ᠮᠣᠭᠠᠳ ᠰᠤᠮᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠮᠣᠭᠠᠳ (ᠮᠣᠭᠠᠳ) ᠨᠢ ᠪᠤᠯᠠᠭᠠᠨ ᠠᠶᠢᠮᠠᠭ ᠤᠨ ᠰᠤᠮᠤ ᠶᠤᠮ᠃

ᠬᠦᠮᠦᠰ[ᠵᠠᠰᠠᠪᠤᠷᠢᠯᠠᠬᠤ | ᠺᠣᠳ᠋ ᠢᠶᠠᠷ ᠵᠠᠰᠠᠬᠣ]


1931 ᠣᠨ ᠤ ᠵᠠᠰᠠᠭ ᠵᠠᠬᠢᠷᠭᠠᠨ ᠤ ᠰᠢᠨ᠎ᠡ ᠵᠣᠬᠢᠶᠠᠨ ᠪᠠᠶᠢᠭᠤᠯᠤᠯᠲᠠ ᠪᠠᠷ ᠪᠠᠶᠢᠭᠤᠯᠤᠭᠳᠠᠭᠰᠠᠨ , ᠨᠤᠲᠤᠭ ᠨᠢ 1820 ᠺᠢᠯᠣᠮᠧᠲ᠋ᠷ ᠰᠤᠮᠤ ᠶᠢᠨ ᠲᠥᠪ ᠨᠢ ᠪᠤᠯᠠᠭᠠᠨ ᠬᠣᠲᠠ ᠠᠴᠠ 131 ᠺᠢᠯᠣᠮᠧᠲ᠋ᠷ ᠤᠯᠠᠭᠠᠨᠪᠠᠭᠠᠲᠤᠷ ᠬᠣᠲᠠ ᠠᠴᠠ 340 ᠺᠢᠯᠣᠮᠧᠲ᠋ᠷ ᠵᠠᠢ ᠳᠤ ᠣᠷᠣᠰᠢᠳᠠᠭ᠃ ᠨᠤᠲᠤᠭ ᠳᠡᠪᠢᠰᠬᠡᠷ ᠨᠢ ᠠᠭᠤᠯᠠ ᠶᠢᠨ ᠬᠠᠷ᠎ᠠ ᠰᠢᠷᠤᠶᠢᠨ ᠬᠥᠷᠥᠰᠥ ᠪᠦᠬᠦᠢ ᠳᠤᠮᠳᠠᠴᠢ ᠥᠨᠳᠥᠷ ᠠᠤᠯᠠᠯᠠᠰ , ᠠᠤᠯᠠᠯᠠᠰ ᠬᠣᠭᠣᠷᠣᠨᠳᠣ ᠶᠢᠨ ᠬᠥᠨᠳᠡᠢ ᠵᠣᠩᠬᠢᠯᠠᠳᠠᠭ᠃ ᠪᠠᠶᠠᠨ ,ᠮᠣᠭᠠᠳ , ᠵᠢᠷᠭᠠᠯᠠᠩᠲᠤ , ᠲᠦᠯᠡᠭᠡ᠂ ᠳᠤᠯᠠᠭᠠᠨ ᠬᠠᠷ᠎ᠠ ᠵᠡᠷᠭᠡ ᠠᠭᠤᠯᠠ ᠲᠠᠢ᠃ ᠶᠡᠬᠡ ,ᠪᠠᠭ᠎ᠠ ᠲᠣᠭᠣᠭ᠎ᠠ ᠬᠡᠮᠡᠬᠦ ᠰᠥᠨᠥᠭᠰᠡᠨ ᠭᠠᠯᠲᠤ ᠠᠭᠤᠯᠠ ᠪᠤᠢ᠃ ᠰᠤᠮᠤ ᠶᠢᠨ ᠨᠤᠲᠤᠭ ᠢᠶᠠᠷ ᠣᠷᠬᠣᠨ , ᠪᠠᠶᠠᠨᠭᠣᠣᠯ , ᠬᠤᠯᠢᠵᠤ , ᠪᠤᠮᠪᠠ ᠳᠤ᠂ᠵᠢᠷᠭᠠᠯᠠᠩᠲᠤ᠂ ᠤᠷᠲᠤ ᠶᠢᠨ ᠭᠣᠣᠯ ᠤᠳ ᠤᠷᠤᠰᠬᠤ ᠪᠥᠭᠡᠳ ᠬᠤᠯᠢᠵᠤ ᠵᠡᠷᠭᠡ ᠬᠠᠯᠠᠭᠤᠨ , ᠬᠦᠢᠲᠡᠨ ᠷᠠᠰᠢᠶᠠᠨ ᠲᠠᠢ ᠡᠬᠡ ᠭᠠᠵᠠᠷ ᠤᠨ ᠡᠷᠡᠰ ᠲᠡᠰᠦ ᠠᠭᠤᠷ ᠠᠮᠢᠰᠬᠤᠯ ᠲᠠᠢ 1 ᠍ ᠍ ᠍ ᠳᠦᠭᠡᠷ ᠰᠠᠷ᠎ᠠ ᠶᠢᠨ ᠳᠤᠮᠳᠠᠴᠢ 20 ᠍ ᠍ ᠍ ᠰ 7 ᠍ ᠍ ᠍ ᠳᠦᠭᠡᠷ ᠰᠠᠷ᠎ᠠ ᠶᠢᠨ ᠳᠤᠮᠳᠠᠴᠢ 18 ᠍ ᠍ ᠍ ᠰ ᠵᠢᠯᠢᠳᠳᠤᠮᠳᠠᠴᠢ ᠪᠠᠷ 200-300 ᠮᠢᠯᠯᠢᠮᠧᠲ᠋ᠷ ᠲᠤᠨᠳᠠᠰᠤ ᠤᠨᠠᠳᠠᠭ᠃ ᠪᠠᠷᠢᠯᠭ᠎ᠠ ᠶᠢᠨ ᠴᠢᠯᠠᠭᠤ ᠥᠩᠭᠡᠲᠦ ᠲᠡᠮᠦᠷᠯᠢᠭ ᠦᠨ ᠬᠥᠳᠡᠷᠢ ᠵᠡᠷᠭᠡ ᠶᠢᠨ ᠢᠯᠡᠷᠡᠴᠡ ᠲᠡᠢ᠃ ᠪᠤᠭᠤ ᠪᠣᠷᠣ ᠭᠥᠷᠥᠭᠡᠰᠦ᠂ ᠴᠢᠨᠣ᠎ᠠ᠂ ᠲᠠᠤᠯᠠᠢ ᠭᠡᠬᠦ ᠮᠡᠲᠦ ᠠᠨ ᠠᠮᠢᠲᠠᠨ ᠲᠣᠭᠣᠳᠠᠭ ,ᠬᠤᠨ , ᠲᠣᠭᠣᠷᠤᠤ᠂ ᠭᠠᠯᠠᠭᠤ ᠵᠡᠷᠭᠡ ᠵᠢᠭᠦᠷᠲᠡᠨ ᠰᠢᠪᠠᠭᠤᠳ ᠲᠠᠢ , ᠰᠢᠨᠡᠰᠦ ᠬᠤᠰᠢ ᠭᠠᠴᠤᠷ᠎ᠠ ᠬᠤᠰᠤᠨ ᠣᠢ ᠲᠠᠢ᠃ ᠪᠤᠲᠠᠯᠢᠭ ᠡᠪᠰᠦᠯᠢᠭ ᠤᠷᠭᠤᠮᠠᠯ ᠲᠠᠢ ᠭᠠᠵᠠᠷ ᠬᠥᠳᠡᠯᠦᠯᠲᠡ ᠶᠢᠨ ᠢᠳᠡᠪᠬᠢᠲᠡᠢ ᠪᠥᠰᠡ ᠳᠦ ᠪᠠᠭᠲᠠᠳᠠᠭ᠃ 1967 ᠣᠨ ᠤ 1 ᠍ ᠍ ᠍ ᠳᠦᠭᠡᠷ ᠰᠠᠷ᠎ᠠ ᠳᠤ 8 ᠍ ᠍ ᠍ ᠶᠢᠨ ᠪᠠᠯᠯ ᠬᠦᠴᠦᠲᠡᠢ ᠭᠠᠵᠠᠷ ᠬᠥᠳᠡᠯᠦᠯᠲᠡ ᠪᠣᠯᠤᠭᠰᠠᠨ ᠠᠴᠠ ᠲᠦᠯᠡᠭᠡ ᠠᠭᠤᠯᠠᠨ ᠠᠴᠠ ᠬᠤᠯᠵᠢ ᠶᠢᠨ ᠭᠣᠣᠯ ᠬᠦᠷᠲᠡᠯ᠎ᠡ 20 km ᠭᠠᠵᠠᠷ ᠬᠠᠭᠠᠷᠠᠵᠤ ᠭᠦᠨᠵᠡᠭᠡᠢ ᠠᠨ ᠴᠠᠪ ᠭᠠᠷᠤᠭᠰᠠᠨ ᠶᠤᠮ᠃ ᠵᠠᠭᠤᠨ ᠤ ᠦᠶ᠎ᠡ ᠳᠦ ᠮᠠᠨ ᠤ ᠨᠤᠲᠤᠭ ᠲᠤ ᠣᠷᠣᠰᠢᠵᠤ ᠪᠠᠶᠢᠭᠰᠠᠨ ᠣᠷᠬᠣᠨ ᠤ ᠲᠦᠷᠦᠭ ᠤᠯᠤᠰ ᠤᠨ ᠳᠤᠷᠠᠰᠬᠠᠯ ᠶᠡᠬᠡ ᠠᠰᠬᠠᠲᠤ ᠶᠢᠨ 2 ᠍ ᠍ ᠍ ᠦᠨ ᠴᠢᠯᠠᠭᠤ ᠨᠢ ᠠᠯᠪᠠ ᠲᠠᠲᠠᠪᠤᠷᠢ ᠬᠤᠷᠢᠶᠠᠭᠴᠢ ᠠᠯᠲᠠᠨ ᠲᠠᠮᠠᠭ᠎ᠠ ᠳᠤ ᠴᠣᠯᠠ ᠲᠠᠢ ᠲᠦᠰᠢᠮᠡᠯ ᠦᠨ ᠳᠤᠷᠠᠰᠬᠠᠯ ᠳᠤ ᠵᠣᠷᠢᠭᠤᠯᠵᠤ ᠪᠣᠰᠬᠠᠭᠰᠠᠨ ᠬᠥᠰᠢᠶ᠎ᠡ ᠶᠤᠮ᠃ ᠲᠡᠭᠦᠨ ᠳᠦ ᠣᠷᠬᠣᠨ –ᠶᠡᠨᠢᠰᠧᠢᠨ ᠲᠦᠷᠦᠭ ᠪᠢᠴᠢᠭᠡᠰᠦ ᠪᠤᠢ᠃ 17 ᠍ ᠍ ᠍ ᠳᠦᠭᠡᠷ ᠵᠠᠭᠤᠨ ᠳᠤ ᠬᠠᠯᠬ᠎ᠠ ᠣᠶᠢᠷᠠᠳ ᠤᠨ ᠪᠠᠶᠢᠯᠳᠤᠭᠠᠨ ᠪᠣᠯᠤᠭᠰᠠᠨ ᠰᠢᠪᠡᠭᠡᠲᠦ ᠥᠨᠳᠥᠷ ᠬᠡᠮᠡᠬᠦ ᠳᠣᠮᠣᠭᠲᠤ ᠠᠭᠤᠯᠠ ᠲᠤᠰ ᠰᠤᠮᠤ ᠶᠢᠨ ᠨᠤᠲᠤᠭ ᠲᠤ ᠪᠠᠶᠢᠳᠠᠭ᠃ 1691 ᠣᠨ ᠳᠤ ᠬᠠᠯᠬ᠎ᠠ ᠶᠢᠨ ᠲᠦᠰᠢᠶᠡᠲᠦ ᠬᠠᠨ ᠤ ᠬᠣᠰᠢᠭᠤᠨ ᠳᠤ ᠬᠠᠷᠢᠶᠠᠯᠠᠭᠳᠠᠵᠤ ᠪᠠᠶᠢᠭᠠᠳ 1912 ᠣᠨ ᠠᠴᠠ ᠰᠤᠨᠳᠤᠢ ᠭᠦᠨ ᠦ 1924 ᠣᠨ ᠠᠴᠠ ᠪᠣᠭᠳᠠ ᠬᠠᠨ ᠠᠭᠤᠯᠠ ᠶᠢᠨ ᠠᠶᠢᠮᠠᠭ ᠤᠨ ᠠᠪᠵᠠᠭ᠎ᠠ ᠬᠠᠶᠢᠷᠬᠠᠨ ᠠᠭᠤᠯᠠ ᠶᠢᠨ , 1931 ᠣᠨ ᠳᠤ ᠠᠷᠤᠬᠠᠩᠭᠠᠢ ᠠᠶᠢᠮᠠᠭ ᠤᠨ ᠬᠠᠷᠢᠶᠠᠨ ᠳᠤ МОГОД ᠰᠤᠮᠤ ᠪᠣᠯᠵᠠᠢ᠃ 1938 ᠣᠨ ᠳᠤ ᠪᠤᠯᠠᠭᠠᠨ ᠠᠶᠢᠮᠠᠭ ᠪᠠᠶᠢᠭᠤᠯᠤᠭᠳᠠᠬᠤ ᠳᠤ ᠲᠡᠭᠦᠨ ᠳᠦ ᠬᠠᠷᠢᠶᠠᠯᠠᠭᠳᠠᠬᠤ ᠪᠣᠯᠵᠠᠢ᠃ ᠪᠠᠷᠠᠨ-ᠤᠩᠭᠧᠷᠠᠨ ᠢ ᠪᠠᠷᠢᠵᠤ ᠵᠥᠪᠯᠡᠯᠲᠦ ᠬᠣᠯᠪᠣᠭᠠᠲᠤ ᠤᠯᠤᠰ ᠳᠦ ᠲᠤᠰᠢᠶᠠᠭᠰᠠᠨ ᠲᠤᠰ ᠬᠣᠰᠢᠭᠤᠨ ᠤ ᠨᠣᠶᠠᠨ ᠠᠯᠳᠠᠷᠲᠤ ᠰᠤᠨᠳᠤᠢ ᠭᠦᠨ ᠮᠣᠩᠭᠣᠯ ᠤᠨ ᠠᠩᠬᠠᠨ ᠤ ᠨᠢᠰᠬᠡᠭᠴᠢ ᠮᠣᠩᠭᠣᠯ ᠤᠯᠤᠰ ᠤᠨ ᠪᠠᠭᠠᠲᠤᠷ ᠴᠤ᠃ᠱᠠᠭᠳᠤᠷᠰᠦ᠋ᠷᠦᠩ , ᠬᠥᠳᠡᠯᠮᠦᠷᠢ ᠶᠢᠨ ᠪᠠᠭᠠᠲᠤᠷ ᠵ᠃ᠪᠠᠭᠠᠰᠤᠨ ,ᠵ᠃ᠳ᠋ᠠᠭᠪᠠ , ᠲᠥᠷᠥ ᠨᠡᠶᠢᠭᠡᠮ ᠤᠨ ᠵᠢᠳᠬᠦᠯᠲᠡᠨ ᠠ᠃ᠳᠠᠨᠽᠠᠨ ᠯᠠ᠃ᠡᠨᠢᠪᠰᠢ ᠳ᠃ᠼᠡᠳᠡᠨ ᠰ᠃ᠭᠦᠨᠳᠡᠨᠪᠠᠯ ᠴ᠃ᠴᠡᠩᠭᠡᠯ ᠨ᠃ᠰᠣᠳᠨᠠᠮᠳᠣᠷᠵᠢ , ᠠᠷᠠᠳ ᠤᠨ ᠵᠦᠵᠦᠭᠡᠴᠢᠨ ᠨ᠃ᠴᠡᠭᠮᠢᠳ , ᠬ᠃ᠴᠣᠶᠢᠪᠠᠯᠰᠠᠩ ᠤᠨ I ᠵᠡᠷᠭᠡ ᠶᠢᠨ ᠱᠠᠩᠨᠠᠯ /ᠲᠥᠷᠥ ᠶᠢᠨ ᠱᠠᠩᠨᠠᠯ/ ᠱᠠᠭᠳᠤᠷᠰᠦ᠋ᠷᠦᠩ ᠦᠨ ᠳᠠᠰᠢᠼᠷᠡᠩ / ᠮᠣᠩᠭᠣᠯ ᠤᠯᠤᠰ ᠤᠨ ᠮᠠᠯ ᠵᠦᠢᠴᠢᠳ ᠡᠴᠡ ᠠᠩᠬ᠎ᠠ ᠤᠳᠠᠭ᠎ᠠ ᠡᠨᠡ ᠱᠠᠩᠨᠠᠯ ᠢ 1961 ᠣᠨ ᠳᠤ ᠬᠦᠷᠢᠲᠦᠭᠰᠡᠨ᠃/ ᠲᠥᠷᠥ ᠶᠢᠨ ᠱᠠᠩᠨᠠᠯᠲᠤ ᠴ᠃ᠴᠢᠩᠵᠣᠷᠢᠭ , ᠲᠥᠷᠥ ᠶᠢᠨ ᠱᠠᠩᠨᠠᠯᠲᠤ ᠡᠷᠳᠡᠮᠲᠡᠨ ᠵᠣᠬᠢᠶᠠᠯᠴᠢ ᠱ᠃ᠭᠠᠳᠠᠮᠪᠠ , ᠳ᠋ᠣᠺᠲ᠋ᠣᠷ ᠴ᠃ᠰᠡᠸᠡᠩ ᠱ᠃ᠳ᠋ᠠᠷᠢᠮ᠎ᠠ ᠨᠠᠷ ᠤᠨ ᠵᠡᠷᠭᠡ ᠠᠯᠳᠠᠷ ᠭᠠᠪᠢᠶᠠᠲᠠᠨ ᠲᠥᠷᠥᠨ ᠭᠠᠷᠴᠠᠢ᠃ 2007 ᠣᠨ ᠤ ᠪᠠᠶᠢᠳᠠᠯ ᠢᠶᠠᠷ 5 ᠍ ᠍ ᠍ ᠶᠢᠨ ᠪᠠᠭ 743 ᠡᠷᠦᠬᠡ 2654 –ᠨ ᠬᠦᠮᠦᠨ ᠠᠮᠠ ᠲᠠᠢ . 187551 ᠲᠡᠮᠡᠭᠡ 0 ,ᠠᠳᠤᠭᠤ 18662 , ᠦᠬᠡᠷ 9718 , ᠬᠣᠨᠢ 105915 ,ᠢᠮᠠᠭ᠎ᠠ 53356

ᠪᠢᠴᠢᠭᠡᠰᠦ