ᠮᠣᠩᠭᠣᠯ ᠳᠠᠬᠢ ᠤᠷᠠᠨ ᠪᠠᠷᠢᠯᠭ᠎ᠠ ᠶᠢᠨ ᠳᠤᠷᠠᠰᠬᠠᠯ ᠤᠳ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠮᠣᠩᠭᠣᠯ ᠳᠠᠬᠢ ᠬᠣᠲᠠ ᠰᠠᠭᠤᠷᠢᠩ ᠦᠨ ᠲᠡᠦᠬᠡ ᠨᠢ ᠣᠯᠠᠨ ᠮᠢᠩᠭᠠᠨ ᠵᠢᠯ ᠦᠨ ᠲᠡᠦᠬᠡ ᠲᠡᠢ ᠪᠥᠭᠡᠳ ᠬᠦᠷᠡᠯ ᠵᠡᠪᠰᠡᠭ ᠦᠨ ᠦᠶ᠎ᠡ ᠳᠦ ᠴᠤ ᠬᠦᠮᠦᠰ ᠰᠠᠭᠤᠷᠢᠨ ᠪᠠᠶᠢᠭᠤᠯᠤᠨ ᠣᠷᠣᠰᠢᠨ ᠰᠠᠭᠤᠵᠤ ᠪᠠᠶᠢᠪᠠ᠃ ᠮᠣᠩᠭᠣᠯ ᠤᠨ ᠣᠷᠬᠣᠨ ᠭᠣᠣᠯ ᠍ ᠤᠨ ᠬᠥᠨᠳᠡᠢ ᠳᠤ ᠾᠢᠦᠩᠨᠦ᠂ ᠨᠢᠷᠤᠨ᠂ ᠲᠦᠷᠡᠭ ᠤᠯᠤᠰ᠂ ᠤᠶᠢᠭᠤᠷ ᠤᠯᠤᠰ᠂ ᠵᠡᠭᠦᠨ ᠲᠦᠷᠦᠭ ᠦᠨ ᠬᠠᠭᠠᠨᠲᠤ ᠤᠯᠤᠰ᠂ ИМУ᠂ ᠪᠤᠲᠠᠷᠠᠯ ᠤᠨ ᠦᠶ᠎ᠡ ᠶᠢᠨ ᠮᠣᠩᠭᠣᠯ ᠤᠯᠤᠰ ᠤᠨ ᠨᠡᠶᠢᠰᠯᠡᠯ ᠬᠣᠲᠤ ᠨᠤᠭᠤᠳ ᠣᠷᠣᠰᠢᠵᠤ ᠪᠠᠶᠢᠭᠰᠠᠨ ᠤᠴᠢᠷ ᠮᠣᠩᠭᠣᠯ ᠤᠯᠤᠰ ᠡᠷᠲᠡᠨ ᠡᠴᠡ ᠨᠠᠰᠢ ᠡᠷᠲᠡ᠂ ᠳᠤᠮᠳᠠᠳᠤ ᠵᠠᠭᠤᠨ ᠤ ᠣᠯᠠᠨ ᠤᠯᠤᠰ ᠤᠳ ᠤᠨ ᠤᠯᠤᠰ ᠲᠥᠷᠥ ᠶᠢᠨ ᠲᠥᠪ᠂ ᠲᠡᠦᠬᠡ ᠰᠤᠶᠤᠯ ᠤᠨ ᠭᠣᠣᠯ ᠳᠤᠷᠠᠰᠬᠠᠯ ᠤᠳ ᠢ ᠬᠠᠳᠠᠭᠠᠯᠠᠭᠰᠠᠨ ᠤᠯᠤᠰ ᠪᠣᠯᠵᠤ ᠪᠠᠶᠢᠴᠠᠢ᠃ ᠰᠢᠶᠠᠨᠪᠢ ᠤᠯᠤᠰ ᠤᠨ ᠨᠡᠶᠢᠰᠯᠡᠯ ᠬᠠᠮᠢᠭ᠎ᠠ ᠪᠠᠶᠢᠭᠰᠠᠨ ᠨᠢ ᠲᠣᠳᠣᠷᠬᠠᠢ ᠦᠭᠡᠢ ᠴᠤ ᠤᠯᠤᠰ ᠲᠥᠷᠥ ᠶᠢᠨ ᠲᠥᠪ ᠨᠢ ᠮᠣᠩᠭᠣᠯ ᠳᠤ ᠪᠠᠶᠢᠭᠰᠠᠨ ᠢ ᠳᠡᠯᠡᠬᠡᠢ ᠶᠢᠨ ᠪᠦᠬᠦ ᠲᠡᠦᠬᠡᠴᠢᠳ ᠬᠦᠯᠢᠶᠡᠨ ᠵᠥᠪᠰᠢᠶᠡᠷᠡᠳᠡᠭ᠃ 17-19 ᠍ ᠳᠦᠭᠡᠷ ᠵᠠᠭᠤᠨ ᠳᠤ ᠪᠤᠳ᠋ᠳ᠋ᠾᠠ ᠶᠢᠨ ᠱᠠᠰᠢᠨ ᠤ ᠬᠡᠶᠢᠳᠡᠭᠦᠳᠡ ᠶᠠᠪᠤᠭᠠᠨ ᠳᠠᠭᠠᠨ ᠥᠷᠭᠡᠵᠢᠨ ᠣᠯᠠᠨ ᠬᠦᠮᠦᠨ ᠠᠮᠠ ᠲᠥᠪᠯᠡᠷᠡᠨ ᠰᠠᠭᠤᠷᠢᠰᠢᠵᠤ ᠬᠦᠷᠢᠶ᠎ᠡ ᠪᠤᠶᠤ ᠬᠣᠲᠠ ᠪᠣᠯᠤᠨ ᠲᠡᠯᠡᠭᠰᠡᠨ ᠨᠢ ᠣᠳᠣ ᠶᠢᠨ ᠣᠯᠠᠨ ᠠᠶᠢᠮᠠᠭ ᠤᠨ ᠲᠥᠪ ᠦᠨ ᠦᠨᠳᠦᠰᠦ ᠰᠠᠭᠤᠷᠢ ᠪᠣᠯᠵᠠᠢ᠃

ᠡᠷᠲᠡ᠂ ᠳᠤᠮᠳᠠᠳᠤ ᠵᠠᠭᠤᠨ ᠤ ᠬᠣᠲᠠ ᠰᠠᠭᠤᠷᠢᠨᠤᠭ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠯᠠᠷ ᠡᠷᠲᠡᠨ ᠦ ᠰᠠᠭᠤᠷᠢᠨ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠳᠣᠷᠣᠨᠠᠲᠤ ᠠᠶᠢᠮᠠᠭ ᠤᠨ ᠲᠠᠮᠰᠤᠭᠤᠪᠤᠯᠠᠭ ᠤᠨ ᠬᠦᠷᠡᠯᠡᠶᠢᠨ ᠦᠶ᠎ᠡ ᠶᠢᠨ ᠰᠠᠭᠤᠷᠢᠨ

ᠾᠦᠩᠨᠦ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠯᠤᠨᠴᠢᠨ ᠪᠤᠶᠤ ᠯᠤᠤᠲᠤ ᠬᠣᠲᠠ᠂ ᠾᠦᠩᠨᠦ ᠶᠢᠨ ᠨᠡᠶᠢᠰᠯᠡᠯ

ᠨᠢᠷᠤᠨ ᠤᠯᠤᠰ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠮᠦᠮᠣ᠋ - ᠨᠡᠶᠢᠰᠯᠡᠯ᠂ ᠣᠷᠬᠣᠨ ᠭᠣᠣᠯ ᠤᠨ ᠡᠷᠭᠢ

ᠲᠦᠷᠦᠭ ᠤᠯᠤᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠶᠢᠭᠤᠷ ᠤᠯᠤᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠢᠳᠠᠨ ᠤᠯᠤᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠶᠡᠬᠡ ᠮᠣᠩᠭᠣᠯ ᠤᠯᠤᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠤᠲᠠᠷᠠᠯ ᠤᠨ ᠦᠶ᠎ᠡ ᠶᠢᠨ ᠮᠣᠩᠭᠣᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠶᠡᠬᠡ ᠬᠦᠷᠢᠶ᠎ᠡ - ᠣᠳᠣ ᠶᠢᠨ ᠤᠯᠠᠭᠠᠨᠪᠠᠭᠠᠲᠤᠷ
  • ᠤᠯᠠᠭᠠᠨᠠᠭᠠᠮ ᠨᠢ 1686 ᠣᠨ ᠳᠤ ᠪᠠᠶᠢᠭᠤᠯᠤᠭᠳᠠᠭᠰᠠᠨ ᠭᠡᠵᠦ ᠦᠵᠡᠳᠡᠭ᠃ 1871 ᠣᠨ ᠳᠤ ᠳᠡᠴᠢᠨᠷᠠᠪᠵᠠᠯᠢᠩ ᠬᠡᠶᠢᠳ ᠨᠡᠷ᠎ᠡ ᠲᠡᠢ ᠪᠡᠷ ᠤᠯᠠᠭᠠᠨᠠᠭᠠᠮ ᠬᠡᠶᠢᠳ ᠦᠨ ᠰᠠᠭᠤᠷᠢ ᠲᠠᠯᠪᠢᠭᠳᠠᠭᠰᠠᠨ᠃ 1600 ᠍ ᠊ᠭᠠᠳ ᠣᠨ ᠤ ᠰᠡᠭᠦᠯᠡᠷ ᠣᠳᠣ ᠶᠢᠨ ᠤᠯᠠᠭᠠᠨᠠᠭᠠᠮ ᠬᠣᠲᠠ ᠶᠢᠨ ᠣᠷᠴᠢᠮ ᠳᠤ ᠦᠷ᠎ᠡ ᠲᠠᠷᠢᠶᠠᠨ ᠤ ᠲᠠᠷᠢᠶᠠᠯᠠᠩ ᠪᠠᠶᠢᠭᠰᠠᠨ ᠭᠡᠰᠡᠨ ᠲᠡᠦᠬᠡᠨ ᠪᠠᠷᠢᠮᠲᠠ ᠪᠤᠢ᠃
  • ᠬᠣᠪᠳᠣ (ᠬᠣᠲᠠ) - ᠬᠣᠪᠳᠣ ᠬᠣᠲᠠ ᠶᠢ ᠠᠩᠬ᠎ᠠ 1685 ᠣᠨ ᠳᠤ ᠵᠦᠩᠭᠠᠷ ᠤᠨ ᠭᠠᠯᠳᠠᠨ ᠪᠣᠱᠣᠭᠲᠤ ᠬᠠᠭᠠᠨ ᠥᠨᠥ ᠶᠢᠨ ᠬᠣᠪᠳᠣ ᠭᠣᠣᠯ ᠤᠨ ᠰᠠᠪᠠ ᠳᠤ ᠪᠠᠶᠢᠭᠤᠯᠵᠠᠢ᠃[1] ᠬᠣᠲᠠ ᠶᠢᠨ ᠲᠤᠭᠤᠷᠢ ᠡᠳᠦᠭᠡ ᠬᠣᠪᠳᠣ ᠬᠣᠲᠠ ᠠᠴᠠ 40 ᠣᠷᠴᠢᠮ km ᠵᠠᠢ ᠳᠤ ᠬᠣᠪᠳᠣ ᠰᠤᠮᠤ ᠶᠢᠨ ᠪᠠᠷᠠᠭᠤᠨ ᠰᠠᠯᠠᠭ᠎ᠠ ᠪᠠᠭ ᠤᠨ ᠨᠤᠲᠤᠭ ᠬᠣᠪᠳᠣ ᠭᠣᠣᠯ ᠤᠨ ᠬᠥᠪᠡᠭᠡᠨ ᠦ ᠤᠯᠠᠭᠠᠨ ᠬᠠᠷᠭᠠᠨ᠎ᠠ ᠬᠡᠮᠡᠬᠦ ᠭᠠᠵᠠᠷ ᠪᠤᠢ᠃ ᠬᠣᠲᠠ ᠶᠢᠨ ᠲᠤᠭᠤᠷᠠᠢ ᠠᠴᠠ 4 km ᠵᠠᠢ ᠳᠤ ᠬᠣᠪᠳᠣ ᠭᠣᠣᠯ ᠪᠠᠶᠢᠷᠢᠯᠠᠵᠤ ᠪᠠᠶᠢᠨ᠎ᠠ᠃ ᠬᠣᠪᠳᠣ ᠭᠣᠣᠯ ᠤᠨ ᠬᠥᠪᠡᠭᠡᠨ ᠳᠤ ᠪᠤᠢ ᠡᠯ᠎ᠡ ᠬᠣᠲᠠ ᠶᠢᠨ ᠲᠤᠭᠤᠷᠢ᠂ ᠦᠯᠡᠳᠡᠴᠡ᠂ ᠣᠪᠣᠩ ᠲᠣᠪᠣᠩ ᠳᠠᠯᠠᠨ ᠪᠦᠬᠦᠢ ᠵᠦᠢᠯ ᠢ ᠨᠤᠲᠤᠭ ᠤᠨ ᠠᠷᠠᠳ ᠤᠳ 《ᠬᠡᠷᠡᠮ》 ᠭᠡᠵᠦ ᠨᠡᠷᠡᠯᠡᠨ᠎ᠡ᠃
  • ᠴᠣᠶᠢᠷᠣ᠎ᠠ ᠬᠣᠲᠠ ᠬᠠᠭᠤᠴᠢᠨ ᠰᠡᠴᠡᠨ ᠬᠠᠨ ᠠᠶᠢᠮᠠᠭ ᠤᠨ ᠪᠣᠷᠵᠢᠭᠢᠨ ᠰᠡᠴᠡᠨ ᠸᠠᠩ ᠤᠨ ᠬᠣᠰᠢᠭᠤᠨ ᠤ ᠲᠥᠪ ᠪᠥᠭᠡᠳ ᠪᠣᠷᠵᠢᠭᠢᠨ ᠤ ᠤᠭ ᠭᠠᠷᠤᠯ ᠨᠢ ᠮᠣᠩᠭᠣᠯ ᠲᠥᠷᠥ ᠶᠢ ᠨᠢᠭᠡᠳᠬᠡᠨ ᠵᠠᠬᠢᠷᠴᠢ ᠪᠠᠶᠢᠭᠰᠠᠨ ᠪᠠᠲᠤᠮᠦ᠋ᠩᠬᠡ ᠳᠠᠶᠠᠩ ᠬᠠᠭᠠᠨ ᠤ ᠣᠳᠬᠣᠨ ᠬᠦᠦ ᠭᠡᠷᠰᠡᠩ ᠬᠤᠨ ᠲᠠᠶᠢᠵᠢ ᠶᠢᠨ ᠤᠳᠤᠮ ᠤᠨ ᠳᠠᠯᠠᠢ ᠬᠤᠨ ᠲᠠᠶᠢᠵᠢ ᠶᠢᠨ ᠲᠣᠮᠣ ᠬᠦᠦ ᠴᠡᠪᠳᠠᠨ 1691 ᠣᠨ ᠤ ᠴᠠᠭᠠᠭᠴᠢᠨ ᠬᠣᠨᠢᠨ ᠵᠢᠯ ᠰᠡᠴᠡᠨ ᠬᠠᠨ ᠠᠶᠢᠮᠠᠭ ᠤᠨ ᠪᠣᠷᠵᠢᠭᠢᠨ ᠬᠣᠰᠢᠭᠤ ᠶᠢ ᠪᠠᠶᠢᠭᠤᠯᠵᠤ *ᠵᠠᠰᠠᠭ ᠪᠡᠶᠢᠯᠡ * ᠬᠡᠷᠭᠡᠮ ᠡᠳᠯᠡᠬᠦ ᠪᠣᠯᠤᠭᠰᠠᠨ ᠭᠡᠵᠦ ᠲᠡᠦᠬᠡᠨ ᠰᠤᠷᠪᠤᠯᠵᠢ ᠪᠢᠴᠢᠭ ᠦᠳ ᠲᠦ ᠲᠡᠮᠳᠡᠭᠯᠡᠨ ᠦᠯᠡᠳᠡᠵᠡᠢ᠃
  • ᠴᠡᠴᠡᠷᠯᠢᠭ ᠬᠣᠲᠠ - 1631 ᠡᠰᠡᠪᠡᠯ 1680 ᠍ ᠊ᠭᠠᠳ ᠣᠨ ᠳᠤ ᠪᠠᠶᠢᠭᠤᠯᠤᠭᠳᠠᠭᠰᠠᠨ ᠪᠣᠯᠤᠯᠲᠠᠢ᠃ 1586 ᠣᠨ ᠳᠤ ᠠᠩᠬ᠎ᠠ ᠪᠤᠯᠠᠭᠠᠨ ᠠᠭᠤᠯᠠ ᠶᠢᠨ ᠥᠪᠥᠷ 《ᠴᠢᠨᠣᠲ ᠤᠨ ᠬᠥᠨᠳᠡᠢ》 ᠬᠡᠮᠡᠬᠦ ᠭᠠᠵᠠᠷ ᠲᠤ ᠠᠩᠬ᠎ᠠ ᠵᠠᠶ᠎ᠠ ᠶᠢᠨ ᠬᠦᠷᠢᠶᠡᠨ ᠦ ᠱᠠᠪ ᠢ ᠲᠠᠯᠪᠢᠵᠤ᠂ ᠠᠩᠬᠠᠨ ᠤ ᠳᠤᠭᠠᠩ ᠢ ᠪᠠᠷᠢᠭᠰᠠᠨ ᠬᠡᠮᠡᠨ ᠮᠠᠨᠵᠤ ᠤᠯᠤᠰ ᠤᠨ 《ᠮᠣᠩᠭᠣᠯ᠂ ᠬᠣᠲᠣᠩ/ᠤᠶᠢᠭᠤᠷ ᠸᠠᠩ ᠭᠦᠩᠭᠡ ᠨᠦᠭᠦᠳ ᠦᠨ ᠢᠯᠡᠳᠬᠡᠯ ᠱᠠᠰᠲᠢᠷ》 ᠍ ᠤᠨ 9 ᠍ ᠳᠦᠭᠡᠷ ᠳᠡᠪᠲᠡᠷ ᠲᠦ ᠲᠡᠮᠳᠡᠭᠯᠡᠭᠳᠡᠭᠰᠡᠨ ᠪᠠᠶᠢᠨ᠎ᠠ᠃ ᠬᠠᠷᠢᠨ 11 ᠍ ᠳᠦᠭᠡᠷ ᠵᠢᠷᠠᠨ ᠤ ᠴᠠᠭᠠᠭᠴᠢᠨ ᠬᠣᠨᠢᠨ ᠵᠢᠯ 1631 ᠣᠨ ᠳᠤ ᠥᠷᠭᠡᠳᠬᠡᠨ᠂ ᠰᠡᠯᠪᠢᠵᠦ ᠵᠠᠶ᠎ᠠ ᠶᠢᠨ ᠬᠦᠷᠢᠶᠡᠨ ᠦ ᠠᠩᠬᠠᠨ ᠤ ᠲᠣᠮᠣ ᠳᠤᠭᠠᠩ᠂ ᠬᠡᠶᠢᠳ ᠦᠳ ᠢ ᠪᠠᠷᠢᠵᠤ ᠡᠬᠢᠯᠡᠭᠰᠡᠨ ᠪᠠᠶᠢᠨ᠎ᠠ᠃

ᠠᠪᠠ ᠲᠠᠢ ᠰᠠᠶᠢᠨ ᠬᠠᠨ ᠤ ᠳᠡᠭᠦᠦ ᠲᠦᠮᠡᠩᠬᠡᠨ ᠰᠠᠶᠢᠨ ᠨᠣᠶᠠᠨ ᠤ ᠬᠣᠶᠠᠳᠤᠭᠠᠷ ᠬᠦᠦ ᠪᠡᠲᠡᠭᠡᠰᠦᠵᠠᠪ ᠪᠤᠶᠤ ᠳᠠᠨᠽᠠᠨ ᠯᠠᠮ᠎ᠠ ᠡᠪᠦᠭᠡ ᠡᠴᠢᠭᠡ ᠶᠢᠨ ᠲᠤᠰᠠᠯᠠᠮᠵᠢ ᠪᠠᠷ ᠳᠠᠯᠠᠢ ᠯᠠᠮᠠ ᠲᠠᠢ ᠬᠣᠯᠪᠣᠭ᠎ᠠ ᠲᠣᠭᠲᠠᠭᠠᠨ ᠱᠠᠰᠢᠨ ᠤ ᠦᠢᠯᠡᠰ ᠲᠦ ᠰᠢᠮᠳᠠᠭᠠᠳ ᠨᠡᠷ᠎ᠡ ᠬᠦᠨᠳᠦ ᠶᠢ ᠣᠯᠤᠭᠠᠳ ᠬᠣᠵᠢᠮ ᠨᠢ ᠬᠣᠶᠠᠳᠤᠭᠠᠷ ᠵᠠᠶ᠎ᠠ ᠭᠡᠭᠡᠨ ᠯᠤᠪᠰᠠᠩᠫᠡᠷᠡᠩᠯᠡᠢ 1679 ᠣᠨ ᠳᠤ ᠴᠠᠰᠤᠲᠤ ᠶᠢᠨ ᠣᠷᠣᠨ ᠠᠴᠠ ᠨᠤᠲᠤᠭ ᠲᠤ ᠪᠠᠨ ᠮᠣᠷᠢᠯᠠᠭᠠᠳ ᠳᠡᠭᠡᠷᠡᠬᠢ ᠬᠦᠷᠢᠶᠡᠨ ᠦ ᠰᠠᠭᠤᠷᠢᠨ ᠳᠡᠭᠡᠷ᠎ᠡ ᠳᠥᠷᠪᠡᠨ ᠶᠡᠬᠡ ᠳ᠋ᠠᠴᠠᠩ ᠪᠠᠶᠢᠭᠤᠯᠵᠤ᠂ ᠣᠷᠣᠨ ᠬᠦᠷᠢᠶ᠎ᠡ ᠪᠡᠨ ᠪᠤᠢ ᠪᠣᠯᠭᠠᠭᠰᠠᠨ ᠨᠢ 》ᠵᠠᠶ᠎ᠠ ᠶᠢᠨ ᠬᠦᠷᠢᠶ᠎ᠡ》 ᠭᠡᠭᠳᠡᠭᠰᠡᠨ ᠪᠤᠷᠬᠠᠨ ᠬᠤᠪᠤᠷᠭ᠎ᠠ ᠨᠤᠭᠤᠳ ᠤᠨ ᠶᠡᠬᠡ ᠠᠶᠢᠮᠠᠭ ᠪᠣᠯᠤᠭᠰᠠᠨ ᠠᠵᠢ᠃ [2]

ᠬYII ᠵᠠᠭᠤᠨ ᠤ ᠡᠴᠦᠰ ᠢᠶᠡᠷ ᠵᠠᠶ᠎ᠠ ᠶᠢᠨ ᠬᠦᠷᠢᠶᠡᠨ ᠳᠦ ᠭᠦᠳᠦᠩ ᠰᠦᠮ᠎ᠡ᠂ ᠯᠠᠪᠢᠷᠠᠨ᠂ ᠰᠡᠮᠴᠢᠨ ᠢ ᠪᠠᠶᠢᠭᠤᠯᠵᠤ᠂ 1696 ᠣᠨ ᠳᠤ ᠪᠠᠶᠢᠭᠤᠯᠤᠭᠰᠠᠨ ᠭᠦᠳᠦᠩ ᠰᠦᠮ᠎ᠡ ᠶᠢ ᠨᠢ ᠬᠣᠶᠠᠳᠤᠭᠠᠷ ᠵᠠᠶ᠎ᠠ ᠪᠠᠨᠳᠢᠳᠠ ᠯᠤᠪᠰᠠᠩᠫᠡᠷᠡᠩᠯᠡᠢ ᠥᠪᠡᠷ ᠦᠨ ᠯᠠᠪᠢᠷᠠᠨ ᠪᠣᠯᠭᠠᠭᠰᠠᠨ ᠪᠠᠶᠢᠨ᠎ᠠ᠃

ᠮᠠᠨᠵᠤ ᠶᠢᠨ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠮᠥᠷᠡᠨ ᠬᠣᠲᠠ ᠶᠢᠨ ᠰᠠᠭᠤᠷᠢ ᠨᠢ 1809 ᠣᠨ ᠳᠤ ᠪᠠᠶᠢᠭᠤᠯᠤᠭᠳᠠᠭᠰᠠᠨ᠂ ᠳᠡᠯᠭᠡᠷᠮᠥᠶᠢᠷᠡᠩ ᠦᠨ ᠡᠷᠭᠢ ᠳᠡᠭᠡᠷᠡᠬᠢ ᠮᠥᠷᠥᠩ ᠦᠨ ᠬᠦᠷᠢᠶ᠎ᠡ ᠪᠣᠯᠤᠨ ᠪᠠᠶᠢᠭᠤᠯᠤᠭᠳᠠᠵᠠᠢ᠃
  • ᠤᠯᠢᠶᠠᠰᠤᠲᠠᠢ - 1733 ᠣᠨ
  • ᠴᠣᠶᠢᠪᠠᠯᠰᠠᠩ ᠬᠣᠲᠠ - ᠠᠩᠬ᠎ᠠ 1821 ᠣᠨ ᠳᠤ ᠬᠠᠯᠬ᠎ᠠ ᠶᠢᠨ ᠰᠡᠴᠡᠨ ᠬᠠᠨ ᠤ ᠤᠳᠤᠮ ᠤᠨ ᠮᠢᠵᠦᠦᠷᠳᠣᠷᠵᠢ ᠪᠡᠶᠢᠰᠡ ᠶᠢᠨ ᠰᠠᠨᠠᠭᠠᠴᠢᠯᠠᠭ᠎ᠠ ᠪᠠᠷ ᠱᠠᠰᠢᠨ ᠨᠣᠮ ᠤᠨ ᠵᠢᠱᠢᠶ ᠡ ᠪᠣᠯᠤᠨ ᠬᠣᠰᠢᠭᠤ ᠲᠠᠮᠠᠭ᠎ᠠ ᠶᠢᠨ ᠭᠠᠵᠠᠷ ᠪᠦᠬᠦᠢ ᠰᠠᠭᠤᠷᠢᠨ ᠢ ᠡᠨᠳᠡ ᠪᠠᠷᠢᠵᠤ ᠪᠠᠶᠢᠭᠤᠯᠤᠭᠰᠠᠨ᠃ ᠬᠠᠭᠤᠴᠢᠨ ᠤ ᠰᠠᠩ ᠪᠡᠶᠢᠰᠡ ᠶᠢᠨ ᠬᠦᠷᠢᠶ᠎ᠡ ᠨᠢ ᠣᠳᠣ ᠶᠢᠨ ᠴᠣᠶᠢᠪᠠᠯᠰᠠᠩ ᠶᠤᠮ᠃

ᠤᠷᠠᠨ ᠪᠠᠷᠢᠯᠭ᠎ᠠ ᠶᠢᠨ ᠳᠤᠷᠠᠰᠬᠠᠯ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠳᠠᠬᠢ ᠤᠷᠠᠨ ᠪᠠᠷᠢᠯᠭ᠎ᠠ ᠶᠢᠨ ᠳᠤᠷᠠᠰᠬᠠᠯ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠭᠠᠳᠤ ᠣᠷᠣᠨ ᠳᠠᠬᠢ ᠤᠷᠠᠨ ᠪᠠᠷᠢᠯᠭ᠎ᠠ ᠶᠢᠨ ᠳᠤᠷᠠᠰᠬᠠᠯ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]


ᠵᠢᠷᠤᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ