ᠮᠣᠷᠢᠨ ᠤ ᠤᠷᠤᠯᠳᠤᠭᠠᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠤᠩᠭᠤᠯ ᠤᠯᠤᠰ ᠤᠨ ᠨᠠᠭᠠᠳᠤᠮ ᠤᠨ ᠰᠣᠶᠣᠭᠠᠯᠠᠩ ᠨᠠᠰᠤᠨ ᠤ ᠮᠤᠷᠢᠨ ᠤᠷᠤᠯᠳᠤᠭᠠᠨ ᠬᠦᠢ ᠳᠣᠯᠣᠭᠠᠨ ᠬᠤᠳᠳᠤᠭ ᠲᠤ 2011-07-12
ᠬᠤᠷᠳᠤᠨ ᠮᠣᠷᠢᠳ ᠤᠨ ᠤᠷᠤᠯᠳᠤᠭᠠᠨ
ᠪᠠᠷᠢᠶᠠᠨ ᠳᠡᠭᠡᠷ᠎ᠡ ᠡᠴᠡ ᠤᠷᠤᠯᠳᠤᠭᠠᠨ ᠤ ᠮᠣᠷᠢᠳ ᠭᠠᠷᠤᠭ᠎ᠠ ᠤᠷᠤᠭᠤ ᠬᠥᠳᠡᠯᠵᠦ ᠪᠠᠶᠢᠨ᠎ᠠ
ᠬᠤᠷᠳᠤᠨ ᠮᠣᠷᠢ ᠬᠥᠯᠦᠰᠦᠯᠦᠭᠡ ᠪᠤᠶᠤ ᠮᠣᠷᠢᠨ ᠦ ᠪᠡᠶ᠎ᠡ ᠬᠠᠯᠠᠭᠠᠯᠲᠠ ᠪᠡᠯᠡᠳᠬᠡᠯ
ᠬᠤᠷᠳᠤᠨ ᠮᠣᠷᠢᠳ ᠤᠨ ᠤᠷᠤᠯᠳᠤᠭᠠᠨ

ᠮᠣᠩᠭᠣᠯᠴᠤᠳ ᠤᠨ ᠡᠷᠲᠡᠨ ᠦ ᠤᠯᠠᠮᠵᠢᠯᠠᠯᠳᠤ ᠨᠠᠭᠠᠳᠤᠮ ᠪᠤᠯᠬᠤ ᠡᠷ ᠡ ᠶᠢᠨ ᠭᠤᠷᠪᠠᠨ ᠨᠠᠭᠠᠳᠤᠮ ᠤᠨ ᠨᠢᠭᠡ ᠲᠦᠷᠦᠯ ᠨᠢ ᠮᠣᠷᠢᠨ ᠤᠷᠤᠯᠳᠤᠭᠠᠨ ᠪᠢᠯᠡ᠃ ᠮᠣᠩᠭᠣᠯ ᠠᠳᠤᠭᠤ ᠨᠢ ᠬᠠᠮᠤᠭ ᠤᠨ ᠡᠷᠡᠰ ᠲᠡᠰᠦ ᠴᠠᠭ ᠠᠭᠤᠷ ᠲᠤ ᠣᠯᠠᠨ ᠮᠢᠩᠭᠠᠨ ᠵᠢᠯ ᠢᠶᠡᠷ ᠬᠤᠪᠢᠰᠤᠨ ᠠᠮᠢᠳᠤᠷᠠᠭᠰᠠᠭᠠᠷ ᠢᠷᠡᠭᠰᠡᠨ ᠲᠤᠯᠠ ᠮᠠᠰᠢ ᠳᠠᠭᠠᠮᠠᠭᠠᠢ᠂ ᠲᠡᠰᠪᠦᠷᠢ ᠬᠠᠲᠠᠭᠤᠵᠢᠯᠲᠠᠢ ᠮᠦᠷᠲᠡᠭᠡᠨ ᠪᠤᠰᠤᠳ ᠲᠥᠷᠥᠯ ᠦᠨ ᠮᠣᠷᠢᠳ ᠲᠠᠢ ᠠᠳᠠᠯᠢᠳᠬᠠᠪᠠᠯ ᠡᠪᠡᠰᠦ ᠲᠡᠵᠢᠭᠡᠯ ᠭᠣᠯᠣᠳᠠᠭ ᠦᠭᠡᠢ ᠵᠡᠷᠭᠡ ᠣᠯᠠᠨ ᠳᠠᠪᠠᠭᠤ ᠴᠢᠨᠠᠷ ᠤᠳ ᠲᠠᠢ ᠪᠠᠶᠢᠳᠠᠭ᠃

ᠮᠣᠩᠭᠣᠯᠴᠤᠳ 5000-6000 ᠵᠢᠯ ᠦᠨ ᠡᠮᠦᠨ᠎ᠡ ᠡᠴᠡ ᠮᠣᠷᠢ ᠶᠢ ᠭᠠᠷᠰᠢᠭᠤᠯᠤᠨ ᠤᠨᠤᠵᠤ ᠬᠡᠷᠡᠭᠯᠡᠭᠰᠡᠨ ᠪᠥᠭᠡᠳ ᠳᠡᠯᠡᠬᠡᠢ ᠶᠢᠨ ᠪᠦᠬᠦ ᠮᠣᠷᠢᠨ ᠦ ᠲᠣᠨᠣᠭᠯᠠᠯ ᠨᠢ ᠮᠣᠩᠭᠣᠯ ᠠᠴᠠ ᠭᠠᠷᠤᠯᠲᠠᠢ ᠪᠤᠯᠬᠤ ᠶᠢ ᠮᠣᠩᠭᠣᠯ ᠤᠨ ᠡᠷᠳᠡᠮᠲᠡᠳ ᠪᠣᠯᠤᠨ ᠠᠮᠧᠷᠢᠺᠠ ᠶᠢᠨ ᠶᠡᠬᠡ ᠰᠤᠷᠭᠠᠭᠤᠯᠢ ᠨᠤᠭᠤᠳ ᠪᠠᠲᠤᠯᠠᠭᠰᠠᠨ ᠪᠠᠶᠢᠳᠠᠭ᠃ ᠮᠥᠨ ᠳᠡᠯᠡᠬᠡᠢ ᠶᠢᠨ ᠪᠦᠬᠦ ᠡᠭᠦᠯᠲᠡᠷ ᠤᠨ ᠮᠣᠷᠢᠨ ᠦ ᠭ᠍ᠸᠨ ᠦ ᠡᠬᠢ ᠡᠭᠦᠰᠪᠦᠷᠢ ᠨᠢ ᠮᠣᠩᠭᠣᠯ ᠮᠣᠷᠢᠨ ᠠᠴᠠ ᠭᠠᠷᠤᠯ ᠲᠠᠢ ᠪᠣᠯᠬᠤ ᠶᠢ ᠣᠷᠣᠰ ᠤᠨ ᠭᠧᠨᠧᠲ᠋ᠢᠭ ᠤᠨ ᠰᠤᠳᠤᠯᠭᠠᠨ ᠤ ᠲᠦᠪ ᠠᠴᠠ ᠪᠠᠲᠤᠯᠠᠵᠠᠢ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠤᠷᠤᠨ ᠳᠤ ᠨᠤᠲᠤᠭ ᠨᠤᠲᠤᠭ ᠢᠶᠠᠷ ᠪᠠᠭ᠎ᠠ ᠵᠡᠷᠭᠡ ᠢᠯᠭᠠᠭ᠎ᠠ ᠲᠠᠢ ᠳᠦᠷᠢᠮ ᠢᠶᠡᠷ ᠮᠣᠷᠢᠳ ᠢ ᠤᠷᠤᠯᠳᠤᠭᠤᠯᠵᠤ ᠢᠷᠡᠭᠰᠡᠨ ᠲᠡᠦᠬᠡ ᠲᠠᠢ ᠪᠣᠯᠪᠠᠴᠤ᠂ ᠮᠤᠩᠭᠤᠯ ᠤᠯᠤᠰ ᠲᠤ 1899 ᠤᠨ ᠠᠴᠠ ᠡᠬᠢᠯᠡᠨ ᠤᠷᠤᠯᠳᠤᠭᠠᠨ ᠤ ᠮᠣᠷᠢᠳ ᠢ ᠨᠠᠰᠤ ᠪᠡᠷ ᠨᠢ ᠲᠠᠪᠤᠨ ᠳᠡᠰ ᠲᠦ ᠠᠩᠭᠢᠯᠠᠵᠤ ᠤᠷᠤᠯᠳᠤᠭᠤᠯᠬᠤ ᠪᠣᠯᠵᠠᠢ᠃ ᠳᠠᠷᠤᠢ᠂ ᠳᠠᠭ᠎ᠠ᠂ ᠬᠢᠵᠠᠯᠠᠩ᠂ ᠰᠣᠶᠣᠭᠠᠯᠠᠩ᠂ ᠠᠵᠢᠷᠭ᠎ᠠ᠂ ᠶᠡᠬᠡ ᠨᠠᠰᠤᠨ ᠤ ᠮᠤᠷᠢᠳ ᠵᠡᠷᠭᠡ ᠨᠠᠰᠤ ᠪᠠᠷ ᠨᠢ ᠠᠩᠭᠢᠯᠠᠵᠤ ᠤᠷᠤᠯᠳᠤᠭᠤᠯᠳᠠᠭ᠃ ᠦᠪᠦᠷ ᠮᠤᠩᠭᠤᠯ ᠳᠤ ᠦᠨᠳᠦᠰᠦᠨ ᠳᠤ ᠪᠠᠨ ᠠᠵᠢᠷᠭ᠎ ᠠ᠂ ᠲᠤᠮᠤ ᠨᠠᠰᠤ ᠤ ᠮᠤᠷᠢ᠂ ᠦᠷᠢᠶ  ᠡ᠂ ᠳᠠᠭ᠎ ᠠ ᠵᠡᠷᠭᠡ ᠳᠦᠷᠪᠡᠨ ᠲᠦᠷᠦᠯ ᠶᠢᠡᠷ ᠭᠤᠤᠯᠯᠠᠵᠤ᠂ ᠪᠠᠰᠠ ᠬᠦᠶᠦᠳᠡᠯ ᠶᠢᠡᠷ ᠨᠢ᠂ ᠬᠤᠷᠳᠤᠨ ᠮᠤᠷᠢ ᠡᠴᠡ ᠭᠠᠳᠠᠨ᠎ ᠠ ᠬᠠᠲᠤᠷᠢᠶ ᠠ᠂ ᠵᠢᠷᠤᠭ᠎ ᠠ ᠵᠡᠷᠭᠡ ᠮᠤᠷᠢᠨ ᠤᠷᠤᠯᠳᠤᠭᠠᠨ ᠤᠳ ᠶᠠᠪᠤᠭᠳᠠᠳᠠᠭ᠃ ᠤᠷᠴᠢᠮ ᠤᠨ ᠵᠢᠯ ᠡᠴᠡ ᠤᠪᠤᠭᠠᠨ ᠲᠠᠬᠢᠯᠭ᠎ ᠠ᠂ ᠰᠤᠮᠤ᠂ ᠬᠤᠰᠢᠭᠤ᠂ ᠠᠶᠢᠮᠠᠭ ᠤᠨ ᠨᠠᠭᠠᠳᠤᠮ ᠤᠨ ᠮᠤᠷᠢᠨ ᠤᠷᠤᠯᠳᠤᠭᠠᠨ ᠡᠴᠡ ᠭᠠᠳᠠᠨ᠎ ᠠ᠂ ᠠᠳᠤᠭᠤᠨ ᠰᠤᠶᠤᠯ ᠤᠨ ᠨᠠᠶᠢᠷ ᠴᠦ ᠲᠤᠩ ᠡᠷᠴᠢᠮᠲᠠᠢ ᠶᠠᠪᠤᠭᠳᠠᠵᠤ᠂ ᠬᠦᠯᠦᠨ ᠪᠤᠶᠢᠷ ᠲᠤ ᠶᠠᠪᠤᠭᠳᠠᠭᠰᠠᠨ ᠲᠦᠮᠡᠨ ᠠᠭᠲᠠ ᠶᠢᠨ ᠨᠠᠶᠢᠷ᠂ ᠪᠠᠷᠠᠭᠤᠨ ᠦᠵᠦᠮᠦᠴᠢᠨ ᠳᠤ ᠶᠠᠪᠤᠭᠳᠠᠭᠰᠠᠨ 800 ᠵᠠᠭᠤᠨ ᠠᠭᠲᠠ ᠶᠢᠨ ᠤᠷᠤᠯᠳᠤᠭᠠᠨ ᠪᠠ ᠲᠠᠯ᠎ ᠠ ᠨᠤᠲᠤᠭ ᠤᠨ ᠮᠤᠷᠢᠨ ᠤᠷᠤᠯᠳᠤᠭᠠᠨ ᠵᠡᠷᠭᠡ ᠲᠤᠩ ᠶᠡᠬᠡ ᠬᠡᠪᠴᠢᠶᠡᠨ ᠤ ᠤᠷᠤᠯᠳᠤᠭᠠᠨ ᠤᠳ ᠶᠠᠪᠤᠭᠳᠠᠵᠤ ᠪᠠᠶᠢᠨ᠎ ᠠ᠃

1709ᠤᠨ ᠤ ᠵᠤᠨ ᠤ ᠳᠤᠮᠳᠠ ᠰᠠᠷ᠎ᠠ ᠶᠢᠨ 28 ᠤ ᠡᠳᠦᠷ᠂ ᠪᠦᠷᠢᠨ ᠬᠠᠨ ᠤ ᠥᠪᠥᠷ ᠢᠪᠢᠩ ᠭᠣᠣᠯ ᠤᠨ ᠣᠷᠴᠢᠮ ᠳᠤ ᠣᠴᠢᠷᠠᠢ ᠲᠦᠰᠢᠶᠡᠲᠦ ᠬᠠᠨ ᠲᠡᠷᠢᠭᠦᠭᠡᠢ ᠵᠠᠰᠠᠭ ᠨᠣᠶᠠᠳ ᠤᠨ ᠬᠡᠯᠡᠯᠴᠡᠨ ᠲᠣᠭᠲᠠᠭᠠᠭᠰᠠᠨ ᠭᠤᠷᠪᠠᠨ ᠬᠣᠰᠢᠭᠤᠨ ᠤ《ᠬᠠᠯᠬ᠎ᠠ ᠵᠢᠷᠤᠮ》ᠭᠡᠵᠦ ᠠᠯᠳᠠᠷᠰᠢᠭᠰᠠᠨ ᠴᠠᠭᠠᠵᠠ ᠶᠢ ᠭᠠᠷᠭᠠᠵᠠᠢ᠃ ᠡᠨᠡ ᠴᠠᠭᠠᠵᠠ ᠳᠤ ᠬᠤᠷᠳᠤᠨ ᠮᠣᠷᠢ ᠤᠷᠤᠯᠳᠤᠭᠤᠯᠬᠤ 17 ᠵᠢᠭᠠᠯᠲᠠ ᠶᠢ《ᠨᠢᠭᠡᠨ ᠵᠦᠢᠯ》ᠬᠡᠮᠡᠨ ᠪᠦᠯᠦᠭᠯᠡᠵᠡᠢ᠃ ᠡᠭᠦᠨ ᠳᠦ:

  1. ᠮᠣᠷᠢ ᠤᠷᠤᠯᠳᠤᠬᠤ ᠳᠤ ᠵᠠᠰᠠᠭᠤᠯ ᠠᠴᠠ ᠭᠠᠳᠠᠨ᠎ᠠ 4 ᠰᠠᠶᠢᠳ ᠢᠶᠠᠷ ᠭᠡᠷᠡᠴᠢ ᠲᠠᠯᠪᠢᠬᠤ᠃
  2. ᠭᠡᠷᠡᠴᠢ ᠰᠠᠶᠢᠳ ᠲᠡᠮᠳᠡᠭ ᠠᠪᠴᠤ ᠣᠴᠢᠭᠠᠳ ᠤᠷᠤᠯᠳᠤᠬᠤ ᠬᠡᠮᠵᠢᠶᠡᠨ ᠦ ᠭᠠᠵᠠᠷ ᠲᠤ ᠬᠦᠷᠴᠦ᠂ ᠲᠡᠷᠡᠬᠦ ᠲᠡᠮᠳᠡᠭ ᠢᠶᠡᠨ ᠢᠯᠡ ᠭᠠᠷᠭᠠᠮᠠᠭᠴᠠ ᠤᠷᠤᠯᠳᠤᠬᠤ᠃
  3. ᠲᠡᠮᠳᠡᠭᠲᠦ ᠭᠠᠵᠠᠷ ᠲᠤ ᠬᠦᠷᠦᠭᠡ ᠦᠭᠡᠢ ᠪᠡᠷ ᠳᠤᠮᠳᠠ ᠠᠴᠠ ᠤᠷᠤᠯᠳᠤᠪᠠᠯ ᠵᠠᠰᠠᠭᠤᠯ ᠨᠣᠶᠠᠨ ᠢ ᠮᠣᠷᠢ᠂ ᠲᠠᠶᠢᠵᠢ ᠲᠠᠪᠤᠨᠠᠩ ᠢ ᠦᠬᠡᠷ᠂ ᠡᠩ ᠦᠨ ᠵᠠᠰᠠᠭᠤᠯ ᠢ ᠬᠣᠨᠢ ᠪᠡᠷ ᠲᠤᠷᠭᠠᠭᠠᠨ᠎ ᠠ᠃
  4. ᠤᠷᠤᠯᠳᠤᠭᠴᠢ ᠬᠦᠦ ᠤᠷᠢᠳ ᠶ᠋ᠢᠡᠷ ᠳᠠᠪᠬᠢᠬᠤ ᠪᠣᠯ ᠤᠷᠤᠯᠳᠤᠭᠴᠢ ᠮᠣᠷᠢ ᠶᠢ ᠠᠪᠴᠤ ᠤᠨᠠᠭᠰᠠᠨ ᠬᠦᠦ ᠶᠢ 10 ᠲᠠᠰᠢᠭᠤᠷ ᠭᠤᠶᠠᠳᠠᠨ᠎ ᠠ᠃
  5. ᠮᠣᠷᠢ ᠶᠢ ᠬᠥᠲᠥᠯᠦᠬᠦ ᠦᠭᠡᠢ᠃ ᠬᠡᠷᠪᠡ ᠬᠥᠲᠦᠯᠦᠭᠦᠯᠦᠨ ᠤᠴᠢᠬᠤ ᠪᠣᠯ ᠤᠨᠤᠭᠰᠠᠨ ᠮᠣᠷᠢ ᠶᠢ ᠨᠢ ᠠᠪᠤᠭᠠᠳ᠂ ᠪᠠᠰᠠ ᠤᠨᠤᠭᠰᠠᠨ ᠬᠦᠦ ᠶᠢ 10 ᠲᠠᠰᠢᠭᠤᠷ ᠭᠤᠶᠠᠳᠠᠵᠤ᠂ ᠲᠡᠷᠡ ᠵᠠᠭᠤᠷᠴᠢᠯᠠᠵᠤ ᠤᠷᠤᠯᠳᠤᠭᠰᠠᠨ ᠬᠦᠮᠦᠨ ᠢ ᠬᠦᠮᠦᠨ ᠤᠴᠢᠵᠤ ᠠᠪᠴᠢᠷᠠᠪᠠᠯ ᠮᠤᠷᠢ ᠶᠢ ᠠᠪᠬᠤ᠃
  6. ᠵᠠᠰᠠᠭᠤᠯ ᠤᠭᠲᠤᠭᠤᠯ ᠠᠴᠠ ᠭᠠᠳᠠᠨ᠎ᠠ ᠵᠠᠷᠯᠢᠭ ᠦᠭᠡᠢ ᠬᠦᠮᠦᠨ ᠣᠴᠢᠪᠠᠯ ᠤᠨᠤᠭᠰᠠᠨ ᠮᠣᠷᠢ ᠶᠢ ᠠᠪᠬᠤ᠃ ᠳᠤᠲᠠᠭᠤ ᠠᠪᠴᠢᠷᠠᠬᠤᠯ ᠬᠡᠭᠡᠷ᠎ᠡ ᠶᠢᠨ ᠪᠠᠶᠠᠨ ᠠᠴᠠ ᠭᠦᠢᠴᠡᠭᠡᠵᠦ ᠠᠪᠤᠭᠠᠳ᠂ ᠭᠠᠳᠠᠨ᠎ᠠ ᠨᠢᠭᠡ ᠮᠣᠷᠢ ᠪᠠᠷ ᠪᠠᠭᠠᠯᠠᠵᠤ ᠠᠪᠬᠤ᠃
  7. ᠡᠰᠡ ᠢᠷᠡᠭᠰᠡᠨ ᠨᠣᠶᠠᠳ ᠤᠨ ᠪᠠᠶ ᠡ ᠶᠢ ᠬᠣᠯᠪᠣᠭᠣ ᠲᠠᠢ ᠨᠢ ᠨᠡᠮᠡᠵᠦ ᠠᠪᠬᠤ᠃
  8. ᠬᠥᠭᠰᠢᠨ ᠮᠣᠷᠢᠨ ᠤ ᠰᠢᠳᠦ ᠶᠢ ᠦᠵᠡᠬᠦ ᠶᠢᠨ ᠤᠷᠢᠳ ᠬᠠᠷᠢᠬᠤᠯᠠᠷ ᠥᠭᠭᠦᠬᠦ ᠦᠭᠡᠢ᠃
  9. ᠲᠦᠷᠦᠭᠦᠯᠡᠵᠦ ᠢᠷᠡᠭᠰᠡᠨ ᠮᠣᠷᠢ ᠨᠢ ᠳᠡᠳ᠋ ᠮᠣᠷᠢᠨ ᠠᠴᠠ ᠪᠠᠨ ᠪᠦᠬᠦᠢᠯᠠ ᠪᠡᠶ᠎ᠡ ᠪᠡᠨ ᠥᠩᠭᠡᠷᠡᠬᠦᠯ᠎ᠡ ᠭᠠᠷᠤᠭᠰᠠᠨ ᠳᠤ ᠲᠣᠭᠠᠴᠠᠬᠤ᠃ ᠬᠠᠷᠢᠨ ᠤᠷᠤᠯᠳᠤᠭᠴᠢ ᠮᠣᠷᠢᠨ ᠤ ᠵᠠᠷᠢᠮ ᠪᠡᠶ᠎ᠡ ᠦᠯᠡᠳᠡᠭᠰᠡᠨ ᠢ ᠭᠠᠷᠤᠭᠰᠠᠨ ᠳᠤ ᠲᠣᠭᠠᠴᠠᠬᠤ ᠦᠭᠡᠢ᠃
  10. ᠬᠣᠶᠠᠷ ᠮᠣᠷᠢ ᠴᠢᠴᠠᠭᠤ ᠢᠷᠡᠬᠦᠯ᠎ᠡ ᠠᠳᠠᠭ ᠤᠨ ᠲᠡᠮᠳᠡᠭ ᠬᠦᠷᠲᠡᠯ᠎ᠡ ᠨᠢ ᠠᠯᠢ ᠭᠠᠷᠪᠠᠯ ᠲᠡᠭᠦᠨ ᠢ ᠲᠣᠭᠠᠴᠠᠬᠤ᠃ ᠲᠤᠩ ᠡᠰᠡ ᠭᠠᠷᠬᠤᠯ᠎ᠠ ᠳᠠᠬᠢᠵᠤ ᠤᠷᠤᠯᠳᠤᠬᠤ᠃
  11. ᠪᠠᠷᠢᠶᠠᠨ ᠳᠤ ᠤᠷᠤᠬᠤ ᠮᠣᠷᠢ ᠣᠶᠢᠴᠢᠭᠠᠳ ᠬᠦᠦ ᠶᠠᠪᠠᠭᠠᠨ ᠭᠦᠶᠦᠵᠦ ᠣᠷᠣᠬᠤᠯ᠎ᠠ ᠲᠣᠭᠠᠴᠠᠬᠤ᠃
  12. ᠵᠠᠰᠠᠭᠤᠯ ᠤᠭᠲᠤᠭᠤᠯ ᠬᠦᠦ ᠳᠦ ᠲᠠᠰᠢᠭᠤᠷ ᠥᠭᠭᠦ ᠦᠭᠡᠢ᠃ ᠬᠡᠷᠪᠡ ᠥᠭᠪᠡᠰᠦ ᠥᠭᠭᠦᠭᠴᠢ ᠡᠴᠡ ᠮᠣᠷᠢ ᠠᠪᠬᠤ᠃
  13. ᠤᠷᠤᠯᠳᠤᠭᠰᠠᠨ ᠮᠣᠷᠢᠨ ᠤ ᠪᠡᠶ᠎ᠡ ᠶᠢ ᠴᠣᠬᠢᠬᠤ ᠦᠭᠡᠢ᠃
  14. ᠤᠷᠤᠯᠳᠤᠬᠤ ᠬᠦᠦ ᠶᠢ ᠶᠡᠬᠡ ᠪᠠᠭ᠎ᠠ ᠭᠡᠬᠦ ᠶᠢᠨ ᠠᠯᠢ ᠵᠢ ᠡᠵᠡᠨ ᠦ ᠳᠤᠷ᠎ᠠ ᠪᠠᠷ ᠮᠡᠳᠡᠲᠦᠭᠡᠢ᠃
  15.  ᠶᠡᠬᠡ ᠨᠠᠰᠤᠲᠠᠢ ᠮᠣᠷᠢ ᠶᠢ ᠳᠣᠭᠣᠭᠰᠢ ᠣᠷᠣᠭᠤᠯᠵᠤ ᠤᠷᠤᠯᠳᠤᠬᠤ ᠦᠭᠡᠢ᠃ ᠪᠠᠭ᠎ ᠠ ᠨᠠᠰᠤᠲᠠᠢ ᠶᠢ ᠳᠡᠭᠡᠭᠰᠢ ᠶᠡᠬᠡ ᠨᠠᠰᠤᠨ ᠳᠤ ᠣᠷᠣᠭᠤᠯᠵᠤ ᠤᠷᠤᠯᠳᠤᠬᠤ ᠳᠤ ᠭᠡᠮ ᠦᠭᠡᠢ᠃
  16. ᠤᠷᠤᠯᠳᠤᠬᠤ ᠮᠣᠷᠢᠨ ᠤ ᠨᠠᠰᠤ ᠯᠠᠪ ᠳᠥᠷᠪᠡᠨ ᠵᠠᠬ᠎ᠠ ᠠᠴᠠ ᠨᠠᠰᠢ ᠤᠷᠤᠬᠤ᠃
  17. ᠲᠡᠷᠢᠭᠦᠯᠦᠭᠰᠡᠨ ᠶᠡᠬᠡ ᠨᠠᠰᠤ᠂ ᠰᠣᠶᠣᠭᠠᠯᠠᠩ ᠮᠣᠷᠢ ᠶᠢ ᠨᠣᠶᠠᠳ ᠬᠡᠷᠡᠭᠯᠡᠵᠦ ᠠᠪᠬᠤ ᠪᠣᠯ ᠨᠢᠭᠡ ᠲᠡᠮᠡᠭᠡ᠂ ᠨᠠ᠌ᠢᠮᠠᠨ ᠠᠳᠤᠭᠤ ᠬᠠᠶᠢᠷᠠᠯᠠᠵᠤ ᠠᠪᠤᠨ᠎ᠠ᠃ ᠲᠡᠷᠢᠭᠦᠯᠡᠭᠰᠡᠨ ᠬᠢᠵᠠᠭᠠᠯᠠᠩ ᠳᠤ ᠨᠢᠭᠡ ᠲᠡᠮᠡᠭᠡ᠂ ᠵᠢᠷᠭᠤᠭᠠᠨ ᠠᠳᠤᠭᠤ᠂ ᠲᠡᠷᠢᠭᠦᠯᠡᠭᠰᠡᠨ ᠰᠢᠳᠦᠯᠡᠩ ᠳᠦ ᠨᠢᠭᠡ ᠲᠡᠮᠡᠭᠡ᠂ ᠳᠥᠷᠪᠡᠨ ᠠᠳᠤᠭᠤ᠂ ᠲᠡᠷᠢᠭᠦᠯᠡᠭᠰᠡᠨ ᠳᠠᠭ᠎ ᠠ ᠳᠤ ᠨᠢᠭᠡ ᠲᠡᠮᠡᠭᠡ᠂ ᠬᠣᠶᠠᠷ ᠠᠳᠤᠭᠤ ᠥᠭᠴᠦ ᠠᠪᠴᠤ ᠪᠠᠢ ᠭᠡᠵᠡᠢ᠃

ᠤᠷᠤᠯᠳᠤᠭᠠᠨ ᠤ ᠪᠡᠯᠡᠳᠬᠡᠯ ᠪᠤᠶᠤ ᠮᠣᠷᠢ ᠤᠶᠠᠬᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯᠴᠤᠳ ᠤᠨ ᠡᠷᠲᠡᠨ ᠦ ᠮᠣᠷᠢᠨ ᠤᠷᠤᠯᠳᠤᠭᠠᠨ ᠤ ᠶᠠᠪᠤᠴᠠ ᠳᠤ ᠤᠷᠤᠯᠳᠤᠬᠤ ᠮᠣᠷᠢ ᠶᠢ ᠨᠠᠷᠢᠨ ᠲᠡᠵᠢᠭᠡᠬᠦ ᠰᠣᠶᠢᠬᠤ ᠠᠷᠭᠠᠴᠢᠯᠠᠯ ᠢᠶᠠᠷ ᠢᠯᠡᠭᠦᠦ ᠬᠤᠷᠳᠤᠨ ᠪᠣᠯᠭᠠᠬᠤ ᠠᠷᠭ᠎ᠠ ᠵᠦᠢ ᠡᠭᠦᠰᠦᠨ ᠪᠤᠢ ᠪᠣᠯᠵᠠᠢ᠃ ᠡᠨᠡ ᠠᠷᠭ᠎ᠠ ᠶᠢ ᠮᠣᠷᠢ ᠤᠶᠠᠬᠤ ᠭᠡᠳᠡᠭ᠃ ᠮᠣᠷᠢ ᠶᠢ ᠤᠶᠠᠬᠤ ᠠᠷᠭ᠎ᠠ ᠨᠢ ᠨᠢᠭᠡ ᠰᠠᠷ᠎ᠠ ᠪᠠᠶᠢᠵᠤ ᠪᠣᠯᠳᠠᠭ ᠡᠰᠡᠪᠡᠯ ᠪᠦᠲᠦᠨ ᠵᠢᠯ ᠦᠨ ᠲᠤᠷᠰᠢ ᠪᠤᠶᠤ ᠲᠠᠰᠤᠷᠠᠯᠲᠠ ᠦᠭᠡᠢ ᠮᠣᠷᠢ ᠶᠢ ᠤᠷᠤᠯᠳᠤᠭᠠᠨ ᠳᠤ ᠲᠤᠰᠬᠠᠶᠢᠯᠠᠨ ᠪᠡᠯᠡᠳᠬᠡᠵᠦ ᠤᠶᠠᠬᠤ ᠲᠣᠬᠢᠶᠠᠯᠳᠤᠯ ᠪᠠᠶᠢᠳᠠᠭ᠃ ᠨᠤᠲᠤᠭ ᠨᠤᠲᠤᠭ ᠢᠶᠠᠷ ᠪᠠᠭ᠎ᠠ ᠵᠡᠷᠭᠡ ᠶᠢᠨ ᠢᠯᠭᠠᠭ᠎ᠠ ᠲᠠᠢ ᠠᠷᠭ᠎ᠠ ᠵᠦᠢ ᠪᠡᠷ ᠮᠣᠷᠢ ᠶᠢ ᠤᠶᠠᠳᠠᠭ᠃

ᠮᠣᠷᠢ ᠤᠨᠤᠭᠴᠢ ᠬᠡᠦᠬᠡᠳ ᠢ ᠮᠥᠨ ᠲᠣᠳᠣᠷᠬᠠᠢ ᠬᠡᠮᠵᠢᠶ᠎ᠡ ᠲᠡᠢ ᠬᠣᠭᠣᠯᠠ ᠥᠭᠴᠦ ᠲᠣᠳᠣᠷᠬᠠᠢ ᠪᠠᠶᠢᠳᠠᠯ ᠢᠶᠠᠷ ᠰᠣᠶᠢᠵᠦ ᠤᠷᠤᠯᠳᠤᠭᠤᠯᠳᠠᠭ᠃

ᠤᠷᠤᠯᠳᠤᠭᠠᠨ ᠤ ᠵᠢᠷᠤᠮ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠤᠷᠤᠯᠳᠤᠭᠠᠨ ᠤ ᠡᠮᠦᠨᠡᠬᠢ 1-2 ᠡᠳᠦᠷ ᠲᠦ ᠪᠦᠬᠦ ᠮᠣᠷᠢᠳ ᠢ ᠪᠦᠷᠢᠳᠬᠡᠵᠦ ᠵᠢᠰᠦᠯᠡᠵᠦ ᠲᠡᠮᠳᠡᠭᠯᠡᠬᠦ ᠡᠴᠡ ᠭᠠᠳᠠᠨ᠎ᠠ ᠮᠣᠷᠢᠳ ᠤᠨ ᠰᠢᠳᠦ ᠶᠢ ᠦᠵᠡᠵᠦ ᠨᠠᠰᠤ ᠶᠢ ᠨᠢ ᠨᠠᠷᠢᠪᠴᠢᠯᠠᠨ ᠰᠢᠯᠭᠠᠵᠤ ᠬᠢᠨᠠᠳᠠᠭ᠃
  • ᠮᠣᠷᠢᠳ ᠡᠬᠢᠯᠡᠵᠦ ᠪᠠᠷᠢᠶᠠᠨ ᠳᠡᠭᠡᠷ᠎ᠡ ᠡᠴᠡ ᠭᠠᠷᠤᠭᠠᠨ ᠤ ᠭᠠᠵᠠᠷ ᠵᠦᠭ ᠲᠦ 27 ᠺᠢᠯᠣᠮᠧᠲ᠋ᠷ ᠣᠷᠴᠢᠮ ᠭᠠᠵᠠᠷ ᠲᠤ ᠱᠣᠭᠰᠢᠵᠤ ᠬᠦᠷᠦᠨ᠎ᠡ᠃
  • ᠭᠠᠷᠤᠭᠠᠨ ᠳᠡᠭᠡᠷ᠎ᠡ ᠪᠦᠬᠦ ᠮᠣᠷᠢᠳ ᠬᠦᠷᠦᠩᠭᠦᠲᠡ1-2 ᠱᠤᠭᠤᠮ ᠳᠤ ᠮᠣᠷᠢᠳ ᠢ ᠤᠷᠤᠯᠳᠤᠬᠤ ᠴᠢᠭ ᠦᠨ ᠡᠰᠡᠷᠬᠦ ᠬᠠᠷᠠᠭᠤᠯᠤᠨ ᠡᠩᠨᠡᠭᠡᠨ ᠵᠣᠭᠰᠣᠭᠠᠭᠠᠳ ᠫᠤᠤᠳᠠᠬᠤ ᠳᠣᠬᠢᠶ᠎ᠠ ᠥᠭᠴᠦ ᠪᠦᠬᠦ ᠮᠣᠷᠢᠳ ᠢ ᠡᠷᠭᠢᠭᠦᠯᠵᠦ ᠤᠷᠤᠯᠳᠤᠭᠠᠨ ᠢ ᠡᠬᠢᠯᠡᠭᠦᠯᠦᠨ᠎ᠡ᠃
  • ᠪᠠᠷᠢᠶᠠᠨ ᠳᠡᠭᠡᠷ᠎ᠡ ᠡᠬᠢᠨ ᠦ ᠢᠷᠡᠭᠰᠡᠨ 5 ᠮᠣᠷᠢᠳ ᠢ ᠪᠠᠷᠢᠵᠤ ᠭᠣᠣᠯ ᠱᠠᠩᠨᠠᠯ ᠢ ᠣᠯᠭᠤᠳᠠᠭ᠃ ᠪᠤᠰᠤᠳ ᠢᠷᠡᠭᠰᠡᠨ ᠮᠣᠷᠢᠳ ᠢ ᠢᠷᠡᠭᠰᠡᠨ ᠳᠠᠷᠠᠭᠠᠯᠠᠯ ᠢᠶᠠᠷ ᠪᠠᠷᠢᠵᠤ ᠪᠠᠶᠢᠷᠢ ᠶᠢ ᠲᠣᠭᠲᠠᠭᠠᠳᠠᠭ᠃ ᠬᠠᠮᠤᠭ ᠤᠨ ᠲᠦᠷᠦᠭᠦᠨ ᠳᠦ ᠢᠷᠡᠭᠰᠡᠨ ᠮᠣᠷᠢ ᠶᠢ ᠲᠦᠷᠦᠭᠦᠦ᠂ ᠬᠣᠶᠠᠷ ᠲᠤ ᠢᠷᠡᠭᠰᠡᠨ ᠢ ᠠᠮᠠᠨ ᠬᠥᠵᠦᠭᠦᠦ᠂ ᠭᠤᠷᠪᠠ ᠳᠤ ᠢᠷᠡᠭᠰᠡᠨ ᠢ ᠠᠶᠢᠷᠠᠭ ᠤᠨ ᠭᠤᠷᠪᠠ᠂ ᠳᠥᠷᠪᠡ ᠳᠦ ᠢᠷᠡᠭᠰᠡᠨ ᠢ ᠠᠶᠢᠷᠠᠭ ᠤᠨ ᠳᠥᠷᠪᠡ᠂ ᠲᠠᠪᠤ ᠳᠤ ᠢᠷᠡᠭᠰᠡᠨ ᠢ ᠠᠶᠢᠷᠠᠭ ᠤᠨ ᠲᠠᠪᠤ ᠭᠡᠵᠦ ᠲᠤᠰᠬᠠᠶᠢᠯᠠᠨ ᠨᠡᠷᠡᠯᠡᠳᠡᠭ ᠤᠯᠠᠮᠵᠢᠯᠠᠯᠲᠠᠢ᠃
  • ᠳᠠᠭ᠎ ᠠ ᠶᠢᠨ ᠤᠷᠤᠯᠳᠤᠭᠠᠨ ᠳᠤ ᠬᠠᠮᠤᠭ ᠤᠨ ᠰᠡᠭᠦᠯ ᠳᠦ ᠢᠷᠡᠭᠰᠡᠨ ᠳᠠᠭ᠎ᠠ ᠶᠢ ᠪᠠᠷᠢᠵᠤ "ᠪᠠᠶᠠᠨ ᠬᠣᠳᠣᠭᠣᠳᠣ" ᠬᠡᠮᠡᠨ ᠴᠣᠯᠠᠯᠠᠵᠤ ᠲᠡᠷᠢᠭᠦᠯᠡᠭᠰᠡᠨ ᠳᠠᠭ᠎ᠠ ᠲᠠᠢ ᠢᠵᠢᠯ ᠱᠠᠩᠨᠠᠯ ᠣᠯᠭᠤᠳᠠᠭ᠃

ᠮᠣᠷᠢ ᠤᠷᠤᠯᠳᠤᠭᠠᠨ ᠤ ᠦᠶ᠎ᠡ ᠳᠦ ᠵᠠᠷᠢᠮ ᠴᠥᠭᠡᠨ ᠮᠣᠷᠢᠳ ᠬᠡᠦᠬᠡᠳ ᠨᠢ ᠤᠨᠠᠭᠠᠳ ᠡᠵᠡᠨ ᠦᠭᠡᠢ ᠣᠷᠣᠵᠤ ᠢᠷᠡᠳᠡᠭ ᠡᠨᠡ ᠦᠶ᠎ᠡ ᠳᠦ ᠨᠢᠭᠡ ᠪᠠᠶᠢᠷᠢ ᠪᠠᠷ ᠤᠬᠤᠷᠢᠭᠠᠵᠤ ᠪᠠᠶᠢᠷᠢ ᠶᠢ ᠲᠣᠭᠲᠠᠭᠠᠳᠠᠭ᠃ ᠵᠠᠷᠢᠮ ᠲᠣᠬᠢᠶᠠᠯᠳᠤᠯ ᠳᠤ ᠣᠭᠲᠣ ᠪᠠᠶᠢᠷᠢ ᠥᠭᠳᠡᠭ ᠦᠭᠡᠢ᠃ ᠤᠷᠤᠯᠳᠤᠭᠠᠨ ᠳᠤ ᠶᠠᠮᠠᠷ ᠨᠢᠭᠡᠨ ᠵᠢᠷᠤᠮ ᠵᠥᠷᠢᠴᠡᠭᠰᠡᠨ ᠮᠣᠷᠢᠳ ᠢ ᠣᠭᠲᠣ ᠪᠠᠶᠢᠷᠢ ᠥᠭᠳᠡᠭ ᠦᠭᠡᠢ᠃

ᠤᠷᠤᠯᠳᠤᠭᠠᠨ ᠤ ᠵᠠᠮ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠤᠷᠳᠤᠨ ᠮᠣᠷᠢ ᠶᠢ ᠨᠠᠰᠤᠨ ᠤ ᠠᠩᠬᠢᠯᠠᠯ ᠢᠶᠠᠷ ᠨᠢ ᠦᠨᠳᠦᠰᠦᠨ ᠦ ᠶᠡᠬᠡ ᠪᠠᠶᠠᠷ ᠨᠠᠭᠠᠳᠤᠮ ᠤᠨ ᠬᠤᠷᠳᠤᠨ ᠮᠣᠷᠢᠨ ᠤ ᠤᠷᠤᠯᠳᠤᠭᠠᠨ ᠤ ᠳᠦᠷᠢᠮ ᠳᠦ ᠵᠢᠭᠠᠭᠰᠠᠨ ᠤ ᠳᠠᠭᠠᠤ ᠠᠵᠢᠷᠭ᠎ᠠ 22-24 ᠺᠢᠯᠤᠮᠸᠲ᠋ᠷ᠂ ᠶᠡᠬᠡ ᠨᠠᠰᠤᠨ ᠤ ᠮᠤᠷᠢ 24-26 ᠺᠢᠯᠤᠮᠸᠲ᠋ᠷ᠂ ᠰᠣᠶᠣᠭᠠᠯᠠᠩ 22-24 ᠺᠢᠯᠤᠮᠸᠲ᠋ᠷ᠂ ᠬᠢᠵᠠᠯᠠᠩ 15-17 ᠺᠢᠯᠤᠮᠸᠲ᠋ᠷ᠂ ᠰᠢᠳᠦᠯᠡᠩ 12-14 ᠺᠢᠯᠤᠮᠸᠲ᠋ᠷ᠂ ᠳᠠᠭ᠎ᠠ 10-12 ᠺᠢᠯᠤᠮᠸᠲ᠋ᠷ ᠲᠦ ᠲᠠᠯᠪᠢᠵᠤ ᠤᠷᠤᠯᠳᠤᠭᠤᠯᠳᠠᠭ᠃

ᠱᠠᠩᠨᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠯᠤᠰ ᠤᠨ ᠨᠠᠭᠠᠳᠤᠮ ᠳᠤ ᠲᠡᠷᠢᠭᠦᠯᠡᠭᠰᠡᠨ ᠮᠣᠷᠢᠳ ᠲᠤ ᠶᠡᠷᠦᠩᠬᠡᠶᠢᠯᠡᠭᠴᠢ ᠶᠢᠨ ᠪᠣᠯᠤᠨ ᠢᠪᠡᠭᠡᠨ ᠲᠡᠳᠬᠦᠭᠴᠢᠳ ᠦᠨ ᠱᠠᠩᠨᠠᠯ ᠢ ᠣᠯᠭᠤᠳᠠᠭ᠃ ᠬᠠᠷᠢᠨ ᠣᠷᠣᠨ ᠨᠤᠲᠤᠭ ᠤᠨ ᠨᠠᠭᠠᠳᠤᠮ ᠳᠤ ᠨᠤᠲᠤᠭ ᠤᠨ ᠤᠳᠤᠷᠢᠳᠤᠯᠭ᠎ᠠ ᠶᠢᠨ ᠪᠠ ᠢᠪᠡᠭᠡᠨ ᠲᠡᠳᠬᠦᠭᠴᠢᠳ ᠦᠨ ᠱᠠᠩᠨᠠᠯ ᠢ ᠣᠯᠭᠤᠳᠠᠭ᠃ ᠮᠥᠨ ᠶᠡᠬᠡᠩᠬᠢ ᠭᠠᠵᠠᠷ ᠬᠠᠭᠤᠴᠢᠨ ᠤ ᠤᠯᠠᠮᠵᠢᠯᠠᠯ ᠢᠶᠠᠷ ᠲᠡᠷᠢᠭᠦᠯᠡᠭᠰᠡᠨ ᠮᠣᠷᠢᠨ ᠳᠤ ᠮᠣᠷᠢᠨ ᠤ ᠱᠠᠩᠨᠠᠯ ᠣᠯᠭᠤᠳᠠᠭ᠃

ᠬᠠᠤᠯᠢ ᠡᠷᠬᠡ ᠵᠦᠢ ᠶᠢᠨ ᠠᠰᠠᠭᠤᠳᠠᠯ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠡᠯᠡᠬᠡᠢ ᠶᠢᠨ ᠮᠣᠷᠢᠨ ᠤ ᠤᠷᠤᠯᠳᠤᠭᠠᠨ ᠳᠤ ᠦᠷᠭᠦᠯᠵᠢ ᠨᠠᠰᠤᠨ ᠳᠤ ᠬᠦᠷᠦᠭᠰᠡᠨ ᠬᠦᠮᠦᠰ ᠬᠤᠷᠳᠤᠨ ᠮᠣᠷᠢ ᠶᠢ ᠤᠨᠠᠳᠠᠭ᠃ ᠬᠠᠷᠢᠨ ᠮᠣᠩᠭᠣᠯ ᠤᠯᠤᠰ ᠴᠢᠨᠠᠭᠰᠢᠯᠠᠨ ᠦᠪᠦᠷ ᠮᠤᠩᠭᠤᠯ ᠵᠡᠷᠭᠡ ᠪᠤᠰᠤᠳ ᠮᠤᠩᠭᠤᠯ ᠤᠷᠤᠨ ᠳᠤ ᠶᠡᠷᠦᠩᠬᠡᠢ ᠳᠤ ᠪᠠᠨ 5-12 ᠨᠠᠰᠤᠨ ᠤ ᠬᠡᠦᠬᠡᠳ ᠢᠶᠡᠷ ᠬᠤᠷᠳᠤᠨ ᠤ ᠮᠣᠷᠢ ᠤᠨᠤᠭᠤᠯᠳᠠᠭ᠃ ᠰᠡᠭᠦᠯ ᠦᠨ ᠵᠢᠯ ᠤᠳ ᠲᠤ ᠮᠤᠩᠭᠤᠯ ᠤᠯᠤᠰ ᠤᠨ ᠬᠡᠦᠬᠡᠳ ᠦᠨ ᠡᠷᠬᠡ ᠶᠢᠨ ᠪᠠᠶᠢᠭᠤᠯᠤᠯᠭ᠎ᠠ ᠨᠤᠭᠤᠳ ᠡᠷᠡᠰ ᠡᠰᠡᠷᠭᠦᠴᠡᠵᠦ ᠲᠣᠮᠣ ᠥᠰᠪᠦᠷᠢ ᠨᠠᠰᠤᠨ ᠤ ᠬᠡᠦᠬᠡᠳ ᠢᠶᠡᠷ ᠮᠣᠷᠢ ᠤᠨᠤᠭᠤᠯᠬᠤ ᠲᠠᠯ᠎ᠠ ᠪᠠᠷ ᠡᠷᠬᠡ ᠵᠦᠢ ᠶᠢᠨ ᠠᠵᠢᠯᠯᠠᠭ᠎ᠠ ᠨᠤᠭᠤᠳ ᠢ ᠵᠣᠬᠢᠶᠠᠵᠤ ᠬᠢᠵᠦ ᠪᠠᠶᠢᠨ᠎ᠠ᠃ ᠢᠯᠠᠩᠭᠤᠶ᠎ᠠ ᠡᠪᠦᠯ ᠮᠣᠷᠢ ᠤᠷᠤᠯᠳᠤᠭᠤᠯᠬᠤ ᠳᠤ ᠤᠨᠤᠭᠴᠢ ᠬᠡᠦᠬᠡᠳ ᠦᠳ ᠬᠥᠯᠳᠡᠬᠦ ᠣᠰᠤᠭᠤᠬᠤ ᠠᠶᠤᠯ ᠶᠡᠬᠡ ᠭᠠᠷᠳᠠᠭ ᠠᠴᠠ ᠲᠥᠷᠥ ᠶᠢᠨ ᠪᠤᠰᠤ ᠪᠠᠶᠢᠭᠤᠯᠤᠯᠭ᠎ᠠ ᠨᠤᠭᠤᠳ ᠤᠨ ᠡᠰᠡᠷᠭᠦᠴᠡᠯ ᠡᠷᠡᠰ ᠶᠡᠬᠡᠰᠴᠦ ᠪᠠᠶᠢᠨ᠎ᠠ᠃ ᠵᠢᠯ ᠪᠦᠷᠢ ᠮᠣᠩᠭᠣᠯ ᠤᠯᠤᠰ ᠲᠦ ᠮᠣᠷᠢᠨ ᠤ ᠤᠷᠤᠯᠳᠤᠭᠠᠨ ᠤ ᠦᠶ᠎ᠡ ᠳᠦ ᠬᠡᠦᠬᠡᠳ ᠦᠳ ᠮᠣᠷᠢᠨ ᠠᠴᠠ ᠤᠨᠠᠵᠤ ᠲᠠᠬᠢᠷ ᠳᠤᠲᠠᠭᠤ ᠪᠣᠯᠬᠤ ᠪᠠ ᠠᠮᠢ ᠨᠠᠰᠤ ᠪᠠᠨ ᠠᠯᠳᠠᠬᠤ ᠲᠣᠬᠢᠶᠠᠯᠳᠤᠯ ᠣᠯᠠᠨ ᠠᠷᠪᠢᠨ ᠭᠠᠷᠳᠠᠭ᠃ ᠡᠭᠦᠨ ᠡᠴᠡ ᠪᠣᠯᠵᠤ ᠬᠦᠮᠦᠨ ᠦ ᠡᠷᠬᠡ ᠶᠢᠨ ᠪᠠᠶᠢᠭᠤᠯᠤᠯᠭ᠎ᠠ ᠨᠤᠭᠤᠳ ᠤᠷᠤᠯᠳᠤᠭᠠᠨ ᠤ ᠵᠢᠷᠤᠮ ᠢ ᠥᠭᠡᠷᠡᠴᠢᠯᠡᠭᠦᠯᠬᠦ ᠡᠷᠬᠡ ᠵᠦᠢ ᠶᠢᠨ ᠠᠰᠠᠭᠤᠳᠠᠯ ᠤᠳ ᠭᠠᠷᠤᠭᠰᠠᠭᠠᠷ ᠪᠠᠶᠢᠨ᠎ᠠ᠃

ᠳᠠᠭᠠᠳᠬᠠᠯ ᠤᠨ ᠪᠠᠶᠢᠭᠤᠯᠤᠯᠭ᠎ᠠ ᠨᠤᠭᠤᠳ ᠵᠠᠷᠢᠮ ᠦᠶ᠎ᠡ ᠳᠦ ᠴᠢᠨᠡᠭᠡᠯᠢᠭ ᠢᠷᠭᠡᠳ ᠦᠨ ᠮᠣᠷᠢ ᠶᠢ ᠤᠨᠤᠭᠴᠢ ᠬᠡᠦᠬᠡᠳ ᠡᠴᠡ ᠨᠢ ᠣᠯᠠᠨ ᠳᠠᠬᠢᠨ ᠶᠡᠬᠡ ᠦᠨ᠎ᠡ ᠪᠡᠷ ᠳᠠᠭᠠᠳᠬᠠᠬᠤ ᠭᠠᠵᠢ ᠦᠵᠡᠭᠳᠡᠯ  ᠦᠳ ᠰᠡᠭᠦᠯ ᠦᠨ ᠦᠶ᠎ᠡ ᠳᠦ ᠭᠠᠷᠬᠤ ᠪᠣᠯᠤᠭᠰᠠᠨ ᠨᠢ ᠪᠠᠰᠠ ᠨᠢᠭᠡ ᠲᠣᠮᠣ ᠡᠷᠬᠡ ᠵᠦᠢ ᠶᠢᠨ ᠵᠥᠷᠢᠴᠡᠯ ᠢ ᠡᠭᠦᠰᠬᠡᠵᠦ ᠪᠠᠶᠢᠨ᠎ᠠ᠃ ᠵᠢᠱᠢᠶ᠎ᠡ ᠨᠢ ᠵᠠᠷᠢᠮ ᠲᠣᠮᠣ ᠺᠣᠮᠫᠠᠨᠢ ᠶᠢᠨ ᠵᠠᠬᠢᠷᠤᠯ ᠤᠨ ᠮᠣᠷᠢ ᠶᠢ 5 ᠳ᠋ᠤᠩᠰᠢᠭᠤᠷ ᠮᠤᠩᠭᠤᠯ ᠲᠥᠭᠥᠷᠢᠭ ᠢᠶᠡᠷ ᠤᠷᠤᠯᠳᠤᠭᠠᠨ ᠳᠤ ᠳᠠᠭᠠᠳᠬᠠᠭᠠᠳ᠂ ᠤᠨᠤᠬᠤ ᠬᠡᠦᠬᠡᠳ ᠢ ᠨᠢ 5 ᠮᠢᠩᠭᠠᠨ ᠲᠦᠮᠡᠨ ᠲᠥᠭᠥᠷᠢᠭ ᠢᠶᠡᠷ ᠳᠠᠭᠠᠳᠬᠠᠭᠰᠠᠨ ᠬᠦᠮᠦᠨ ᠦ ᠡᠷᠬᠡ ᠶᠢ ᠨᠣᠴᠢᠲᠠᠢ ᠵᠥᠷᠢᠴᠡᠭᠰᠡᠨ ᠲᠣᠬᠢᠶᠠᠯᠳᠤᠯ ᠴᠥᠭᠡᠨ ᠦᠭᠡᠢ ᠭᠠᠷᠴᠠᠢ᠃

ᠮᠣᠩᠭᠣᠯ ᠤᠨ ᠮᠣᠷᠢᠨ ᠰᠫᠣᠷᠲ ᠤᠶᠠᠭᠠᠴᠢᠳ ᠤᠨ ᠬᠣᠯᠪᠣᠭ᠎ᠠ ᠨᠢ ᠡᠨᠡ ᠬᠦᠮᠦᠨ ᠦ ᠡᠷᠬᠡ ᠶᠢ ᠵᠦᠷᠢᠴᠡᠬᠦ ᠦᠢᠯᠡᠳᠦᠯ ᠵᠢ ᠣᠯᠠᠨ ᠵᠢᠯ ᠢᠶᠡᠷ ᠨᠢᠭᠤᠨ ᠳᠠᠯᠳᠠᠯᠠᠵᠤ ᠮᠣᠷᠢᠨ ᠦ ᠤᠷᠤᠯᠳᠤᠭᠠᠨ ᠢ ᠬᠠᠤᠯᠢ ᠶᠣᠰᠣ ᠶᠢ ᠵᠥᠷᠢᠴᠡᠭᠰᠡᠨ ᠲᠠᠯᠠᠪᠤᠷ ᠪᠣᠯᠭᠠᠭᠰᠠᠨ ᠭᠣᠣᠯ ᠡᠬᠢ ᠡᠭᠦᠰᠪᠦᠷᠢ ᠪᠣᠯᠳᠠᠭ ᠢ ᠲᠥᠷᠥ ᠶᠢᠨ ᠪᠤᠰᠤ ᠪᠠᠶᠢᠭᠤᠯᠤᠯᠭ᠎ᠠ ᠤᠳ ᠰᠢᠭᠦᠮᠵᠢᠯᠡᠳᠡᠭ ᠪᠠᠶᠢᠨ᠎ᠠ᠃

ᠪᠢᠴᠢᠭᠡᠰᠦ