ᠮᠣᠰᠺᠸᠠ ᠶᠢᠨ ᠣᠯᠢᠮᠫᠢᠺ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠣᠯᠢᠮᠫᠢᠺ ᠤᠨ XXII ᠨᠠᠭᠠᠳᠤᠮ
Games of the XXII Olympiad
ᠵᠣᠬᠢᠶᠠᠭᠳᠠᠭᠰᠠᠨ ᠬᠣᠲᠠ ᠮᠣᠰᠺᠸᠠᠵᠥᠪᠯᠡᠯᠲᠦ ᠬᠣᠯᠪᠣᠭᠠᠲᠤ ᠤᠯᠤᠰ
ᠣᠷᠣᠯᠴᠠᠭᠰᠠᠨ ᠤᠯᠤᠰ 81[1]
ᠣᠷᠣᠯᠴᠠᠭᠴᠢᠳ ᠤᠨ ᠲᠣᠭ᠎ᠠ 5,179
(4,064 ᠡᠷᠡᠭᠲᠡᠢ᠂ 1,115 ᠡᠮᠡᠭᠲᠡᠢ)[1]
ᠵᠣᠬᠢᠶᠠᠭᠳᠠᠭᠰᠠᠨ ᠰᠫᠣᠷᠲ ᠤᠨ
ᠲᠡᠮᠡᠴᠡᠭᠡᠨ ᠨᠦᠭᠦᠳ
21 ᠲᠥᠷᠥᠯ ᠳᠦ 203 ᠴᠣᠭᠴᠠ ᠮᠧᠳᠠᠯ
ᠨᠡᠭᠡᠭᠡᠯᠲᠡ ᠶᠢᠨ ᠶᠣᠰᠣᠯᠠᠯ 1980 ᠣᠨ ᠤ 7 ᠰᠠᠷ᠎ᠠ ᠶᠢᠨ 19
ᠬᠠᠭᠠᠯᠲᠠ ᠶᠢᠨ ᠶᠣᠰᠣᠯᠠᠯ 1980 ᠣᠨ ᠤ 8 ᠰᠠᠷ᠎ᠠ ᠶᠢᠨ 3
ᠨᠠᠭᠠᠳᠤᠮ ᠢ ᠨᠡᠭᠡᠭᠡᠭᠴᠢ ᠯᠧᠣᠨᠢ ᠳᠤ ᠪᠷᠧᠵᠨᠸ
ᠲᠠᠮᠢᠷᠴᠢᠳ ᠤᠨ ᠲᠠᠩᠭᠠᠷᠢᠭ ᠨᠢᠺᠣᠯᠠᠢ ᠠᠨᠳᠠᠷ ᠢᠶᠠᠨᠨᠣᠸ
ᠰᠢᠭᠦᠭᠴᠢᠳ ᠦᠨ ᠲᠠᠩᠭᠠᠷᠢᠭ ᠠᠯᠧᠺᠰᠠᠨᠳᠠᠷ ᠮᠧᠳᠪ ᠲᠦᠢ
ᠪᠠᠮᠪᠠᠷ ᠠᠰᠠᠭᠠᠭᠴᠢ ᠰᠧᠷᠠᠭᠢ ᠪᠧᠯᠠᠪᠠ
ᠲᠥᠪ ᠴᠡᠩᠭᠡᠯ ᠳᠦ ᠬᠢ
ᠬᠦᠷᠢᠶᠡᠯᠡᠩ
ᠯᠧᠨᠢᠨ ᠦ ᠲᠥᠪ ᠴᠡᠩᠭᠡᠯ ᠳᠦ ᠬᠢ ᠬᠦᠷᠢᠶᠡᠯᠡᠩ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠵᠥᠪᠯᠡᠯᠲᠦ ᠬᠣᠯᠪᠣᠭᠠᠲᠤ ᠤᠯᠤᠰ ᠳᠦ ᠬᠢᠭᠳᠡᠭᠰᠡᠨ ᠡᠩᠭᠡᠷ ᠦᠨ ᠲᠡᠮᠳᠡᠭ

1980 ᠣᠨ ᠤ ᠵᠤᠨ ᠤ ᠣᠯᠢᠮᠫᠢᠺ ᠪᠤᠶᠤ ᠮᠣᠰᠺᠸᠠ ᠶᠢᠨ ᠣᠯᠢᠮᠫᠢᠺ, ᠠᠯᠪᠠᠨ ᠶᠣᠰᠣᠭᠠᠷ ᠣᠯᠢᠮᠫᠢᠺ ᠤᠨ XXII ᠨᠠᠭᠠᠳᠤᠮ ᠨᠢ ᠵᠥᠪᠯᠡᠯᠲᠦ ᠬᠣᠯᠪᠣᠭᠠᠲᠤ ᠤᠯᠤᠰ ᠍ ᠤᠨ ᠨᠡᠶᠢᠰᠯᠡᠯ ᠮᠣᠰᠺᠸᠠ ᠬᠣᠲᠣᠩ ᠢᠶᠠᠨ ᠵᠣᠬᠢᠶᠠᠭᠳᠠᠭᠰᠠᠨ᠂ ᠣᠯᠠᠨ ᠤᠯᠤᠰ ᠤᠨ ᠰᠫᠣᠷᠲ ᠤᠨ ᠠᠷᠭ᠎ᠠ ᠬᠡᠮᠵᠢᠶ᠎ᠡ ᠶᠤᠮ᠃ ᠲᠤᠰ ᠣᠯᠢᠮᠫᠢᠺ ᠤᠨ ᠳᠠᠷᠪᠠᠭᠤᠯᠲᠤ ᠵᠠᠪᠢᠨ ᠤ ᠲᠡᠮᠡᠴᠡᠭᠡᠨ ᠨᠦᠭᠦᠳ ᠲᠠᠯᠯᠢᠨ᠂ ᠮᠥᠨ ᠬᠥᠯ ᠪᠥᠮᠪᠥᠭᠡᠡᠶᠢᠨ ᠬᠡᠰᠡᠭ ᠦᠨ ᠪᠣᠯᠬᠤ ᠪᠠᠭ᠎ᠠ ᠰᠢᠪᠦᠭᠡ ᠶᠢᠨ ᠲᠣᠭᠯᠠᠯᠲᠠ ᠨᠤᠭᠤᠳ ᠯᠧᠨᠢᠩᠷᠠᠳ᠋, ᠺᠢᠶᠠᠪᠮᠢᠨᠰᠺ ᠬᠣᠲᠠ ᠨᠤᠭᠤᠳ ᠲᠤ ᠶᠠᠪᠤᠭᠳᠠᠵᠠᠢ᠃ ᠣᠯᠢᠮᠫᠢᠺ ᠤᠨ ᠨᠠᠭᠠᠳᠤᠮ ᠠᠩᠬ᠎ᠠ ᠤᠳᠠᠭ᠎ᠠ ᠵᠡᠭᠦᠨ ᠧᠦ᠋ᠷᠣᠫᠠ ᠲᠤ ᠵᠣᠬᠢᠶᠠᠨ ᠪᠠᠶᠢᠭᠤᠯᠤᠭᠳᠠᠭᠰᠠᠨ ᠨᠢ ᠡᠨᠡ ᠪᠠᠶᠢᠪᠠ᠃

ᠰᠣᠩᠭᠣᠨ ᠰᠢᠯᠭᠠᠷᠠᠭᠤᠯᠤᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

1980 ᠣᠨ ᠤ ᠵᠤᠨ ᠤ ᠣᠯᠢᠮᠫᠢᠺᠡᠶᠢᠭ ᠵᠣᠬᠢᠶᠠᠨ ᠪᠠᠶᠢᠭᠤᠯᠬᠤ ᠶᠢᠨ ᠲᠥᠯᠥᠭᠡ ᠮᠣᠰᠺᠸᠠ ᠲᠠᠢ ᠯᠠᠣᠰ-ᠠᠩᠵᠧᠯᠧᠰ ᠬᠣᠲᠠ ᠯᠠ ᠥᠷᠢᠰᠦᠯᠳᠦᠵᠡᠢ᠃ ᠣᠯᠢᠮᠫᠢᠺ ᠪᠣᠯᠬᠤ ᠬᠣᠲᠠ ᠶᠢ 1974 ᠣᠨ ᠤ 10 ᠰᠠᠷ᠎ᠠ ᠶᠢᠨ 23 ᠍ ᠳᠦ ᠠᠦᠢᠰᠲᠷᠶ᠎ᠠ ᠍ ᠶᠢᠨ ᠸᠸᠨᠠ ᠬᠣᠲᠣᠩ ᠢᠶᠠᠨ ᠪᠣᠯᠤᠭᠰᠠᠨ ᠣᠯᠠᠨ ᠤᠯᠤᠰ ᠤᠨ ᠣᠯᠢᠮᠫᠢᠺ ᠤᠨ ᠬᠣᠷᠢᠶ᠎ᠠ ᠍ ᠤ 75 ᠍ ᠳᠦᠭᠡᠷ ᠠᠰᠰᠧᠮᠪᠯᠧᠢ ᠪᠡᠷ ᠰᠢᠢᠳᠪᠦᠷᠢᠯᠡᠭᠰᠡᠨ ᠪᠠᠶᠢᠨ᠎ᠠ᠃

1980 ᠣᠨ ᠤ ᠵᠤᠨ ᠤ ᠣᠯᠢᠮᠫᠢᠺ ᠢ ᠵᠣᠬᠢᠶᠠᠨ ᠪᠠᠶᠢᠭᠤᠯᠬᠤ ᠬᠣᠲᠠ ᠶᠢ ᠰᠣᠩᠭᠣᠨ ᠰᠢᠯᠭᠠᠷᠠᠭᠤᠯᠬᠤ ᠰᠠᠨᠠᠯ ᠬᠤᠷᠢᠶᠠᠯᠲᠠ ᠶᠢᠨ ᠳᠦᠩ
ᠬᠣᠲᠠ 1 ᠍ ᠳᠦᠭᠡᠷ ᠦᠶ᠎ᠡ
ᠵᠥᠪᠯᠡᠯᠲᠦ ᠵᠥᠪᠯᠡᠯᠲᠦ, ᠮᠣᠰᠺᠸᠠ 39
ᠠᠮᠧᠷᠢᠺᠠ ᠠᠮᠧᠷᠢᠺᠠ, ᠯᠠᠣᠰ-ᠠᠩᠵᠧᠯᠧᠰ 20

ᠲᠣᠶᠢᠮᠣ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠣᠯᠢᠮᠫᠢᠺ ᠤᠨ ᠲᠣᠰᠬᠣᠨ᠃ 2004 ᠣᠨ ᠤ 2 ᠰᠠᠷ᠎ᠠ
 • 1976 ᠣᠨ ᠤ ᠮᠣᠩᠷᠧᠠᠯᠢ ᠶᠢᠨ ᠣᠯᠢᠮᠫᠢᠺᠡᠶᠢᠭ ᠪᠣᠢᠺᠣᠲᠯᠣᠰᠣᠨ 24 ᠣᠷᠣᠨ ᠤ ᠲᠠᠯ᠎ᠠ ᠣᠷᠴᠢᠮ ᠨᠢ ᠲᠤᠰ ᠨᠠᠭᠠᠳᠤᠮ ᠳᠤ ᠣᠷᠣᠯᠴᠠᠭᠰᠠᠨ ᠬᠡᠳᠦᠢ ᠴᠤ 1979 ᠣᠨ ᠳᠤ ᠵᠥᠪᠯᠡᠯᠲᠦ ᠬᠣᠯᠪᠣᠭᠠᠲᠤ ᠤᠯᠤᠰ ᠤᠨ ᠴᠡᠷᠢᠭ ᠠᠹᠬᠠᠨᠨᠢᠰᠲᠠᠨ ᠳᠤ ᠬᠠᠯᠠᠳᠠᠭᠰᠠᠨ ᠢ ᠡᠰᠡᠷᠭᠦᠴᠡᠵᠦ᠂ ᠠᠮᠧᠷᠢᠺᠠ ᠶᠢᠨ ᠨᠢᠭᠡᠳᠦᠭᠰᠡᠨ ᠤᠯᠤᠰ ᠲᠡᠷᠢᠭᠦᠲᠡᠢ 60 ᠭᠠᠷᠤᠢ ᠣᠷᠣᠨ ᠮᠣᠰᠺᠸᠠ ᠶᠢᠨ ᠣᠯᠢᠮᠫᠢᠺ ᠢ ᠪᠣᠢᠺᠣᠲ᠋ᠯᠠᠵᠠᠢ᠃ ᠲᠤᠰ ᠣᠯᠢᠮᠫᠢᠺ ᠢ ᠪᠣᠢᠺᠣᠲᠠᠯᠠᠭᠰᠠᠨ ᠣᠷᠣᠨ ᠨᠤᠭᠤᠳ ᠹᠢᠯᠠᠳᠧᠯᠹᠢ ᠬᠣᠳᠠ ᠳᠤ ᠣᠯᠢᠮᠫᠢᠺ ᠤᠨ ᠪᠣᠢᠺᠣᠲ ᠨᠠᠭᠠᠳᠤᠮ ᠪᠤᠶᠤ "ᠡᠷᠬᠡ ᠴᠢᠯᠦᠭᠡᠨ ᠦ ᠬᠣᠩᠬᠣ" ᠨᠡᠷ᠎ᠡ ᠲᠡᠢ ᠠᠷᠭ᠎ᠠ ᠬᠡᠮᠵᠢᠶ᠎ᠡ ᠵᠣᠬᠢᠶᠠᠨ ᠪᠠᠶᠢᠭᠤᠯᠵᠤ ᠣᠷᠣᠴᠠᠵᠠᠢ᠃
 • 81 ᠤᠯᠤᠰ ᠣᠷᠣᠯᠴᠠᠭᠰᠠᠨ ᠨᠢ 1956 ᠣᠨ ᠤ ᠮᠧᠯᠪᠦᠷᠠᠨ ᠤ ᠣᠯᠢᠮᠫᠢᠺ ᠠᠴᠠ ᠬᠣᠶᠢᠰᠢ ᠬᠠᠮᠤᠭ ᠤᠨ ᠪᠠᠭ᠎ᠠ ᠦᠵᠡᠭᠦᠯᠦᠯᠲᠡ ᠪᠣᠯᠪᠠᠴᠤ ᠡᠮᠦᠨᠡᠬᠢ ᠣᠯᠢᠮᠫᠢᠺ ᠠᠴᠠ ᠨᠡᠶᠢᠲᠡ ᠮᠧᠳᠠᠯ ᠤᠨ 71%, ᠨᠡᠶᠢᠲᠡ ᠠᠯᠲᠠᠨ ᠮᠧᠳᠠᠯ ᠤᠨᠮᠥᠨ 71% ᠍ ᠶᠢ ᠬᠦᠷᠲᠡᠭᠰᠡᠨ ᠣᠷᠣᠨ ᠨᠤᠭᠤᠳ ᠲᠤᠰ ᠣᠯᠢᠮᠫᠣᠳ ᠣᠷᠣᠯᠴᠠᠭᠰᠠᠨ ᠪᠠᠶᠢᠨ᠎ᠠ᠃
 • ᠵᠥᠪᠯᠡᠯᠲᠦ ᠬᠣᠯᠪᠣᠭᠠᠲᠤ ᠤᠯᠤᠰ ᠤᠨ ᠠᠹᠬᠠᠨᠨᠢᠰᠲᠠᠨ ᠳᠠᠬᠢ ᠲᠦᠷᠢᠮᠡᠭᠡᠶᠢᠯᠡᠯ ᠢ ᠡᠰᠡᠷᠭᠦᠴᠡᠵᠦ 15 ᠣᠷᠣᠨ ᠤ ᠲᠠᠮᠢᠷᠴᠢᠳ ᠨᠡᠭᠡᠭᠡᠯᠲᠡ ᠶᠢᠨ ᠠᠵᠢᠯᠯᠠᠭᠠᠨ ᠳᠤ ᠥᠪᠡᠷᠰᠡᠳ ᠦᠨ ᠤᠯᠤᠰ ᠤᠨ ᠳᠠᠯᠪᠠᠭ᠎ᠠ ᠪᠤᠰᠤ ᠣᠯᠢᠮᠫᠢᠺ ᠤᠨ ᠳᠠᠯᠪᠠᠭ᠎ᠠᠨ ᠤ ᠳᠣᠣᠷ᠎ᠠ ᠵᠢᠭ᠌ᠰᠠᠨ᠂ ᠱᠠᠩᠨᠠᠯ ᠭᠠᠷᠳᠠᠭᠤᠯᠬᠤ ᠶᠣᠰᠣᠯᠠᠯ ᠳᠤ ᠣᠯᠢᠮᠫᠢᠺ ᠤᠨ ᠳᠠᠯᠪᠠᠭ᠎ᠠ ᠶᠢ ᠮᠠᠨᠳᠤᠭᠤᠯᠤᠨ᠂ ᠣᠯᠢᠮᠫᠢᠺ ᠤᠨ ᠳᠠᠭᠤᠯᠠᠯ ᠢ ᠡᠭᠡᠰᠢᠭᠯᠡᠭᠦᠯᠵᠡᠢ᠃ ᠮᠥᠨ ᠰᠢᠨ᠎ ᠡ ᠽᠸᠨᠯᠠᠨᠲᠤ᠋ ᠍ ᠤᠨ ᠲᠠᠮᠢᠷᠴᠢᠳ ᠥᠪᠡᠷ ᠦᠨ ᠣᠷᠣᠨ ᠤ ᠣᠯᠢᠮᠫᠢᠺ ᠤᠨ ᠬᠣᠷᠢᠶᠠᠨ ᠤ ᠳᠠᠯᠪᠠᠭᠠᠨ ᠳᠣᠣᠷ᠎ᠠ ᠣᠷᠣᠯᠴᠠᠭᠰᠠᠨ ᠶᠤᠮ[2]᠃ ᠲᠡᠳᠡᠭᠡᠷ ᠤᠯᠤᠰ ᠤᠨ ᠲᠠᠮᠢᠷᠴᠢᠳ ᠤᠨ ᠵᠠᠷᠢᠮ ᠨᠢ ᠨᠡᠭᠡᠭᠡᠯᠲᠡ ᠶᠢᠨ ᠶᠣᠰᠣᠯᠠᠯ ᠳᠤ ᠦᠯᠦ ᠤᠷᠤᠯᠴᠠᠬᠤ ᠵᠡᠷᠭᠡ ᠪᠡᠷ ᠡᠰᠡᠷᠭᠦᠴᠡᠯ ᠢᠶᠡᠨ ᠢᠯᠡᠷᠬᠡᠶᠢᠯᠡᠭᠰᠡᠨ ᠪᠠᠶᠢᠨ᠎ᠠ᠃
 • ᠢᠲᠠᠯᠢᠴᠢ ᠨᠤᠭᠤᠳ ᠡᠮᠦᠨᠡᠬᠢ ᠣᠯᠢᠮᠫᠢᠺ ᠠᠴᠠ 4 ᠳᠠᠬᠢᠨ᠂ ᠹᠷᠠᠨᠽᠢᠴᠤᠳ 3 ᠳᠠᠬᠢᠨ ᠣᠯᠠᠨ ᠠᠯᠲᠠᠨ ᠮᠧᠳᠠᠯ ᠬᠦᠷᠢᠲᠦᠪᠡ᠃ ᠷᠤᠮᠠᠨᠢᠶ ᠠ ᠤ ᠪᠠᠭ ᠡᠮᠦᠨᠡᠬᠢ ᠪᠦᠬᠦ ᠣᠯᠢᠮᠫᠢᠺ ᠠᠴᠠ ᠠᠪᠤᠭᠰᠠᠨ ᠠᠯᠲᠠᠨ ᠮᠧᠳᠠᠯ ᠠᠴᠠ ᠪᠠᠨ ᠣᠯᠠᠨ ᠠᠯᠲᠠᠨ ᠮᠧᠳᠠᠯ ᠬᠦᠷᠢᠲᠦᠵᠡᠢ᠃ "ᠭᠤᠷᠪᠠᠳᠠᠭᠴᠢ ᠶᠢᠷᠲᠢᠨᠴᠦ" ᠍ ᠶᠢᠨ ᠣᠯᠠᠨ ᠣᠷᠣᠨ ᠡᠮᠦᠨ᠎ᠡ ᠪᠠᠶᠢᠭ᠎ᠠ ᠦᠭᠡᠢ ᠪᠡᠷ ᠢᠶᠡᠨ ᠣᠯᠠᠨ ᠲᠥᠷᠥᠯ ᠳᠦ ᠲᠠᠮᠢᠷᠴᠢ ᠳᠤ ᠪᠠᠨ ᠣᠷᠤᠯᠴᠠᠭᠤᠯᠵᠤ᠂ ᠣᠯᠠᠨ ᠮᠧᠳᠠᠯ ᠬᠦᠷᠲᠡᠭᠰᠡᠨ ᠶᠤᠮ᠃
 • ᠣᠷᠣᠯᠴᠠᠭᠴᠢᠳ ᠤᠨ 21% ᠨᠢ ᠡᠮᠡᠭᠲᠡᠢ ᠪᠠᠶᠢᠭᠰᠠᠨ ᠨᠢ ᠡᠮᠦᠨᠡᠬᠢ ᠪᠦᠬᠦ ᠣᠯᠢᠮᠫᠢᠺ ᠠᠴᠠ ᠥᠨᠳᠥᠷ ᠦᠵᠡᠭᠦᠯᠦᠯᠲᠡ ᠪᠣᠯᠤᠨ᠎ᠠ᠃
 • ᠴᠣᠭᠴᠠ ᠮᠧᠳᠠᠯ ᠤᠨ ᠲᠣᠭ᠎ᠠ ᠴᠤ ᠣᠯᠠᠰᠢᠷᠠᠵᠤ 203 ᠪᠣᠯᠵᠠᠢ᠃
 • ᠳᠡᠯᠡᠬᠡᠢ ᠶᠢᠨ ᠳᠡᠭᠡᠳᠦ ᠠᠮᠵᠢᠯᠲᠠ 36, ᠧᠦ᠋ᠷᠣᠫᠠ ᠶᠢᠨ ᠳᠡᠭᠡᠳᠦ ᠠᠮᠵᠢᠯᠲᠠ 39, ᠣᠯᠢᠮᠫᠢᠺ ᠤᠨ ᠳᠡᠭᠡᠳᠦ ᠠᠮᠵᠢᠯᠲᠠ 74 ᠤᠳᠠᠭ᠎ᠠ ᠲᠣᠭᠲᠠᠭᠠᠭᠳᠠᠭᠰᠠᠨ ᠨᠢ ᠮᠣᠩᠷᠧᠠᠯᠢ ᠶᠢ ᠣᠯᠢᠮᠫᠢᠺ ᠢ ᠳᠠᠪᠠᠵᠤ ᠭᠠᠷᠪᠠ᠃
 • 9,292 ᠲᠠᠮᠢᠷᠴᠢᠨ ᠠᠴᠠ ᠰᠡᠷᠭᠦᠭᠡᠰᠢᠡᠶᠢᠨ ᠰᠢᠨᠵᠢᠯᠡᠭᠡ ᠠᠪᠤᠭᠰᠠᠨ ᠴᠤ ᠰᠡᠷᠭᠦᠭᠡᠰᠢ ᠬᠡᠷᠡᠭᠯᠡᠭᠰᠡᠨ ᠲᠠᠮᠢᠷᠴᠢᠨ ᠢᠯᠡᠷᠡᠭᠡ ᠦᠭᠡᠢ ᠭᠡᠳᠡᠭ᠃
 • ᠲᠤᠰ ᠣᠯᠢᠮᠫᠣᠳ ᠲᠣᠭᠲᠠᠭᠠᠭᠳᠠᠭᠰᠠᠨ 4 ᠣᠯᠢᠮᠫᠢᠺ ᠤᠨ ᠷᠧᠺᠣᠷᠳ᠋ ᠣᠳᠣ ᠶᠢ ᠬᠦᠷᠲᠡᠯ᠎ᠡ ᠡᠪᠳᠡᠭᠳᠡᠭᠡ ᠦᠭᠡᠢ ᠪᠠᠶᠢᠨ᠎ᠠ: ᠵᠡᠭᠦᠨ ᠭᠧᠷᠮᠠᠨ ᠤ ᠡᠮᠡᠭᠲᠡᠢ 4×100 ᠮᠧᠲ᠋ᠷ ᠦᠨ ᠪᠤᠤᠬᠢᠶ᠎ᠠ ᠭᠦᠶᠦᠭᠴᠢ ᠳᠦ 41.6 ᠰᠧᠺᠦᠶᠢᠨᠳ᠋ ᠍ ᠤᠨ ᠠᠮᠵᠢᠯᠲᠠ ᠦᠵᠡᠭᠦᠯᠦᠭᠰᠡᠨ; ᠵᠡᠭᠦᠨ ᠭᠧᠷᠮᠠᠨ ᠤ ᠪᠥᠭᠡᠷᠡᠨᠴᠡᠭ ᠲᠦᠯᠬᠢᠭᠴᠢ ᠢᠯᠤᠨᠠ ᠰᠯᠤᠫᠢᠨᠧᠺ 22.41 ᠮᠧᠲ᠋ᠷ ᠬᠣᠯᠠ ᠰᠢᠳᠡᠭᠰᠡᠨ; ᠵᠥᠪᠯᠡᠯᠲᠦ ᠬᠣᠯᠪᠣᠭᠠᠲᠤ ᠤᠯᠤᠰ ᠤᠨ ᠨᠳᠧᠵᠳᠠ ᠣᠯᠢᠽᠢᠷᠧᠩᠺᠣ 800 ᠮᠧᠲ᠋ᠷ ᠦᠨ ᠭᠦᠶᠦᠯᠲᠡ ᠳᠦ 1:53.43 ᠠᠮᠵᠢᠯᠲᠠ ᠦᠵᠡᠭᠦᠯᠦᠭᠰᠡᠨ; ᠣᠷᠴᠢᠨ ᠦᠶ᠎ᠡ ᠶᠢᠨ ᠲᠠᠪᠤᠨ ᠲᠥᠷᠥᠯᠲᠡᠳ ᠵᠥᠪᠯᠡᠯᠲᠦ ᠬᠣᠯᠪᠣᠭᠠᠲᠤ ᠤᠯᠤᠰ ᠤᠨ ᠠᠨᠠᠲ᠋ᠣᠯᠢᠢ ᠰᠲ᠋ᠠᠷᠣᠰᠲ᠋ᠢᠨ 5568 ᠣᠨᠣᠭ᠎ᠠ ᠠᠪᠤᠭᠰᠠᠨ᠃
 • 8 ᠤᠯᠤᠰ ᠣᠯᠢᠮᠫᠣᠳ ᠠᠩᠬ᠎ᠠ ᠤᠳᠠᠭ᠎ᠠ ᠤᠷᠤᠯᠴᠠᠪᠠ: ᠠᠩᠭᠡᠯᠠᠸᠢᠶᠧᠲ᠋ᠨᠠᠮᠪᠣᠽᠡᠸᠠᠨ᠎ ᠠᠯᠠᠤᠤᠨᠢᠺᠠᠷᠠᠭᠤᠸᠠᠰᠧᠢᠱᠧᠯ ᠦᠨ ᠠᠷᠠᠯ ᠤᠳᠮᠣᠽᠠᠮᠪᠢᠺᠺᠠᠫᠷᠤᠰ. ᠮᠥᠨ ᠽᠢᠩᠪᠠᠪᠸᠧ ᠤᠯᠤᠰ ᠠᠩᠬ᠎ᠠ ᠤᠳᠠᠭ᠎ᠠ ᠡᠨᠡ ᠨᠡᠷ᠎ᠡ ᠪᠡᠷ ᠢᠶᠡᠨ ᠤᠷᠤᠯᠴᠠᠪᠠ᠃ ᠡᠮᠦᠨ᠎ᠡ ᠨᠢ ᠲᠡᠳᠡ ᠷᠣᠳᠧᠽᠢ ᠭᠡᠳᠡᠭ ᠨᠡᠷ᠎ᠡ ᠪᠡᠷ ᠣᠷᠣᠯᠴᠠᠵᠤ ᠪᠠᠶᠢᠯ᠎ᠠ᠃
 • 25 ᠣᠷᠣᠨ ᠤ ᠲᠠᠮᠢᠷᠴᠢᠳ ᠠᠯᠲᠠᠨ ᠮᠧᠳᠠᠯ ᠬᠦᠷᠲᠡᠭᠰᠡᠨ ᠪᠥᠭᠡᠳ ᠨᠡᠶᠢᠲᠡ 36 ᠤᠯᠤᠰ ᠤᠨ ᠲᠠᠮᠢᠷᠴᠢᠳ ᠮᠧᠳᠠᠯ ᠲᠠᠢ ᠪᠤᠴᠠᠵᠠᠢ᠃
1980 ᠣᠨ ᠤ ᠵᠤᠨ ᠤ ᠣᠯᠢᠮᠫᠢᠺ ᠤᠨ ᠪᠠᠮᠪᠠᠷ
 • ᠨᠡᠭᠡᠭᠡᠯᠲᠡ ᠶᠢᠨ ᠶᠣᠰᠣᠯᠠᠯ ᠤᠨ ᠦᠶ᠎ᠡ ᠪᠡᠷ ᠰᠠᠨᠰᠠᠷ ᠤᠨ ᠰᠠᠯᠢᠶᠦ᠋ᠲ 6 ᠬᠥᠯᠭᠡ ᠶᠢᠨ ᠪᠠᠭ ᠤᠨ ᠨᠢᠰᠬᠡᠭᠴᠢ ᠯᠧᠣᠨᠢ ᠳᠤ ᠫᠣᠫᠣᠪᠸᠠᠯᠧᠷᠢ ᠷᠮᠢᠨ ᠨᠠᠷ ᠴᠡᠩᠭᠡᠯᠳᠦᠬᠦ ᠬᠦᠷᠢᠶᠡᠯᠡᠩ ᠲᠡᠢ ᠰᠢᠭᠤᠳ ᠬᠣᠯᠪᠣᠭᠳᠠᠵᠤ ᠮᠡᠨᠳᠦᠴᠢᠯᠡᠭᠡ ᠳᠡᠪᠰᠢᠭᠦᠯᠦᠭᠰᠡᠨ᠃[3]
 • ᠠᠯᠪᠠᠨ ᠶᠣᠰᠣᠨ ᠤ ᠲᠠᠶᠢᠯᠠᠨᠳ᠋ ᠳᠤᠷᠢᠳᠠᠰᠤᠨ ᠢᠶᠠᠷ ᠲᠤᠰ ᠨᠠᠭᠠᠳᠤᠮ ᠢ ᠵᠣᠬᠢᠶᠠᠨ ᠪᠠᠶᠢᠭᠤᠯᠬᠤ ᠳᠤ 862.7 ᠰᠠᠶ᠎ᠠ ᠷᠦᠪᠯᠢ ᠵᠠᠷᠤᠴᠠᠭᠤᠯᠵᠤ᠂ 744.8 ᠰᠠᠶ᠎ᠠ ᠷᠦᠪᠯᠢ ᠶᠢᠨ ᠣᠷᠣᠯᠭ᠎ᠠ ᠣᠯᠵᠠᠢ᠃
 • ᠵᠥᠪᠯᠡᠯᠲᠦ ᠬᠣᠯᠪᠣᠭᠠᠲᠤ ᠤᠯᠤᠰ ᠳᠦ ᠲᠤᠰ ᠣᠯᠢᠮᠫᠢᠺ ᠤᠨ ᠨᠠᠭᠠᠳᠤᠮ ᠳᠤ ᠵᠣᠷᠢᠭᠤᠯᠵᠤ᠂ 1977-1980 ᠣᠨ ᠳᠤ ᠴᠠᠭᠠᠨ ᠠᠯᠲᠠᠨ ᠵᠣᠭᠣᠰ 5, ᠠᠯᠲᠠᠨ ᠵᠣᠭᠣᠰ 6, ᠮᠥᠩᠭᠥᠨ ᠵᠣᠭᠣᠰ 28, ᠵᠡᠰ ᠨᠢᠺᠧᠯ ᠵᠣᠭᠣᠰ 6, ᠨᠡᠶᠢᠲᠡ 45 ᠲᠥᠷᠥᠯ ᠦᠨ ᠳᠤᠷᠠᠰᠬᠠᠯ ᠤᠨ ᠵᠣᠭᠣᠰ ᠭᠠᠷᠭᠠᠵᠠᠢ᠃
 • ᠲᠤᠰ ᠣᠯᠢᠮᠫᠢᠺ ᠤᠨ ᠨᠠᠭᠠᠳᠤᠮ ᠳᠤ 78 ᠤᠯᠤᠰ ᠤᠨ 1,245 ᠰᠢᠭᠦᠭᠴᠢ ᠠᠵᠢᠯᠯᠠᠭᠰᠠᠨ ᠪᠠᠶᠢᠨ᠎ᠠ᠃
 • ᠬᠠᠭᠠᠯᠲᠠ ᠶᠢᠨ ᠶᠣᠰᠣᠯᠠᠯ ᠳᠤ ᠳᠠᠷᠤᠭ᠎ᠠ ᠶᠢᠨ ᠵᠣᠬᠢᠶᠠᠨ ᠪᠠᠶᠢᠭᠤᠯᠤᠭᠴᠢ ᠣᠷᠣᠨ ᠪᠣᠯᠬᠤ ᠠᠮᠧᠷᠢᠺᠠ ᠶᠢᠨ ᠨᠢᠭᠡᠳᠦᠭᠰᠡᠨ ᠤᠯᠤᠰ ᠤᠨ ᠳᠠᠯᠪᠠᠭᠠᠨ ᠤ ᠣᠷᠣᠨ ᠳᠤ ᠯᠠᠣᠰ-ᠠᠩᠵᠧᠯᠧᠰ ᠬᠣᠲᠠ ᠶᠢᠨ ᠳᠠᠯᠪᠠᠭ᠎ᠠ ᠶᠢ ᠮᠠᠨᠳᠤᠭᠤᠯᠵᠤ᠂ ᠯᠠᠣᠰ-ᠠᠩᠵᠧᠯᠧᠰ ᠬᠣᠲᠠ ᠶᠢᠨ ᠳᠠᠷᠤᠭ᠎ᠠ ᠳᠤ ᠪᠢᠰᠢ᠂ ОУОХ ᠍ ᠤ ᠶᠡᠷᠦᠩᠬᠡᠶᠢᠯᠡᠭᠴᠢ ᠳᠤ ᠣᠯᠢᠮᠫᠢᠺ ᠤᠨ ᠳᠠᠯᠪᠠᠭ᠎ᠠ ᠶᠢ ᠬᠦᠯᠢᠶᠡᠯᠭᠡᠵᠦ ᠥᠭᠭᠦᠭᠰᠡᠨ ᠠᠵᠢ᠃

ᠮᠧᠳᠠᠯ ᠤᠨ ᠵᠢᠭ᠌ᠰᠠᠭᠠᠯᠳᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠶᠢᠷᠢ ᠤᠯᠤᠰ ᠠᠯᠲᠠ ᠮᠥᠩᠭᠥ ᠬᠦᠷᠡᠯ ᠨᠡᠶᠢᠲᠡ
1 ᠵᠥᠪᠯᠡᠯᠲᠦ ᠵᠥᠪᠯᠡᠯᠲᠦ 80 69 46 195
2 Flag of East Germany.svg ᠵᠡᠭᠦᠨ ᠭᠧᠷᠮᠠᠨ 47 37 42 126
3 Flag of Bulgaria.svg ᠪᠣᠯᠭᠠᠷᠢᠶ᠎ᠠ 8 16 17 41
4 ᠺᠦᠪᠠ ᠺᠦᠪᠠ 8 7 5 20
5 Flag of Italy.svg ᠢᠲ᠋ᠠᠯᠢ 8 3 4 15
6 Flag of Hungary.svg ᠬᠠᠩᠭᠠᠷᠢ 7 10 15 32
7 Flag of Romania.svg ᠷᠤᠮᠠᠨᠢᠶ ᠠ 6 6 13 25
8 ᠹᠷᠠᠨᠼᠢ ᠹᠷᠠᠨᠼᠢ 6 5 3 14
9 Flag of the United Kingdom.svg ᠶᠡᠬᠡ ᠪᠷᠢᠲ᠋ᠠᠨ(ᠠᠩᠭᠯᠢ) 5 7 9 21
10 Flag of Poland.svg ᠫᠣᠯᠢᠰᠢ 3 14 15 32
27 ᠮᠣᠩᠭᠣᠯ ᠮᠣᠩᠭᠣᠯ 0 2 2 4
ᠨᠡᠶᠢᠲᠡ 204 204 223 631

ᠮᠣᠩᠭᠣᠯ ᠤᠯᠤᠰ ᠮᠣᠰᠺᠸᠠ ᠶᠢᠨ ᠣᠯᠢᠮᠫᠣᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠤᠯᠤᠰ ᠵᠤᠨ ᠤ ᠣᠯᠢᠮᠫᠣᠳ 5 ᠳᠠᠬᠢ ᠤᠳᠤᠭ᠎ᠠ ᠪᠠᠨ ᠣᠷᠣᠯᠴᠠᠵᠤ᠂ 2 ᠮᠥᠩᠭᠥ᠂ 2 ᠬᠦᠷᠡᠯ ᠮᠧᠳᠠᠯ ᠬᠦᠷᠲᠡᠭᠰᠡᠨ᠃ ᠮᠧᠳᠠᠯ ᠠᠪᠳᠠᠭ ᠤᠯᠠᠮᠵᠢᠯᠠᠯᠲᠤ ᠰᠫᠣᠷᠲ ᠪᠣᠯᠬᠤ ᠴᠢᠯᠦᠭᠡᠲᠦ ᠪᠥᠬᠡᠥ ᠡᠴᠡ ᠭᠠᠳᠠᠨ᠎ᠠ ᠵᠢᠦ᠋ᠳᠣ᠋ᠭᠡᠶᠢᠨ ᠲᠥᠷᠥᠯ ᠢᠶᠡᠷ ᠠᠩᠬᠠᠨ ᠤ ᠮᠧᠳᠠᠯ ᠤᠳ ᠢᠶᠠᠨ ᠬᠦᠷᠲᠡᠭᠰᠡᠨ ᠶᠤᠮ᠃

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠣᠮ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠭᠠᠳᠤ ᠬᠣᠯᠪᠣᠭᠠᠰᠤ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«ᠮᠣᠰᠺᠸᠠ ᠶᠢᠨ ᠣᠯᠢᠮᠫᠢᠺ»

ᠪᠢᠴᠢᠭᠡᠰᠦ