ᠮᠣᠭᠣᠯᠢᠰᠲᠠᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠣᠭᠣᠯᠢᠰᠲᠠᠨ
ᠬᠠᠨᠲᠠ ᠤᠯᠤᠰ
1347–1462
ᠨᠡᠶᠢᠰᠯᠡᠯ Not specified
ᠬᠡᠯᠡ ᠠᠶᠠᠯᠭᠤ ᠮᠣᠩᠭᠣᠯ ᠬᠡᠯᠡ
ᠱᠠᠰᠢᠨ ᠰᠢᠲᠦᠯᠭᠡ ᠪᠥᠭᠡ ᠰᠢᠲᠦᠯᠭᠡ ᠬᠣᠵᠢᠮ ᠨᠢ ᠯᠠᠯᠤ ᠶᠢᠨ ᠰᠤᠩᠨᠢ ᠳᠤ ᠤᠷᠤᠰᠬᠠᠯ
Political structure ᠬᠠᠨᠲᠠ ᠤᠯᠤᠰ
ᠬᠠᠨ
 - 1347-1363 ᠲᠤᠭᠤᠯᠤᠭᠲᠡᠮᠦᠷ
 - 1363–1368 ᠢᠯᠢᠶᠠᠰ ᠬᠣᠵᠢᠶ᠎ᠠ
 - 1429–1462 ᠡᠰᠡᠨᠪᠦᠺᠠ II
ᠲᠡᠦᠬᠡ
 - ᠮᠣᠭᠣᠯᠢᠰᠲᠠᠨ ᠴᠠᠭᠠᠳᠠᠢ ᠶᠢᠨ ᠤᠯᠤᠰᠠ ᠠᠴᠠ ᠰᠠᠯᠪᠠ
 - ᠮᠣᠭᠣᠯᠢᠰᠲᠠᠨ ᠪᠠᠷᠠᠭᠤᠨ ᠮᠣᠭᠣᠯᠢᠰᠲᠠᠨ᠂ ᠵᠡᠭᠦᠨ ᠮᠣᠭᠣᠯᠢᠰᠲᠠᠨ ᠭᠡᠰᠡᠨ ᠬᠣᠶᠠᠷ ᠬᠡᠰᠡᠭ ᠪᠣᠯᠵᠤ ᠪᠤᠲᠠᠷᠠᠪᠠ
Today part of Flag of Kyrgyzstan.svg Kyrgyzstan
Flag of the People's Republic of China.svg China
Flag of Uzbekistan.svg Uzbekistan
Flag of Tajikistan.svg Tajikistan
Flag of Kazakhstan.svg Kazakhstan

ᠮᠣᠭᠣᠯᠢᠰᠲᠠᠨ ᠪᠣᠯ 1346 ᠣᠨ ᠳᠤ ᠴᠠᠭᠠᠳᠠᠢ ᠶᠢᠨ ᠤᠯᠤᠰᠠ ᠠᠴᠠ ᠰᠠᠯᠢᠰᠤᠨ ᠤᠯᠤᠰ ᠶᠤᠮ᠃ ᠮᠣᠭᠣᠯᠢᠰᠲᠠᠨ ᠨᠢ ᠴᠠᠭᠠᠳᠠᠢ ᠶᠢᠨ ᠤᠯᠤᠰ ᠤᠨ ᠵᠡᠭᠦᠨ ᠬᠡᠰᠡᠭ ᠦᠨ ᠭᠠᠵᠠᠷ ᠨᠤᠲᠤᠭ ᠪᠥᠭᠡᠳ ᠮᠣᠭᠣᠯᠢᠰᠲᠠᠨ ᠢ ᠨᠡᠭᠦᠳᠡᠯᠴᠢᠨ ᠮᠣᠩᠭᠣᠯᠴᠤᠳ ᠤᠳᠤᠷᠢᠳᠥᠵᠤ ᠪᠠᠶᠢᠭᠰᠠᠨ ᠲᠤᠯᠠ ᠰᠠᠭᠤᠷᠢᠨ ᠢᠷᠭᠡᠳ ᠳᠠᠪᠠᠮᠠᠭᠠᠶᠢᠯᠠᠭᠰᠠᠨ ᠴᠠᠭᠠᠳᠠᠢ ᠶᠢᠨ ᠤᠯᠤᠰ ᠤᠨ ᠪᠠᠷᠠᠭᠤᠨ ᠬᠡᠰᠡᠭ ᠪᠣᠯᠬᠤ ᠮᠠᠤᠧᠷᠧᠨᠨᠬᠤᠷᠠ ᠠᠴᠠ 14 ᠍ ᠳᠦᠭᠡᠷ ᠵᠠᠭᠤᠨ ᠤ ᠳᠤᠮᠳᠠᠭᠤᠷ ᠲᠤᠰᠠᠭᠠᠷᠯᠠᠵᠠᠢ᠃ ᠮᠥᠨ ᠵᠧᠲ ᠤᠨ ᠤᠯᠤᠰ᠂ ᠤᠶᠢᠭᠤᠷ ᠬᠡᠯᠡ ᠪᠡᠷ ᠮᠠᠮᠯᠠᠺᠠᠲ ᠢ ᠮᠣᠭᠣᠯᠢᠰᠲᠠᠨ ᠭᠡᠵᠦ ᠨᠡᠷᠡᠯᠡᠳᠡᠭ᠃ ᠮᠣᠭᠣᠯᠢᠰᠲᠠᠨ ᠤᠯᠤᠰ ᠨᠢ ᠣᠳᠣ ᠶᠢᠨ ᠰᠢᠩᠠᠵᠢᠭᠠᠨ᠂ ᠡᠮᠦᠨᠡᠲᠦ᠂ ᠵᠡᠭᠦᠨ ᠬᠠᠰᠠᠭᠰᠲ᠋ᠠᠨ ᠍ ᠢ ᠵᠠᠬᠢᠷᠴᠢ ᠪᠠᠶᠢᠭᠠᠳ ᠬᠠᠰᠠᠭ᠂ ᠣᠶᠢᠷᠠᠳ ᠤᠳ ᠤᠨ ᠳᠣᠪᠲᠣᠯᠭᠠᠨ ᠳᠤ ᠥᠷᠲᠥᠨ ᠡᠷᠬᠡ ᠮᠡᠳᠡᠯ ᠢᠶᠡᠨ ᠠᠯᠠᠳᠠᠵᠠᠢ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠭᠣᠯᠢᠰᠲᠠᠨ ᠦ ᠦᠨᠳᠦᠰᠦᠨ ᠨᠤᠲᠤᠭ ᠨᠢ ᠪᠠᠯᠬᠠᠰᠢ ᠠᠴᠠ ᠪᠠᠷᠠᠭᠤᠨ ᠰᠢᠩᠠᠵᠢᠶᠠᠨ ᠦ ᠲᠠᠯ᠎ᠠ ᠬᠡᠭᠡᠷ ᠢ ᠬᠠᠮᠤᠷᠴᠢ ᠪᠠᠶᠢᠭᠰᠠᠨ ᠪᠠ ᠡᠨᠡ ᠨᠤᠲᠤᠭ ᠲᠡᠳᠡᠨ ᠦ ᠰᠢᠭᠤᠳ ᠤᠳᠤᠷᠢᠳᠤᠯᠭᠠᠨ ᠳᠤ ᠪᠠᠶᠢᠪᠠ᠃ ᠬᠠᠷᠢᠨ ᠬᠣᠶᠢᠳᠤ᠂ ᠡᠮᠦᠨᠡᠲᠦ ᠰᠢᠩᠠᠵᠢᠭᠠᠨ ᠮᠣᠭᠣᠯᠢᠰᠲᠠᠨ ᠦ ᠦᠨᠳᠦᠰᠦᠨ ᠨᠤᠲᠤᠭ ᠲᠤ ᠬᠠᠮᠢᠶᠠᠷᠳᠠᠭ ᠦᠭᠡᠢ᠂ ᠮᠣᠭᠣᠯ ᠤᠳᠤᠷᠢᠳᠤᠭᠴᠢᠳ ᠤᠨ ᠰᠢᠭᠤᠳ ᠤᠳᠤᠷᠢᠳᠤᠯᠭᠠᠨ ᠳᠤ ᠪᠠᠶᠢᠳᠠᠭ ᠦᠭᠡᠢ ᠪᠠᠶᠢᠪᠠ᠃ ᠮᠣᠭᠣᠯᠢᠰᠲᠠᠨ ᠦ ᠨᠣᠶᠠᠯᠠᠬᠤ ᠠᠩᠭᠢ ᠪᠣᠯᠬᠤ ᠨᠡᠭᠦᠳᠡᠯᠴᠢᠨ ᠮᠣᠩᠭᠣᠯᠴᠤᠳ ᠲᠠᠯ᠎ᠠ ᠬᠡᠭᠡᠷ᠎ᠡ ᠨᠤᠲᠤᠭ ᠲᠤ ᠭᠣᠣᠯᠯᠠᠨ ᠲᠥᠪᠯᠡᠷᠡᠵᠦ ᠪᠠᠶᠢᠭᠰᠠᠨ ᠪᠠ ᠮᠣᠭᠣᠯ ᠨᠣᠶᠠᠳ ᠪᠤᠰᠤᠳ ᠮᠣᠩᠭᠣᠯ ᠨᠣᠶᠠᠳ ᠤᠨ ᠠᠳᠠᠯᠢ ᠥᠷᠭᠥᠭᠡ ᠪᠡᠨ ᠪᠠᠶᠢᠩᠭᠤ ᠰᠢᠯᠵᠢᠭᠦᠯᠦᠨ ᠨᠡᠭᠦᠯᠭᠡᠳᠡᠭ ᠪᠠᠶᠢᠴᠠᠢ᠃ ᠡᠮᠦᠨᠡᠲᠦ ᠰᠢᠩᠠᠵᠢᠭᠠᠨ ᠴᠥᠯᠡᠷᠬᠡᠭ ᠭᠠᠵᠠᠷ ᠪᠠᠶᠢᠭᠰᠠᠨ ᠲᠤᠯᠠ ᠮᠣᠭᠣᠯ ᠨᠣᠶᠠᠳ ᠤᠨ ᠥᠷᠭᠥᠭᠡ ᠲᠡᠨᠳᠡ ᠪᠠᠶᠢᠷᠢᠯᠠᠳᠠᠭ ᠦᠭᠡᠢ ᠪᠠᠶᠢᠪᠠ᠃ ᠬᠠᠷᠢᠨ ᠣᠶᠢᠷᠠᠳ ᠬᠣᠶᠢᠳᠤ ᠰᠢᠩᠠᠵᠢᠶᠠᠨ ᠢ ᠡᠵᠡᠯᠡᠵᠦ ᠮᠣᠭᠣᠯᠢᠰᠲᠠᠨ ᠢ ᠲᠠᠰᠤᠷᠠᠯᠲᠠ ᠦᠭᠡᠢ ᠳᠣᠪᠲᠣᠯᠬᠤ ᠪᠣᠯᠤᠭᠰᠠᠨ ᠲᠤᠯᠠ ᠮᠣᠭᠣᠯᠴᠤᠳ ᠨᠡᠶᠢᠰᠯᠡᠯ ᠢᠶᠡᠨ ᠤᠷᠤᠭᠰᠢ ᠰᠢᠯᠵᠢᠭᠦᠯᠵᠦ ᠡᠮᠦᠨᠡᠲᠦ ᠰᠢᠩᠠᠵᠢᠶᠠᠨ ᠢ ᠰᠢᠭᠤᠳ ᠤᠳᠤᠷᠢᠳᠬᠤ ᠪᠣᠯᠵᠠᠢ᠃ ᠮᠥᠨ ᠲᠡᠳᠡ ᠦᠽᠪᠧᠺᠢᠰᠲᠠᠨ ᠤ ᠲᠠᠱᠺᠧᠨᠲᠹᠧᠷᠭᠠᠨᠢ ᠬᠥᠨᠳᠡᠢ᠂ ᠪᠠᠴᠢᠬᠰᠢᠨ ᠮᠤᠵᠢ ᠶᠢᠨ ᠵᠠᠷᠢᠮ ᠬᠡᠰᠡᠭ ᠢ ᠨᠢᠭᠡ ᠬᠡᠰᠡᠭ ᠵᠠᠬᠢᠷᠴᠢ ᠪᠠᠶᠢᠴᠠᠢ᠃

ᠮᠣᠭᠣᠯᠢᠰᠲᠠᠨ ᠭᠡᠰᠡᠨ ᠨᠡᠷ᠎ᠡ ᠨᠢ "ᠮᠣᠭᠣᠯ" (ᠮᠣᠩᠭᠣᠯ), "ᠰᠲ᠋ᠠᠨ" (ᠭᠠᠵᠠᠷ ᠣᠷᠣᠨ᠂ ᠤᠯᠤᠰ) ᠪᠤᠶᠤ "ᠮᠣᠩᠭᠣᠯ ᠤᠯᠤᠰ", "ᠮᠣᠩᠭᠣᠯᠴᠤᠳ ᠤᠨ ᠣᠷᠣᠨ" ᠭᠡᠰᠡᠨ ᠤᠳᠬ᠎ᠠ ᠲᠠᠢ ᠤᠴᠢᠷ ᠨᠢ ᠡᠨᠳᠡᠬᠢ ᠶᠢᠨ ᠮᠣᠩᠭᠣᠯᠴᠤᠳ ᠴᠠᠭᠠᠳᠠᠢ ᠶᠢᠨ ᠪᠠᠷᠠᠭᠤᠨ ᠬᠡᠰᠡᠭ ᠦᠨ ᠮᠣᠩᠭᠣᠯᠴᠤᠳ ᠲᠠᠢ ᠬᠠᠷᠢᠴᠠᠭᠤᠯᠬᠤ ᠳᠤ ᠮᠣᠩᠭᠣᠯ ᠬᠡᠯᠡ᠂ ᠨᠡᠭᠦᠳᠡᠯᠴᠢᠨ ᠤᠯᠠᠮᠵᠢᠯᠠᠯ᠂ ᠰᠤᠶᠤᠯ ᠢᠶᠠᠨ ᠢᠯᠡᠭᠦᠦ ᠬᠠᠳᠠᠭᠠᠯᠠᠵᠤ ᠦᠯᠡᠳᠡᠭᠰᠡᠨ ᠪᠠᠶᠢᠪᠠ᠃ ᠲᠡᠳᠡ ᠮᠠᠤᠧᠷᠧᠨᠠᠬᠠᠷ ᠤᠨ ᠮᠣᠩᠭᠣᠯᠴᠤᠳ ᠢ ᠥᠭᠡᠷ᠎ᠡ ᠤᠭᠰᠠᠭᠠᠲᠠᠨ ᠲᠠᠢ ᠬᠣᠯᠢᠯᠳᠤᠭᠰᠠᠨ ᠭᠡᠵᠦ ᠦᠵᠡᠵᠦ ᠪᠠᠶᠢᠭᠰᠠᠨ ᠪᠣᠯ ᠮᠠᠤᠧᠷᠧᠨᠠᠬᠠᠷ ᠤᠨ ᠮᠣᠩᠭᠣᠯᠴᠤᠳ ᠯᠠᠯᠤ ᠶᠢᠨ ᠱᠠᠰᠢᠨ ᠳᠤ ᠣᠷᠣᠭ᠎ᠠ ᠦᠭᠡᠢ᠂ ᠨᠡᠭᠦᠳᠡᠯᠴᠢᠨ ᠮᠣᠭᠣᠯᠢᠰᠲᠠᠨᠴᠤᠳ ᠢ ᠵᠡᠷᠯᠢᠭ ᠳᠡᠭᠡᠷᠡᠮᠴᠢᠳ ᠭᠡᠳᠡᠭ ᠪᠠᠶᠢᠪᠠ᠃[1] ᠮᠣᠭᠣᠯᠢᠰᠲᠠᠨ᠂ ᠲᠡᠮᠦᠷ ᠦᠨ ᠤᠯᠤᠰ ᠍ ᠤᠨ ᠵᠠᠷᠢᠮ ᠮᠣᠩᠭᠣᠯᠴᠤᠳ ᠢ 16 ᠍ ᠳᠦᠭᠡᠷ ᠵᠠᠭᠤᠨ ᠤ ᠰᠡᠭᠦᠯ ᠬᠦᠷᠲᠡᠯ᠎ᠡ ᠮᠣᠩᠭᠣᠯ ᠬᠡᠯᠡ ᠪᠡᠷ ᠢᠶᠡᠨ ᠶᠠᠷᠢᠭᠰᠠᠨ ᠬᠡᠪ ᠢᠶᠡᠷ ᠪᠠᠶᠢᠭᠰᠠᠨ ᠪᠠᠶᠢᠵᠤ ᠮᠠᠭᠠᠳ ᠦᠭᠡᠢ ᠭᠡᠵᠦ ᠵᠠᠷᠢᠮ ᠡᠷᠳᠡᠮᠲᠡᠳ ᠲᠠᠭᠠᠮᠠᠭᠯᠠᠳᠠᠭ᠃

ᠮᠣᠭᠣᠯᠴᠤᠳ ᠬᠣᠵᠢᠮ ᠨᠢ ᠯᠠᠯᠤ ᠶᠢᠨ ᠱᠠᠰᠢᠨ ᠳᠤ ᠣᠷᠣᠭᠰᠠᠨ ᠨᠢ ᠮᠣᠩᠭᠣᠯ ᠰᠤᠶᠤᠯ ᠢ ᠨᠢ ᠠᠯᠳᠠᠭᠳᠠᠭᠤᠯᠬᠤ ᠳᠤ ᠬᠦᠷᠭᠡᠭᠰᠡᠨ ᠪᠣᠯᠪᠠᠴᠤ ᠲᠡᠷᠡ ᠳᠠᠷᠤᠢ ᠳᠤ ᠪᠠᠨ ᠠᠭᠤᠰᠤᠨ ᠠᠯᠠᠭ᠎ᠠ ᠪᠣᠯᠤᠯ ᠦᠭᠡᠢ ᠠᠯᠲᠠᠨ ᠣᠷᠳᠣ᠂ ᠴᠠᠭᠠᠳᠠᠢ ᠶᠢᠨ ᠮᠣᠩᠭᠣᠯᠴᠤᠳ ᠠᠴᠠ ᠬᠠᠷᠢᠴᠠᠩᠭᠤᠢ ᠬᠣᠵᠢᠭᠤ ᠪᠤᠶᠤ 17 ᠍ ᠳᠦᠭᠡᠷ ᠵᠠᠭᠤᠨ ᠤ ᠦᠶ᠎ᠡ ᠳᠦ ᠪᠦᠷᠢᠨ ᠲᠦᠷᠡᠭᠵᠢᠵᠦᠠᠭᠤᠰᠴᠠᠢ᠃

ᠮᠣᠭᠣᠯᠢᠰᠲᠠᠨ ᠪᠤᠶᠤ ᠮᠣᠭᠣᠯ ᠭᠡᠰᠡᠨ ᠨᠡᠷ᠎ᠡ ᠨᠢ ᠬᠡᠳᠦ ᠬᠡᠳᠦᠨ ᠤᠳᠬ᠎ᠠ ᠲᠠᠢ᠃ ᠢᠪᠴᠤᠤ ᠤᠳᠬ᠎ᠠ ᠪᠠᠷ ᠢᠶᠠᠨ ᠮᠣᠭᠣᠯᠢᠰᠲᠠᠨ ᠤ ᠪᠤᠶᠤ ᠵᠡᠭᠦᠨ ᠴᠠᠭᠠᠳᠠᠢ ᠶᠢᠨ ᠤᠯᠤᠰ ᠤᠨ ᠨᠡᠭᠦᠳᠡᠯᠴᠢᠨ ᠮᠣᠩᠭᠣᠯᠴᠤᠳ ᠪᠣᠯᠬᠤ ᠪᠠᠷᠯᠠᠰ᠂ ᠠᠷᠤᠯᠠᠳ᠂ ᠪᠠᠭᠠᠷᠢᠨ᠂ ᠬᠡᠷᠡᠶᠢᠳ᠂ ᠳᠤᠯ ᠳᠤ ᠵᠡᠷᠭᠡ ᠮᠣᠩᠭᠣᠯᠴᠤᠳ ᠢ ᠮᠣᠭᠣᠯ᠂ ᠮᠣᠭᠣᠯᠢᠰᠲᠠᠨᠴᠤᠤᠳ ᠭᠡᠵᠦ ᠨᠡᠷᠡᠯᠡᠳᠡᠭ᠃ ᠡᠨᠳᠡ ᠮᠣᠩᠭᠣᠯ ᠨᠣᠶᠠᠳ ᠠᠴᠠ ᠭᠠᠳᠠᠨ᠎ᠠ ᠲᠡᠳᠡᠨ ᠦ ᠠᠯᠪᠠᠲᠤ ᠪᠣᠯᠬᠤ ᠴᠥᠭᠡᠨ ᠦᠭᠡᠢ ᠲᠣᠭᠠᠨ ᠤ ᠮᠣᠩᠭᠣᠯᠴᠤᠳ ᠪᠠᠶᠢᠴᠠᠢ᠃ ᠮᠥᠨ ᠮᠣᠩᠭᠣᠯ ᠪᠣᠯᠤᠨ ᠬᠦᠮᠦᠨ ᠠᠮᠠ ᠶᠢᠨ ᠶᠡᠬᠡᠩᠬᠢ ᠬᠡᠰᠡᠭ ᠪᠣᠯᠬᠤ ᠲᠦᠷᠦᠭ ᠢᠷᠭᠡᠳ ᠢ ᠶᠡᠷᠦᠩᠬᠡᠢ ᠳᠤ ᠨᠢ ᠮᠣᠭᠣᠯ ᠭᠡᠵᠦ ᠨᠡᠷᠡᠯᠡᠳᠡᠭ᠃ ᠮᠣᠭᠣᠯᠢᠰᠲᠠᠨ ᠳᠤ ᠨᠡᠭᠦᠳᠡᠯᠴᠢᠨ ᠢᠷᠭᠡᠳ ᠨᠡᠯᠢᠶᠡᠨ ᠪᠠᠶᠢᠭᠰᠠᠨ ᠴᠤ ᠵᠠᠷᠢᠮ ᠬᠡᠰᠡᠭ ᠨᠢ ᠬᠠᠰᠠᠭ ᠤᠨ ᠪᠦᠷᠢᠯᠳᠦᠬᠦᠨ ᠳᠦ ᠣᠷᠣᠵᠤ ᠨᠡᠭᠦᠳᠡᠯᠴᠢᠳ ᠦᠨ ᠲᠣᠭ᠎ᠠ ᠨᠢ ᠴᠥᠭᠡᠷᠡᠭᠰᠡᠨ ᠮᠥᠨ ᠨᠡᠭᠦᠳᠡᠯᠴᠢᠨ ᠮᠣᠩᠭᠣᠯᠴᠤᠳ ᠯᠠᠯᠤ ᠶᠢᠨ ᠱᠠᠰᠢᠨ ᠳᠤ ᠣᠷᠣᠨ ᠤᠶᠢᠭᠤᠷᠵᠢᠵᠤ ᠡᠬᠢᠯᠡᠭᠰᠡᠨ ᠵᠡᠷᠭᠡ ᠰᠢᠯᠲᠠᠭᠠᠨ ᠢᠶᠠᠷ ᠶᠠᠪᠤᠭᠠᠨ ᠳᠠᠭᠠᠨ ᠪᠦᠭᠦᠳᠡ ᠰᠠᠭᠤᠷᠢᠰᠢᠮᠠᠯ ᠢᠷᠭᠡᠳ ᠪᠣᠯᠤᠨ ᠬᠤᠪᠢᠷᠠᠵᠠᠢ᠃

ᠯᠠᠯᠤ ᠶᠢᠨ ᠱᠠᠰᠢᠨ ᠳᠤ ᠣᠷᠣᠭᠰᠠᠨ ᠮᠣᠭᠣᠯᠢᠰᠲᠠᠨ ᠤ ᠨᠣᠶᠠᠳ ᠣᠶᠢᠷᠠᠳ ᠤᠨ ᠳᠣᠪᠲᠣᠯᠭᠠᠨ ᠠᠴᠠ ᠬᠠᠮᠠᠭᠠᠯᠠᠬᠤ ᠶᠢᠨ ᠲᠤᠯᠠᠳᠠ 15 ᠍ ᠳᠦᠭᠡᠷ ᠵᠠᠭᠤᠨ ᠤ ᠳᠤᠮᠳᠠ ᠦᠶ᠎ᠡ ᠳᠦ ᠮᠣᠭᠣᠯᠢᠰᠲᠠᠨ ᠤ ᠬᠠᠷᠢᠶᠠᠨ ᠳᠤ ᠪᠠᠶᠢᠭᠰᠠᠨ ᠳᠣᠯᠣᠭᠠᠨ ᠤᠰᠤᠠᠨᠳᠠ ᠨᠡᠭᠦᠵᠦ ᠢᠷᠡᠭᠰᠡᠨ ᠨᠡᠭᠦᠳᠡᠯᠴᠢᠨ ᠦᠽᠡᠪᠸᠺᠢᠰᠲᠠᠨ ᠤᠳ ᠪᠤᠶᠤ ᠣᠳᠣ ᠶᠢᠨ ᠬᠠᠰᠠᠭ ᠦᠳ ᠲᠤ ᠭᠠᠵᠠᠷ ᠣᠯᠭᠤᠵᠠᠢ᠃ ᠳᠣᠯᠣᠭᠠᠨ ᠤᠰᠤ ᠨᠢ ᠣᠳᠣ ᠶᠢᠨ ᠵᠡᠭᠦᠨ ᠡᠮᠦᠨᠡᠲᠦ ᠬᠠᠰᠠᠭᠰᠲ᠋ᠠᠨ ᠪᠤᠶᠤ ᠪᠠᠯᠬᠠᠰ ᠨᠠᠭᠤᠷ ᠠᠴᠠ ᠵᠡᠭᠦᠨ ᠡᠮᠦᠨᠡᠲᠦ ᠵᠦᠭ ᠲᠤ ᠪᠠᠶᠢᠳᠠᠭ ᠨᠤᠲᠤᠭ ᠢ ᠬᠠᠮᠤᠷᠳᠠᠭ᠃ ᠬᠠᠰᠠᠭ ᠨᠣᠶᠠᠳ ᠮᠣᠭᠣᠯᠢᠰᠲᠠᠨ ᠤ ᠨᠣᠶᠠᠳ ᠤᠨ ᠠᠳᠠᠯᠢ ᠠᠯᠲᠠᠨ ᠤᠷᠤᠭ ᠤᠨ ᠭᠠᠷᠤᠯ ᠲᠠᠢ᠂ ᠯᠠᠯᠤ ᠶᠢᠨ ᠱᠠᠰᠢᠨ ᠲᠠᠢ ᠪᠠᠶᠢᠭᠰᠠᠨ ᠨᠢ ᠲᠡᠳᠡᠨ ᠢ ᠬᠣᠯᠪᠣᠭ᠎ᠠ ᠲᠣᠭᠲᠠᠭᠠᠬᠤ ᠳᠤ ᠨᠢ ᠨᠥᠯᠦᠭᠡᠯᠡᠭᠰᠡᠨ ᠪᠠᠶᠢᠨ᠎ᠠ᠃ ᠬᠠᠷᠢᠨ ᠣᠶᠢᠷᠠᠳ ᠨᠣᠶᠠᠳ ᠠᠯᠲᠠᠨ ᠤᠷᠤᠭ ᠤᠨ ᠪᠤᠰᠤ ᠭᠠᠷᠤᠯ ᠲᠠᠢ᠂ ᠯᠠᠯᠤ ᠶᠢᠨ ᠱᠠᠰᠢᠨ ᠳᠤ ᠣᠷᠣᠭ᠎ᠠ ᠦᠭᠡᠢ ᠪᠠᠶᠢᠭᠰᠠᠨ ᠨᠢ ᠮᠣᠭᠣᠯᠴᠤᠳ᠂ ᠣᠶᠢᠷᠠᠳ ᠤᠳ ᠤᠨ ᠬᠠᠷᠢᠯᠴᠠᠭ᠎ᠠ ᠶᠢ ᠤᠯᠠᠮ ᠪᠦᠷ ᠬᠣᠯᠠᠳᠠᠭᠤᠯᠵᠠᠢ᠃ ᠮᠣᠭᠣᠯ ᠨᠣᠶᠠᠳ ᠥᠪᠡᠷᠰᠡᠳ ᠢ ᠪᠡᠨ ᠠᠯᠲᠠᠨ ᠤᠷᠤᠭ ᠤᠨ ᠪᠤᠰᠤ ᠭᠠᠷᠤᠯ ᠲᠠᠢ ᠣᠶᠢᠷᠠᠳ ᠨᠣᠶᠠᠳ ᠠᠴᠠ ᠳᠠᠪᠠᠭᠤ ᠪᠠᠶᠢᠷᠢ ᠰᠠᠭᠤᠷᠢ ᠲᠠᠢ ᠭᠡᠵᠦ ᠦᠵᠡᠵᠦ ᠪᠠᠶᠢᠭᠰᠠᠨ ᠪᠠᠶᠢᠨ᠎ᠠ᠃

ᠨᠡᠭᠦᠨ ᠢᠷᠡᠭᠰᠡᠨ ᠬᠠᠰᠠᠭ ᠤᠳ 1456 ᠣᠨ ᠳᠤ ᠬᠠᠰᠠᠭ ᠤᠨ ᠬᠠᠨᠲᠠ ᠤᠯᠤᠰ ᠍ ᠢ ᠪᠠᠶᠢᠭᠤᠯᠤᠨ ᠠᠭᠠᠵᠢᠮ ᠢᠶᠠᠷ ᠭᠠᠵᠠᠷ ᠨᠤᠲᠤᠭ ᠢᠶᠠᠨ ᠲᠡᠯᠡᠭᠰᠡᠨ ᠨᠢ ᠣᠳᠣ ᠶᠢᠨ ᠬᠠᠰᠠᠭᠰᠲ᠋ᠠᠨ ᠤᠯᠤᠰ ᠤᠨ ᠦᠨᠳᠦᠰᠦ ᠪᠣᠯᠵᠠᠢ᠃ ᠬᠠᠷᠢᠨ ᠳᠣᠯᠣᠭᠠᠨ ᠤᠰᠤᠨ ᠳᠤ ᠪᠠᠶᠢᠭᠰᠠᠨ ᠮᠣᠭᠣᠯᠴᠤᠳ ᠬᠠᠰᠠᠭ ᠤᠨ ᠶᠡᠬᠡ ᠣᠷᠳᠣ ᠶᠢᠨ ᠪᠦᠷᠢᠯᠳᠦᠬᠦᠨ ᠳᠦ ᠣᠷᠣᠨ ᠠᠭᠤᠰᠤᠭᠰᠠᠨ ᠪᠠ ᠣᠳᠣ ᠶᠢᠨ ᠶᠡᠬᠡ ᠣᠷᠳᠣ ᠨᠢ ᠦᠨᠳᠦᠰᠦᠨ ᠳᠦ ᠪᠡᠨ ᠪᠠᠷᠠᠭᠤᠨ ᠮᠣᠭᠣᠯᠢᠰᠲᠠᠨᠴᠤᠤᠳ ᠪᠤᠶᠤ ᠳᠣᠯᠣᠭᠠᠨ ᠤᠰᠤᠨ ᠤ ᠮᠣᠭᠣᠯᠴᠢ ᠨᠤᠭᠤᠳ ᠠᠴᠠ (ᠮᠣᠩᠭᠣᠯ ᠤᠨ ᠳᠤᠯ ᠳᠤ/ᠳᠣᠯᠣᠭᠠᠳ᠂ ᠵᠠᠯᠠᠶᠢᠷ ᠭᠡᠬᠦ ᠮᠡᠲᠦ ᠠᠶᠢᠮᠠᠭ ᠪᠣᠯᠤᠨ ᠲᠦᠷᠦᠭ ᠣᠪᠤᠭ ᠠᠶᠢᠮᠠᠭ ᠤᠳ) ᠪᠦᠷᠢᠳᠴᠡᠢ᠃ ᠵᠡᠭᠦᠨ ᠮᠣᠭᠣᠯᠢᠰᠲᠠᠨᠴᠤᠤᠳ ᠳᠣᠲᠣᠭᠠᠳᠤ ᠶᠢᠨ ᠵᠥᠷᠢᠴᠡᠯ ᠦᠨ ᠤᠯᠠᠮ ᠠᠴᠠ ᠶᠠᠪᠤᠭᠠᠨ ᠳᠠᠭᠠᠨ ᠬᠦᠴᠦ ᠨᠢ ᠰᠤᠯᠠᠷᠠᠵᠤ ᠳᠣᠲᠣᠭᠠᠳᠤ ᠶᠢᠨ ᠳᠠᠶᠢᠨ ᠲᠤᠯᠤᠭᠠᠨ ᠠᠴᠠ ᠵᠢᠭᠤᠲᠠᠭᠰᠠᠨ ᠬᠡᠰᠡᠭ ᠨᠢ ᠬᠠᠰᠠᠭ᠂ ᠺᠢᠷᠭᠢᠽᠢ ᠨᠦᠭᠦᠳ ᠦᠨ ᠵᠦᠭ ᠣᠴᠢᠵᠤ ᠪᠠᠶᠢᠰᠤᠨ ᠠᠴᠠ ᠣᠳᠣ ᠶᠢᠨ ᠺᠢᠷᠭᠢᠽᠰᠲ᠋ᠠᠨᠢ ᠺᠢᠷᠭᠢᠽ ᠦᠳ ᠤᠨ ᠳᠤᠮᠳᠠ ᠮᠣᠭᠣᠯ ᠭᠠᠷᠤᠯᠲᠠᠢ ᠣᠯᠠᠨ ᠮᠣᠩᠭᠣᠯ ᠣᠪᠤᠭ ᠪᠤᠢ ᠪᠣᠯᠬᠤ ᠳᠤ ᠬᠦᠷᠭᠡᠭᠰᠡᠨ ᠪᠠᠶᠢᠨ᠎ᠠ᠃ ᠮᠣᠭᠣᠯᠢᠰᠲᠠᠨ ᠢ ᠴᠠᠭᠠᠳᠠᠢ ᠶᠢᠨ ᠤᠳᠤᠮ ᠤᠨ ᠬᠢᠨ ᠵᠠᠬᠢᠷᠴᠢ ᠪᠠᠶᠢᠭᠰᠠᠨ ᠴᠤ ᠶᠠᠪᠤᠭᠠᠨ ᠳᠠᠭᠠᠨ ᠮᠣᠩᠭᠣᠯ ᠤᠨ ᠳᠤᠯ ᠳᠤ ᠪᠤᠶᠤ ᠳᠣᠯᠣᠭᠠᠳ ᠠᠶᠢᠮᠠᠭ ᠤᠨ ᠨᠣᠶᠠᠳ ᠤᠨ ᠬᠦᠴᠦ ᠥᠰᠦᠨ ᠮᠣᠭᠣᠯᠢᠰᠲᠠᠨ ᠤ ᠤᠳᠤᠷᠢᠳᠤᠭᠴᠢ ᠶᠢ ᠥᠪᠡᠷᠰᠡᠳ ᠦᠨ ᠨᠥᠯᠦᠭᠡᠨ ᠳᠦ ᠣᠷᠣᠭᠤᠯᠵᠠᠢ᠃ ᠮᠣᠭᠣᠯᠢᠰᠲᠠᠨ ᠢ ᠴᠠᠭᠠᠳᠠᠢ ᠶᠢᠨ ᠤᠳᠤᠮ ᠤᠨ ᠨᠣᠶᠠᠳ ᠶᠣᠰᠣ ᠲᠡᠳᠦᠢ ᠵᠠᠬᠢᠷᠴᠢ ᠬᠠᠷᠢᠨ ᠲᠡᠳᠡᠨ ᠢ ᠳᠤᠯ ᠳᠤ ᠨᠣᠶᠠᠳ ᠤᠳᠤᠷᠢᠳᠬᠤ ᠪᠠᠶᠢᠳᠠᠯ ᠤᠳᠠᠭᠠᠨ ᠬᠤᠭᠤᠴᠠᠭᠠᠨ ᠳᠤ ᠦᠷᠭᠦᠯᠵᠢᠯᠡᠵᠡᠢ᠃ ᠡᠳᠡᠭᠡᠷ ᠮᠣᠭᠣᠯᠴᠤᠳ ᠣᠯᠠᠨ 100 ᠵᠢᠯ ᠤᠶᠢᠭᠤᠷᠴᠤᠳ ᠢ ᠵᠠᠬᠢᠷᠤᠭᠰᠠᠨ ᠬᠡᠪ ᠢᠶᠡᠷ ᠪᠠᠶᠢᠭᠰᠠᠨ ᠪᠥᠭᠡᠳ ᠲᠡᠳᠡᠨ ᠦ ᠲᠦᠷᠡᠭᠵᠢᠨ ᠠᠭᠤᠰᠬᠤ ᠦᠢᠯᠡ ᠶᠠᠪᠤᠴᠠ ᠬᠠᠰᠠᠭ᠂ ᠺᠢᠷᠭᠢᠽ ᠦᠳ ᠤᠨ ᠳᠤᠮᠳᠠ ᠣᠷᠣᠭᠰᠠᠨ ᠮᠣᠭᠣᠯᠴᠤᠳ ᠠᠴᠠ ᠪᠠᠨ ᠠᠷᠠᠢ ᠤᠳᠠᠭᠠᠨ ᠪᠤᠶᠤ 18 ᠍ ᠳᠦᠭᠡᠷ ᠵᠠᠭᠤᠨ ᠬᠦᠷᠲᠡᠯ᠎ᠡ ᠦᠷᠭᠦᠯᠵᠢᠯᠡᠭᠰᠡᠨ ᠪᠥᠭᠡᠳ ᠲᠡᠳᠡ ᠤᠶᠢᠭᠤᠷ ᠦᠨᠳᠦᠰᠦᠲᠡᠨ ᠳᠤ ᠠᠭᠠᠵᠢᠮ ᠠᠭᠠᠵᠢᠮ ᠢᠶᠠᠷ ᠠᠭᠤᠰᠴᠠᠢ᠃ ᠮᠣᠭᠣᠯᠢᠰᠲᠠᠨ ᠤ ᠮᠣᠩᠭᠣᠯᠴᠤᠳ ᠮᠣᠩᠭᠣᠯ ᠬᠡᠯᠡ᠂ ᠰᠤᠶᠤᠯ ᠢᠶᠠᠨ ᠤᠳᠠᠭᠠᠨ ᠬᠤᠭᠤᠴᠠᠭᠠᠨ ᠳᠤ ᠬᠠᠳᠠᠭᠠᠯᠠᠵᠤ ᠪᠠᠶᠢᠭᠰᠠᠨ ᠤᠴᠢᠷ ᠺᠷ ᠤᠮᠺᠣᠺᠠᠨᠳᠬᠠᠰᠠᠩ ᠤᠨ ᠬᠠᠨᠲᠠ ᠤᠯᠤᠰ ᠵᠡᠷᠭᠡ ᠤᠯᠤᠰ ᠲᠠᠢ ᠬᠠᠷᠢᠴᠠᠭᠤᠯᠬᠤ ᠳᠤ ᠵᠢᠩᠬᠢᠨᠢ ᠮᠣᠩᠭᠣᠯᠴᠤᠳ ᠤᠨ ᠤᠯᠤᠰ ᠭᠡᠵᠦ ᠦᠵᠡᠳᠡᠭ᠃ ᠢᠯᠠᠩᠭᠤᠶ᠎ᠠ 15 ᠍ ᠳᠦᠭᠡᠷ ᠵᠠᠭᠤᠨ ᠤ ᠳᠤᠮᠳᠠ ᠦᠶ᠎ᠡ ᠳᠦ ᠬᠡᠳᠦ ᠬᠡᠳᠦᠨ ᠬᠡᠰᠡᠭ ᠲᠦ ᠬᠤᠪᠢᠶᠠᠭᠳᠠᠨ ᠪᠤᠲᠠᠷᠠᠬᠤ ᠬᠦᠷᠲᠡᠯᠡᠬᠢ ᠦᠶ᠎ᠡ ᠶᠢᠨ ᠮᠣᠭᠣᠯᠢᠰᠲᠠᠨ ᠪᠣᠯ ᠵᠢᠩᠬᠢᠨᠢ ᠮᠣᠩᠭᠣᠯ ᠤᠯᠤᠰ ᠶᠤᠮ᠃ ᠬᠠᠷᠢᠨ ᠲᠡᠭᠦᠨ ᠡᠴᠡ ᠬᠣᠶᠢᠰᠢᠬᠢ ᠦᠶ᠎ᠡ ᠳᠦ ᠠᠭᠠᠵᠢᠮ ᠢᠶᠠᠷ ᠤᠶᠢᠭᠤᠷᠵᠢᠭ᠌ᠰᠠᠨ ᠤᠴᠢᠷ 17 ᠍ ᠳᠦᠭᠡᠷ ᠵᠠᠭᠤᠨ ᠤ ᠰᠡᠭᠦᠯ ᠬᠦᠷᠲᠡᠯ᠎ᠡ ᠣᠷᠣᠰᠢᠨ ᠲᠣᠭᠲᠠᠨᠢᠭᠰᠠᠨ ᠢᠷᠺᠧᠨᠳ᠋ ᠍ ᠦᠨ ᠬᠠᠨᠯᠢᠭ (1514–1677) ᠵᠡᠷᠭᠡ ᠮᠣᠭᠣᠯᠢᠰᠲᠠᠨ ᠤ ᠰᠠᠯᠪᠤᠷᠢ ᠤᠯᠤᠰ ᠤᠳ ᠢ ᠤᠶᠢᠭᠤᠷᠴᠤᠳ ᠤᠨ ᠤᠯᠤᠰ ᠲᠤ ᠬᠠᠮᠢᠶᠠᠷᠤᠭᠤᠯᠵᠤ ᠪᠣᠯᠬᠤ ᠶᠤᠮ᠃ 1696-1930 ᠣᠨ ᠳᠤ ᠰᠢᠨᠵᠢᠶᠠᠩᠬᠠᠮᠢ ᠲᠣᠭᠣᠷᠢᠭ ᠲᠤ ᠠᠦ᠋ᠲ᠋ᠣᠨᠣᠮᠢᠲᠤ ᠡᠷᠬᠡ ᠲᠡᠢ ᠪᠡᠷ ᠣᠷᠣᠰᠢᠨ ᠲᠣᠭᠲᠠᠨᠢᠭᠰᠠᠨ ᠬᠠᠮ ᠤᠨ ᠬᠠᠨᠲᠠ ᠤᠯᠤᠰ ᠪᠦᠷᠢᠨ ᠲᠦᠷᠢᠭᠵᠢᠭᠰᠡᠨ ᠤᠴᠢᠷ ᠤᠶᠢᠭᠤᠷ ᠤᠨ ᠤᠯᠤᠰ ᠲᠤ ᠬᠠᠮᠢᠶᠠᠷᠤᠭᠳᠠᠨ᠎ᠠ᠃

ᠴᠢᠩᠭᠢᠰ ᠬᠠᠭᠠᠨ ᠢᠯᠡ ᠲᠠᠷᠪᠠᠭᠠᠲᠠᠢ᠂ ᠺᠠᠰᠭᠢᠷ ᠠᠴᠠ ᠲᠷᠠᠨᠰᠣᠺᠰᠠᠨᠢ (ᠣᠳᠣ ᠶᠢᠨ ᠦᠽᠪᠧᠺᠰᠲᠠᠨ᠂ ᠲᠦᠺᠮᠧᠨᠢᠰᠲᠠᠨ) ᠬᠦᠷᠲᠡᠯᠡᠬᠢ ᠣᠳᠣ ᠶᠢᠨ ᠲᠥᠪ ᠠᠽᠢᠶ᠎ᠠ ᠶᠢᠨ ᠰᠲᠠᠨ ᠨᠤᠭᠤᠳ ᠪᠣᠯᠤᠨ ᠢᠷᠠᠨ ᠤ ᠬᠣᠶᠢᠳᠤ ᠬᠡᠰᠡᠭ ᠢ ᠴᠠᠭᠠᠳᠠᠢ ᠳᠤ ᠥᠪᠯᠡᠨ ᠦᠯᠡᠳᠡᠭᠡᠭᠰᠡᠨ ᠢᠶᠡᠷ ᠴᠠᠭᠠᠳᠠᠢ ᠶᠢᠨ ᠮᠡᠳᠡᠯ ᠳᠦ ᠶᠡᠬᠡ ᠮᠣᠩᠭᠣᠯ ᠤᠯᠤᠰ ᠤᠨ ᠪᠦᠷᠢᠯᠳᠦᠬᠦᠨ ᠳᠦ ᠪᠠᠶᠢᠵᠤ ᠪᠠᠶᠢᠭᠠᠳ ᠮᠥᠩᠬᠡ ᠬᠠᠭᠠᠨ ᠤ ᠳᠠᠷᠠᠭ᠎ᠠ ᠪᠠᠷ ᠶᠡᠬᠡ ᠮᠣᠩᠭᠣᠯ ᠤᠯᠤᠰ ᠵᠠᠳᠠᠷᠠᠬᠤ ᠳᠤ ᠡᠷᠴᠢᠰ ᠮᠥᠷᠡᠨ ᠡᠴᠡ ᠠᠹᠬᠠᠨᠨ ᠤ ᠭᠠᠵᠠᠨᠢ ᠬᠣᠲᠠ ᠲᠷᠠᠨᠰᠣᠺᠰᠠᠨ ᠠᠴᠠ ᠲᠠᠷᠢᠮ ᠤᠨ ᠬᠥᠨᠳᠡᠢ ᠬᠦᠷᠲᠡᠯ᠎ᠡ ᠭᠠᠵᠠᠷ ᠨᠤᠲᠤᠭ ᠲᠠᠢ᠂ ᠴᠠᠭᠠᠳᠠᠢ ᠶᠢᠨ ᠤᠳᠤᠮ ᠤᠨ ᠮᠣᠩᠭᠣᠯ ᠤᠳᠤᠷᠢᠳᠤᠯᠭ᠎ᠠ ᠲᠠᠢ ᠴᠠᠭᠠᠳᠠᠢ ᠶᠢᠨ ᠤᠯᠤᠰ ᠭᠡᠭᠳᠡᠨ 1346 ᠣᠨ ᠳᠤ ᠭᠠᠵᠠᠨ ᠬᠠᠭᠠᠨ ᠢ ᠥᠩᠭᠡᠷᠡᠭᠰᠡᠨ ᠦ ᠬᠣᠶᠢᠨ᠎ᠠ ᠪᠠᠷᠠᠭᠤᠨ (ᠲᠷᠠᠨᠰᠣᠺᠰᠠᠨᠢ) ᠵᠡᠭᠦᠨ (ᠮᠣᠭᠤᠯᠢᠰᠲᠠᠨ) (ᠬᠣᠵᠢᠮ ᠪᠠᠷᠠᠭᠤᠨ ᠢ ᠨᠢ ᠺᠠᠰᠭᠢᠷ ᠵᠡᠭᠦᠨ ᠢ ᠨᠢ ᠤᠶᠢᠭᠤᠷᠤᠰᠲᠠᠨ ᠭᠡᠬᠦ ᠪᠣᠯᠤᠭᠰᠠᠨ) ᠬᠡᠰᠡᠭ ᠲᠦ ᠬᠤᠪᠢᠶᠠᠭᠳᠠᠬᠤ ᠬᠦᠷᠲᠡᠯ᠎ᠡ ᠣᠷᠣᠰᠢᠨ ᠲᠣᠩᠨᠠᠵᠠᠢ᠃ XIV ᠵᠠᠭᠤᠨ ᠳᠤ ᠮᠣᠩᠭᠣᠯ ᠤᠨ ᠡᠵᠡᠨᠲᠦ ᠭᠦᠷᠦᠨ ᠵᠠᠳᠠᠷᠠᠬᠤ ᠳᠤ ᠰᠢᠩᠠᠵᠢᠭᠠᠨ ᠮᠣᠭᠣᠯᠢᠰᠲᠠᠨ ᠤ (ᠵᠠᠷᠢᠮ ᠭᠠᠳᠠᠨ᠎ᠠ ᠶᠢᠨ ᠲᠡᠦᠬᠡᠴᠢᠳ ᠴᠠᠭᠠᠳᠠᠢ ᠶᠢᠨ ᠤᠯᠤᠰ ᠢ 1500 ᠣᠨ ᠳᠤ ᠮᠥᠬᠦᠭᠰᠡᠨ ᠭᠡᠬᠦ ᠨᠢ ᠪᠤᠢ) ᠪᠦᠷᠢᠯᠳᠦᠬᠦᠨ ᠳᠦ ᠣᠷᠣᠵᠠᠢ᠃ ᠰᠣᠭᠳᠠ ᠠᠴᠠ ᠳᠠᠮ ᠠᠪᠤᠭᠰᠠᠨ ᠤᠶᠢᠭᠤᠷ ᠪᠢᠴᠢᠭ ᠢ ᠮᠣᠩᠭᠣᠯ ᠤᠨ ᠡᠵᠡᠨᠲᠦ ᠭᠦᠷᠦᠨ ᠲᠥᠷᠥ ᠶᠢᠨ ᠪᠢᠴᠢᠭ ᠢᠶᠡᠨ ᠪᠣᠯᠭᠠᠵᠠᠢ᠃ ᠴᠠᠭᠠᠳᠠᠢ ᠶᠢᠨ ᠤᠯᠤᠰ ᠤᠨ ᠲᠠᠯ᠎ᠠ ᠪᠠᠷ ᠢᠯᠡᠭᠦᠦ ᠲᠣᠳᠣᠷᠠᠭᠤᠯᠬᠤ ᠳᠤ ᠲᠤᠰ ᠤᠯᠤᠰ ᠤᠨ ᠭᠠᠵᠠᠷ ᠨᠤᠲᠤᠭ ᠨᠢ ᠥᠨᠥ ᠶᠢᠨ ᠦᠽᠪᠧᠺᠢᠰᠲᠠᠨ ᠪᠦᠬᠦᠯᠢ ᠳᠦ ᠪᠡᠨ᠂ ᠬᠠᠰᠠᠭᠰᠲ᠋ᠠᠨ ᠤ ᠡᠮᠦᠨᠡᠲᠦ ᠬᠡᠰᠡᠭ᠂ ᠠᠹᠬᠠᠨᠨᠢᠰᠲᠠᠨᠢ ᠬᠣᠶᠢᠳᠤ ᠪᠠ ᠡᠮᠦᠨᠡᠲᠦ ᠬᠡᠰᠡᠭ᠂ ᠥᠨᠥ ᠶᠢᠨ ᠲᠠᠵᠢᠺᠰᠲᠠᠨ᠂ ᠺ ᠤᠭ ᠤᠵᠰᠲ᠋ᠠᠨ ᠪᠦᠬᠦᠯᠢ ᠳᠦ ᠪᠡᠨ ᠪᠠᠭᠳᠠᠵᠣ ᠪᠠᠶᠢᠯ᠎ᠠ᠃ ᠲᠦᠷᠦᠭ ᠦᠳ ᠠᠮᠢᠳᠤᠷᠠᠳᠠᠭ ᠬᠡᠰᠡᠭ ᠢ ᠨᠢ ᠲᠦᠺᠧᠰᠲᠠᠨ ᠭᠡᠵᠦ ᠨᠡᠷᠡᠯᠡᠳᠡᠭ ᠪᠠᠷᠠᠭᠤᠨ ᠬᠡᠰᠡᠭ ᠢ ᠺᠠᠷᠠᠤᠨᠠᠰᠴᠤᠳ ᠭᠣᠣᠯᠯᠠᠨ ᠬᠡᠳᠦ ᠬᠡᠳᠦᠨ ᠠᠶᠢᠮᠠᠭ ᠤᠨ ᠲᠣᠯᠣᠭᠠᠶᠢᠯᠠᠭᠴᠢᠳ ᠮᠡᠳᠡᠨ ᠵᠠᠬᠢᠷᠴᠢ ᠶᠣᠰᠣ ᠲᠡᠳᠦᠢ ᠬᠠᠨ ᠲᠣᠳᠣᠷᠠᠭᠤᠯᠳᠠᠭ ᠪᠠᠶᠢᠪᠠ᠃ ᠵᠡᠭᠦᠨ ᠬᠡᠰᠡᠭ ᠢ ᠨᠢ ᠪᠤᠶᠤ ᠮᠣᠭᠣᠯᠢᠰᠲᠠᠨ ᠢ 1347-1363 ᠣᠨ ᠬᠦᠷᠲᠡᠯ᠎ᠡ ᠲᠥᠭᠡᠯᠢᠭ ᠲᠡᠮᠦᠷ ᠵᠠᠬᠢᠷᠤᠨ ᠮᠣᠩᠭᠣᠯᠴᠤᠳ ᠤᠨ ᠳᠤᠮᠳᠠ ᠡᠷᠬᠡ ᠮᠡᠳᠡᠯ᠎ᠡ ᠨᠡᠮᠡᠭᠳᠡᠭᠦᠯᠦᠨ ᠯᠠᠯᠤ ᠶᠢᠨ ᠱᠠᠰᠢᠨ ᠢ ᠵᠢᠭᠵᠢᠭᠦᠯᠵᠦ᠂ 1360-1361 ᠣᠨ ᠨᠤᠭᠤᠳ ᠲᠤ ᠬᠣᠶᠠᠷᠠᠨᠲᠠ ᠪᠠᠷᠠᠭᠤᠨ ᠬᠡᠰᠡᠭ ᠢ ᠨᠢᠭᠡᠳᠬᠡᠬᠦ ᠣᠷᠣᠯᠳᠤᠯᠭ᠎ᠠ ᠬᠢᠭᠰᠡᠨ ᠪᠣᠯᠪᠠᠴᠤ ᠪᠠᠷᠠᠭᠤᠨ ᠬᠡᠰᠡᠭ ᠦᠨ ᠠᠶᠢᠮᠠᠭ ᠤᠳ ᠤᠨ ᠤᠳᠤᠷᠢᠳᠤᠭᠴᠢᠳ ᠢ ᠪᠦᠷᠢᠨ ᠵᠠᠬᠢᠷᠭᠠᠨ ᠳᠤ ᠪᠠᠨ ᠣᠷᠣᠭᠤᠯᠵᠤ ᠴᠢᠳᠠᠬᠤ ᠦᠭᠡᠢ ᠪᠠᠶᠢᠭᠰᠠᠭᠠᠷ 1363 ᠣᠨ ᠳᠤ ᠥᠭᠡᠳᠡ ᠪᠣᠯᠤᠭᠰᠠᠨ ᠢᠶᠠᠷ ᠮᠣᠭᠣᠯᠴᠤᠳ ᠮᠠᠤᠧᠷᠠᠨᠠᠷ ᠢ (ᠲᠷᠠᠨᠰᠣᠺᠰᠠᠨᠢ) ᠣᠷᠬᠢᠨ ᠭᠠᠷᠴᠤ ᠲᠷᠠᠨᠰᠣᠺᠰᠠᠨ ᠢ ᠺᠠᠷᠠᠤᠨᠠᠰ ᠤᠨ ᠠᠮᠢᠷ ᠬᠤᠰᠧᠢᠨ ᠬᠢᠨᠠᠯᠲᠠᠨ ᠳᠤ ᠪᠠᠨ ᠠᠪᠴᠠᠢ᠃ ᠳᠣᠭᠣᠯᠠᠩ ᠲᠡᠮᠦᠷ ᠥᠪᠡᠷ ᠢ ᠪᠡᠨ ᠴᠢᠩᠭᠢᠰ ᠬᠠᠭᠠᠨ ᠤ ᠬᠣᠶᠢᠴᠢᠰ ᠬᠡᠮᠡᠨ ᠵᠠᠷᠯᠠᠵᠤ᠂ ᠴᠠᠭᠠᠳᠠᠢ ᠶᠢᠨ ᠤᠯᠤᠰ ᠢ ᠰᠡᠷᠭᠦᠭᠡᠬᠦ ᠪᠡᠷ ᠠᠮᠢᠷ ᠬᠤᠰᠧᠢᠨ ᠲᠠᠢ ᠲᠡᠮᠡᠴᠡᠯᠳᠦᠵᠦ ᠡᠬᠢᠯᠡᠨ 1366 ᠣᠨ ᠳᠤ ᠬᠤᠰᠧᠢᠨ ᠪᠣᠯᠤᠨ ᠰᠧᠷᠪᠧᠳᠠᠷ ᠨᠠᠷ ᠢ ᠪᠤᠲᠠ ᠴᠣᠬᠢᠨ ᠰᠠᠮᠠᠷᠺᠠᠨᠳ ᠢ ᠠᠪᠴᠤ᠂ 1369 ᠣᠨ ᠳᠤ ᠲᠷᠠᠨᠰᠣᠺᠰᠠᠨᠢᠳ ᠨᠣᠶᠠᠷᠬᠠᠯ ᠢᠶᠠᠨ ᠲᠣᠭᠲᠠᠭᠠᠨ 1370 ᠣᠨ ᠳᠤ ᠡᠮᠢᠷ ᠭᠡᠭᠳᠡᠨ ᠴᠠᠭᠠᠳᠠᠢ ᠶᠢ ᠤᠯᠤᠰ ᠢ ᠵᠠᠯᠭᠠᠮᠵᠢᠯᠠᠨ 30 ᠭᠠᠷᠤᠨ ᠵᠢᠯ ᠪᠠᠶᠢᠯᠳᠤᠨ ᠳᠠᠭᠠᠭᠤᠯᠤᠯ ᠬᠢᠵᠦ᠂ ᠠᠹᠬᠠᠨᠨᠳ ᠬᠧᠷᠠᠲ ᠤᠨ᠂ ᠫᠧᠷᠰ ᠲᠦ ᠰᠢᠷᠠᠰ ᠤᠨ᠂ ᠢᠷᠠᠺ ᠲᠤ ᠪᠠᠭᠳᠤᠳ ᠤᠨ᠂ ᠡᠨᠡᠳᠬᠡᠭ ᠲᠦ ᠳᠡᠯ ᠦᠨ᠂ ᠰᠠᠷ ᠲᠤ ᠳᠠᠮᠤᠰᠺᠦ᠋ᠰ ᠤᠨ ᠵᠠᠬᠢᠷᠤᠭᠴᠢᠳ ᠢ ᠪᠠᠶᠢᠯᠳᠤᠨ ᠳᠠᠷᠤᠵᠤ ᠭᠠᠵᠠᠷ ᠨᠤᠲᠤᠭ ᠢᠶᠠᠨ ᠲᠡᠯᠡᠵᠡᠢ᠃ ᠲᠡᠷᠡ ᠪᠡᠷ ᠣᠳᠲᠠᠮᠤᠨ ᠲᠦᠷᠦᠭ ᠢ ᠠᠩ ᠢᠶᠠᠷ ᠲᠤ ᠴᠣᠬᠢᠭᠰᠠᠨ ᠤ ᠳᠠᠷᠠᠭ᠎ᠠ ᠮᠣᠩᠭᠣᠯ ᠤᠨ ᠡᠵᠡᠨᠲᠦ ᠭᠦᠷᠦᠨ ᠢ ᠳᠠᠬᠢᠨ ᠪᠠᠶᠢᠭᠤᠯᠬᠤ ᠵᠣᠷᠢᠯᠭ᠎ᠠ ᠪᠠᠷ ᠬᠢᠲᠠᠳ ᠤᠨ ᠮᠢᠩ ᠤᠯᠤᠰ ᠢ ᠳᠠᠶᠢᠯᠠᠬᠤ ᠪᠠᠷ ᠶᠠᠪᠤᠬᠤ ᠵᠠᠮ ᠳᠤ ᠪᠠᠨ 1405 ᠣᠨ ᠳᠤ ᠥᠭᠡᠳᠡ ᠪᠣᠯᠵᠤ᠂ ᠲᠡᠭᠦᠨ ᠦ ᠪᠠᠶᠢᠭᠤᠯᠤᠭᠰᠠᠨ ᠡᠵᠡᠨᠲᠦ ᠭᠦᠷᠦᠨ 1447 ᠣᠨ ᠬᠦᠷᠲᠡᠯ᠎ᠡ ᠲᠡᠭᠦᠨ ᠦ ᠬᠦᠦ ᠬᠧᠷᠠᠲ ᠲᠤ ᠨᠡᠶᠢᠰᠯᠡᠯᠦᠭᠰᠡᠨ ᠰᠢᠬ᠎ᠠ ᠷᠦᠺ ᠤᠨ ᠵᠠᠬᠢᠷᠭᠠᠨ ᠳᠣᠣᠷ᠎ᠠ ᠣᠷᠣᠰᠢᠨ ᠪᠠᠶᠢᠪᠠ᠃ ᠴᠠᠭᠠᠳᠠᠢ ᠶᠢᠨ ᠤᠯᠤᠰ ᠤᠨ ᠵᠡᠭᠦᠨ ᠬᠡᠰᠡᠭ ᠢ ᠴᠠᠭᠠᠳᠠᠢ ᠶᠢᠨ ᠤᠳᠤᠮ ᠤᠨ ᠬᠢᠨ ᠵᠠᠬᠢᠷᠤᠭᠰᠠᠭᠠᠷ ᠵᠠᠷᠢᠮ ᠦᠶ᠎ᠡ ᠳᠦ ᠲᠡᠮᠦᠷ ᠦᠨ ᠤᠳᠤᠮ ᠤᠨ ᠬᠢᠨ ᠲᠠᠢ ᠨᠠᠶᠢᠷᠠᠮᠳᠠᠵᠤ ᠬᠤᠯᠪᠤᠭᠠᠯᠠᠭᠤᠯᠬᠤ᠂ ᠵᠠᠷᠢᠮ ᠦᠶ᠎ᠡ ᠳᠦ ᠪᠠᠶᠢᠯᠳᠤᠬᠤ ᠵᠡᠷᠭᠡ ᠪᠡᠷ 17 ᠍ ᠳᠦᠭᠡᠷ ᠵᠠᠭᠤᠨ ᠬᠦᠷᠴᠦ ᠤᠶᠢᠭᠤᠷ ᠤᠨ ᠠᠫᠠᠭ ᠬᠣᠵᠢᠶ᠎ᠠ ᠪᠣᠯᠤᠨ ᠲᠡᠭᠦᠨ ᠦ ᠤᠳᠤᠮ ᠤᠨ ᠬᠣᠵᠢᠵᠠᠨ ᠨᠤᠭᠤᠳ ᠤᠨ ᠱᠠᠰᠢᠨ ᠤ ᠳᠢᠭᠯᠢᠮ ᠳᠦ ᠪᠠᠶᠢᠷᠢ ᠰᠠᠭᠤᠷᠢ ᠪᠠᠨ ᠠᠯᠠᠳᠠᠭᠰᠠᠨ ᠶᠤᠮ᠃

ᠴᠠᠭᠠᠳᠠᠢ ᠶᠢᠨ ᠬᠠᠭᠠᠨᠲᠤ ᠤᠯᠤᠰ ᠤᠨ ᠦᠶ᠎ᠡ ᠳᠦ ᠬᠠᠷᠬᠠᠨᠯᠢᠭ ᠤᠨ ᠰᠤᠶᠤᠯ ᠲᠡᠷᠢᠭᠦᠯᠡᠨ ᠢᠰᠯᠠᠮ ᠤᠨ ᠰᠤᠶᠤᠯ ᠬᠦᠴᠦᠷᠬᠡᠭᠵᠢᠨ ᠬᠠᠷᠤᠬᠣᠵᠢᠭ ᠤᠨ ᠪᠤᠳ᠋ᠳ᠋ᠾᠠᠶᠢᠰᠲ ᠤᠳ ᠯᠠᠯᠤ ᠶᠢᠨ ᠱᠠᠰᠢᠨ ᠳᠤ ᠣᠷᠣᠴᠠᠭᠠᠭᠰᠠᠨ ᠪᠥᠭᠡᠳ ᠨᠣᠶᠠᠷᠬᠠᠭᠴᠢ ᠠᠩᠭᠢ ᠶᠢ ᠮᠣᠭᠣᠯᠴᠤᠳ᠂ ᠰᠠᠭᠤᠷᠢᠨ ᠬᠦᠮᠦᠰ᠂ ᠬᠤᠳᠠᠯᠳᠤᠭᠠᠴᠢᠳ ᠢ ᠰᠠᠷᠠᠲᠤ ᠨᠤᠭᠤᠳ᠂ ᠲᠠᠷᠢᠶᠠᠴᠢᠳ ᠢ ᠲᠠᠷᠠᠩᠴᠢ ᠨᠤᠭᠤᠳ ᠭᠡᠳᠡᠭ ᠪᠠᠶᠢᠪᠠ᠃ ᠡᠨᠡ ᠨᠡᠷᠡᠰᠢᠯ ᠲᠦᠷᠹᠠᠨ ᠺᠠᠰᠭᠢᠷ ᠠᠴᠠ ᠭᠠᠳᠠᠨ᠎ᠠ ᠲᠷᠠᠨᠰᠣᠺᠰᠠᠨᠢᠳ ᠴᠤ ᠭᠡᠰᠡᠨ ᠲᠡᠮᠦᠷ ᠦᠨ ᠬᠢᠨ ᠡᠰᠡᠪᠡᠯ ᠴᠠᠭᠠᠳᠠᠢ ᠶᠢᠨ ᠤᠳᠤᠮ ᠤᠨ ᠬᠢᠨ ᠤ ᠬᠡᠨ ᠨᠢ ᠲᠥᠷᠥ ᠪᠠᠷᠢᠬᠤ ᠠᠴᠠ ᠦᠯᠦ ᠰᠢᠯᠲᠠᠭᠠᠯᠠᠨ ᠠᠳᠠᠯᠢᠬᠠᠨ ᠪᠠᠶᠢᠪᠠ᠃ ᠣᠳᠣ ᠶᠢᠨ ᠦᠽᠡᠪᠸᠺᠢᠰᠲᠠᠨ ᠪᠣᠯᠤᠨ ᠤᠶᠢᠭᠤᠷ ᠲᠤ ᠣᠳᠣ ᠶᠢ ᠬᠦᠷᠲᠡᠯ᠎ᠡ ᠡᠨᠡ ᠣᠶᠢᠯᠠᠭᠠᠯᠲᠠ ᠬᠦᠴᠦᠲᠡᠢ ᠪᠠᠶᠢᠳᠠᠭ ᠪᠠᠶᠢᠨ᠎ᠠ᠃

15 ᠍ ᠳᠦᠭᠡᠷ ᠵᠠᠭᠤᠨ ᠤ ᠡᠬᠢᠨ ᠦᠶ᠎ᠡ ᠳᠦ ᠸᠡᠶᠢᠰ ᠬᠠᠨ (1418—1421, 1425—1428) ᠣᠶᠢᠷᠠᠳ ᠲᠠᠢ 61 ᠤᠳᠠᠭ᠎ᠠ ᠲᠤᠯᠤᠯᠳᠤᠵᠤ 1 ᠢᠯᠠᠯᠲᠠ ᠪᠠᠶᠢᠭᠤᠯᠵᠤ 2 ᠤᠳᠠᠭ᠎ᠠ ᠣᠯᠵᠠᠯᠠᠭᠳᠠᠵᠠᠢ᠃ ᠲᠡᠷᠡ ᠡᠬᠢᠨ ᠦ ᠤᠳᠠᠭ᠎ᠠ ᠣᠯᠵᠠᠯᠠᠭᠳᠠᠬᠤ ᠳᠤ ᠪᠠᠨ ᠶᠡᠬᠡ ᠬᠡᠮᠵᠢᠶᠡᠨ ᠦ ᠵᠣᠯᠢᠶᠠᠰᠤ ᠲᠥᠯᠦᠵᠦ ᠴᠢᠯᠦᠭᠡᠯᠡᠭᠳᠡᠵᠡᠢ᠃ ᠲᠡᠭᠦᠨ ᠢ ᠬᠣᠶᠠᠷ ᠳ᠋ᠡᠬᠢ ᠤᠳᠤᠭ᠎ᠠ ᠪᠠᠨ ᠣᠯᠵᠠᠯᠠᠭᠳᠠᠬᠤ ᠳᠤ ᠣᠶᠢᠷᠠᠳ ᠤᠨ ᠨᠣᠶᠠᠨ ᠡᠰᠡᠨ ᠲᠠᠶᠢᠱᠢ "ᠡᠨᠡ ᠤᠳᠠᠭ᠎ᠠ ᠳᠤ ᠪᠢ ᠴᠢᠮᠠᠢ ᠵᠦᠭᠡᠷ ᠶᠠᠪᠤᠭᠤᠯᠬᠤ ᠦᠭᠡᠢ᠃ ᠴᠢ ᠨᠠᠳᠠ ᠳᠤ ᠡᠭᠡᠴᠢ ᠮᠢᠬᠠᠲᠤᠮ ᠬᠠᠨᠢᠮᠠ ᠵᠣᠯᠢᠶᠠᠰᠤᠨ ᠳᠤ ᠥᠭᠬᠦ ᠶᠣᠰᠣᠲᠠᠢ" ᠭᠡᠵᠡᠢ᠃ ᠢᠩᠭᠢᠭᠡᠳ ᠸᠡᠶᠢᠰ ᠬᠠᠨ ᠱᠠᠭᠠᠷᠳᠠᠯᠭ᠎ᠠ ᠶᠢ ᠨᠢ ᠪᠡᠶᠡᠯᠡᠭᠦᠯᠵᠦ ᠳᠠᠬᠢᠨ ᠣᠯᠵᠠᠨ ᠠᠴᠠ ᠠᠩᠭᠢᠵᠢᠷᠠᠭᠰᠠᠨ ᠪᠠᠶᠢᠨ᠎ᠠ᠃[2] 1428 ᠣᠨ ᠳᠤ ᠮᠣᠭᠣᠯᠴᠤᠳ ᠤᠨ ᠳᠤᠮᠳᠠ ᠵᠥᠷᠢᠴᠡᠯ ᠡᠭᠦᠰᠴᠢ ᠸᠡᠶᠢᠰ ᠬᠠᠨ ᠠᠯᠠᠭᠳᠠᠵᠠᠢ᠃

ᠮᠣᠭᠣᠯᠢᠰᠲᠠᠨ ᠨᠢ XIV-ᠠᠷᠪᠠᠨ ᠲᠠᠪᠤᠳᠤᠭᠠᠷ ᠵᠠᠭᠤᠨ ᠤ ᠦᠶ᠎ᠡ ᠳᠦ ᠨᠡᠭᠦᠳᠡᠯ ᠦᠨ ᠰᠤᠶᠤᠯ ᠢᠷᠭᠡᠨᠰᠢᠯ ᠳᠠᠪᠠᠮᠠᠭᠠᠶᠢᠯᠠᠭᠰᠠᠨ ᠭᠠᠵᠠᠷ ᠨᠤᠲᠤᠭ ᠪᠠᠶᠢᠭᠰᠠᠨ ᠪᠥᠭᠡᠳ Xᠵᠢᠷᠭᠤᠳᠤᠭᠠᠷ ᠵᠠᠭᠤᠨ ᠤ ᠦᠶ᠎ᠡ ᠳᠦ ᠰᠠᠭᠤᠷᠢᠨ ᠰᠤᠶᠤᠯ ᠢᠷᠭᠡᠨᠰᠢᠯ ᠳᠦ ᠰᠢᠯᠵᠢᠵᠦ᠂ ᠢᠰᠯᠠᠮ ᠍ ᠤᠨ ᠱᠠᠰᠢᠨ ᠢ ᠰᠢᠲᠦᠬᠦ ᠪᠣᠯᠵᠠᠢ᠃ ᠮᠣᠭᠣᠯᠢᠰᠲᠠᠨ ᠤ ᠪᠠᠷᠠᠭᠤᠨ ᠲᠠᠯ᠎ᠠ ᠠᠴᠠ ᠬᠠᠰᠠᠭ ᠤᠳ᠂ ᠵᠡᠭᠦᠨ ᠲᠠᠯ᠎ᠠ ᠠᠴᠠ ᠣᠶᠢᠷᠠᠳ ᠤᠳ ᠳᠣᠪᠲᠣᠯᠬᠤ ᠪᠣᠯᠤᠭᠰᠠᠨ ᠲᠤᠯᠠ ᠮᠣᠭᠣᠯᠢᠰᠲᠠᠨ ᠤ ᠰᠤᠯᠲᠠᠨ ᠰᠢᠳ ᠬᠠᠭᠠᠨ ᠡᠮᠦᠨ᠎ᠡ ᠵᠦᠭ ᠷᠦᠦ ᠨᠡᠭᠦᠵᠦ᠂ ᠢᠷᠺᠧᠨᠳ ᠬᠣᠳᠠ ᠳᠤ ᠨᠡᠶᠢᠰᠯᠡᠯᠯᠡᠵᠦ᠂ ᠤᠯᠤᠰ ᠢᠶᠠᠨ ᠢᠷᠺᠧᠨᠳ᠋ ᠍ ᠤᠨ ᠬᠠᠨᠲᠠ ᠤᠯᠤᠰ ᠬᠡᠮᠡᠨ ᠨᠡᠷᠡᠶᠢᠳᠬᠦ ᠪᠣᠯᠵᠠᠢ᠃ ᠬᠣᠵᠢᠮ ᠨᠢ ᠡᠨᠡ ᠤᠯᠤᠰ ᠺᠠᠰᠢᠭᠠᠷ ᠤᠨ ᠬᠠᠨᠲᠠ ᠤᠯᠤᠰ ᠨᠡᠷ᠎ᠡ ᠲᠡᠢ ᠪᠣᠯᠤᠭᠰᠠᠨ ᠪᠠ ᠮᠥᠨ ᠮᠣᠭᠤᠯ᠂ ᠰᠢᠳ ᠭᠡᠰᠡᠨ ᠨᠡᠷ᠎ᠡ ᠪᠡᠷ ᠨᠡᠷᠡᠯᠡᠭᠳᠡᠵᠦ ᠪᠠᠶᠢᠪᠠ᠃ ᠤᠶᠢᠭᠤᠷ ᠬᠡᠯᠡ ᠪᠡᠷ "ᠮᠠᠮᠯᠠᠺᠠᠲ ᠢ-ᠮᠣᠭᠤᠯ ᠦᠧ" ᠭᠡᠵᠦ ᠨᠡᠷᠡᠯᠡᠳᠡᠭ᠃ ᠠᠷᠪᠠᠨ ᠳᠣᠯᠤᠳᠤᠭᠠᠷ ᠵᠠᠭᠤᠨ ᠤ ᠦᠶ᠎ᠡ ᠳᠦ ᠵᠦᠩᠭᠠᠷ ᠤᠨ ᠬᠠᠭᠠᠨᠲᠤ ᠤᠯᠤᠰ ᠤᠨ ᠭᠠᠯᠳᠠᠨ ᠪᠣᠱᠤᠭᠳᠤ ᠬᠠᠭᠠᠨ ᠢᠷᠺᠧᠨᠳ᠋ ᠍ ᠤᠨ ᠬᠠᠨᠲᠠ ᠤᠯᠤᠰ ᠢ ᠳᠣᠪᠲᠣᠯᠤᠨ ᠡᠵᠡᠯᠡᠭᠰᠡᠨ ᠢᠶᠡᠷ ᠵᠦᠩᠭᠠᠷ ᠤᠨ ᠵᠠᠬᠢᠷᠭᠠᠨ ᠳᠤ ᠣᠷᠣᠭᠰᠠᠨ ᠶᠤᠮ᠃

ᠮᠣᠭᠣᠯᠢᠰᠲᠠᠨ ᠨᠢ 1346 ᠣᠨ ᠠᠴᠠ ᠬᠣᠶᠢᠰᠢ ᠨᠢᠭᠡᠳᠦᠮᠡᠯ ᠪᠠᠶᠢᠳᠠᠯ ᠢᠶᠠᠷ 100 ᠍ ᠊ᠭᠠᠳ ᠵᠢᠯ ᠣᠷᠣᠰᠢᠨ ᠲᠣᠭᠲᠠᠨᠢᠵᠤ ᠪᠠᠶᠢᠭᠠᠳ ᠢᠷᠺᠧᠨᠳ᠋ ᠍ ᠤᠨ ᠬᠠᠨᠲᠠ ᠤᠯᠤᠰ ᠵᠡᠷᠭᠡ ᠬᠡᠳᠦ ᠬᠡᠳᠦᠨ ᠬᠡᠰᠡᠭ ᠲᠦ ᠬᠤᠪᠢᠶᠠᠭᠳᠠᠨ ᠪᠤᠲᠠᠷᠠᠵᠠᠢ᠃ ᠮᠣᠭᠣᠯᠢᠰᠲᠠᠨ᠂ ᠢᠷᠺᠧᠨᠳ᠋ ᠍ ᠤᠨ ᠬᠠᠨᠲᠠ ᠤᠯᠤᠰ ᠢ ᠴᠠᠭᠠᠳᠠᠢ ᠬᠠᠮᠢᠭ᠎ᠠ ᠠᠴᠠ ᠭᠠᠷᠤᠯ ᠲᠠᠢ ᠲᠤᠭᠤᠯᠤᠭᠲᠡᠮᠦᠷ ᠦᠨ ᠤᠭᠰᠠᠭᠠᠨ ᠤ ᠬᠢᠨ ᠵᠠᠬᠢᠷᠴᠢ ᠪᠠᠶᠢᠭᠰᠠᠨ ᠤᠴᠢᠷ ᠴᠠᠭᠠᠳᠠᠢ ᠶᠢᠨ ᠤᠯᠤᠰ ᠢ 1696 ᠣᠨ ᠬᠦᠷᠲᠡᠯ᠎ᠡ ᠣᠷᠣᠰᠢᠨ ᠲᠣᠭᠲᠠᠨᠢᠵᠤ ᠪᠠᠶᠢᠭᠰᠠᠨ ᠭᠡᠵᠦ ᠦᠵᠡᠳᠡᠭ᠃ ᠭᠡᠪᠡᠴᠦ 14 ᠍ ᠳᠦᠭᠡᠷ ᠵᠠᠭᠤᠨ ᠳᠤ ᠴᠠᠭᠠᠳᠠᠢ ᠶᠢᠨ ᠤᠯᠤᠰ ᠪᠦᠬᠦᠯᠢ ᠳᠦ ᠪᠡᠨ ᠲᠡᠮᠦᠷ ᠦᠨ ᠤᠯᠤᠰᠠᠳᠠ ᠡᠵᠡᠯᠡᠭᠳᠡᠭᠰᠡᠨ ᠤᠴᠢᠷ ᠮᠣᠭᠣᠯᠢᠰᠲᠠᠨ᠂ ᠢᠷᠺᠧᠨᠳ᠋ ᠍ ᠤᠨ ᠬᠠᠨᠲᠠ ᠤᠯᠤᠰ ᠨᠢ ᠴᠠᠭᠠᠳᠠᠢ ᠶᠢᠨ ᠤᠯᠤᠰ ᠤᠨ ᠦᠷᠭᠦᠯᠵᠢᠯᠡᠯ ᠪᠠᠶᠢᠭᠰᠠᠨ ᠡᠰᠡᠬᠦ ᠨᠢ ᠮᠠᠷᠭᠤᠭᠠᠨ ᠲᠠᠢ ᠪᠠᠶᠢᠳᠠᠭ᠃ ᠮᠣᠭᠣᠯᠢᠰᠲᠠᠨ ᠠᠴᠠ ᠵᠠᠳᠠᠷᠠᠨ ᠭᠠᠷᠤᠭᠰᠠᠨ ᠤᠯᠤᠰ ᠤᠳ ᠤᠨ ᠨᠢᠭᠡ ᠪᠣᠯᠬᠤ ᠴᠠᠭᠠᠳᠠᠢ ᠶᠢᠨ ᠤᠳᠤᠮ ᠤᠨ ᠬᠠᠮᠢᠯ ᠦᠨ ᠬᠠᠨᠲᠠ ᠤᠯᠤᠰ 1930 ᠣᠨ ᠬᠦᠷᠲᠡᠯ᠎ᠡ ᠰᠢᠩᠠᠵᠢᠶᠠᠨ ᠤ ᠵᠡᠭᠦᠨ ᠬᠣᠶᠢᠳᠤ ᠨᠤᠲᠤᠭ ᠳᠠᠬᠢ ᠬᠠᠮᠢᠯ ᠲᠣᠭᠣᠷᠢᠭ ᠲᠤ ᠣᠷᠣᠰᠢᠨ ᠲᠣᠭᠲᠠᠨᠢᠵᠤ ᠪᠠᠶᠢᠪᠠ᠃

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. ᠳ᠃ᠮᠠᠶᠢᠳᠠᠷ᠂ "ᠴᠢᠩᠭᠢᠰ ᠬᠠᠭᠠᠨ ᠪᠠ ᠮᠣᠩᠭᠣᠯ ᠤᠨ ᠶᠡᠬᠡ ᠭᠦᠷᠦᠨ" 1969
  2. ᠰ᠃ᠺ᠃ ᠢᠪᠷᠠᠭᠢᠮᠣᠸ᠃ ᠮᠠᠲ᠋ᠧᠷᠢᠠᠯ ᠤ ᠫᠣ ᠢᠰᠲ᠋ᠣᠷᠢ ᠬᠠᠰᠠᠭᠰᠺᠢᠬ ᠬᠠᠩᠰᠠᠳᠪ XV-XVIII ᠸᠧᠺᠣᠸ

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]


ᠵᠢᠷᠤᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ