ᠮᠣᠳᠣ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
«ᠮᠣᠳᠣ» ᠦᠭᠡ ᠪᠡᠷ ᠡᠨᠳᠡ ᠬᠣᠯᠪᠣᠭᠳᠠᠯ᠎ᠠ᠃ ᠥᠭᠡᠷ᠎ᠡ ᠵᠦᠢᠯ ᠦᠨ ᠬᠠᠭᠤᠳᠠᠰᠤ ᠶᠢ «ᠮᠣᠳᠣ (ᠰᠠᠯᠠᠭ᠎ᠠ ᠤᠳᠬ᠎ᠠ)» ᠍ ᠠᠴᠠ ᠣᠯᠵᠤ ᠪᠣᠯᠤᠨ᠎ᠠ᠃
ᠬᠠᠳᠠᠮᠠᠯ
ᠮᠣᠩᠭᠣᠯ ᠦᠰᠦᠭ ᠢᠶᠡᠷ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠪᠤᠷᠢᠶᠠᠳ ᠺᠢᠷᠢᠯ ᠢᠶᠡᠷ ᠮᠣᠳᠣᠨ
ᠮᠣᠩᠭᠣᠯ ᠺᠢᠷᠢᠯ ᠢᠶᠡᠷ ᠮᠣᠳᠣ
ᠬᠠᠯᠢᠮᠠᠭ ᠺᠢᠷᠢᠯ ᠢᠶᠡᠷ ᠮᠣᠳᠣᠨ
ᠮᠣᠳᠣ

ᠮᠣᠳᠣ (ᠣ᠃ᠲ᠃ ᠮᠣᠳᠣᠳ) - ᠣᠯᠠᠨ ᠨᠠᠰᠤᠲᠤ ᠮᠣᠳᠣᠯᠢᠭ ᠤᠷᠭᠤᠮᠠᠯ. ᠪᠤᠰᠤᠳ ᠤᠷᠭᠤᠮᠠᠯ ᠲᠠᠢ ᠬᠠᠷᠢᠴᠠᠭᠤᠯᠬᠤ ᠳᠤ ᠣᠯᠠᠨ ᠵᠢᠯ ᠦᠨ ᠨᠠᠰᠤᠲᠠᠢ ᠪᠠ ᠵᠠᠷᠢᠮ ᠨᠢ ᠬᠡᠳᠦᠨ ᠮᠢᠩᠭᠠᠨ ᠵᠢᠯ ᠨᠠᠰᠤᠯᠠᠵᠤ᠂ 115 ᠮ ᠬᠦᠷᠲᠡᠯᠡᠬᠢ ᠥᠨᠳᠥᠷ ᠤᠷᠭᠤᠭᠰᠠᠨ ᠨᠢ ᠪᠤᠢ᠃ ᠮᠣᠳᠣ ᠨᠢ ᠦᠨᠳᠦᠰᠦᠶᠡᠬᠡ ᠪᠡᠶ᠎ᠡᠡᠰᠢ ᠮᠥᠴᠢᠷ ᠪᠣᠯᠤᠨ ᠨᠠᠪᠴᠢ ᠭᠡᠰᠡᠨ 4 ᠭᠣᠣᠯ ᠵᠦᠢᠯ ᠡᠴᠡ ᠪᠥᠷᠢᠳᠦᠨ᠎ᠡ᠃ ᠮᠣᠳᠣᠨ ᠤ ᠦᠨᠳᠦᠰᠦ ᠨᠢ ᠭᠠᠵᠠᠷ ᠤᠨ ᠬᠥᠷᠦᠰᠦᠨ ᠡᠴᠡ ᠤᠰᠤ ᠴᠢᠭᠢᠭ᠂ ᠡᠷᠦᠳᠡᠰᠦ ᠪᠣᠳᠠᠰ᠂ ᠲᠡᠵᠢᠭᠡᠯ ᠠᠪᠴᠤ ᠶᠡᠬᠡ ᠪᠡᠶ᠎ᠡ᠂ ᠨᠠᠪᠴᠢ ᠮᠥᠴᠢᠷ ᠤᠷᠤᠭᠤ ᠶᠢ ᠪᠠᠨ ᠳᠠᠮᠵᠢᠭᠤᠯᠠᠨ᠎ᠠ᠃ ᠮᠥᠴᠢᠷᠡᠨ ᠨᠦᠭᠦᠳ ᠨᠢ ᠴᠡᠴᠡᠭ ᠨᠠᠪᠴᠢ ᠪᠣᠯᠤᠨ ᠦᠷ᠎ᠡ ᠵᠢᠮᠢᠰ ᠭᠠᠷᠭᠠᠨ᠎ᠠ᠃ ᠮᠣᠳᠣᠨ ᠤ ᠶᠡᠬᠡ ᠪᠡᠶ᠎ᠡ ᠨᠢ ᠬᠣᠯᠠᠳᠤᠭᠰᠠᠭᠠᠷ ᠪᠦᠷᠬᠦᠭᠳᠡᠭᠰᠡᠨ ᠪᠠᠶᠢᠨ᠎ᠠ᠃ ᠨᠠᠪᠴᠢ ᠨᠢ ᠨᠠᠷᠠᠨ ᠤ ᠭᠡᠷᠡᠯ ᠢ ᠬᠦᠯᠢᠶᠡᠨ ᠠᠪᠬᠤ ᠪᠠ ᠭᠣᠣᠯᠳᠠᠭᠤ ᠨᠣᠭᠣᠭᠠᠨ᠂ ᠤᠯᠠᠷᠢᠯ ᠠᠴᠠ ᠰᠢᠯᠲᠠᠭᠠᠯᠠᠨ ᠰᠢᠷ᠎ᠠ᠂ ᠤᠯᠠᠭᠠᠨ ᠭᠡᠬᠦ ᠮᠡᠲᠦ ᠥᠩᠭᠡᠲᠡᠢ ᠪᠣᠯᠬᠤ ᠪᠥᠭᠡᠳ ᠮᠥᠩᠬᠡ ᠨᠣᠭᠣᠭᠠᠨ ᠴᠤ ᠪᠠᠶᠢᠨ᠎ᠠ᠃ ᠣᠯᠠᠨ ᠶᠠᠩᠵᠤ ᠶᠢᠨ ᠬᠡᠯᠪᠡᠷᠢ᠂ ᠬᠡᠮᠵᠢᠶ᠎ᠡ ᠲᠡᠢ᠃ ᠮᠣᠳᠣ ᠨᠢ ᠨᠡᠭᠦᠷᠡᠰᠦᠲᠥ᠋ᠷᠥᠭᠴᠢᠡᠶᠢᠭ ᠰᠢᠩᠭᠡᠭᠡᠨ ᠠᠪᠴᠤ᠂ ᠬᠦᠴᠢᠯᠲᠥᠷᠦᠭᠴᠢ ᠢᠯᠭᠠᠷᠠᠭᠤᠯᠬᠤ ᠠᠴᠠ ᠭᠠᠳᠠᠨ᠎ᠠ ᠪᠠᠶᠢᠭᠠᠯᠢ ᠶᠢᠨ ᠦᠵᠡᠮᠵᠢ᠂ ᠡᠺᠣᠯᠣᠭ ᠤᠨ ᠰᠢᠰᠲ᠋ᠧᠮ᠂ ᠬᠥᠳᠡᠭᠡ ᠠᠵᠤ ᠠᠬᠤᠢ᠂ ᠪᠠᠶᠢᠰᠢᠩ ᠪᠠᠷᠢᠯᠭ᠎ᠠ ᠶᠢᠨ ᠮᠠᠲ᠋ᠧᠷᠢᠶᠠᠯ ᠭᠡᠳ ᠣᠯᠠᠨ ᠴᠢᠬᠤᠯᠠ ᠡᠭᠦᠷᠭᠡ ᠲᠡᠢ ᠶᠤᠮ᠃ ᠣᠳᠣ ᠪᠠᠷ 100,000 ᠲᠥᠷᠥᠯ ᠦᠨ ᠮᠣᠳᠣ ᠪᠦᠷᠢᠳᠬᠡᠭᠳᠡᠭᠡᠳ ᠪᠠᠶᠢᠭ᠎ᠠ ᠨᠢ ᠳᠡᠯᠡᠬᠡᠢ ᠳᠡᠭᠡᠷᠡᠬᠢ ᠨᠡᠶᠢᠲᠡ ᠠᠮᠢᠳᠤ ᠤᠷᠭᠤᠮᠠᠯ ᠤᠨ 25% ᠍ ᠶᠢ ᠡᠵᠡᠯᠡᠵᠦ ᠪᠠᠶᠢᠨ᠎ᠠ᠃

ᠮᠣᠳᠣᠨ ᠤ ᠶᠡᠬᠡ ᠪᠡᠶ᠎ᠡ
ᠨᠠᠮᠤᠷ ᠴᠠᠭ ᠤᠨ ᠮᠣᠳᠣᠳ
ᠹᠠᠢᠢᠯ:Tree blooming in Mongolia 2014.png
ᠬᠠᠪᠤᠷ ᠤᠨ ᠮᠣᠳᠣᠳ ᠭᠥᠯᠥᠭᠡᠯᠡᠬᠦ ᠶᠠᠪᠤᠴᠠ ᠤᠯᠠᠭᠠᠨᠪᠠᠭᠠᠲᠤᠷ ᠲᠤ᠂ 14 ᠬᠣᠨᠣᠭ ᠤᠨ ᠤᠷᠭᠤᠯᠲᠠ ᠶᠢᠨ ᠶᠠᠪᠤᠴᠠ

ᠮᠣᠳᠣᠳ ᠪᠠ ᠬᠦᠮᠦᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠣᠲᠠᠣᠳ ᠠᠭᠠᠷ ᠤᠨ ᠪᠣᠬᠢᠷᠳᠠᠯ ᠶᠡᠬᠡ ᠲᠤᠯᠠ ᠮᠣᠳᠣ ᠶᠢ ᠵᠥᠪ ᠠᠷᠠᠴᠢᠯᠠᠬᠤ ᠱᠠᠭᠠᠷᠳᠠᠯᠭ᠎ᠠ ᠲᠠᠢ᠃

ᠮᠣᠳᠣ ᠶᠢ ᠰᠤᠳᠤᠯᠳᠠᠭ ᠰᠢᠨᠵᠢᠯᠡᠬᠦ ᠤᠬᠠᠭᠠᠨ ᠢ ᠳᠧᠨᠳ᠋ᠷᠣᠯᠣᠭᠢ ᠭᠡᠨ᠎ᠡ ᠮᠣᠳᠣᠨ ᠤ ᠬᠥᠨᠳᠡᠯᠡᠨ ᠣᠭᠲᠣᠯᠤᠯ ᠢᠶᠠᠷ ᠮᠣᠳᠣᠨ ᠤ ᠭᠣᠣᠯ᠂ᠭᠣᠣᠯ ᠤᠨ ᠭᠤᠤᠷᠰᠤ ,ᠮᠣᠳᠣᠯᠢᠭ ᠬᠣᠯᠲᠣᠰᠣ ᠶᠢ ᠠᠵᠢᠭᠯᠠᠵᠣ ᠪᠣᠯᠤᠨ᠎ᠠ᠃ ᠮᠣᠳᠣᠨ ᠤ ᠭᠣᠣᠯ ᠨᠢ ᠶᠡᠬᠡ ᠪᠡᠶ᠎ᠡ ᠶᠢᠨ ᠳᠠᠭᠠᠤ ᠪᠠᠶᠢᠷᠢᠯᠠᠵᠤ ᠪᠠᠶᠢᠨ᠎ᠠ᠃ᠰᠢᠯᠮᠦᠦᠰᠦ ᠳᠦ ᠲᠥᠷᠥᠯ ᠦᠨ ᠮᠣᠳᠣᠨ ᠤ ᠭᠣᠣᠯ ᠤᠨ ᠳ᠋ᠢᠶᠠᠮᠧᠲ᠋ᠷ ᠨᠢ 2-3 ᠮᠢᠯᠯᠢᠮᠧᠲ᠋ᠷ ᠪᠠᠶᠢᠳᠠᠭ ᠪᠣᠯ ᠨᠠᠪᠴᠢᠲᠤ ᠲᠥᠷᠥᠯ ᠦᠨ ᠮᠣᠳᠣᠨ ᠤ ᠭᠣᠣᠯᠴᠢ ᠨᠢ ᠠᠷᠠᠢ ᠪᠦᠳᠦᠭᠦᠨ ᠪᠠᠶᠢᠳᠠᠭ᠃ ᠮᠣᠳᠣᠨ ᠤ ᠮᠠᠺᠷᠣ ᠪᠦᠲᠦᠴᠡ ᠭᠡᠳᠡᠭ ᠨᠢ ᠡᠩ ᠦᠨ ᠨᠢᠳᠦ ᠪᠡᠷ ᠪᠤᠶᠤ ᠲᠣᠮᠣᠷᠠᠭᠤᠯᠳᠠᠭ ᠰᠢᠯ ᠢᠶᠡᠷ ᠬᠠᠷᠠᠵᠤ ᠪᠣᠯᠬᠤ ᠬᠡᠰᠡᠭ ᠢ ᠨᠢ ᠬᠡᠯᠡᠨ᠎ᠡ᠂ᠮᠢᠺᠷᠣ᠋ ᠪᠦᠲᠦᠴᠡ ᠭᠡᠳᠡᠭ ᠨᠢ ᠡᠩ ᠦᠨ ᠨᠢᠳᠦ ᠪᠡᠷ ᠪᠤᠶᠤ ᠲᠣᠮᠣᠷᠠᠭᠤᠯᠳᠠᠭ ᠰᠢᠯ ᠢᠶᠡᠷ ᠬᠠᠷᠠᠵᠤ ᠪᠣᠯᠬᠤ ᠦᠭᠡᠢ ᠬᠡᠰᠡᠭ ᠢ ᠬᠡᠯᠡᠨ᠎ᠡ᠃

ᠣᠨᠴᠠᠭᠠᠢ ᠮᠣᠳᠣᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠨ᠎ᠠ ᠶᠢᠨ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: ᠮᠣᠳᠣ
http://wiki.uhaan.com/index.php?title=ᠮᠣᠳᠣ&oldid=432033》 ᠍  ᠡᠴᠡ ᠠᠪᠤᠭᠰᠠᠨ

ᠪᠢᠴᠢᠭᠡᠰᠦ