ᠮᠣᠭᠣᠯ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠣᠭᠣᠯ
ᠪᠦᠭᠦᠳᠡ ᠲᠣᠭ᠎ᠠ
40 000 (1990 ᠍ ᠊ᠭᠡᠳ ᠣᠨ ᠳᠤ)
ᠲᠥᠪᠯᠡᠷᠡᠭᠰᠡᠨ ᠭᠠᠵᠠᠷ ᠣᠷᠣᠨ
Flag of Afghanistan.svg ᠠᠹᠬᠠᠨᠨᠢᠰᠲᠠᠨ
ᠬᠡᠯᠡ ᠠᠶᠠᠯᠭᠤ

ᠮᠣᠭᠣᠯ ᠬᠡᠯᠡ

ᠱᠠᠰᠢᠨ ᠰᠢᠲᠦᠯᠭᠡ

ᠢᠰᠯᠠᠮ ᠱᠠᠰᠢᠨ ᠤ ᠰᠤᠩᠨᠢ ᠳᠤ ᠤᠷᠤᠰᠬᠠᠯ

ᠲᠥᠷᠥᠯ ᠠᠷᠠᠳ ᠲᠦᠮᠡᠨ

ᠮᠣᠩᠭᠣᠯ ᠦᠨᠳᠦᠰᠦᠲᠡᠨ

ᠮᠣᠭᠣᠯᠴᠤᠳ ᠨᠢ ᠶᠡᠬᠡ ᠮᠣᠩᠭᠣᠯ ᠤᠯᠤᠰ ᠤᠨ ᠮᠣᠩᠭᠣᠯ ᠴᠡᠷᠢᠭ ᠦᠨ ᠤᠭᠰᠠᠭᠠᠨ ᠤ ᠬᠦᠮᠦᠰ ᠶᠤᠮ᠃ᠲᠡᠳᠡ ᠮᠣᠩᠭᠣᠯ ᠬᠡᠯᠡᠨ ᠳᠦ ᠣᠷᠣᠳᠠᠭ ᠮᠣᠭᠣᠯ ᠬᠡᠯᠡ ᠪᠡᠷ ᠶᠠᠷᠢᠳᠠᠭ ᠪᠠᠶᠢᠭᠰᠠᠨ ᠴᠤ ᠣᠳᠣ ᠶᠡᠬᠡᠩᠬᠢ ᠨᠢ ᠢᠷᠡᠨ ᠬᠡᠯᠡ ᠪᠡᠷ ᠶᠠᠷᠢᠬᠤ ᠪᠣᠯᠤᠭᠰᠠᠨ ᠲᠡᠳᠦᠢ ᠦᠭᠡᠢ ᠪᠤᠰᠤᠳ ᠦᠨᠳᠦᠰᠦᠲᠡᠨ ᠲᠡᠢ ᠬᠣᠯᠢᠯᠳᠤᠭᠰᠠᠨ ᠠᠴᠠ ᠮᠣᠩᠭᠣᠯ ᠲᠥᠷᠬᠥ ᠪᠡᠨ ᠠᠯᠳᠠᠵᠤ ᠵᠠᠷᠢᠮ ᠬᠡᠰᠡᠭ ᠨᠢ ᠧᠦᠷᠣᠫᠠᠵᠢᠭᠤ ᠲᠥᠷᠬᠥ ᠲᠡᠢ ᠪᠣᠯᠵᠠᠢ᠃ᠲᠡᠳᠡ ᠵᠠᠷᠢᠮ ᠳᠤ ᠪᠠᠨ ᠥᠪᠡᠷᠰᠡᠳ ᠢ ᠪᠡᠨ "ᠰᠢᠬᠠᠵᠢᠬᠠᠨ" ᠭᠡᠵᠦ ᠨᠡᠷᠡᠯᠡᠳᠡᠭ ᠤᠴᠢᠷ ᠨᠢ ᠮᠣᠭᠣᠯᠴᠤᠳ ᠶᠡᠬᠡ ᠮᠣᠭᠣᠯ ᠤᠨ ᠬᠠᠭᠠᠨ ᠰᠢᠬ᠎ᠠ ᠵᠢᠬᠠᠨ ᠢ ᠳᠡᠮᠵᠢᠵᠦ ᠡᠨᠡᠳᠬᠡᠭ ᠢ ᠡᠵᠡᠯᠡᠬᠦ ᠴᠡᠷᠢᠭ ᠲᠦ ᠨᠢ ᠨᠢᠭᠡᠳᠴᠦ ᠪᠠᠶᠢᠴᠠᠢ᠃ᠬᠠᠷᠢᠨ ᠶᠡᠬᠡ ᠮᠣᠭᠣᠯ ᠤᠨ ᠮᠣᠭᠣᠯ ᠪᠤᠶᠤ ᠮᠤᠭᠤᠯᠴᠢ ᠨᠤᠭᠤᠳ ᠶᠡᠬᠡᠪᠴᠢᠯᠡᠨ ᠮᠣᠩᠭᠣᠯ ᠪᠤᠰᠤ ᠥᠭᠡᠷ᠎ᠡ ᠭᠠᠷᠤᠯ ᠲᠠᠢ (ᠲᠦᠷᠦᠭ᠂ ᠫᠤᠱᠲᠤᠩ ᠭᠡᠬᠦ ᠮᠡᠲᠦ) ᠴᠡᠷᠢᠭ ᠦᠳ ᠡᠴᠡ ᠪᠦᠷᠢᠳᠦᠭᠰᠡᠨ ᠦᠨᠳᠦᠰᠦᠲᠡᠨ ᠪᠥᠭᠡᠳ ᠴᠥᠭᠡᠨ ᠬᠡᠰᠡᠭ ᠨᠢ ᠴᠠᠭᠠᠳᠠᠢ᠂ ᠪᠠᠷᠯᠠᠰ ᠵᠡᠷᠭᠡ ᠮᠣᠩᠭᠣᠯ ᠣᠪᠤᠭ ᠠᠴᠠ ᠭᠠᠷᠤᠯᠲᠠᠢ ᠬᠦᠮᠦᠰ ᠪᠠᠶᠢᠳᠠᠭ᠃

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠢᠷᠤᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

http://wiki.uhaan.com/index.php?title=ᠮᠣᠭᠣᠯ&oldid=400940》 ᠍  ᠡᠴᠡ ᠠᠪᠤᠭᠰᠠᠨ

ᠪᠢᠴᠢᠭᠡᠰᠦ