ᠮᠣᠳᠣᠨ ᠱᠠᠨᠦᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠣᠳᠣᠨ ᠱᠠᠨᠦᠢ
ᠾᠦᠩᠨᠦ ᠭᠦᠷᠦᠨ ᠦ ᠬᠠᠭᠠᠨ
Mode shanui.JPG
ᠬᠠᠭᠠᠨᠴᠢᠯᠠᠯ ᠮᠠᠨ ᠤ ᠡᠷᠡᠨ ᠦ ᠡᠮᠦᠨ᠎ᠡ 234 - ᠮᠠᠨ ᠤ ᠡᠷᠡᠨ ᠦ ᠡᠮᠦᠨ᠎ᠡ 174 ᠤᠨ
ᠬᠠᠭᠠᠨ ᠰᠠᠭᠤᠭᠰᠠᠨ ᠮᠠᠨ ᠤ ᠡᠷᠡᠨ ᠦ ᠡᠮᠦᠨ᠎ᠡ 209 - ᠮᠠᠨ ᠤ ᠡᠷᠡᠨ ᠦ ᠡᠮᠦᠨ᠎ᠡ 174 ᠤᠨ
ᠪᠤᠰᠤᠳ ᠬᠡᠷᠭᠡᠮ ᠱᠠᠨᠦᠢ
ᠲᠦᠷᠦᠭᠰᠡᠨ ᠣᠩᠨᠠᠭ᠎ᠠ ᠮᠠᠨ ᠤ ᠡᠷᠡᠨ ᠦ ᠡᠮᠦᠨ᠎ᠡ 234 ᠤᠨ
ᠥᠩᠭᠡᠷᠡᠭᠰᠡᠨ ᠣᠩᠨᠠᠭ᠎ᠠ ᠮᠠᠨ ᠤ ᠡᠷᠡᠨ ᠦ ᠡᠮᠦᠨ᠎ᠡ 174 ᠤᠨ
ᠡᠮᠦᠨᠡᠬᠢ ᠬᠠᠭᠠᠨ ᠲᠦᠮᠡᠨ ᠱᠠᠨᠦᠢ
ᠤᠳᠠᠭᠠᠬᠢ ᠬᠠᠭᠠᠨ ᠯᠤᠰᠢᠨ ᠱᠠᠨᠦᠢ
ᠬᠠᠭᠠᠨ ᠤ ᠣᠪᠤᠭ ᠰᠦᠢᠯᠠᠨᠳᠢ
ᠬᠠᠭᠠᠨ ᠤ ᠳᠠᠭᠤᠯᠠᠯ ᠾᠦᠩᠨᠦ ᠭᠦᠷᠦᠨ ᠢ ᠪᠠᠶᠢᠭᠤᠯᠤᠭᠰᠠᠨ ᠱᠠᠨᠦᠢ᠃
ᠡᠴᠢᠭᠡ ᠲᠦᠮᠡᠨ

ᠮᠣᠳᠣᠨ ᠱᠠᠨᠦᠢ ᠨᠢ (ᠬᠢᠲᠠᠳ ᠤᠨ ᠰᠤᠷᠪᠤᠯᠵᠢ ᠪᠢᠴᠢᠭ ᠦᠳ ᠲᠦ ᠮᠣᠳᠣᠨ ᠤ ᠨᠡᠷ᠎ᠡ ᠶᠢ ᠮᠠᠤᠳᠤᠨᠢ ᠬᠡᠮᠡᠨ ᠪᠢᠴᠢᠭᠰᠡᠨ ᠪᠠᠶᠢᠳᠠᠭ) ᠨᠡᠶᠢᠲᠡ ᠶᠢᠨ ᠤᠨ ᠲᠤᠭᠠᠯᠠᠯ ᠡᠴᠡ ᠡᠮᠦᠨ᠎ᠡ 234 ᠤᠨ ᠳᠤ ᠲᠦᠷᠦᠭᠰᠡᠨ ᠪᠥᠭᠡᠳ ᠨᠡᠶᠢᠲᠡ ᠶᠢᠨ ᠤᠨ ᠲᠤᠭᠠᠯᠠᠯ ᠡᠴᠡ ᠡᠮᠦᠨ᠎ᠡ 209 ᠤᠨ ᠳᠤ ᠡᠴᠢᠭᠡ ᠲᠦᠮᠡᠨ ᠱᠠᠨᠦᠢ ᠶᠢ ᠠᠯᠠᠭᠰᠠᠨ ᠤ ᠳᠠᠷᠠᠭ᠎ᠠ ᠾᠦᠩᠨᠦ ᠭᠦᠷᠦᠨ ᠶᠢ ᠡᠭᠦᠰᠬᠡᠨ ᠪᠠᠶᠢᠭᠤᠯᠤᠭᠴᠢ ᠪᠣᠯᠤᠭᠰᠠᠨ ᠪᠢᠯᠡ᠃ ᠲᠡᠭᠦᠨ ᠦ ᠵᠠᠰᠠᠭᠯᠠᠯ ᠮᠠᠨ ᠤ ᠡᠷᠡᠨ ᠦ ᠡᠮᠦᠨ᠎ᠡ 209 - ᠮᠠᠨ ᠤ ᠡᠷᠡᠨ ᠦ ᠡᠮᠦᠨ᠎ᠡ 174 ᠤᠨ ᠳᠤ ᠦᠷᠭᠦᠯᠵᠢᠯᠡᠵᠦ ᠪᠠᠶᠢᠭᠰᠠᠨ ᠪᠠ ᠲᠡᠭᠦᠨ ᠦ ᠦᠶ᠎ᠡ ᠳᠦ ᠾᠦᠩᠨᠦ ᠭᠦᠷᠦᠨ ᠬᠠᠮᠤᠭ ᠤᠨ ᠬᠦᠴᠦᠷᠬᠡᠭ ᠪᠠᠶᠢᠭᠰᠠᠨ᠃ᠾᠦᠩᠨᠦ ᠪᠣᠯ ᠮᠣᠩᠭᠣᠯᠴᠤᠳ ᠤᠨ ᠶᠡᠬᠡ ᠭᠦᠷᠦᠨ ᠪᠥᠭᠡᠳ ᠤᠳᠤᠷᠢᠳᠤᠭᠴᠢ ᠵᠣᠩᠬᠢᠯᠠᠭᠴᠢᠳ ᠨᠢ ᠮᠣᠩᠭᠣᠯᠴᠤᠳ ᠪᠠᠶᠢᠭᠰᠠᠨ

ᠭᠠᠷᠤᠯ ᠡᠭᠦᠰᠦᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠳᠣᠨ ᠪᠣᠯ ᠾᠦᠩᠨᠦ ᠶᠢᠨ ᠰᠦᠢᠯᠠᠨᠳᠢ ᠣᠪᠤᠭ ᠤᠨ ᠬᠦᠮᠦᠨ ᠶᠤᠮ᠃ ᠡᠨᠡ ᠣᠪᠤᠭ ᠠᠴᠠ ᠾᠦᠩᠨᠦ ᠶᠢᠨ ᠱᠠᠨᠦᠢ ᠶᠢ ᠡᠷᠭᠦᠮᠵᠢᠯᠡᠳᠡᠭ ᠵᠠᠩᠰᠢᠯ ᠲᠠᠢ ᠪᠠᠶᠢᠪᠠ᠃ ᠮᠣᠳᠣᠨ ᠲᠦᠮᠡᠨ ᠱᠠᠨᠦᠢ ᠶᠢᠨ ᠤᠤᠭᠠᠨ ᠬᠦᠦ ᠪᠠᠶᠢᠵᠠᠢ᠃

ᠲᠥᠷᠥ ᠶᠢᠨ ᠡᠷᠬᠡ ᠶᠢ ᠠᠪᠤᠭᠰᠠᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠳᠣᠨ ᠬᠡᠷᠬᠢᠨ ᠱᠠᠨᠦᠢ ᠶᠢᠨ ᠰᠠᠭᠤᠳᠠᠯ ᠳᠤ ᠰᠠᠭᠤᠭᠰᠠᠨ ᠲᠤᠬᠠᠢ ᠡᠷᠲᠡᠨ ᠦ ᠬᠠᠨ ᠣᠯᠣᠰ ᠤᠨ ᠲᠡᠦᠬᠡᠴᠢ ᠲᠦᠰᠢᠮᠡᠯ  ᠰᠸᠢ ᠮᠠ ᠴᠢᠶᠠᠨ ᠤ ᠪᠢᠴᠢᠭᠰᠡᠨ "ᠱᠢ ᠵᠢᠢ" (ᠲᠡᠦᠬᠡᠨ ᠲᠡᠮᠳᠡᠭᠯᠡᠯ) ᠬᠡᠮᠡᠬᠦ ᠵᠣᠬᠢᠶᠠᠯ ᠤᠨ "ᠾᠦᠩᠨᠦ ᠶᠢᠨ ᠱᠠᠰᠲᠢᠷ" ᠬᠡᠮᠡᠬᠦ 110 ᠍ ᠳᠦᠭᠡᠷ ᠪᠦᠯᠦᠭ ᠲᠦ: "ᠲᠦᠮᠡᠨ ᠱᠠᠨᠦᠢ ᠮᠠᠤᠳᠤᠨᠢ ᠭᠡᠳᠡᠭ ᠰᠢᠷᠡᠭᠡ ᠵᠠᠯᠭᠠᠮᠵᠢᠯᠠᠬᠤ ᠬᠦᠦ ᠲᠡᠢ ᠪᠠᠶᠢᠲᠠᠯ᠎ᠠ ᠬᠠᠶᠢᠷᠠᠲᠠᠢ ᠶᠠᠨᠴᠠᠵᠢᠭ ᠠᠴᠠ ᠨᠢ ᠣᠳᠬᠣᠨ ᠬᠦᠦ ᠲᠥᠷᠥᠬᠦ ᠪᠡᠷ ᠮᠠᠣᠳᠣᠨ ᠢ ᠵᠠᠶᠢᠯᠠᠭᠤᠯᠬᠤ ᠶᠢᠨ ᠲᠤᠯᠠ ᠶᠠᠴᠵᠢ ᠨᠠᠷ ᠲᠤ ᠪᠠᠷᠢᠴᠠᠭᠠᠨ ᠳᠤ ᠥᠭᠭᠦᠭᠰᠡᠨ᠃ ᠶᠠᠴᠵᠢ ᠨᠠᠷᠠᠲᠤ ᠮᠠᠤᠳᠤᠨᠢ ᠣᠴᠢᠮᠠᠭᠴᠠ ᠲᠦᠮᠡᠨ ᠲᠡᠳᠡᠨ ᠢ ᠳᠣᠪᠲᠣᠯᠬᠤ ᠳᠤ ᠮᠠᠣᠳᠣᠨ ᠢ ᠲᠡᠳᠡ ᠠᠯᠠᠬᠤ ᠪᠠᠷ ᠵᠠᠪᠳᠤᠭᠰᠠᠨ᠃ ᠭᠡᠲᠡᠯ᠎ᠡ ᠮᠠᠤᠳᠤᠨᠢ ᠲᠡᠳᠡᠨ ᠦ ᠰᠠᠶᠢᠨ ᠮᠣᠷᠢ ᠶᠢ ᠬᠤᠯᠠᠭᠠᠶᠢᠯᠠᠨ ᠤᠨᠤᠵᠤ ᠪᠤᠴᠠᠵᠤ ᠢᠷᠡᠬᠦ ᠳᠦ ᠲᠦᠮᠡᠨ ᠲᠡᠭᠦᠨ ᠦ ᠡᠷᠡᠯᠬᠡᠭ ᠵᠣᠷᠢᠭᠲᠠᠢ ᠶᠢ ᠲᠠᠭᠠᠰᠢᠶᠠᠨ ᠲᠦᠮᠡᠲᠦ ᠶᠢᠨ ᠳᠠᠷᠤᠭ᠎ᠠ ᠪᠣᠯᠭᠠᠭᠰᠠᠨ᠃ ᠮᠠᠤᠳᠤᠨᠢ ᠳᠠᠭᠤᠲᠤ ᠰᠤᠮᠤ ᠬᠢᠭᠡᠳ᠂ ᠮᠣᠷᠢᠲᠤ ᠴᠡᠷᠢᠭ ᠦᠳ ᠢᠶᠡᠨ ᠮᠣᠷᠢᠨ ᠳᠡᠭᠡᠷ᠎ᠡ ᠡᠴᠡ ᠨᠤᠮᠤ ᠬᠠᠷᠪᠤᠬᠤ ᠳᠤ ᠰᠤᠷᠭᠠᠵᠤ᠂ "ᠳᠠᠭᠤᠲᠤ ᠰᠤᠮᠤ ᠶᠢ ᠬᠠᠷᠪᠤᠭᠰᠠᠨ ᠵᠦᠭ ᠷᠦᠦ ᠴᠥᠮ ᠬᠠᠷᠪᠤᠭᠲᠤᠨ᠂ ᠬᠠᠷᠪᠤᠭ᠎ᠠ ᠦᠭᠡᠢ ᠬᠦᠮᠦᠨ ᠦ ᠲᠣᠯᠣᠭᠠᠢ ᠶᠢ ᠠᠪᠤᠨ᠎ᠠ" ᠭᠡᠵᠦ ᠲᠤᠰᠢᠶᠠᠭᠰᠠᠨ᠃ ᠮᠠᠤᠳᠤᠨᠢ ᠰᠢᠪᠠᠭᠤ᠂ ᠠᠷᠢᠶᠠᠲᠠᠨ ᠠᠩᠨᠠᠬᠤ ᠪᠠᠷ ᠶᠠᠪᠤᠬᠤ ᠳᠤ ᠪᠠᠨ ᠳᠠᠭᠤᠲᠤ ᠰᠤᠮᠤ ᠬᠠᠷᠪᠤᠭᠰᠠᠨ ᠵᠦᠭ ᠰᠤᠮᠤ ᠪᠠᠨ ᠬᠠᠷᠪᠤᠭ᠎ᠠ ᠦᠭᠡᠢ ᠬᠦᠮᠦᠨ ᠦ ᠲᠣᠯᠣᠭᠠᠢ ᠶᠢ ᠠᠪᠤᠭᠰᠠᠨ᠃ ᠤᠳᠠᠯ ᠦᠭᠡᠢ ᠮᠠᠤᠳᠤᠨᠢ ᠰᠠᠶᠢᠨ ᠮᠣᠷᠢ ᠤᠷᠤᠭᠤ ᠶᠢ ᠪᠠᠨ ᠳᠠᠭᠤᠲᠤ ᠰᠤᠮᠤ ᠪᠠᠨ ᠬᠠᠷᠪᠤᠬᠤ ᠳᠤ ᠪᠠᠷ᠎ᠠ ᠪᠣᠯᠤᠭᠴᠢᠳ ᠤᠨ ᠵᠠᠷᠢᠮ ᠨᠢ ᠬᠠᠷᠪᠤᠵᠤ᠂ ᠵᠠᠷᠢᠮ ᠨᠢ ᠬᠠᠷᠪᠤᠭ᠎ᠠ ᠦᠭᠡᠢ᠂ ᠢᠩᠭᠢᠭᠡᠳ ᠬᠠᠷᠪᠤᠭ᠎ᠠ ᠦᠭᠡᠢ ᠬᠦᠮᠦᠨ ᠦ ᠲᠣᠯᠣᠭᠠᠢ ᠶᠢ ᠠᠪᠤᠭᠰᠠᠨ᠃ ᠮᠠᠤᠳᠤᠨᠢ ᠵᠢᠭᠠᠬᠠᠨ ᠠᠵᠠᠨᠠᠵᠤ ᠪᠠᠶᠢᠭᠠᠳ ᠬᠠᠶᠢᠷᠠᠲᠤ ᠭᠡᠷᠭᠡᠢ ᠤᠷᠤᠭᠤ ᠶᠢ ᠪᠠᠨ ᠳᠠᠭᠤᠲᠤ ᠰᠤᠮᠤ ᠪᠠᠨ ᠬᠠᠷᠪᠤᠬᠤ ᠳᠤ ᠪᠠᠷ᠎ᠠ ᠪᠣᠯᠤᠭᠴᠢᠳ ᠤᠨ ᠵᠠᠷᠢᠮ ᠨᠢ ᠮᠠᠰᠢ ᠠᠶᠤᠨ᠂ ᠬᠠᠷᠪᠤᠵᠤ ᠵᠢᠷᠦᠬᠡᠯᠡᠭᠡ ᠦᠭᠡᠢ᠃ ᠮᠠᠤᠳᠤᠨᠢ ᠪᠠᠰᠠ ᠯᠠ ᠲᠡᠳᠡᠨ ᠦ ᠲᠣᠯᠣᠭᠠᠢ ᠶᠢ ᠠᠪᠤᠭᠰᠠᠨ᠃ ᠳᠠᠬᠢᠭᠠᠳ ᠪᠠᠰᠠ ᠠᠨᠳᠠ ᠶᠠᠪᠤᠵᠤ ᠪᠠᠶᠢᠬᠤ ᠳᠤ ᠪᠠᠨ ᠱᠠᠨᠦᠢ ᠶᠢᠨ ᠰᠠᠶᠢᠨ ᠮᠣᠷᠢ ᠤᠷᠤᠭᠤ ᠳᠠᠭᠤᠲᠤ ᠰᠤᠮᠤ ᠪᠠᠨ ᠮᠠᠤᠳᠤᠨᠢ ᠬᠠᠷᠪᠤᠬᠤ ᠳᠤ ᠪᠠᠷ᠎ᠠ ᠪᠣᠯᠤᠭᠴᠢᠳ ᠨᠢ ᠴᠥᠮ ᠬᠠᠷᠪᠤᠭᠰᠠᠨ᠃ ᠢᠩᠭᠢᠭᠡᠳ ᠮᠠᠤᠳᠤᠨᠢ ᠪᠠᠷ᠎ᠠ ᠪᠣᠯᠤᠭᠴᠢᠳ ᠢᠶᠠᠨ ᠠᠰᠢᠭᠯᠠᠵᠤ ᠪᠣᠯᠬᠤ ᠶᠢ ᠮᠡᠳᠡᠭᠰᠡᠨ᠃ ᠬᠣᠵᠢᠮ ᠨᠢ ᠮᠠᠤᠳᠤᠨᠢ ᠡᠴᠢᠭᠡ ᠲᠦᠮᠡᠨ ᠱᠠᠨᠦᠢ ᠶᠢ ᠳᠠᠭᠠᠨ ᠠᠨ ᠬᠢᠬᠦ ᠳᠦ ᠪᠡᠨ ᠳᠠᠭᠤᠲᠤ ᠰᠤᠮᠤ ᠪᠠᠨ ᠲᠦᠮᠡᠨ ᠤᠷᠤᠭᠤ ᠬᠠᠷᠪᠤᠬᠤ ᠳᠤ ᠪᠠᠷ᠎ᠠ ᠪᠣᠯᠤᠭᠴᠢᠳ ᠨᠢ ᠴᠥᠮ ᠲᠦᠮᠡᠨ ᠱᠠᠨᠦᠢ ᠶᠢ ᠬᠠᠷᠪᠤᠭᠰᠠᠨ᠃ ᠴᠢᠩᠭᠢᠭᠡᠳ ᠮᠠᠤᠳᠤᠨᠢ ᠬᠣᠶᠢᠳᠤ ᠡᠬᠡ᠂ ᠳᠡᠭᠦᠦ᠂ ᠥᠪᠡᠷ ᠲᠦ ᠨᠢ ᠵᠠᠬᠢᠷᠤᠭᠳᠠᠬᠤ ᠭᠡᠭᠡ ᠦᠭᠡᠢ ᠲᠦᠰᠢᠮᠡᠳ ᠢ ᠴᠥᠮ ᠢ ᠠᠯᠠᠭᠠᠳ ᠥᠪᠡᠷ ᠢᠶᠡᠨ ᠱᠠᠨᠦᠢ ᠪᠣᠯᠵᠠᠢ᠃" ᠬᠡᠮᠡᠨ ᠪᠢᠴᠢᠭᠰᠡᠨ ᠪᠠᠶᠢᠳᠠᠭ᠃

ᠾᠦᠩᠨᠦ ᠭᠦᠷᠦᠨ ᠢ ᠪᠠᠶᠢᠭᠤᠯᠤᠭᠰᠠᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠳᠣᠨ ᠮᠠᠨ ᠤ ᠡᠷᠡᠨ ᠦ ᠡᠮᠦᠨ᠎ᠡ 209 ᠤᠨ ᠳᠤ ᠱᠠᠨᠦᠢ ᠶᠢᠨ ᠰᠠᠭᠤᠳᠠᠯ ᠳᠤ ᠰᠠᠭᠤᠵᠤ᠂ ᠵᠠᠰᠠᠭ ᠵᠠᠬᠢᠷᠭᠠᠨ ᠤ ᠥᠭᠡᠷᠡᠴᠢᠯᠡᠯᠲᠡ ᠬᠡᠶᠢᠵᠢᠭᠡ᠃ ᠲᠡᠷᠡ ᠪᠡᠷ ᠾᠦᠩᠨᠦ ᠤᠯᠤᠰ ᠤᠨ ᠵᠠᠰᠠᠭ ᠵᠠᠬᠢᠷᠭ᠎ᠠ᠂ ᠴᠡᠷᠢᠭ᠂ ᠠᠵᠤ ᠠᠬᠤᠢ ᠳᠤ ᠲᠣᠮᠣᠬᠠᠨ ᠥᠭᠡᠷᠡᠴᠢᠯᠡᠯᠲᠡ ᠬᠢᠭᠰᠡᠨ ᠶᠤᠮ᠃ ᠾᠦᠩᠨᠦ ᠤᠯᠤᠰ ᠤᠨ ᠵᠠᠰᠠᠭ ᠵᠠᠬᠢᠷᠭ᠎ᠠ᠂ ᠴᠡᠷᠢᠭ ᠦᠨ ᠪᠠᠶᠢᠭᠤᠯᠤᠯᠲᠠ ᠶᠢᠨ ᠲᠤᠬᠠᠢ "ᠱᠢ ᠴᠽᠢ" ᠵᠣᠬᠢᠶᠠᠯ ᠳᠤ: "ᠮᠠ ᠢᠶᠢᠳᠤᠩ ᠠᠴᠠ ᠡᠬᠢᠯᠡᠨ ᠾᠦᠩᠨᠦ ᠬᠠᠮᠤᠭ ᠤᠨ ᠬᠦᠴᠦᠷᠬᠡᠭ ᠲᠣᠮᠣ ᠪᠣᠯᠵᠤ᠂ ᠤᠮᠠᠷ᠎ᠠ ᠵᠦᠭ ᠦᠨ ᠬᠠᠷᠢ ᠤᠭᠰᠠᠭᠠᠲᠠᠨ ᠢ ᠴᠥᠮ ᠢ ᠵᠠᠬᠢᠷᠴᠢ᠂ ᠡᠮᠦᠨ᠎ᠡ ᠵᠦᠭ ᠬᠢᠲᠠᠳ ᠲᠠᠢ ᠮᠥᠷᠥ ᠵᠡᠷᠭᠡᠴᠡᠬᠦ ᠤᠯᠤᠰ ᠪᠣᠯᠤᠭᠰᠠᠨ ᠪᠥᠭᠡᠳ ᠲᠡᠭᠦᠨ ᠦ ᠦᠶ᠎ᠡ ᠤᠯᠠᠷᠢᠨ ᠵᠠᠯᠭᠠᠮᠵᠢᠯᠠᠳᠠᠭ ᠲᠥᠷᠥ ᠶᠢᠨ ᠲᠤᠰᠢᠶᠠᠯᠲᠠᠨ ᠤ ᠴᠣᠯᠠ ᠶᠢ ᠲᠡᠮᠳᠡᠭᠯᠡᠨ ᠳᠤᠷᠠᠳᠴᠤ ᠪᠣᠯᠤᠨ᠎ᠠ᠃ ᠪᠠᠷᠠᠭᠤᠨ᠂ ᠵᠡᠭᠦᠨ ᠰᠡᠴᠡᠨ ᠸᠠᠩ᠂ ᠪᠠᠷᠠᠭᠤᠨ᠂ ᠵᠡᠭᠦᠨ ᠭᠤᠯ ᠸᠠᠩ᠂ ᠪᠠᠷᠠᠭᠤᠨ᠂ ᠵᠡᠭᠦᠨ ᠶᠡᠬᠡ ᠵᠠᠩᠵᠤᠨ᠂ ᠪᠠᠷᠠᠭᠤᠨ᠂ ᠵᠡᠭᠦᠨ ᠳᠦᠪᠡᠢ᠂ ᠪᠠᠷᠠᠭᠤᠨ᠂ ᠵᠡᠭᠦᠨ ᠳᠠᠩᠬᠤ᠂ ᠪᠠᠷᠠᠭᠤᠨ᠂ ᠵᠡᠭᠦᠨ ᠭᠤᠳᠤᠬᠠᠤ ᠲᠤᠰᠢᠶᠠᠯᠲᠠᠨ ᠢ ᠲᠠᠯᠪᠢᠭᠰᠠᠨ᠃ ᠾᠦᠩᠨᠦ ᠪᠡᠷ ᠰᠡᠴᠡᠨ ᠭᠡᠬᠦ ᠶᠢ ᠲᠤᠴᠢ ᠭᠡᠨ᠎ᠡ᠃ ᠡᠶᠢᠮᠦ ᠳᠦ ᠬᠠᠭᠠᠨ ᠤ ᠣᠷᠣ ᠵᠠᠯᠭᠠᠮᠵᠢᠯᠠᠬᠤ ᠬᠦᠦ ᠵᠡᠭᠦᠨ ᠰᠡᠴᠡᠨ ᠸᠠᠩ ᠪᠣᠯᠬᠤ ᠨᠢ ᠣᠯᠠᠨ ᠲᠠᠢ᠃ ᠵᠡᠭᠦᠨ᠂ ᠪᠠᠷᠠᠭᠤᠨ ᠰᠡᠴᠡᠨ ᠸᠠᠩ ᠠᠴᠠ ᠳᠠᠩᠬᠤ ᠬᠦᠷᠲᠡᠯᠡᠬᠢ ᠲᠤᠰᠢᠶᠠᠯᠲᠠᠨ ᠤ ᠬᠠᠮᠤᠭ ᠤᠨ ᠲᠣᠮ ᠨᠢ ᠲᠦᠮᠡᠨ ᠮᠣᠷᠢᠲᠤ (ᠴᠡᠷᠢᠭ), ᠪᠠᠭ᠎ᠠ ᠨᠢ ᠮᠢᠩᠭᠠᠨ ᠮᠣᠷᠢᠲᠤ (ᠴᠡᠷᠢᠭ) ᠵᠠᠬᠢᠷᠤᠨ᠎ᠠ᠂ ᠡᠳᠡᠭᠡᠷ 24 ᠳᠠᠷᠤᠭ᠎ᠠ ᠶᠢ ᠲᠦᠮᠡᠲᠦ ᠶᠢᠨ ᠳᠠᠷᠤᠭ᠎ᠠ ᠭᠡᠨ᠎ᠡ᠃ ᠲᠣᠮᠣ ᠲᠦᠰᠢᠮᠡᠳ ᠴᠥᠮ ᠦᠶ᠎ᠡ ᠵᠠᠯᠭᠠᠮᠵᠢᠯᠠᠨ᠎ᠠ᠃ ᠺᠢᠶᠠᠩ᠂ ᠯᠠᠨᠢ᠂ ᠬᠣᠵᠢᠮ ᠪᠤᠢ ᠪᠣᠯᠤᠭᠰᠠᠨ ᠰᠦᠢᠪᠦ᠋, ᠡᠳᠡᠭᠡᠷᠭᠤᠷᠪᠠ ᠨᠢ ᠰᠤᠷᠪᠤᠯᠵᠢᠲᠤ ᠣᠪᠤᠭ ᠮᠥᠨ᠃ ᠵᠡᠭᠦᠨ ᠭᠠᠷ ᠤᠨ ᠪᠦᠬᠦ ᠸᠠᠩ᠂ ᠵᠠᠩᠵᠤᠨ ᠨᠢ ᠱᠠᠩᠬᠤ ᠲᠣᠭᠣᠷᠢᠭ ᠤᠨ ᠥᠭᠡᠳᠡ ᠡᠴᠡ ᠬᠠᠷᠠᠨ ᠳᠣᠷᠣᠨ᠎ᠠ ᠵᠦᠭ ᠲᠤ ᠬᠤᠬᠢ᠂ ᠴᠢᠭᠰᠠᠨ ᠲᠠᠢ (ᠰᠣᠯᠣᠩᠭᠣᠰ ᠤᠨ ᠨᠤᠲᠤᠭ ᠲᠤ ᠪᠠᠶᠢᠭᠰᠠᠨ ᠡᠷᠲᠡᠨ ᠦ ᠤᠯᠤᠰ) ᠬᠢᠯᠢᠯᠡᠨ ᠵᠡᠭᠦᠨ ᠭᠠᠷ ᠲᠤ ᠪᠠᠶᠢᠨ᠎ᠠ᠂ ᠪᠦᠬᠦ ᠪᠠᠷᠠᠭᠤᠨ ᠭᠠᠷ ᠤᠨ ᠲᠦᠰᠢᠮᠡᠯ᠂ ᠵᠠᠩᠵᠤᠨ ᠨᠢ ᠱᠠᠨᠢᠴᠵᠠᠨᠢ ᠲᠣᠭᠣᠷᠢᠭ ᠤᠨ ᠥᠭᠡᠳᠡ ᠡᠴᠡ ᠬᠠᠷᠠᠨ᠂ ᠥᠷᠥᠨ᠎ᠡ ᠵᠦᠭ ᠲᠤ ᠶᠠᠴᠵᠢ᠂ ᠳ᠋ᠢ᠂ ᠴᠢᠩ ᠨᠠᠷᠠᠲᠠᠢ ᠬᠢᠯᠢᠯᠡᠨ ᠪᠠᠷᠠᠭᠤᠨ ᠭᠠᠷ ᠲᠤ ᠨᠤᠲᠤᠭᠯᠠᠨ᠎ᠠ᠃ ᠱᠠᠨᠦᠢ ᠶᠢᠨ ᠥᠷᠭᠥᠭᠡ ᠨᠢ ᠳᠠᠢ᠂ ᠶᠨᠴᠵᠤᠩ ᠲᠣᠭᠣᠷᠢᠭ ᠤᠨ ᠥᠭᠡᠳᠡ ᠡᠴᠡ ᠬᠠᠷᠠᠭᠰᠠᠨ ᠨᠤᠲᠤᠭ ᠲᠤ ᠪᠠᠭᠤᠳᠠᠭ᠃ ᠲᠡᠳᠡ ᠲᠤᠰ ᠪᠦᠷᠢ ᠡᠪᠡᠰᠦ᠂ ᠤᠰᠤ ᠳᠠᠭᠠᠨ ᠨᠡᠭᠦᠬᠦ ᠬᠤᠪᠢ ᠭᠠᠵᠠᠷ ᠲᠠᠢ᠂ ᠭᠡᠬᠦ ᠳᠦ ᠪᠡᠨ ᠪᠠᠷᠠᠭᠤᠨ᠂ ᠵᠡᠭᠦᠨ ᠰᠡᠴᠡᠨ ᠸᠠᠩ᠂ ᠪᠠᠷᠠᠭᠤᠨ᠂ ᠵᠡᠭᠦᠨ ᠭᠤᠯ ᠸᠠᠩ ᠬᠠᠮᠤᠭ ᠤᠨ ᠲᠣᠮᠣ ᠬᠤᠪᠢ ᠭᠠᠵᠠᠷ ᠲᠠᠢ᠃ ᠪᠠᠷᠠᠭᠤᠨ᠂ ᠵᠡᠭᠦᠨ ᠭᠤᠳᠤᠬᠠᠤ ᠲᠥᠷᠥ ᠵᠢᠯᠤᠭᠤᠳᠤᠬᠤ ᠳᠤ ᠲᠤᠰᠠᠯᠠᠨ᠎ᠠ᠃ 24 ᠲᠦᠮᠡᠲᠦ ᠶᠢᠨ ᠳᠠᠷᠤᠭ᠎ᠠ ᠲᠤᠰ ᠪᠦᠷᠢ ᠮᠢᠩᠭᠠᠲᠤ᠂ ᠵᠠᠭᠤᠲᠤ᠂ ᠠᠷᠪᠠᠲᠤ ᠶᠢᠨ ᠳᠠᠷᠤᠭ᠎ᠠ᠂ ᠵᠢᠵᠢᠭ ᠸᠠᠩ᠂ ᠭᠣᠣᠯ ᠲᠤᠰᠠᠯᠠᠭᠴᠢ᠂ ᠳᠦᠪᠡᠢ᠂ ᠳᠠᠩᠬᠤ᠂ ᠴᠧᠼᠵᠦᠢ ᠨᠠᠷ ᠢ ᠲᠣᠮᠢᠯᠠᠨ᠎ᠠ᠃" ᠬᠡᠮᠡᠨ ᠦᠭᠦᠯᠡᠵᠦᠬᠦᠢ᠃ ᠮᠥᠨ "ᠱᠢ ᠴᠽᠢ" ᠵᠣᠬᠢᠶᠠᠯ ᠳᠤ ᠾᠦᠩᠨᠦ ᠶᠢᠨ ᠲᠣᠮᠣ ᠲᠦᠰᠢᠮᠡᠳ ᠦᠨ ᠲᠤᠬᠠᠢ ᠥᠭᠥᠯᠡᠬᠦ ᠳᠦ ᠪᠡᠨ: " ᠾᠦᠩᠨᠦ ᠶᠢᠨ ᠲᠣᠮᠣ ᠲᠦᠰᠢᠮᠡᠳ ᠭᠡᠪᠡᠯ ᠳᠡᠭᠡᠳᠦ ᠨᠢ ᠵᠡᠭᠦᠨ ᠰᠡᠴᠡᠨ ᠸᠠᠩ᠂ ᠳᠠᠷᠠᠭ᠎ᠠ ᠨᠢ ᠵᠡᠭᠦᠨ ᠭᠤᠯ ᠸᠠᠩ᠂ ᠳᠠᠷᠠᠭ᠎ᠠ ᠨᠢ ᠪᠠᠷᠠᠭᠤᠨ ᠰᠡᠴᠡᠨ ᠸᠠᠩ᠂ ᠳᠠᠷᠠᠭ᠎ᠠ ᠨᠢ ᠪᠠᠷᠠᠭᠤᠨ ᠭᠤᠯ ᠸᠠᠩ᠂ ᠡᠳᠡᠭᠡᠷ ᠢ ᠳᠥᠷᠪᠡᠨ ᠡᠪᠡᠷᠲᠡᠨ ᠭᠡᠨ᠎ᠡ᠃ ᠳᠠᠷᠠᠭ᠎ᠠ ᠨᠢ ᠵᠡᠭᠦᠨ᠂ ᠪᠠᠷᠠᠭᠤᠨ ᠵᠢᠴᠵᠤ ᠸᠠᠩ᠂ ᠵᠡᠭᠦᠨ᠂ ᠪᠠᠷᠠᠭᠤᠨ ᠸᠡᠩᠡᠶᠲ᠋ᠢ ᠸᠠᠩ᠂ ᠳᠠᠷᠠᠭ᠎ᠠ ᠨᠢ ᠵᠡᠭᠦᠨ᠂ ᠪᠠᠷᠠᠭᠤᠨ ᠴᠵᠢᠨᠢᠴᠽᠢᠶᠠᠨ ᠸᠠᠩ᠂ ᠡᠳᠡᠭᠡᠷ ᠢ ᠠᠷᠪᠠᠨ ᠡᠪᠡᠷᠲᠡᠨ ᠸᠠᠩ ᠭᠡᠨ᠎ᠡ᠃" ᠭᠡᠵᠡᠢ᠃ ᠾᠦᠩᠨᠦ ᠤᠯᠤᠰ ᠤᠨ ᠴᠡᠷᠢᠭ᠂ ᠵᠡᠪᠰᠡᠭ ᠦᠨ ᠲᠤᠬᠠᠢ "ᠱᠢ ᠴᠽᠢ" ᠵᠣᠬᠢᠶᠠᠯ ᠳᠤ ᠳᠤᠷᠠᠳᠬᠤ ᠳᠤ ᠪᠠᠨ: "ᠠᠯᠤᠰ ᠤᠨ ᠲᠤᠰᠬᠠᠯ ᠲᠠᠢ ᠠᠴᠠ ᠨᠤᠮᠤ᠂ ᠰᠤᠮᠤ᠂ ᠣᠶᠢᠷ᠎ᠠ ᠶᠢᠨ ᠬᠢ ᠠᠴᠠ ᠢᠯᠳᠦ᠂ᠲᠡᠮᠦᠷ ᠪᠠᠷᠢᠭᠤᠯ ᠲᠠᠢ ᠵᠢᠳᠠ ᠪᠠᠶᠢᠨ᠎ᠠ᠃.. ᠮᠠᠤᠳᠤᠨᠢ ᠬᠦᠴᠦᠲᠡᠢ ᠪᠣᠯᠤᠭᠰᠠᠨ ᠠᠴᠠ ᠬᠣᠶᠢᠰᠢ ᠭᠤᠷᠪᠠᠨ ᠪᠤᠮ ᠭᠠᠷᠤᠢ ᠴᠡᠷᠢᠭ ᠲᠡᠢ᠃.. ᠮᠠᠤᠳᠤᠨᠢ ᠫᠢᠨᠴᠢᠨ ᠬᠣᠳᠠ ᠳᠤ ᠬᠠᠨ ᠣᠯᠣᠰ ᠤᠨ ᠬᠠᠭᠠᠨ ᠭᠠᠣᠳᠣ ᠶᠢ ᠳᠥᠷᠪᠡᠨ ᠪᠤᠮᠤᠨ ᠮᠣᠷᠢᠲᠤ ᠴᠡᠷᠢᠭ ᠢᠶᠡᠷ ᠪᠥᠰᠡᠯᠡᠬᠦ ᠳᠦ ᠪᠡᠨ ᠥᠷᠥᠨ᠎ᠡ ᠡᠲᠡᠭᠡᠳ ᠲᠦ ᠴᠠᠭᠠᠨ ᠮᠣᠷᠢᠲᠠᠢ᠂ ᠳᠣᠷᠣᠨᠠᠲᠤᠳ ᠬᠠᠯᠵᠠᠨ ᠮᠣᠷᠢ ᠲᠠᠢ᠂ ᠤᠮᠠᠷᠠᠳᠤ ᠳᠤ ᠬᠠᠷ᠎ᠠ ᠮᠣᠷᠢ ᠲᠠᠢ᠂ ᠡᠮᠦᠨᠡᠲᠦᠳ ᠰᠠᠷᠠᠯ ᠮᠣᠷᠢ ᠲᠠᠢ ᠴᠡᠷᠢᠭ ᠪᠠᠶᠢᠷᠢᠯᠠᠭᠤᠯᠤᠭᠰᠠᠨ᠃" ᠬᠡᠮᠡᠨ ᠪᠢᠴᠢᠵᠦᠬᠦᠢ᠃ ᠮᠥᠨ ᠾᠦᠩᠨᠦ ᠤᠯᠤᠰ ᠤᠨ ᠬᠡᠪ ᠬᠠᠤᠯᠢ ᠶᠢᠨ ᠲᠠᠯ᠎ᠠ ᠪᠠᠷ "ᠱᠢ ᠴᠽᠢ" ᠪᠣᠯᠤᠨ "ᠬᠤ ᠬᠠᠨᠢ ᠱᠤ" (ᠵᠡᠭᠦᠨ ᠬᠠᠨ ᠣᠯᠣᠰ ᠤᠨ ᠲᠡᠦᠬᠡ) ᠬᠡᠮᠡᠬᠦ ᠵᠣᠬᠢᠶᠠᠯ ᠤᠳ ᠲᠤ ᠳᠤᠷᠠᠳᠬᠤ ᠳᠤ ᠪᠠᠨ: "ᠲᠡᠳᠡᠨ ᠦ ᠪᠠᠷᠢᠮᠲᠠᠯᠠᠳᠠᠭ ᠬᠠᠤᠯᠢ ᠪᠠᠷ ᠢᠷᠲᠦ᠂ ᠦᠵᠦᠭᠦᠷᠲᠦ ᠶᠢ ᠭᠠᠷᠭᠠᠪᠠᠯ ᠴᠠᠭᠠᠵᠠ ᠪᠠᠷ ᠠᠪᠠᠴᠢᠨ᠎ᠠ᠂ ᠬᠤᠯᠠᠭᠠᠢ ᠶᠢᠨ ᠶᠠᠯ᠎ᠠ ᠲᠠᠢ ᠬᠦᠮᠦᠨ ᠦ ᠭᠡᠷ ᠪᠦᠯᠢ ᠶᠢ ᠬᠤᠷᠢᠶᠠᠨ᠎ᠠ᠃ ᠬᠥᠩᠭᠡᠨ ᠬᠡᠷᠡᠭᠲᠡᠨ ᠢ ᠪᠡᠷᠢᠶᠡᠳᠡᠨ᠎ᠡ᠂ ᠬᠦᠨᠳᠦ ᠶᠢ ᠴᠠᠭᠠᠵᠠ ᠪᠠᠷ ᠠᠪᠤᠨ᠎ᠠ᠃ ᠠᠷᠪᠠ ᠬᠣᠨᠣᠭ ᠠᠴᠠ ᠢᠯᠡᠭᠦᠦ ᠬᠤᠭᠤᠴᠠᠭ᠎ᠠ ᠪᠠᠷ ᠬᠣᠷᠢᠬᠤ ᠦᠭᠡᠢ᠂ ᠤᠯᠤᠰ ᠳᠠᠶᠠᠭᠠᠷ ᠬᠣᠷᠢᠭᠳᠠᠯ ᠬᠦᠮᠦᠨ ᠬᠡᠳᠦᠬᠡᠨ ᠡᠴᠡ ᠬᠡᠲᠦᠷᠬᠦ ᠦᠭᠡᠢ᠃.. ᠵᠡᠭᠦᠨ ᠭᠠᠷ ᠲᠤ ᠬᠠᠮᠢᠶᠠᠷᠤᠭᠳᠠᠬᠤ ᠺᠢᠶᠠᠩ᠂ ᠪᠠᠷᠠᠭᠤᠨ ᠳᠤ ᠤᠷᠤᠬᠤ ᠯᠠᠨᠢ᠂ ᠰᠦᠢᠪᠦ᠋ ᠣᠪᠤᠭ ᠨᠢ ᠰᠢᠭᠦᠬᠦ ᠬᠡᠷᠡᠭ ᠢ ᠡᠷᠬᠢᠯᠡᠨ ᠢᠯᠠ ᠣᠨᠣᠭᠠᠵᠤ᠂ ᠲᠡᠷᠡ ᠲᠤᠬᠠᠢ ᠶᠢ ᠪᠠᠨ ᠱᠠᠨᠦᠢᠳ ᠠᠮᠠ ᠪᠠᠷ ᠢᠯᠡᠳᠬᠡᠨ᠎ᠡ᠂ ᠭᠡᠬᠦ ᠳᠦ ᠪᠡᠨ ᠪᠢᠴᠢᠭ᠂ ᠳᠡᠪᠲᠡᠷ ᠦᠢᠯᠡᠳᠳᠡᠭ ᠦᠭᠡᠢ᠃" ᠬᠡᠮᠡᠵᠡᠢ᠃ ᠮᠥᠨ ᠲᠡᠭᠦᠨ ᠦ ᠬᠣᠶᠢᠰᠢᠳᠠ ᠶᠢᠨ ᠤᠳᠤᠮ ᠤᠭᠰᠠᠭᠠᠨ ᠳᠤ ᠪᠠᠨ ᠵᠠᠷᠯᠢᠭᠯᠠᠨ ᠬᠡᠯᠡᠭᠰᠡᠨ "ᠮᠢᠨᠦ ᠨᠤᠲᠤᠭ ᠶᠢᠨ ᠭᠠᠵᠠᠷ ᠰᠢᠷᠤᠶᠢᠨ ᠠᠴᠠ ᠪᠤᠷᠬᠠᠨ ᠭᠤᠶᠤᠭᠰᠠᠨ ᠴᠤ ᠪᠤᠤ ᠥᠭ" ᠭᠡᠬᠦ ᠦᠭᠡ ᠪᠤᠢ᠃

ᠳᠣᠷᠣᠨᠠᠲᠤ ᠬᠤ ᠨᠠᠷ ᠤᠨ ᠡᠰᠡᠷᠬᠦ ᠳᠠᠶᠢᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠳᠣᠨ ᠢ ᠱᠠᠨᠦᠢ ᠶᠢᠨ ᠰᠠᠭᠤᠳᠠᠯ ᠳᠤ ᠰᠠᠭᠤᠭᠰᠠᠨ ᠲᠤᠬᠠᠢ ᠳᠣᠷᠣᠨᠠᠲᠤ ᠬᠤ ᠨᠠᠷ ᠰᠣᠨᠣᠰᠤᠭᠠᠳ ᠰᠢᠨ᠎ᠡ ᠱᠠᠨᠦᠢᠳ ᠤᠯᠤᠰ ᠲᠥᠷᠥ ᠶᠢᠨ ᠳᠠᠷᠤᠮᠲᠠ ᠦᠵᠡᠭᠦᠯᠵᠦ᠂ ᠾᠢᠦᠩᠨᠦᠭ ᠥᠳᠥᠭᠡᠨ ᠬᠠᠳᠬᠤᠵᠤ ᠪᠠᠶᠢᠭᠠᠳ ᠳᠠᠶᠢᠨ ᠭᠠᠷᠭᠠᠵᠤ᠂ ᠪᠤᠲᠠ ᠴᠣᠬᠢᠨ ᠳᠣᠷᠣᠶᠢᠲᠠᠭᠤᠯᠬᠤ ᠵᠣᠷᠢᠯᠭ᠎ᠠ ᠪᠠᠷ ᠡᠯᠴᠢ ᠢᠯᠡᠭᠡᠵᠦ᠂ ᠲᠦᠮᠡᠨ ᠱᠠᠨᠦᠢ ᠶᠢᠨ ᠮᠢᠩᠭᠠᠨ ᠭᠠᠵᠠᠷ ᠤᠨ ᠭᠦᠶᠦᠳᠡᠯ ᠲᠡᠢ ᠰᠠᠶᠢᠨ ᠮᠣᠷᠢ ᠶᠢ ᠭᠤᠶᠤᠭᠰᠠᠨ ᠳᠤ ᠮᠣᠳᠣᠨ ᠥᠭᠴᠡᠢ᠃ ᠲᠡᠭᠦᠨ ᠦ ᠳᠠᠷᠠᠭ᠎ᠠ ᠳᠣᠷᠣᠨᠠᠲᠤ ᠬᠤ ᠨᠠᠷᠠ ᠳᠠᠬᠢᠨ ᠡᠯᠴᠢ ᠢᠯᠡᠭᠡᠵᠦ᠂ ᠬᠠᠲᠤᠨ ᠢ ᠨᠢ ᠭᠤᠶᠤᠬᠤ ᠳᠤ ᠮᠣᠳᠣᠨ ᠥᠭᠪᠡ᠃ ᠳᠣᠷᠣᠨᠠᠲᠤ ᠬᠤ ᠨᠠᠷ ᠪᠠᠰᠠ ᠳᠠᠬᠢᠨ ᠡᠯᠴᠢ ᠢᠯᠡᠭᠡᠵᠦ᠂ ᠾᠢᠦᠩᠨᠦ᠂ ᠳᠣᠷᠣᠨᠠᠲᠤ ᠬᠤ ᠬᠣᠶᠠᠷ ᠤᠯᠤᠰ ᠤᠨ ᠬᠢᠯᠢ ᠶᠢᠨ ᠳᠠᠭᠠᠤ ᠪᠠᠶᠢᠭᠰᠠᠨ ᠬᠦᠮᠦᠨ᠂ ᠠᠮᠢᠲᠠᠨ ᠦᠭᠡᠢ ᠨᠤᠲᠤᠭ ᠢ ᠥᠭᠬᠦ ᠶᠢ ᠭᠤᠶᠤᠴᠠᠢ᠃ ᠲᠡᠷᠡ ᠦᠶ᠎ᠡ ᠳᠦ ᠬᠣᠶᠠᠷ ᠤᠯᠤᠰ ᠬᠣᠭᠣᠷᠣᠨᠳᠣ ᠪᠠᠨ ᠳᠣᠪᠲᠣᠯᠤᠯᠴᠠᠬᠤ ᠦᠭᠡᠢ ᠶᠢᠨ ᠪᠠᠲᠤᠯᠠᠭ᠎ᠠ ᠪᠣᠯᠭᠠᠵᠤ᠂ ᠬᠣᠭᠣᠰᠣᠨ ᠵᠤᠷᠪᠤᠰ ᠭᠠᠵᠠᠷ ᠪᠤᠢ ᠪᠣᠯᠭᠠᠵᠤ᠂ ᠲᠡᠨᠳᠡ ᠬᠡᠨ ᠨᠢ ᠴᠤ ᠨᠤᠲᠤᠭᠯᠠᠬᠤ ᠡᠷᠬᠡ ᠦᠭᠡᠢ ᠪᠠᠶᠢᠳᠠᠭ ᠪᠠᠶᠢᠴᠠᠢ᠃ ᠮᠣᠳᠣᠨ ᠡᠭᠦᠨ ᠢ ᠰᠣᠨᠣᠰᠤᠭᠠᠳ ᠶᠡᠬᠡᠳᠡ ᠬᠢᠯᠢᠩᠨᠡᠵᠦ᠂ ᠳᠣᠷᠣᠨᠠᠲᠤ ᠬᠤ ᠨᠠᠷ ᠢ ᠳᠣᠪᠲᠣᠯᠤᠨ ᠪᠤᠲᠠ ᠴᠣᠬᠢᠵᠤ᠂ ᠡᠷᠬᠢᠨ ᠳᠦ ᠪᠡᠨ ᠣᠷᠣᠭᠤᠯᠵᠠᠢ᠃ ᠮᠣᠳᠣᠨ ᠳᠣᠷᠣᠨᠠᠲᠤ ᠬᠤ ᠨᠠᠷ ᠢ ᠬᠡᠷᠬᠢᠨ ᠡᠷᠬᠡᠨ ᠳᠦ ᠪᠡᠨ ᠣᠷᠣᠭᠤᠯᠤᠭᠰᠠᠨ ᠲᠤᠬᠠᠢ "ᠱᠢ ᠴᠽᠢ" ᠵᠣᠬᠢᠶᠠᠯ ᠳᠤ " ᠮᠠᠤᠳᠤᠨᠢ ᠰᠢᠷᠡᠭᠡᠨ ᠳᠦ ᠰᠠᠭᠤᠬᠤ ᠦᠶ᠎ᠡ ᠳᠦ ᠳᠣᠷᠣᠨᠠᠲᠤ ᠬᠤ ᠨᠠᠷ ᠬᠦᠴᠦᠷᠬᠡᠭhdhdhd ᠪᠣᠯᠤᠨ ᠮᠠᠨᠳᠤᠵᠤ ᠪᠠᠶᠢᠪᠠ᠃ ᠡᠴᠢᠭᠡ ᠶᠢ ᠪᠡᠨ ᠠᠯᠠᠭᠠᠳ ᠮᠠᠤᠳᠤᠨᠢ ᠰᠢᠷᠡᠭᠡᠨ ᠳᠦ ᠰᠠᠭᠤᠭᠰᠠᠨ ᠢ ᠳᠠᠭᠤᠯᠠᠭᠠᠳ ᠲᠡᠳᠡ ᠮᠠᠤᠳᠤᠨᠢᠳ ᠡᠯᠴᠢᠨ ᠢᠷᠡᠭᠦᠯᠦᠨ ᠲᠦᠮᠡᠨ ᠱᠠᠨᠦᠢᠳ ᠪᠠᠶᠢᠭᠰᠠᠨ ᠮᠢᠩᠭᠠᠨ ᠭᠠᠵᠠᠷ ᠤᠨ ᠭᠦᠶᠦᠳᠡᠯ ᠲᠡᠢ ᠬᠦᠯᠦᠭ ᠮᠣᠷᠢ ᠶᠢ ᠨᠢ ᠠᠪᠤᠶ᠎ᠠ ᠭᠡᠵᠦ ᠭᠤᠶᠤᠬᠤ ᠳᠤ ᠲᠦᠰᠢᠮᠡᠳ ᠲᠡᠢ ᠪᠡᠨ ᠡᠶᠡᠯᠳᠡᠬᠦ ᠳᠦ: "ᠮᠢᠩᠭᠠᠨ ᠭᠠᠵᠠᠷ ᠤᠨ ᠭᠦᠶᠦᠳᠡᠯ ᠲᠡᠢ ᠬᠦᠯᠦᠭ ᠪᠣᠯ ᠾᠦᠩᠨᠦ ᠶᠢᠨ ᠡᠷᠳᠡᠨᠢ᠂ ᠥᠭᠴᠦ ᠪᠣᠯᠬᠤ ᠦᠭᠡᠢ" ᠭᠡᠵᠦ ᠲᠡᠳᠡ ᠴᠥᠮ ᠬᠡᠯᠡᠵᠡᠢ᠃ "ᠬᠥᠷᠰᠢ ᠣᠷᠣᠨ ᠠᠴᠠ ᠪᠠᠨ ᠨᠢᠭᠡ ᠮᠣᠷᠢ ᠬᠠᠷᠠᠮᠯᠠᠭᠠᠳ᠂ ᠠᠶᠢᠯᠰᠠᠨ ᠲᠣᠭᠲᠠᠨᠢᠵᠤ ᠪᠣᠯᠬᠤ ᠭᠡᠵᠦ ᠦᠦ?" ᠭᠡᠳ ᠮᠠᠤᠳᠤᠨᠢ ᠡᠳᠦᠷ ᠲᠦ ᠮᠢᠩᠭᠠᠨ ᠭᠠᠵᠠᠷ ᠤᠨ ᠭᠦᠶᠦᠳᠡᠯ ᠲᠡᠢ ᠮᠣᠷᠢ ᠪᠠᠨ ᠳᠣᠷᠣᠨᠠᠲᠤ ᠬᠤ ᠨᠠᠷᠠᠲᠤ ᠥᠭᠴᠡᠢ᠃ ᠵᠢᠭᠠᠬᠠᠨ ᠠᠵᠠᠨᠠᠵᠤ ᠪᠠᠶᠢᠭᠠᠳ ᠳᠣᠷᠣᠨᠠᠲᠤ ᠬᠤ ᠨᠠᠷ ᠮᠠᠤᠳᠤᠨᠢ ᠠᠶᠤᠵᠤ ᠪᠠᠶᠢᠨ᠎ᠠ ᠭᠡᠵᠦ ᠪᠣᠳᠣᠭᠠᠳ ᠡᠯᠴᠢᠨ ᠢᠷᠡᠭᠦᠯᠦᠨ ᠱᠠᠨᠦᠢ ᠶᠢᠨ ᠨᠢᠭᠡ ᠶᠠᠨᠴᠠᠵᠢᠭ ᠠᠪᠤᠶ᠎ᠠ ᠭᠡᠵᠦ ᠬᠡᠯᠡᠭᠦᠯᠬᠦ ᠳᠦ ᠮᠥᠨ ᠯᠠ ᠰᠢᠳᠠᠷ ᠬᠦᠮᠦᠰ ᠲᠡᠢ ᠪᠡᠨ ᠡᠶᠡᠯᠳᠡᠬᠦ ᠳᠦ: "ᠳᠣᠷᠣᠨᠠᠲᠤ ᠬᠤ ᠨᠠᠷᠠ ᠨᠠᠶᠢᠷᠰᠠᠭ ᠶᠣᠰᠣ ᠮᠡᠳᠡᠬᠦ ᠦᠭᠡᠢ ᠪᠣᠯᠬᠣᠷ ᠶᠠᠨᠴᠠᠵᠢ ᠶᠢ ᠠᠪᠬᠤ ᠭᠡᠵᠦ ᠪᠠᠶᠢᠨ᠎ᠠ᠃ ᠲᠡᠳᠡᠨ ᠢ ᠳᠣᠪᠲᠣᠯᠤᠭᠲᠤᠨ" ᠭᠡᠵᠦ ᠬᠢᠯᠢᠩᠨᠡᠨ ᠬᠡᠯᠡᠬᠦ ᠳᠦ ᠮᠠᠤᠳᠤᠨᠢ : "ᠬᠥᠷᠰᠢ ᠣᠷᠣᠨ ᠠᠴᠠ ᠪᠠᠨ ᠨᠢᠭᠡ ᠡᠮ᠎ᠡ ᠬᠦᠮᠦᠨ ᠬᠠᠷᠠᠮᠯᠠᠭᠠᠳ ᠠᠶᠢᠯᠰᠠᠨ ᠲᠣᠭᠲᠠᠨᠢᠵᠤ ᠪᠣᠯᠬᠤ ᠭᠡᠵᠦ ᠦᠦ?" ᠭᠡᠳ ᠬᠠᠶᠢᠷᠠᠲᠠᠢ ᠶᠠᠨᠴᠠᠵᠢᠭ ᠢᠶᠠᠨ ᠳᠣᠷᠣᠨᠠᠲᠤ ᠬᠤ ᠨᠠᠷᠠᠲᠤ ᠥᠭᠴᠡᠢ᠃ ᠳᠣᠷᠣᠨᠠᠲᠤ ᠬᠤ ᠨᠠᠷ ᠤᠨ ᠡᠵᠡᠨ ᠤᠯᠠᠮ ᠪᠠᠷᠳᠠᠮᠨᠠᠨ᠂ ᠥᠷᠥᠨᠡᠲᠦ ᠲᠠᠯ᠎ᠠ ᠳᠤ ᠪᠠᠨ ᠪᠠᠶᠢᠭ᠎ᠠ ᠨᠤᠲᠤᠭ ᠢ ᠡᠵᠡᠯᠡᠨ ᠡᠬᠢᠯᠡᠵᠡᠢ᠃ ᠲᠡᠳᠡᠨ ᠦ ᠬᠣᠭᠣᠷᠣᠨᠳᠣ ᠬᠦᠮᠦᠨ ᠨᠤᠲᠤᠭᠯᠠᠳᠠᠭ ᠦᠭᠡᠢ 1000 ᠭᠠᠷᠤᠢ ᠭᠠᠵᠠᠷ ᠡᠵᠡᠨ ᠦᠭᠡᠢ ᠨᠤᠲᠤᠭ ᠪᠠᠶᠢᠭᠰᠠᠨ᠂ ᠲᠡᠳᠡ ᠲᠡᠭᠦᠨ ᠦ ᠬᠣᠶᠠᠷ ᠬᠠᠵᠠᠭᠤ ᠪᠠᠷ ᠣᠤᠲ᠋ᠣ (ᠬᠢᠯᠢ ᠶᠢᠨ ᠬᠡᠷᠡᠮ ᠢ ᠨᠡᠷᠡᠯᠡᠬᠦ ᠦᠭᠡ) ᠪᠣᠯᠤᠨ ᠨᠤᠲᠤᠭᠯᠠᠨ᠎ᠠ᠃ ᠳᠣᠷᠣᠨᠠᠲᠤ ᠬᠤ ᠨᠠᠷ ᠠᠴᠠ ᠡᠯᠴᠢᠨ ᠢᠷᠡᠵᠦ: "ᠲᠠᠨ ᠤ᠂ ᠮᠠᠨ ᠤ ᠬᠣᠶᠠᠷ ᠤᠨ ᠬᠢᠯᠢ ᠪᠣᠯᠬᠤ ᠣᠦ᠋ᠲᠣᠭ ᠤᠨ ᠴᠠᠭᠠᠳᠤ ᠲᠠᠯ᠎ᠠ ᠳᠤ ᠡᠵᠡᠨ ᠦᠭᠡᠢ ᠨᠤᠲᠤᠭ ᠪᠠᠶᠢᠨ᠎ᠠ᠃ ᠲᠠ ᠨᠠᠷ ᠲᠡᠭᠦᠨ ᠳᠦ ᠬᠦᠷᠱᠢ ᠦᠭᠡᠢ᠂ ᠪᠢᠳᠡ ᠠᠪᠤᠶ᠎ᠠ" ᠭᠡᠵᠦ ᠬᠡᠯᠡᠬᠦ ᠳᠦ ᠮᠠᠤᠳᠤᠨᠢ ᠲᠦᠰᠢᠮᠡᠳ ᠡᠴᠡ ᠪᠡᠨ ᠬᠡᠷᠬᠢᠬᠦ ᠶᠢ ᠠᠰᠠᠭᠤᠬᠤ ᠳᠤ᠂ ᠵᠠᠷᠢᠮ ᠨᠢ: "ᠲᠡᠷᠡ ᠪᠣᠯ ᠡᠵᠡᠭᠦᠢ ᠨᠤᠲᠤᠭ᠂ ᠥᠭᠴᠦ ᠴᠤ ᠪᠣᠯᠤᠨ᠎ᠠ᠂ ᠥᠭᠭᠦᠬᠦ ᠦᠭᠡᠢ ᠪᠠᠶᠢᠵᠤ ᠴᠤ ᠪᠣᠯᠤᠨ᠎ᠠ" ᠭᠡᠬᠦ ᠳᠦ ᠮᠠᠤᠳᠤᠨᠢ ᠮᠠᠰᠢ ᠬᠢᠯᠢᠩᠨᠡᠨ: "ᠭᠠᠵᠠᠷ ᠪᠣᠯ ᠤᠯᠤᠰ ᠤᠨ ᠦᠨᠳᠦᠰᠦ ᠮᠥᠨ᠂ ᠶᠠᠭᠠᠬᠢᠨ ᠥᠭᠴᠦ ᠪᠣᠯᠤᠨ᠎ᠠ" ᠭᠡᠳ᠂ ᠥᠭ ᠭᠡᠰᠡᠨ ᠲᠦᠰᠢᠮᠡᠳ ᠦᠨ ᠲᠣᠯᠣᠭᠠᠢ ᠶᠢ ᠠᠪᠤᠭᠠᠳ᠂ ᠮᠢᠨᠦ ᠨᠤᠲᠤᠭ ᠤᠨ ᠭᠠᠵᠠᠷ ᠠᠴᠠ ᠬᠡᠨ ᠴᠤ ᠭᠤᠶᠤᠭᠰᠠᠨ ᠪᠤᠤ ᠥᠭ ᠬᠡᠮᠡᠨ ᠵᠠᠷᠯᠢᠭ ᠪᠠᠭᠤᠯᠭᠠᠭᠠᠳ᠂ ᠮᠣᠷᠢᠨ ᠳᠤ ᠪᠠᠨ ᠮᠣᠷᠳᠠᠨ᠂ ᠲᠠᠲᠠᠯᠭ᠎ᠠ ᠳᠤ ᠬᠣᠵᠢᠮᠳᠠᠭᠰᠠᠳ ᠤᠨ ᠲᠣᠯᠣᠭᠠᠢ ᠶᠢ ᠠᠪᠤᠨ᠎ᠠ ᠭᠡᠵᠦ ᠲᠤᠰᠢᠶᠠᠭᠠᠳ᠂ ᠳᠣᠷᠣᠨ᠎ᠠ ᠵᠦᠭ ᠬᠥᠳᠡᠯᠦᠨ᠂ ᠳᠣᠷᠣᠨᠠᠲᠤ ᠬᠤ ᠨᠠᠷ ᠢ ᠭᠡᠨᠡᠳᠲᠡ ᠳᠣᠪᠲᠣᠯᠵᠠᠢ᠃ ᠳᠣᠷᠣᠨᠠᠲᠤ ᠬᠤ ᠨᠠᠷᠠ ᠤᠷᠢᠳᠤ ᠨᠢ ᠮᠠᠣᠳᠣᠨ ᠢ ᠪᠠᠰᠤᠮᠵᠢᠯᠠᠨ᠂ ᠪᠡᠯᠡᠳᠬᠡᠯ ᠦᠭᠡᠢ ᠪᠠᠶᠢᠪᠠ᠃ ᠮᠠᠤᠳᠤᠨᠢ ᠴᠡᠷᠢᠭ ᠲᠣᠯᠣᠭᠠᠶᠢᠯᠠᠨ ᠳᠣᠪᠲᠣᠯᠤᠨ ᠣᠴᠢᠵᠤ᠂ ᠶᠡᠬᠡ ᠪᠡᠷ ᠴᠣᠬᠢᠨ᠂ ᠳᠣᠷᠣᠨᠠᠲᠤ ᠬᠤ ᠨᠠᠷ ᠤᠨ ᠸᠠᠩ ᠢ ᠠᠯᠠᠭᠠᠳ᠂ ᠲᠡᠳᠡᠨ ᠦ ᠬᠦᠮᠦᠰ᠂ ᠮᠠᠯ ᠬᠥᠷᠥᠩᠭᠡ ᠶᠢ ᠣᠯᠵᠠᠯᠠᠨ ᠠᠪᠴᠠᠢ" ᠬᠡᠮᠡᠨ ᠳᠤᠷᠠᠳᠴᠠᠢ᠃

ᠶᠠᠴᠵᠢ ᠨᠠᠷ ᠤᠨ ᠡᠰᠡᠷᠬᠦ ᠳᠠᠶᠢᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠳᠣᠨ ᠳᠣᠷᠣᠨᠠᠲᠤ ᠬᠤ ᠨᠠᠷ ᠢ ᠪᠤᠲᠠ ᠴᠣᠬᠢᠵᠤ᠂ ᠡᠷᠬᠡᠰᠢᠶᠡᠯ ᠳᠦ ᠪᠡᠨ ᠤᠷᠤᠭᠤᠯᠬᠤ ᠦᠶ᠎ᠡ ᠳᠦ ᠶᠠᠴᠵᠢ ᠨᠠᠷ ᠾᠦᠩᠨᠦ ᠶᠢᠨ ᠪᠠᠷᠠᠭᠤᠨ ᠲᠠᠯ᠎ᠠ ᠳᠤ ᠤᠷᠤᠰᠢᠬᠤ ᠦᠰᠦᠨᠢ ᠤᠯᠤᠰ ᠷᠤ ᠳᠣᠪᠲᠣᠯᠵᠤ᠂ ᠪᠤᠲᠠ ᠴᠣᠬᠢᠬᠤ ᠳᠤ ᠦᠰᠦᠨᠢ ᠤᠯᠤᠰ ᠤᠨ ᠸᠠᠩ ᠾᠦᠩᠨᠦ ᠶᠢᠨ ᠨᠤᠲᠤᠭ ᠲᠤ ᠵᠤᠭᠠᠲᠠᠨ ᠤᠷᠤᠪᠠ᠃ ᠶᠠᠴᠵᠢ ᠨᠠᠷ ᠲᠡᠭᠦᠨ ᠢ ᠬᠥᠭᠡᠰᠦ ᠪᠡᠷ ᠾᠦᠩᠨᠦ ᠶᠢᠨ ᠨᠤᠲᠤᠭ ᠲᠤ ᠴᠥᠮᠥᠷᠡᠨ ᠣᠷᠣᠵᠤ᠂ ᠦᠰᠦᠨᠴᠦᠳ ᠲᠡᠢ ᠲᠤᠯᠤᠯᠳᠤᠵᠤ ᠡᠬᠢᠯᠡᠵᠡᠢ᠃ ᠮᠣᠳᠣᠨ ᠡᠭᠦᠨ ᠢ ᠰᠣᠨᠣᠰᠤᠭᠠᠳ ᠰᠢᠭᠤᠳ ᠪᠠᠷᠠᠭᠤᠨ ᠵᠦᠭ ᠷᠦᠦ ᠠᠶᠠᠨ ᠳᠠᠶᠢᠨ ᠬᠢᠵᠦ᠂ ᠶᠠᠴᠵᠢ ᠨᠠᠷ ᠢ ᠪᠤᠲᠠ ᠴᠣᠬᠢᠨ ᠾᠦᠩᠨᠦ ᠶᠢᠨ ᠨᠤᠲᠤᠭ ᠠᠴᠠ ᠭᠠᠷᠭᠠᠭᠰᠠᠨ ᠪᠥᠭᠡᠳ ᠴᠢᠨᠠᠭᠰᠢ ᠳᠣᠪᠲᠣᠯᠵᠤ᠂ ᠶᠠᠴᠵᠢ ᠨᠠᠷᠠᠲᠤ ᠠᠯᠠᠳᠠᠭᠰᠠᠨ ᠾᠦᠩᠨᠦ ᠶᠢᠨ ᠠᠯᠲᠠᠢ ᠶᠢᠨ ᠨᠢᠷᠤᠭᠤ ᠬᠦᠷᠲᠡᠯ᠎ᠡ ᠨᠤᠲᠤᠭ ᠢ ᠡᠷᠭᠢᠭᠦᠯᠦᠨ ᠠᠪᠴᠤ᠂ ᠶᠠᠴᠵᠤ ᠶᠢᠨ ᠵᠠᠷᠢᠮ ᠨᠤᠲᠤᠭ ᠢ ᠡᠵᠡᠯᠡᠨ ᠠᠪᠴᠠᠢ᠃

ᠬᠠᠨ ᠣᠯᠣᠰ ᠤᠨ ᠡᠰᠡᠷᠬᠦ ᠳᠠᠶᠢᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠨ ᠤ ᠡᠷᠡᠨ ᠦ ᠡᠮᠦᠨ᠎ᠡ 200 ᠤᠨ ᠳᠤ ᠮᠣᠳᠣᠨ 30000 ᠴᠡᠷᠢᠭ ᠢᠶᠡᠷ ᠡᠮᠦᠨ᠎ᠡ ᠵᠦᠭ ᠲᠤ ᠣᠷᠣᠰᠢᠵᠤ ᠪᠠᠶᠢᠭᠰᠠᠨ ᠬᠠᠨ ᠣᠯᠣᠰ ᠷᠤ ᠳᠣᠪᠲᠣᠯᠵᠠᠢ᠃ ᠮᠣᠳᠣᠨ ᠤᠷᠢᠳᠤ ᠨᠢ ᠴᠢᠨ ᠤᠯᠤᠰ ᠲᠤ ᠠᠯᠠᠳᠠᠭᠰᠠᠨ ᠾᠦᠩᠨᠦ ᠶᠢᠨ ᠬᠠᠷᠢᠶᠠᠨ ᠤ ᠣᠷᠳᠣᠰ ᠨᠤᠲᠤᠭ ᠢ ᠡᠷᠭᠢᠭᠦᠯᠦᠨ ᠠᠪᠤᠪᠠ᠃ ᠮᠣᠳᠣᠨ ᠬᠠᠨ ᠣᠯᠣᠰ ᠷᠤ ᠤᠯᠠᠮ ᠴᠥᠮᠥᠷᠡᠨ ᠳᠣᠪᠲᠣᠯᠬᠤ ᠳᠤ ᠪᠠᠨ ᠬᠠᠨ ᠣᠯᠣᠰ ᠤᠨ ᠬᠢᠯᠢ ᠶᠢᠨ ᠮᠠᠢ ᠴᠠᠶᠢᠵᠠ ᠶᠢ ᠳᠠᠭᠠᠷᠢᠨ ᠡᠵᠡᠯᠡᠵᠦ᠂ ᠲᠡᠭᠦᠨ ᠢ ᠬᠠᠮᠠᠭᠠᠯᠠᠵᠤ ᠪᠠᠶᠢᠭᠰᠠᠨ ᠬᠠᠨ ᠣᠯᠣᠰ ᠤᠨ ᠴᠡᠷᠢᠭ ᠦᠨ ᠵᠠᠩᠵᠤᠨ ᠬᠠᠨᠢ ᠰᠢᠨ ᠢ ᠪᠠᠭᠤᠯᠭᠠᠨ ᠠᠪᠴᠤ᠂ ᠥᠪᠡᠷ ᠦᠨ ᠲᠠᠯ᠎ᠠ ᠳᠤ ᠣᠷᠣᠭᠤᠯᠤᠯ᠎ᠠ᠃ ᠬᠠᠨ ᠣᠯᠣᠰ ᠤᠨ ᠬᠠᠭᠠᠨ ᠯᠶᠤᠶᠢ ᠪᠠᠨ ᠡᠭᠦᠨ ᠢ ᠰᠣᠨᠣᠰᠤᠭᠠᠳ 300000 ᠴᠡᠷᠢᠭ ᠳᠠᠶᠢᠴᠢᠯᠠᠨ ᠮᠣᠳᠣᠨ ᠤ ᠡᠰᠡᠷᠬᠦ ᠬᠥᠳᠡᠯᠵᠡᠢ᠃ ᠯᠶᠤᠶᠢ ᠪᠠᠨ ᠴᠡᠷᠢᠭ ᠦᠨ ᠢᠶᠡᠨ ᠮᠠᠩᠨᠠᠢ ᠶᠢᠨ ᠠᠩᠭᠢ ᠪᠠᠨ ᠤᠳᠤᠷᠢᠳᠤᠨ ᠳᠠᠪᠰᠢᠵᠤ ᠮᠣᠳᠣᠨ ᠤ ᠴᠡᠷᠢᠭ ᠲᠡᠢ ᠲᠤᠯᠤᠯᠳᠤᠪᠠ᠃ ᠮᠣᠳᠣᠨ ᠢᠯᠠᠭᠳᠠᠭᠰᠠᠨ ᠳᠦᠷᠢ ᠦᠵᠡᠭᠦᠯᠵᠦ᠂ ᠵᠤᠭᠠᠲᠠᠵᠠᠢ᠃ ᠯᠶᠤᠶᠢ ᠪᠠᠨ ᠲᠡᠭᠦᠨ ᠦ ᠬᠣᠶᠢᠨ᠎ᠠ ᠠᠴᠠ ᠬᠥᠭᠡᠭᠡᠵᠦ᠂ ᠶᠡᠬᠡ ᠴᠡᠷᠢᠭ ᠡᠴᠡ ᠪᠡᠨ ᠲᠠᠰᠤᠷᠠᠭᠰᠠᠨ ᠪᠠᠶᠢᠨ᠎ᠠ᠃ ᠮᠣᠳᠣᠨ ᠡᠭᠦᠨ ᠢ ᠠᠰᠢᠭᠯᠠᠨ ᠫᠢᠨᠴᠢᠨ ᠬᠣᠲᠠ ᠶᠢᠨ ᠳᠡᠷᠭᠡᠳᠡ ᠭᠡᠳᠡᠷᠭᠦ ᠡᠷᠭᠢᠵᠦ᠂ ᠯᠶᠤᠶᠢ ᠪᠠᠨ ᠤ ᠴᠡᠷᠢᠭ ᠢ ᠪᠥᠰᠡᠯᠡᠨ ᠠᠪᠴᠠᠢ᠃ ᠬᠠᠨ ᠣᠯᠣᠰ ᠤᠨ ᠴᠡᠷᠢᠭ ᠳᠣᠯᠣᠭᠠᠨ ᠬᠣᠨᠣᠭ ᠤᠨ ᠲᠤᠷᠰᠢ ᠡᠰᠡᠷᠭᠦᠴᠡᠨ ᠪᠠᠶᠢᠯᠳᠤᠭᠰᠠᠨ ᠪᠣᠯᠪᠠᠴᠤ ᠾᠦᠩᠨᠦ ᠨᠠᠷ ᠤᠨ ᠪᠦᠰᠡᠯᠡᠯᠲᠡ ᠡᠴᠡ ᠭᠠᠷᠴᠤ ᠴᠢᠳᠠᠭᠰᠠᠨ ᠦᠭᠡᠢ᠃ ᠡᠨᠡ ᠦᠶ᠎ᠡ ᠳᠦ ᠶᠡᠬᠡ ᠴᠡᠷᠢᠭ ᠨᠢ ᠨᠢᠭᠡᠨᠲᠡ ᠲᠤᠯᠤᠯᠳᠤᠭᠠᠨ ᠤ ᠭᠠᠵᠠᠷ ᠲᠤ ᠬᠦᠷᠦᠯᠴᠡᠨ ᠢᠷᠡᠭᠰᠡᠨ ᠪᠣᠯᠪᠠᠴᠤ᠂ ᠡᠵᠡᠨ ᠬᠠᠭᠠᠨ ᠨᠢ ᠪᠦᠰᠡᠯᠡᠯᠲᠡᠨ ᠳᠦ ᠣᠷᠣᠭᠰᠠᠨ ᠢ ᠮᠡᠳᠡᠭᠡᠳ ᠲᠤᠯᠤᠯᠳᠤᠭᠠᠨ ᠳᠤ ᠣᠷᠣᠵᠤ ᠵᠢᠷᠦᠬᠡᠯᠡᠭᠰᠡᠨ ᠦᠭᠡᠢ᠃ ᠯᠶᠤᠶᠢ ᠪᠠᠨ ᠮᠣᠳᠣᠨ ᠱᠠᠨᠦᠢᠳ ᠨᠠᠶᠢᠷᠠᠮᠳᠠᠯ ᠤᠨ ᠭᠡᠷ᠎ᠡ ᠪᠠᠶᠢᠭᠤᠯᠬᠤ ᠰᠠᠨᠠᠯ ᠲᠠᠯᠪᠢᠪᠠ᠃ ᠬᠠᠨ ᠣᠯᠣᠰ ᠤᠨ ᠴᠡᠷᠢᠭ ᠲᠣᠭ᠎ᠠ ᠪᠠᠷ ᠳᠠᠪᠠᠭᠤ᠂ ᠮᠥᠨ ᠲᠡᠭᠦᠨ ᠦ ᠬᠣᠯᠪᠣᠭᠠᠲᠠᠨ ᠪᠣᠯᠤᠭᠰᠠᠨ ᠬᠠᠨᠢ ᠰᠢᠨ ᠢᠷᠦᠬᠦ ᠦᠭᠡᠢ ᠤᠳᠤᠭᠰᠠᠨ ᠲᠤᠯᠠ ᠮᠣᠳᠣᠨ ᠯᠶᠤᠶᠢ ᠪᠠᠨ ᠤ ᠭᠡᠷ ᠢᠶᠡᠨ ᠪᠠᠶᠢᠭᠤᠯᠬᠤ ᠰᠠᠨᠠᠯ ᠢ ᠬᠦᠯᠢᠶᠡᠨ ᠠᠪᠴᠤ᠂ ᠾᠢᠦᠩᠨᠦ᠂ ᠬᠠᠨ ᠣᠯᠣᠰ ᠤᠨ ᠬᠣᠭᠣᠷᠣᠨᠳᠣ ᠨᠠᠶᠢᠷᠠᠮᠳᠠᠯ ᠤᠨ ᠭᠡᠷ᠎ᠡ ᠪᠠᠶᠢᠭᠤᠯᠵᠤ᠂ ᠪᠡᠶ᠎ᠡ᠂ ᠪᠡᠶᠡᠨ ᠦ ᠪᠡᠨ ᠲᠤᠰᠠᠭᠠᠷ ᠲᠣᠭᠲᠠᠨᠢᠯ ᠢ ᠬᠦᠯᠢᠶᠡᠨ ᠵᠥᠪᠰᠢᠶᠡᠷᠡᠴᠡᠢ᠃ ᠮᠥᠨ ᠬᠠᠨ ᠣᠯᠣᠰ ᠾᠦᠩᠨᠦ ᠤᠯᠤᠰ ᠲᠤ ᠵᠢᠯ ᠪᠦᠷᠢ ᠠᠯᠪᠠ ᠥᠭᠴᠦ ᠪᠠᠶᠢᠬᠤ ᠪᠠᠷ ᠪᠣᠯᠵᠠᠢ᠃ ᠡᠨᠡ ᠶᠠᠪᠤᠳᠠᠯ ᠤᠨ ᠲᠤᠬᠠᠢ "ᠱᠢ ᠴᠽᠢ" ᠵᠣᠬᠢᠶᠠᠯ ᠳᠤ: "ᠴᠠᠭᠠᠨ ᠬᠡᠷᠡᠮᠦᠨ ᠡᠴᠡ ᠬᠣᠶᠢᠰᠢᠬᠢ ᠨᠤᠮᠤ ᠠᠭᠰᠠᠭᠴᠢᠳ ᠤᠨ ᠤᠯᠤᠰ ᠨᠢ ᠱᠠᠨᠦᠢ ᠶᠢᠨ ᠵᠠᠷᠯᠢᠭ ᠳᠠᠭᠠᠵᠤ᠂ ᠴᠠᠭᠠᠨ ᠬᠡᠷᠡᠮᠦᠨ ᠡᠴᠡ ᠤᠷᠤᠭᠰᠢᠬᠢ ᠲᠦᠰᠢᠮᠡᠳ ᠦᠨ ᠪᠥᠰᠡ᠂ ᠮᠠᠯᠠᠭᠠᠢ ᠡᠮᠦᠰᠦᠭᠴᠢᠳ ᠰᠠᠭᠤᠳᠠᠭ ᠣᠷᠣᠨ ᠨᠢ ᠬᠠᠷᠢᠨ ᠨᠠᠳᠠ (ᠯᠶᠤᠶᠢ ᠪᠠᠨ ᠥᠪᠡᠷ ᠢ ᠪᠡᠨ ᠬᠡᠯᠡᠵᠦ ᠪᠠᠶᠢᠨ᠎ᠠ) ᠵᠠᠬᠢᠷᠤᠭᠳᠠᠨ᠎ᠠ᠃.. ᠬᠠᠨᠢ ᠤᠯᠤᠰ᠂ ᠾᠦᠩᠨᠦ ᠤᠯᠤᠰ ᠬᠣᠶᠠᠷ ᠪᠣᠯ ᠮᠥᠷ ᠵᠡᠷᠭᠡᠴᠡᠬᠦ᠂ ᠬᠦᠴᠦᠷᠬᠡᠭ ᠬᠥᠷᠰᠢ ᠤᠯᠤᠰ ᠤᠳ ᠶᠤᠮ᠃.. ᠭᠠᠣᠳᠢ (ᠯᠶᠤᠶᠢ ᠪᠠᠨ ᠬᠠᠭᠠᠨ ᠤ ᠤᠨ ᠤ ᠴᠣᠯᠠ) ᠬᠠᠭᠠᠨ ᠯᠶᠤᠶᠢ ᠴᠽᠢᠨ ᠢ ᠡᠯᠴᠢᠨ ᠢᠶᠡᠷ ᠢᠯᠡᠭᠡᠨ᠂ ᠬᠠᠭᠠᠨ ᠤ ᠤᠷᠤᠭ ᠤᠨ ᠭᠦᠨᠵᠡ ᠶᠢ ᠱᠠᠨᠦᠢᠳ ᠶᠠᠨᠴᠵᠢ ᠪᠣᠯᠭᠠᠨ ᠥᠭᠴᠦ᠂ ᠵᠢᠯ ᠪᠦᠷᠢ ᠲᠤᠬᠠᠶᠢᠯᠠᠭᠰᠠᠨ ᠬᠡᠮᠵᠢᠶᠡᠨ ᠦ ᠲᠣᠷᠭ᠎ᠠ᠂ ᠲᠣᠷᠭᠠᠨ ᠪᠠᠷᠠᠭ᠎ᠠ᠂ ᠳᠠᠷᠠᠰᠤ᠂ ᠲᠤᠲᠤᠷᠭ᠎ᠠ᠂ ᠬᠦᠨᠡᠰᠦᠨ ᠦ ᠵᠦᠢᠯ ᠪᠡᠯᠭᠡᠯᠡᠬᠦ ᠪᠣᠯᠤᠭᠰᠠᠨ" ᠬᠡᠮᠡᠨ ᠲᠡᠮᠳᠡᠭᠯᠡᠵᠦᠬᠦᠢ᠃ ᠡᠨᠡ ᠶᠠᠪᠤᠳᠠᠯ ᠾᠦᠩᠨᠦ ᠭᠦᠷᠦᠨ ᠦ ᠰᠦᠷ ᠬᠦᠴᠦ ᠶᠢ ᠤᠯᠠᠮ ᠲᠣᠳᠣ ᠪᠠᠷ ᠬᠠᠷᠠᠭᠤᠯᠤᠯ᠎ᠠ᠃

ᠰᠡᠭᠦᠯᠴᠢ ᠶᠢᠨ ᠠᠶᠠᠨ ᠳᠠᠶᠢᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠨ ᠣᠯᠣᠰ ᠢ ᠾᠦᠩᠨᠦ ᠤᠯᠤᠰ ᠤᠨ ᠬᠠᠷᠠᠭᠠᠲᠤ ᠪᠣᠯᠭᠠᠭᠰᠠᠨ ᠤ ᠳᠠᠷᠠᠭ᠎ᠠ ᠮᠣᠳᠣᠨ ᠪᠠᠷᠠᠭᠤᠨ ᠵᠦᠭ ᠲᠤ ᠠᠩᠬᠠᠷᠬᠣ ᠪᠣᠯᠤᠯ᠎ᠠ᠃ ᠲᠡᠭᠦᠨ ᠦ ᠤᠴᠢᠷ ᠨᠢ ᠶᠠᠴᠵᠢ ᠨᠠᠷ ᠾᠦᠩᠨᠦ ᠳᠦ ᠢᠯᠠᠭᠳᠠᠭᠰᠠᠨ ᠢᠯᠠᠭᠳᠠᠯ ᠤᠨ ᠢᠶᠠᠨ ᠬᠠᠷᠢᠭᠤᠭ ᠠᠪᠬᠤ ᠪᠠᠷ ᠳᠠᠷᠠᠭ᠎ᠠ ᠶᠢᠨ ᠳᠠᠶᠢᠨ ᠳᠤ ᠰᠢᠷᠭᠠᠭᠤ ᠪᠡᠯᠡᠳᠬᠡᠵᠦ ᠪᠠᠶᠢᠪᠠ᠃ ᠲᠡᠶᠢᠮᠦ ᠡᠴᠡ ᠮᠣᠳᠣᠨ ᠶᠠᠴᠵᠢ ᠨᠠᠷᠠᠲᠠᠢ ᠬᠢᠬᠦ ᠳᠠᠶᠢᠨ ᠳᠤ ᠪᠡᠯᠡᠳᠬᠡᠵᠦ᠂ ᠲᠡᠳᠡᠨ ᠦ ᠵᠦᠭ ᠲᠤ ᠲᠠᠩᠨᠠᠭᠤᠯ᠂ ᠲᠤᠷᠰᠢᠭᠤᠯ ᠤᠳ ᠢ ᠢᠯᠡᠭᠡᠵᠦ᠂ ᠪᠠᠶᠢᠳᠠᠯ ᠢ ᠲᠠᠩᠳᠠᠭᠤᠯᠬᠤ ᠠᠴᠠ ᠭᠠᠳᠠᠨ᠎ᠠ ᠶᠠᠴᠵᠢ ᠨᠠᠷ ᠤᠨ ᠬᠠᠨ ᠣᠯᠣᠰ ᠲᠠᠢ ᠬᠣᠯᠪᠣᠭᠠᠲᠠᠨ ᠪᠣᠯᠬᠤ ᠣᠷᠣᠯᠳᠤᠯᠭ᠎ᠠ ᠶᠢ ᠲᠤᠬᠠᠢ ᠪᠦᠷᠢ ᠳᠦ ᠨᠢ ᠲᠠᠰᠤᠯᠤᠨ ᠵᠣᠭᠰᠣᠭᠠᠵᠤ ᠪᠠᠶᠢᠯ᠎ᠠ᠃ ᠡᠨᠡ ᠦᠶ᠎ᠡ ᠳᠦ ᠬᠠᠨ ᠣᠯᠣᠰ ᠤᠨ ᠳᠣᠲᠣᠭᠠᠳᠤᠳ ᠪᠣᠰᠤᠯᠭ᠎ᠠ ᠳᠡᠭᠳᠡᠵᠦ᠂ ᠬᠠᠨᠢ ᠰᠢᠨ ᠪᠣᠰᠤᠯᠭ᠎ᠠ ᠶᠢ ᠲᠣᠯᠣᠭᠠᠶᠢᠯᠠᠵᠤ ᠪᠠᠶᠢᠪᠠ᠃ ᠮᠣᠳᠣᠨ ᠬᠠᠨᠢ ᠰᠢᠨ ᠢ ᠳᠡᠮᠵᠢᠵᠦ᠂ ᠲᠡᠭᠦᠨ ᠦ ᠪᠡᠶ᠎ᠡ ᠳᠠᠭᠠᠭᠰᠠᠨ ᠪᠠᠶᠢᠳᠠᠯ ᠢ ᠬᠠᠨ ᠣᠯᠣᠰ ᠲᠤ ᠬᠦᠴᠦ ᠪᠡᠷᠲᠤᠯᠭᠠᠨ ᠵᠥᠪᠰᠢᠶᠡᠷᠡᠭᠦᠯᠪᠡ᠃ ᠡᠨᠡ ᠦᠶ᠎ᠡ ᠳᠦ ᠶᠠᠴᠵᠢ ᠨᠠᠷ ᠾᠦᠩᠨᠦ ᠤᠯᠤᠰ ᠤᠨ ᠡᠰᠡᠷᠬᠦ ᠳᠠᠶᠢᠲᠤᠵᠤ ᠡᠬᠢᠯᠡᠭᠰᠡᠨ ᠲᠤᠯᠠ ᠮᠣᠳᠣᠨ ᠪᠠᠷᠠᠭᠤᠨ ᠵᠦᠭ ᠲᠤ ᠶᠠᠴᠵᠢ ᠨᠠᠷ ᠤᠨ ᠡᠰᠡᠷᠬᠦ ᠳᠠᠶᠢᠨ ᠳᠤ ᠣᠷᠣᠵᠠᠢ᠃ ᠬᠠᠨᠢ ᠰᠢᠨ ᠦ ᠪᠣᠰᠤᠯᠭ᠎ᠠ ᠤᠯᠠᠮ ᠡᠷᠴᠢ ᠬᠦᠴᠦ ᠪᠡᠨ ᠠᠪᠴᠤ᠂ ᠬᠠᠨ ᠣᠯᠣᠰ ᠢ ᠮᠥᠬᠥᠯ ᠦᠨ ᠢᠷᠮᠡᠭ ᠳᠡᠭᠡᠷ᠎ᠡ ᠬᠦᠷᠭᠡᠭᠰᠡᠨ ᠲᠤᠯᠠ ᠬᠠᠨ ᠣᠯᠣᠰ ᠾᠦᠩᠨᠦ ᠶᠢᠨ ᠡᠰᠡᠷᠬᠦ ᠳᠠᠶᠢᠲᠤᠬᠤ ᠶᠢ ᠵᠢᠷᠦᠬᠡᠯᠡᠭᠰᠡᠨ ᠦᠭᠡᠢ᠃ ᠮᠠᠨ ᠤ ᠡᠷᠡᠨ ᠦ ᠡᠮᠦᠨ᠎ᠡ 178 ᠤᠨ ᠳᠤ ᠯᠶᠤᠶᠢ ᠪᠠᠨ ᠨᠠᠰᠤ ᠪᠠᠷᠵᠢ᠂ ᠲᠡᠭᠦᠨ ᠦ ᠪᠡᠯᠪᠡᠰᠦᠨ ᠬᠠᠲᠤᠨ ᠯᠶᠤᠶᠢ ᠬᠤ ᠲᠥᠷᠥ ᠶᠢᠨ ᠡᠷᠬᠡ ᠶᠢ ᠠᠳᠬᠤᠪᠠ᠃ ᠯᠶᠤᠶᠢ ᠬᠤ ᠬᠠᠲᠤᠨ ᠾᠦᠩᠨᠦ ᠤᠯᠤᠰ ᠤᠨ ᠠᠩᠬᠠᠷᠤᠯ ᠪᠠᠷᠠᠭᠤᠨ ᠵᠦᠭ ᠲᠤ ᠲᠥᠪᠯᠡᠷᠡᠭᠰᠡᠨ ᠢ ᠠᠰᠢᠭᠯᠠᠵᠤ᠂ ᠬᠠᠨᠢ ᠰᠢᠨ ᠢ ᠬᠡᠯᠡᠯᠴᠡᠭᠡᠷ ᠬᠢᠶ᠎ᠡ ᠬᠡᠮᠡᠨ ᠨᠡᠶᠢᠰᠯᠡᠯ ᠳᠦ ᠪᠡᠨ ᠬᠤᠭᠤᠷᠴᠢ ᠠᠪᠴᠤ ᠢᠷᠡᠭᠡᠳ ᠠᠮᠠ ᠶᠢ ᠨᠢ ᠬᠣᠷᠢᠶᠠᠴᠠᠢ᠃ ᠡᠨᠡ ᠦᠶ᠎ᠡ ᠳᠦ ᠾᠦᠩᠨᠦ ᠶᠢᠨ ᠪᠠᠷᠠᠭᠤᠨ ᠰᠢᠨᠢ ᠸᠠᠩ ᠬᠠᠨ ᠣᠯᠣᠰ ᠷᠤ ᠳᠣᠪᠲᠣᠯᠵᠤ᠂ ᠬᠢᠯᠢ ᠶᠢᠨ ᠮᠤᠵᠢ ᠶᠢ ᠨᠢ ᠲᠦᠢᠪᠡᠭᠡᠵᠦ ᠳᠡᠭᠡᠷᠡᠮᠳᠡᠭᠡᠳ ᠪᠤᠴᠠᠵᠠᠢ᠃ ᠮᠣᠳᠣᠨ ᠡᠭᠦᠨ ᠢ ᠰᠣᠨᠣᠰᠤᠭᠠᠳ ᠪᠠᠷᠠᠭᠤᠨ ᠰᠢᠨᠢ ᠸᠠᠩ ᠢ ᠪᠠᠷᠠᠭᠤᠨ ᠵᠦᠭ ᠲᠤ ᠶᠠᠴᠵᠢ ᠨᠠᠷ ᠤᠨ ᠡᠰᠡᠷᠬᠦ ᠳᠠᠶᠢᠨ ᠳᠤ ᠶᠠᠪᠤᠭᠤᠯᠵᠤ᠂ ᠰᠢᠳᠬᠡᠭᠡᠳ ᠲᠡᠷᠡ ᠳᠠᠷᠤᠢ ᠬᠠᠨ ᠣᠯᠣᠰ ᠲᠤ ᠡᠯᠴᠢ ᠢᠯᠡᠭᠡᠵᠦ᠂ ᠬᠣᠶᠠᠷ ᠤᠯᠤᠰ ᠤᠨ ᠨᠠᠶᠢᠷᠠᠮᠳᠠᠯ ᠤᠨ ᠭᠡᠷ᠎ᠡ ᠶᠢ ᠵᠥᠷᠢᠴᠡᠭᠰᠡᠨ ᠪᠠᠷᠠᠭᠤᠨ ᠰᠢᠨᠢ ᠸᠠᠩ ᠢ ᠪᠠᠷᠠᠭᠤᠨ ᠵᠦᠭ ᠷᠦᠦ ᠢᠯᠡᠭᠡᠵᠦ᠂ ᠶᠠᠴᠵᠢ ᠨᠠᠷ ᠤᠨ ᠡᠰᠡᠷᠬᠦ ᠳᠠᠶᠢᠨ ᠳᠤ ᠮᠣᠷᠳᠠᠭᠤᠯᠤᠭᠰᠠᠨ ᠢᠶᠠᠨ ᠮᠡᠳᠡᠭᠳᠡᠭᠡᠳ ᠬᠣᠶᠠᠷ ᠤᠯᠤᠰ ᠤᠨ ᠨᠠᠶᠢᠷᠠᠮᠳᠠᠯ ᠢ ᠬᠡᠪ ᠢᠶᠡᠷ ᠪᠠᠶᠢᠯᠭᠠᠬᠤ ᠶᠢ ᠬᠦᠰᠡᠭᠰᠡᠨ ᠪᠠᠶᠢᠨ᠎ᠠ᠃ ᠬᠠᠨ ᠣᠯᠣᠰ ᠤᠨ ᠯᠶᠤᠶᠢ ᠬᠤ ᠬᠠᠲᠤᠨ ᠾᠦᠩᠨᠦ ᠶᠢᠨ ᠡᠰᠡᠷᠬᠦ ᠳᠠᠶᠢᠲᠤᠬᠤ ᠪᠣᠳᠣᠯ ᠲᠠᠢ ᠪᠠᠶᠢᠭᠰᠠᠨ ᠪᠣᠯᠪᠠᠴᠤ ᠾᠦᠩᠨᠦ ᠤᠯᠤᠰ ᠤᠨ ᠴᠡᠷᠢᠭ ᠦᠨ ᠬᠦᠴᠦᠨ ᠡᠴᠡ ᠡᠮᠢᠶᠡᠵᠦ᠂ ᠮᠣᠳᠣᠨ ᠤ ᠬᠦᠰᠡᠯᠲᠡ ᠶᠢ ᠬᠦᠯᠢᠶᠡᠨ ᠠᠪᠤᠪᠠ᠃ ᠾᠦᠩᠨᠦ ᠤᠯᠤᠰ ᠤᠨ ᠶᠠᠴᠵᠢ ᠨᠠᠷᠠᠲᠠᠢ ᠬᠢᠭᠰᠡᠨ ᠳᠠᠶᠢᠨ ᠡᠴᠦᠰ ᠲᠦ ᠨᠢ ᠢᠯᠠᠯᠲᠠ ᠪᠠᠷ ᠳᠠᠭᠤᠰᠴᠤ᠂ ᠶᠠᠴᠵᠢ ᠨᠠᠷ ᠢ ᠲᠩᠷᠢ ᠠᠭᠤᠯᠠ ᠬᠦᠷᠲᠡᠯ᠎ᠡ ᠲᠦᠷᠢᠵᠦ᠂ ᠺᠠᠨᠴᠵᠦᠢ᠂ ᠹᠧᠷᠭᠠᠨ ᠬᠠᠪ ᠤᠨ 96 ᠬᠣᠲᠠ ᠤᠯᠤᠰ ᠤᠳ ᠢ ᠡᠷᠬᠡᠨ ᠳᠦ ᠪᠡᠨ ᠣᠷᠣᠭᠤᠯᠵᠤ᠂ ᠲᠡᠳᠡᠨ ᠡᠴᠡ ᠠᠯᠪᠠᠨ ᠲᠠᠲᠠᠪᠤᠷᠢ ᠠᠪᠬᠤ ᠪᠣᠯᠪᠠ᠃ ᠡᠨᠡ ᠠᠶᠠᠨ ᠳᠠᠶᠢᠨ ᠤ ᠲᠤᠬᠠᠢ "ᠱᠢ ᠴᠽᠢ" ᠵᠣᠬᠢᠶᠠᠯ ᠳᠤ: "ᠾᠦᠩᠨᠦ ᠥᠷᠥᠨ᠎ᠡ ᠵᠦᠭ ᠲᠤ ᠺᠠᠨᠭᠬᠠ (ᠺᠠᠨᠴᠵᠦᠢ), ᠹᠧᠷᠭᠤᠨ᠎ᠠ (ᠳᠠᠪᠠᠨᠢ) ᠬᠠᠪ ᠤᠨ ᠣᠷᠣᠨ ᠨᠤᠭᠤᠳ ᠠᠴᠠ ᠠᠯᠪᠠ ᠠᠪᠴᠤ᠂ ᠡᠮᠦᠨ᠎ᠡ ᠵᠦᠭ ᠴᠢᠩ ᠨᠠᠷ ᠲᠠᠢ ᠬᠠᠷᠢᠯᠴᠠᠵᠤ ᠪᠠᠶᠢᠨ᠎ᠠ᠃.. ᠪᠠᠷᠠᠭᠤᠨ ᠭᠠᠵᠠᠷ ᠤᠨ ᠣᠷᠣᠨ ᠨᠤᠭᠤᠳ ᠴᠥᠮ ᠳᠣᠷᠣᠶᠢᠳᠠᠨ ᠤᠨᠠᠵᠤ᠂ ᠾᠦᠩᠨᠦ ᠶᠢᠨ ᠡᠷᠬᠡᠰᠢᠶᠡᠯ ᠳᠦ ᠤᠷᠤᠪᠠ᠃ ᠾᠦᠩᠨᠦ ᠣᠯᠠᠨ ᠣᠷᠣᠨ ᠢ ᠡᠵᠡᠯᠡᠨ ᠤᠯᠠᠮ ᠬᠦᠴᠦᠷᠬᠡᠭ ᠪᠣᠯᠤᠯ᠎ᠠ᠃" ᠬᠡᠮᠡᠨ ᠦᠭᠦᠯᠡᠵᠡᠢ᠃ ᠮᠠᠨ ᠤ ᠡᠷᠡᠨ ᠦ ᠡᠮᠦᠨ᠎ᠡ 174 ᠤᠨ ᠳᠤ ᠮᠣᠳᠣᠨ ᠱᠠᠨᠦᠢ ᠬᠠᠨ ᠣᠯᠣᠰ ᠲᠤ ᠢᠯᠡᠭᠡᠭᠰᠡᠨ ᠵᠠᠬᠢᠳᠠᠯ ᠳᠤ ᠪᠠᠨ: "ᠪᠠᠷᠠᠭᠤᠨ ᠰᠢᠨᠢ ᠸᠠᠩ ᠢ ᠰᠢᠳᠬᠡᠵᠦ ᠪᠠᠷᠠᠭᠤᠨ ᠵᠦᠭ ᠶᠠᠴᠵᠢ ᠨᠠᠷ ᠤᠨ ᠡᠰᠡᠷᠬᠦ ᠶᠠᠪᠤᠭᠤᠯᠪᠠ᠃ ᠲᠩᠷᠢ ᠶᠢᠨ ᠢᠪᠡᠭᠡᠯ ᠢᠶᠡᠷ ᠴᠡᠷᠢᠭ᠂ ᠳᠠᠷᠤᠭ᠎ᠠ ᠨᠠᠷ ᠤᠨ ᠯᠠᠭᠱᠠᠨ ᠲᠤᠩᠭᠠᠯᠠᠭ᠂ ᠠᠭᠲᠠ ᠮᠣᠷᠢ ᠲᠠᠷᠭᠤᠨ ᠲᠤᠯᠠ ᠨᠠᠳᠠ ᠳᠤ ᠶᠠᠴᠵᠢ ᠨᠠᠷ ᠢ ᠤᠰᠠᠳᠬᠠᠨ ᠪᠠᠭᠤᠯᠭᠠᠵᠤ ᠠᠪᠬᠤ ᠵᠠᠪᠰᠢᠶᠠᠨ ᠣᠯᠳᠠᠪᠠ᠃ ᠪᠢ ᠯᠤᠢᠹᠠᠨᠢ᠂ ᠦᠰᠦᠨᠢ᠂ ᠬᠦᠽᠧ ᠪᠣᠯᠤᠨ ᠲᠡᠳᠡᠨ ᠦ 26 ᠡᠵᠡᠮᠰᠢᠯ ᠢ ᠨᠣᠮᠣᠬᠠᠳᠬᠠᠭᠠᠳ᠂ ᠪᠦᠭᠦᠳᠡ ᠾᠦᠩᠨᠦ ᠳᠦ ᠳᠠᠭᠠᠷ᠎ᠠ ᠤᠷᠤᠪᠠ᠃ ᠡᠶᠢᠨᠬᠦᠦ ᠨᠤᠮᠤ ᠲᠠᠲᠠᠭᠴᠢ ᠪᠦᠬᠦ ᠠᠷᠠᠳ ᠲᠦᠮᠡᠨ ᠨᠢᠭᠡᠨ ᠭᠡᠷ ᠪᠦᠯᠢ ᠪᠣᠯᠪᠠ᠃" ᠬᠡᠮᠡᠨ ᠮᠡᠳᠡᠭᠳᠡᠵᠡᠢ᠃

ᠦᠬᠦᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠨ ᠤ ᠡᠷᠡᠨ ᠦ ᠡᠮᠦᠨ᠎ᠡ 174 ᠤᠨ ᠳᠤ ᠮᠣᠳᠣᠨ ᠱᠠᠨᠦᠢ ᠬᠠᠨ ᠣᠯᠣᠰ ᠲᠤ ᠡᠯᠴᠢ ᠢᠯᠡᠭᠡᠵᠦ᠂ ᠯᠶᠤᠶᠢ ᠬᠤ ᠬᠠᠲᠤᠨ ᠲᠠᠢ ᠭᠡᠷᠯᠡᠬᠦ ᠰᠠᠨᠠᠯ ᠲᠠᠯᠪᠢᠵᠠᠢ᠃ ᠡᠨᠡ ᠨᠢ ᠯᠶᠤᠶᠢ ᠬᠤ ᠬᠠᠲᠤᠨ ᠲᠠᠢ ᠭᠡᠷᠯᠡᠭᠰᠡᠨ ᠢᠶᠡᠷ ᠬᠠᠨ ᠣᠯᠣᠰ ᠢ ᠡᠷᠬᠡᠨ ᠳᠦ ᠪᠡᠨ ᠤᠷᠤᠭᠤᠯᠬᠤ ᠵᠣᠷᠢᠯᠭ᠎ᠠ ᠲᠠᠢ ᠪᠠᠶᠢᠯ᠎ᠠ᠃ ᠡᠭᠦᠨ ᠢ ᠮᠡᠳᠡᠭᠰᠡᠨ ᠯᠶᠤᠶᠢ ᠬᠤ ᠬᠠᠲᠤᠨ ᠡᠨᠡ ᠰᠠᠨᠠᠯ ᠳᠤ ᠲᠠᠲᠠᠭᠠᠯᠵᠠᠭᠰᠠᠨ ᠬᠠᠷᠢᠭᠤ ᠥᠭᠴᠡᠢ᠃ ᠬᠠᠨ ᠣᠯᠣᠰ ᠤᠨ ᠡᠷᠬᠡ ᠪᠠᠷᠢᠭᠴᠢᠳ ᠬᠦᠰᠡᠯᠲᠡ ᠶᠢ ᠨᠢ ᠬᠦᠯᠢᠶᠡᠵᠦ ᠠᠪᠤᠭ᠎ᠠ ᠦᠭᠡᠢ ᠲᠤᠯᠠ ᠮᠣᠳᠣᠨ ᠬᠠᠨ ᠣᠯᠣᠰ ᠷᠤ ᠳᠣᠪᠲᠣᠯᠬᠤ ᠪᠠᠶᠢᠬᠤ ᠭᠡᠵᠦ ᠠᠶᠤᠵᠤ ᠪᠠᠶᠢᠭᠰᠠᠨ ᠪᠣᠯᠪᠠᠴᠤ ᠮᠣᠳᠣᠨ ᠯᠶᠤᠶᠢ ᠬᠤ ᠬᠠᠲᠠᠨ ᠤ ᠬᠠᠷᠢᠭᠤᠭ ᠨᠠᠭᠠᠰᠢᠲᠠᠢ ᠪᠠᠷ ᠬᠦᠯᠢᠶᠡᠨ ᠠᠪᠴᠤ᠂ ᠳᠠᠶᠢᠨ ᠬᠢᠭᠡ ᠦᠭᠡᠢ ᠶᠤᠮ᠃ ᠮᠠᠨ ᠤ ᠡᠷᠡᠨ ᠦ ᠡᠮᠦᠨ᠎ᠡ 174 ᠤᠨ ᠳᠤ ᠮᠣᠳᠣᠨ ᠱᠠᠨᠦᠢ ᠨᠠᠰᠤ ᠪᠠᠷᠠᠵᠠᠢ᠃ ᠮᠣᠳᠣᠨ ᠢ ᠲᠡᠭᠦᠨ ᠦ ᠬᠦᠦ ᠴᠽᠢᠦᠢ ᠵᠠᠯᠭᠠᠮᠵᠢᠯᠠᠵᠤ᠂ ᠯᠤᠰᠢᠨ ᠱᠠᠨᠦᠢ ᠬᠡᠮᠡᠬᠦ ᠴᠣᠯᠠ ᠲᠠᠢ ᠪᠠᠷ ᠾᠦᠩᠨᠦ ᠤᠯᠤᠰ ᠤᠨ ᠱᠠᠨᠦᠢ ᠪᠣᠯᠵᠠᠢ᠃ ᠡᠨᠡ ᠶᠠᠪᠤᠳᠠᠯ ᠤᠨ ᠲᠤᠬᠠᠢ "ᠱᠢ ᠴᠽᠢ" ᠵᠣᠬᠢᠶᠠᠯ ᠳᠤ: "ᠮᠠᠤᠳᠤᠨ  ᠤ ᠬᠠᠯᠢᠭᠰᠠᠨ ᠤ ᠳᠠᠷᠠᠭ᠎ᠠ ᠬᠦᠦ ᠴᠽᠢᠦᠢ ᠨᠢ ᠱᠠᠨᠦᠢ ᠪᠣᠯᠵᠤ᠂ ᠯᠤᠰᠢᠨ ᠭᠡᠬᠦ ᠡᠷᠭᠦᠮᠵᠢᠯᠡᠭᠰᠡᠨ ᠨᠡᠷ᠎ᠡ ᠲᠡᠢ ᠪᠣᠯᠪᠠ᠃" ᠬᠡᠮᠡᠨ ᠲᠡᠮᠳᠡᠭᠯᠡᠵᠡᠢ᠃

ᠡᠮᠦᠨᠡᠬᠢ
ᠲᠦᠮᠡᠨ ᠱᠠᠨᠦᠢ
ᠾᠦᠩᠨᠦ ᠭᠦᠷᠦᠨ ᠦ ᠱᠠᠨᠦᠢ
{{{on}}}
ᠳᠠᠷᠠᠭᠠᠬᠢ
ᠯᠤᠰᠢᠨ ᠱᠠᠨᠦᠢ

ᠪᠢᠴᠢᠭᠡᠰᠦ