ᠨᠠᠷᠢᠨ ᠪᠤᠷ ᠠᠴᠠ ᠮᠣᠳᠣᠨ ᠤ ᠬᠣᠶᠠᠷ ᠦᠵᠦᠭᠦᠷ ᠢ ᠬᠢᠯᠭᠠᠰᠤᠨ ᠤᠲᠠᠰᠤ ᠪᠠᠷ ᠬᠣᠯᠪᠣᠵᠤ ᠨᠠᠰᠢ ᠴᠠᠰᠢ ᠬᠢᠷᠦᠭᠡᠳᠡᠬᠦ ᠬᠥᠪᠴᠢ ᠬᠢᠪᠡ᠃ ᠬᠥᠪᠴᠢ ᠪᠡᠨ ᠨᠠᠷᠠᠰᠤᠨ ᠮᠣᠳᠣᠨ ᠤ ᠳᠠᠪᠠᠷᠬᠠᠢ ᠪᠠᠷ ᠲᠣᠰᠣᠯᠠᠬᠤ ᠳᠤ ᠭᠠᠷᠬᠤ ᠳᠠᠭᠤᠨ ᠤ ᠥᠩᠭᠡ ᠢᠷᠠᠭᠤ ᠪᠣᠯᠤᠭᠠᠳ ᠣᠯᠠᠨ ᠶᠠᠩᠵᠤ ᠪᠣᠯᠬᠤ ᠶᠢ ᠮᠡᠳᠡᠪᠡ᠃


ᠡᠶᠢᠨᠬᠦᠦ ᠤᠲᠠᠰᠤ ᠲᠠᠢ ᠬᠤᠭᠤᠷ ᠢ ᠵᠣᠬᠢᠶᠠᠭᠠᠳ ᠤᠷᠠᠨ ᠡᠭᠡᠰᠢᠭ ᠠᠶ᠎ᠠ ᠶᠢ ᠣᠷᠣᠭᠤᠯᠤᠨ ᠥᠪᠡᠷ ᠦᠨ ᠰᠠᠶᠢᠨ ᠮᠣᠷᠢᠨ ᠤ ᠳᠤᠷᠠᠰᠬᠠᠯ ᠳᠤ ᠮᠣᠯᠣᠷ ᠡᠷᠳᠡᠨᠢ ᠮᠣᠷᠢᠨ ᠬᠤᠭᠤᠷ ᠢ ᠡᠭᠦᠰᠬᠡᠵᠦ ᠲᠡᠭᠦᠨ ᠳᠦ ᠬᠠᠶᠢᠷᠠᠲᠤ ᠵᠣᠨᠤᠩ ᠬᠠᠷ᠎ᠠ ᠮᠣᠷᠢᠨ ᠤ ᠪᠠᠨ ᠢᠨᠴᠠᠭᠠᠬᠤ ᠳᠠᠭᠤᠤ᠂ ᠦᠦᠷᠰᠡᠬᠦ ᠠᠪᠢᠶ᠎ᠠ᠂ ᠤᠩᠭᠤᠯᠳᠠᠬᠤ ᠠᠶᠠᠰ᠂ ᠠᠯᠬᠤᠭ᠎ᠠ ᠭᠢᠰᠬᠢᠭᠡ᠂ ᠠᠷᠠᠯᠵᠢᠶ᠎ᠠ ᠬᠠᠲᠠᠷᠢᠶ᠎ᠠ᠂ ᠲᠥᠪᠡᠷᠭᠡᠨ ᠢ ᠣᠷᠣᠭᠤᠯᠵᠤ ᠰᠡᠳᠬᠢᠯ ᠢᠶᠡᠨ ᠪᠠᠶᠠᠰᠬᠠᠪᠠ ᠭᠡᠨ᠎ᠡ᠃ ᠲᠡᠭᠦᠨ ᠡᠴᠡ ᠬᠣᠶᠢᠰᠢ ᠤᠷᠲᠤ ᠠᠶᠠᠯᠭᠤᠲᠤ ᠬᠤᠭᠤᠷ ᠢ ᠬᠠᠭᠤᠷᠳᠠᠵᠤ ᠰᠠᠭᠤᠬᠤ ᠵᠠᠭᠤᠷ᠎ᠠ ᠰᠠᠶᠢᠨ ᠮᠣᠷᠢ ᠨᠢ ᠰᠠᠨᠠᠭᠳᠠᠵᠤ ᠰᠡᠳᠬᠢᠯᠡᠨ ᠦ ᠶᠢᠨ ᠭᠠᠶᠢᠬᠠᠮᠰᠢᠭ ᠢ ᠲᠥᠷᠦᠭᠦᠯᠦᠨ᠎ᠡ᠃ ᠡᠶᠢᠨᠬᠦᠦ ᠮᠣᠷᠢᠨ ᠲᠣᠯᠣᠭᠠᠢ ᠲᠠᠢ ᠬᠤᠭᠤᠷ ᠮᠣᠩᠭᠣᠯ ᠳᠤ ᠠᠩᠬ᠎ᠠ ᠡᠭᠦᠰᠴᠦ ᠭᠠᠷᠤᠭᠰᠠᠨ ᠳᠣᠮᠣᠭ ᠲᠠᠢ᠃

ᠮᠥᠨ ᠡᠭᠦᠨ ᠢ ᠬᠠᠷᠠᠬᠤ http://en.wikipedia.org/wiki/Morin_Khuur#Origin

ᠢᠺᠢᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠢᠺᠢᠯ

ᠢᠭᠡᠯ ᠬᠤᠭᠤᠷ ᠪᠤᠪᠤ ᠶᠡᠬᠡᠯ᠂ ᠢᠭᠢᠯ᠂ ᠢᠺᠢᠯ (ᠲᠦᠷᠦᠭ ᠢᠶᠡᠷ: ᠢᠺ- ᠬᠣᠶᠠᠷ᠂ ᠺᠡᠯ- ᠬᠡᠯᠡ᠂ ᠳᠡᠭᠡᠰᠦ᠂ ᠴᠢᠪᠬᠠᠳᠠᠰᠤ) ᠨᠢ ᠡᠷᠲᠡᠨ ᠦ ᠣᠶᠢᠷᠠᠳ ᠮᠣᠩᠭᠣᠯ ᠤᠨ ᠨᠤᠮᠤ ᠳᠤ᠂ ᠴᠢᠪᠬᠠᠳᠠᠰᠤᠲᠤ ᠬᠥᠭᠵᠢᠮ ᠦᠨ ᠵᠢᠮᠰᠡᠭ ᠶᠤᠮ᠃ ᠲᠤᠸᠠᠠᠯᠲᠠᠢ ᠶᠢᠨ ᠤᠷᠢᠶᠠᠩᠬᠠᠢᠴᠤᠤ ᠳᠤ ᠢᠺᠢᠯ᠂ ᠬᠠᠺᠠᠰᠴᠤᠤ ᠳᠤ ᠤ ᠤ ᠬᠢ ᠬᠡᠮᠡᠨ ᠨᠡᠷᠡᠯᠡᠳᠡᠭ᠃


ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠠᠷᠠᠳ ᠤᠨ ᠬᠥᠭᠵᠢᠮ ᠦᠨ ᠵᠢᠮᠰᠡᠭ

ᠪᠢᠴᠢᠭᠡᠰᠦ