ᠮᠣᠩᠭᠣᠯ ᠲᠥᠷᠬᠥᠲᠡᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠴᠢᠩᠳᠠᠯᠧᠷ ᠪ᠃ᠪᠡᠴᠢᠨᠡᠶᠢᠨ ᠨᠣᠮ ᠳᠠᠬᠢ ᠵᠡᠭᠦᠨ ᠠᠽᠢᠶ᠎ᠠ ᠶᠢᠨ ᠲᠥᠷᠬᠥ ᠨᠦᠭᠦᠳ

ᠬᠦᠮᠦᠨ ᠰᠤᠳᠤᠯᠤᠯ ᠳᠤ ᠬᠦᠮᠦᠨ ᠢ ᠭᠠᠳᠠᠭᠠᠳᠤ ᠳᠦᠷᠢ ᠲᠥᠷᠬᠥ ᠪᠡᠷ ᠨᠢ ᠭᠤᠷᠪᠠᠨ ᠥᠭᠡᠷ᠎ᠡ ᠲᠥᠷᠬᠥᠲᠡᠨ ᠪᠣᠯᠭᠠᠨ ᠠᠩᠭᠢᠯᠠᠭᠰᠠᠨ ᠤ ᠨᠢᠭᠡ ᠨᠢ ᠮᠣᠩᠭᠣᠯ ᠲᠥᠷᠬᠥᠲᠡᠨ (ᠠᠩᠭᠯᠢ ᠪᠠᠷ Mongoloid race; ᠣᠷᠣᠰ ᠶᠢᠡᠷ ᠮᠣᠩᠭᠣᠯᠣᠶᠢᠳ᠋ᠨᠠᠶ᠎ᠠ ᠷᠠᠰᠠ) ᠭᠡᠳᠡᠭ᠃ ᠡᠭᠦᠨ ᠳᠦ ᠳᠣᠷᠣᠨᠠᠲᠤ ᠠᠽᠢᠶ᠎ᠠ᠂ ᠵᠡᠭᠦᠨ ᠡᠮᠦᠨᠡᠲᠦ ᠠᠽᠢᠶ᠎ᠠ ᠪᠠᠷ ᠲᠠᠷᠬᠠᠨ ᠰᠠᠭᠤᠷᠢᠰᠢᠭᠰᠠᠨ ᠮᠠᠯᠢᠭᠠᠷ ᠨᠢᠭᠤᠷ᠂ ᠰᠢᠷ᠎ᠠ ᠴᠢᠷᠠᠢ ᠲᠠᠢ ᠬᠦᠮᠦᠰ ᠪᠠᠭᠠᠳᠤᠨ᠎ᠠ᠃ ᠮᠣᠩᠭᠣᠯ ᠬᠦᠮᠦᠨ ᠦ ᠥᠭᠡᠵᠡᠭᠡᠨ ᠳᠡᠭᠡᠷ᠎ᠡ ᠪᠠᠶᠢᠳᠠᠭ ᠲᠥᠷᠥᠯᠬᠢ ᠬᠥᠬᠡ ᠲᠣᠯᠪᠣ ᠪᠣᠯ ᠮᠣᠩᠭᠣᠯ ᠲᠥᠷᠬᠦᠲᠡᠨ ᠦ ᠲᠡᠮᠳᠡᠭ ᠭᠡᠵᠦ ᠡᠷᠳᠡᠮᠲᠡᠳ ᠲᠠᠶᠢᠯᠪᠤᠷᠢᠯᠠᠭᠰᠠᠨ ᠪᠠᠶᠢᠳᠠᠭ᠃ ᠰᠢᠷ᠎ᠠ ᠠᠷᠠᠰᠤᠲᠠᠨ ᠭᠡᠳᠡᠭ ᠲᠡᠢ ᠦᠨᠳᠦᠰᠦᠨ ᠳᠦ ᠪᠡᠨ ᠳᠠᠪᠬᠤᠴᠠᠨ᠎ᠠ᠃

ᠰᠤᠳᠤᠯᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠷᠴᠢᠨ ᠦᠶ᠎ᠡ ᠶᠢᠨ ᠬᠦᠮᠦᠨ ᠰᠤᠳᠤᠯᠤᠯ ᠳᠤ ᠬᠦᠮᠦᠨ ᠲᠥᠷᠥᠯᠬᠢᠲᠡᠨ ᠢ ᠬᠡᠪ ᠰᠢᠨᠵᠢ ᠪᠡᠷ ᠨᠢ ᠺᠠᠸᠬᠠᠰ ᠲᠥᠷᠬᠥᠲᠡᠨ (ᠴᠠᠭᠠᠨ ᠠᠷᠠᠰᠤᠲᠠᠨ), ᠨᠧᠭᠷ ᠲᠥᠷᠬᠥᠲᠡᠨ (ᠬᠠᠷ᠎ᠠ ᠠᠷᠠᠰᠤᠲᠠᠨ) ᠪᠣᠯᠤᠨ ᠮᠣᠩᠭᠣᠯ ᠲᠥᠷᠬᠥᠲᠡᠨ (ᠰᠢᠷ᠎ᠠ ᠠᠷᠠᠰᠤᠲᠠᠨ) ᠭᠡᠰᠡᠨ ᠦᠨᠳᠦᠰᠦᠨ 3 ᠲᠥᠷᠬᠥ ᠪᠣᠯᠤᠨ ᠠᠦᠢᠰᠲ᠋ᠷᠯᠢᠶ᠎ᠠ ᠲᠥᠷᠬᠥᠲᠡᠨ᠂ ᠺ ᠢᠶᠢᠫ ᠲᠥᠷᠬᠥᠲᠡᠨ ᠭᠡᠬᠦ 2 ᠰᠠᠯᠪᠤᠷᠢ ᠲᠥᠷᠬᠥ ᠪᠣᠯᠭᠠᠨ ᠠᠩᠭᠢᠯᠠᠳᠠᠭ᠃

ᠠᠩᠬ᠎ᠠ ᠭᠧᠷᠮᠠᠨ ᠤ ᠡᠷᠳᠡᠮᠲᠡᠨ ᠾᠷᠢᠰᠲ᠋ᠣᠹ ᠮᠧᠢᠨᠧᠷ ᠥᠪᠡᠷ ᠦᠨ ᠪᠦᠲᠦᠭᠡᠯ ᠳᠦ ᠪᠡᠨ "ᠮᠣᠩᠭᠣᠯ ᠤᠨ" ᠭᠡᠬᠦ ᠨᠡᠷ᠎ᠡ ᠲᠣᠮᠢᠶ᠎ᠠ ᠶᠢ ᠠᠩᠬ᠎ᠠ ᠬᠡᠷᠡᠭᠯᠡᠭᠰᠡᠨ ᠪᠠ ᠲᠡᠭᠦᠨ ᠡᠴᠡ ᠬᠣᠶᠢᠰᠢ ᠶᠡᠬᠡ ᠣᠯᠠᠨ ᠡᠷᠳᠡᠮᠲᠡᠳ ᠡᠨᠡ ᠨᠡᠷ᠎ᠡ ᠲᠣᠮᠢᠶ᠎ᠠ ᠶᠢ ᠳᠠᠪᠲᠠᠨ ᠬᠡᠷᠡᠭᠯᠡᠭᠰᠡᠨ ᠪᠠᠶᠢᠳᠠᠭ᠃ ᠡᠬᠢᠨ ᠳᠦ ᠪᠡᠨ ᠡᠨᠡ ᠨᠢ ᠲᠥᠪ ᠠᠽᠢᠶ᠎ᠠᠰᠢᠪᠸᠷᠢᠶ ᠠᠵᠡᠭᠦᠨ ᠠᠽᠢᠶ᠎ᠠᠡᠮᠦᠨᠡᠲᠦ ᠠᠽᠢᠶ᠎ᠠ ᠍ ᠶᠢᠨ ᠠᠭᠤᠭᠤᠯ ᠬᠦᠮᠦᠰ ᠢ ᠪᠠᠭᠲᠠᠭᠠᠵᠤ ᠪᠠᠶᠢᠭᠰᠠᠨ ᠪᠣᠯ ᠬᠣᠶᠢᠰᠢᠳᠠ ᠪᠠᠨ ᠵᠡᠭᠦᠨ ᠧᠦ᠋ᠷᠣᠫᠠᠬᠣᠶᠢᠳᠤ ᠪᠣᠯᠤᠨ ᠡᠮᠦᠨᠡᠲᠦ ᠠᠮᠧᠷᠢᠺᠠ ᠲᠢᠪ ᠦᠨ ᠠᠭᠤᠭᠤᠯ ᠬᠦᠮᠦᠰ ᠢ ᠬᠠᠮᠤᠷᠤᠭᠰᠠᠨ ᠣᠶᠢᠯᠠᠭᠠᠯᠲᠠ ᠪᠣᠯᠤᠨ ᠥᠷᠭᠡᠵᠢᠭᠰᠡᠨ ᠶᠤᠮ᠃ ᠥᠨᠥ ᠦᠶ᠎ᠡ ᠳᠦ᠂ ᠡᠨᠡ ᠨᠡᠷ᠎ᠡ ᠲᠣᠮᠢᠶᠠᠨ ᠳᠤ ᠵᠠᠷᠢᠮ ᠡᠷᠳᠡᠮᠲᠡᠳ ᠰᠢᠭᠦᠮᠵᠢᠯᠡᠯᠲᠡᠢ ᠬᠠᠨᠳᠤᠬᠤ ᠪᠣᠯᠤᠭᠰᠠᠨ᠃

ᠶᠠᠫᠣᠨ ᠤ ᠡᠷᠳᠡᠮᠲᠡᠨ ᠳᠤᠭᠯᠠᠰ ᠹᠦᠲᠤᠶᠠᠮ᠎ᠠ ᠬᠡᠯᠡᠬᠦ ᠳᠦ ᠪᠡᠨ ᠮᠣᠩᠭᠣᠯ ᠲᠥᠷᠬᠥ ᠨᠢ ᠺᠠᠸᠬᠠᠰ ᠲᠥᠷᠬᠥ ᠡᠴᠡ 45 ᠮᠢᠩᠭᠠᠨ ᠵᠢᠯ ᠦᠨ ᠡᠮᠦᠨ᠎ᠡ᠂ ᠨᠢᠭᠧᠷ ᠲᠥᠷᠬᠥ ᠡᠴᠡ 110 ᠮᠢᠩᠭᠠᠨ ᠵᠢᠯ ᠦᠨ ᠡᠮᠦᠨ᠎ᠡ ᠲᠤᠰ ᠲᠤᠰ ᠰᠠᠯᠢᠰᠤᠨ ᠭᠡᠵᠡᠢ᠃[1]

ᠡᠰᠢ ᠦᠨᠳᠦᠰᠦ[ᠵᠠᠰᠠᠪᠤᠷᠢᠯᠠᠬᠤ | ᠺᠣᠳ᠋ ᠢᠶᠠᠷ ᠵᠠᠰᠠᠬᠣ]

  1. ᠳᠤᠭᠯᠠᠰ ᠹᠦᠲᠤᠶᠠᠮ᠎ᠠ᠃ ᠪᠢᠣᠯᠣᠭᠢ ᠶᠢᠨ ᠬᠤᠪᠢᠰᠤᠯ᠃ ᠬᠠᠭᠤᠳᠠᠰᠤ᠃520. ᠮᠠᠰᠰᠠᠴᠢᠰᠧᠲ᠋ᠰ᠃ 1983 ᠣᠨ᠃

ᠪᠢᠴᠢᠭᠡᠰᠦ