ᠮᠣᠬᠣᠮ ᠢᠶ᠎ᠡ ᠳᠦ ᠠᠯᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠣᠬᠣᠮ ᠢᠶ᠎ᠡ ᠳᠦ ᠠᠯᠢ
Muhammad Ali NYWTS.jpg

ᠪᠣᠺᠰ
ᠲᠥᠯᠦᠭᠡᠯᠡᠳᠡᠭ ᠤᠯᠠᠰ: {{{ᠤᠯᠠᠰ}}}
ᠬᠤᠪᠢ ᠤᠨ ᠮᠡᠳᠡᠭᠡᠯᠡᠯ
ᠪᠦᠲᠦᠨ ᠨᠡᠷ᠎ᠡ ᠮᠣᠬᠣᠮ ᠢᠶ᠎ᠡ ᠳᠦ ᠠᠯᠢ
ᠲᠦᠷᠦᠭᠰᠡᠨ ᠣᠩᠨᠠᠭ᠎ᠠ 1942 ᠣᠨ ᠤ 1 ᠰᠠᠷ᠎ᠠ ᠶᠢᠨ 17
ᠲᠦᠷᠦᠭᠰᠡᠨ ᠭᠠᠵᠠᠷ ᠯᠤᠢᠰᠪᠢᠯᠯᠺᠧᠨ᠋ᠲ᠋ᠠᠺᠺᠢ
 
ᠮᠧᠳᠠᠯ ᠤᠳ
ᠵᠤᠨ ᠤ ᠣᠯᠢᠮᠫᠢᠺ
ᠠᠯᠲᠠ ᠷᠤᠮᠠ 1960 -81 ᠺᠢᠯᠣᠭ᠍ᠷᠠᠮ

ᠮᠣᠬᠣᠮ ᠢᠶ᠎ᠡ ᠳᠦ ᠠᠯᠢ (ᠠᠩᠭᠯᠢ ᠪᠠᠷ Muhammad Ali, ᠬᠠᠭᠤᠴᠢᠨ ᠨᠡᠷ᠎ᠡ ᠨᠢ ᠪᠠᠭ᠎ᠠ ᠺᠠᠰᠰᠢᠤᠰ ᠮᠠᠷᠰᠧᠯᠯᠦᠶᠢᠰ ᠺᠯᠡᠢ Cassius Marcellus Clay, Jr.; 1942 ᠣᠨ ᠤ 1 ᠰᠠᠷ᠎ᠠ ᠶᠢᠨ 17 ᠍ ᠳᠦ ᠲᠦᠷᠦᠭᠰᠡᠨ) ᠨᠢ ᠠᠮᠧᠷᠢᠺᠠ ᠶᠢᠨ ᠨᠢᠭᠡᠳᠦᠭᠰᠡᠨ ᠤᠯᠤᠰ ᠍ ᠤᠨ ᠪᠣᠺᠰᠴᠢᠨ᠂ ᠳᠡᠯᠡᠬᠡᠢ ᠶᠢᠨ ᠬᠦᠨᠳᠦ ᠵᠢᠩ ᠦᠨ ᠠᠪᠤᠷᠭᠤ ᠴᠣᠯᠠ ᠶᠢ 3 ᠤᠳᠠᠭ᠎ᠠ ᠬᠦᠷᠲᠡᠵᠦ᠂ ᠪᠦᠬᠦ ᠴᠠᠭ ᠦᠶ᠎ᠡ ᠶᠢᠨ ᠬᠦᠨᠳᠦ ᠵᠢᠩ ᠦᠨ ᠬᠠᠮᠤᠭ ᠤᠨ ᠠᠭᠤᠤ ᠪᠣᠺᠰᠴᠢᠨ ᠭᠡᠵᠦ ᠨᠡᠶᠢᠲᠡ ᠳᠦ ᠦᠨᠡᠯᠡᠭᠳᠡᠳᠡᠭ ᠲᠠᠮᠢᠷᠴᠢᠨ ᠶᠤᠮ᠃ ᠰᠣᠨᠢᠷᠬᠠᠭᠴᠢ ᠶᠢᠨ ᠪᠣᠺᠰ ᠢᠶᠠᠷ ᠬᠢᠴᠢᠶᠡᠯᠯᠡᠳᠡᠭ ᠪᠠᠶᠢᠬᠤ ᠦᠶᠡᠳᠡᠭᠡ ᠢᠲ᠋ᠠᠯᠢ ᠶᠢᠨ ᠷᠤᠮᠠ ᠬᠣᠳᠠ ᠳᠤ ᠵᠣᠬᠢᠶᠠᠭᠳᠠᠭᠰᠠᠨ 1960 ᠣᠨ ᠤ ᠵᠤᠨ ᠤ ᠣᠯᠢᠮᠫᠣᠳ ᠠᠪᠤᠷᠭᠤᠯᠠᠵᠠᠢ[1]

ᠺᠠᠰᠰᠢᠤᠰ ᠺᠯᠡᠢ ᠭᠡᠳᠡᠭ ᠨᠡᠷ᠎ᠡ ᠲᠡᠢ ᠪᠠᠶᠢᠭᠰᠠᠨ ᠲᠡᠷᠡ ᠪᠡᠷ 1964 ᠣᠨ ᠳᠤ ᠢᠰᠯᠠᠮ ᠍ ᠤᠨ ᠱᠠᠰᠢᠨ ᠳᠤ ᠣᠷᠣᠭᠰᠠᠨ ᠢᠶᠠᠷ ᠨᠡᠷ᠎ᠡ ᠪᠡᠨ ᠮᠣᠬᠣᠮ ᠢᠶ᠎ᠡ ᠳᠦ ᠠᠯᠢ ᠪᠣᠯᠭᠠᠨ ᠰᠣᠯᠢᠵᠠᠢ᠃ 1967 ᠣᠨ ᠳᠤ ᠠᠯᠢ ᠱᠠᠰᠢᠨ ᠰᠢᠲᠦᠯᠭᠡ ᠶᠢᠨ ᠢᠶᠡᠨ ᠤᠯᠠᠮ ᠠᠴᠠ ᠸᠢᠶᠧᠲ᠋ᠨᠠᠮ ᠤᠨ ᠳᠠᠶᠢᠨ ᠍ ᠢ ᠡᠰᠡᠷᠭᠦᠴᠡᠨ᠂ ᠠᠮᠧᠷᠢᠺᠠ ᠶᠢᠨ ᠠᠷᠮᠢ ᠳᠤ ᠠᠯᠪᠠ ᠬᠠᠭᠠᠬᠤ ᠶᠢ ᠲᠠᠲᠠᠭᠠᠯᠵᠠᠭᠰᠠᠨ ᠪᠣᠯᠪᠠᠴᠤ ᠡᠭᠦᠨ ᠦ ᠪᠡᠨ ᠲᠥᠯᠥᠭᠡ ᠪᠠᠷᠢᠪᠴᠢᠯᠠᠭᠳᠠᠨ᠂ ᠪᠣᠺᠰ ᠤᠨ ᠴᠣᠯᠠ ᠬᠡᠷᠭᠡᠮ ᠦᠳ ᠢᠶᠡᠨ᠂ ᠲᠣᠭᠯᠠᠬᠤ ᠡᠷᠬᠡ ᠪᠤᠶᠤ ᠯᠢᠼᠧᠨᠽ ᠡᠴᠡ ᠴᠤ ᠬᠤᠷᠢᠶᠠᠯᠭᠠᠵᠠᠢ᠃ ᠬᠡᠳᠦᠢ ᠱᠣᠷᠣᠩ ᠳᠤ ᠣᠷᠣᠭ᠎ᠠ ᠦᠭᠡᠢ ᠪᠣᠯᠪᠠᠴᠤ ᠲᠡᠭᠦᠨ ᠦ ᠵᠠᠷᠭᠤ ᠶᠢ ᠠᠮᠧᠷᠢᠺᠠ ᠶᠢᠨ ᠨᠢᠭᠡᠳᠦᠭᠰᠡᠨ ᠤᠯᠤᠰ ᠤᠨ ᠳᠡᠭᠡᠳᠦ ᠰᠢᠭᠦᠬᠦ ᠡᠴᠡ ᠬᠦᠯᠢᠶᠡᠨ ᠠᠪᠴᠤ ᠵᠥᠪᠲᠦᠭᠡᠬᠦ ᠬᠦᠷᠲᠡᠯ᠎ᠡ 4 ᠵᠢᠯ ᠣᠷᠴᠢᠮ ᠷᠢᠩᠭᠢᠨ ᠳᠡᠭᠡᠷ᠎ᠡ ᠭᠠᠷᠴᠤ ᠴᠢᠳᠠᠭ᠎ᠠ ᠦᠭᠡᠢ᠃

《ᠬᠠᠮᠤᠭ ᠤᠨ ᠠᠭᠤᠤ》 ᠭᠡᠵᠦ ᠬᠣᠴᠢᠯᠠᠭᠳᠠᠳᠠᠭ ᠪᠠᠶᠢᠭᠰᠠᠨ ᠠᠯᠢ ᠪᠣᠺᠰ ᠤᠨ ᠲᠡᠦᠬᠡᠨ ᠳᠦ ᠪᠢᠴᠢᠭᠳᠡᠭᠰᠡᠨ ᠬᠡᠳᠦ ᠬᠡᠳᠦᠨ ᠲᠣᠭᠯᠠᠯᠲᠠᠨ ᠳᠤ ᠣᠷᠣᠯᠴᠠᠭᠰᠠᠨ᠃ ᠲᠡᠷᠡᠪᠡᠷ ᠮᠡᠷᠭᠡᠵᠢᠯ ᠦᠨ ᠪᠣᠺᠰ ᠤᠨ ᠷᠢᠩᠭᠢᠨ ᠳᠤ ᠨᠡᠶᠢᠲᠡ 61 ᠲᠣᠭᠯᠠᠯᠲᠠ ᠬᠢᠭᠰᠡᠨ ᠡᠴᠡ 56 ᠢᠯᠠᠵᠤ (ᠡᠭᠦᠨ ᠡᠴᠡ 37 ᠨᠢ ᠨᠣᠺᠠᠦ᠋ᠲ ᠢᠶᠠᠷ), 5 ᠢᠯᠠᠭᠳᠠᠭᠰᠠᠨ ᠠᠮᠵᠢᠯᠲᠠ ᠦᠵᠡᠭᠦᠯᠵᠡᠢ[2]᠃ ᠵᠣᠳᠣᠭ ᠲᠠᠶᠢᠯᠤᠭᠰᠠᠨ ᠤ ᠪᠠᠨ ᠳᠠᠷᠠᠭ᠎ᠠ ᠲᠡᠷᠡ ᠪᠡᠷ ᠫᠠᠷᠺᠢᠩᠰᠣᠨ ᠤ ᠡᠪᠡᠳᠴᠢᠨ ᠢᠶᠡᠷ ᠡᠪᠡᠳᠴᠢᠯᠡᠭᠰᠡᠨ᠃ 1999 ᠣᠨ ᠳᠤ ᠠᠯᠢᠭ 《ᠰᠫᠣᠷᠲ᠋ᠰ ᠢᠯᠡᠯᠶᠤᠶᠢᠰᠲ᠋ᠷᠡᠶᠢᠲᠡ ᠳᠦ》 ᠰᠡᠳᠬᠦᠯ᠂ ᠪᠢ-ᠪᠢ-ᠰᠢ ᠲᠧᠯᠧᠸᠢᠽ ᠵᠠᠭᠤᠨ ᠤ ᠰᠢᠯᠢᠳᠡᠭ ᠲᠠᠮᠢᠷᠴᠢᠨ ᠍ ᠪᠠᠷ ᠡᠷᠭᠦᠮᠵᠢᠯᠡᠵᠡᠢ[3]

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. Nathan Ward 《'A Total Eclipse of the Sonny,'》 American Heritage, Oct. 2006.
  2. boxer: Muhammad Ali. BoxRec. 2008-05-20 ᠍ ᠳᠦ ᠬᠠᠨᠳᠤᠭᠰᠠᠨ᠃
  3. "Ali crowned Sportsman of Century", BBC News, 1999-12-13 

ᠪᠢᠴᠢᠭᠡᠰᠦ