ᠮᠣᠩᠭᠣᠯ ᠲᠡᠦᠬᠡᠨ ᠪᠢᠴᠢᠭ ᠦᠰᠦᠭ ᠦᠳ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠣᠩᠭᠣᠯ ᠳᠤ ᠬᠡᠷᠡᠭᠯᠡᠭᠳᠡᠵᠦ ᠪᠠᠶᠢᠭᠰᠠᠨ ᠲᠡᠦᠬᠡᠨ ᠦᠰᠦᠭ ᠦᠳ ᠬᠡᠶᠢᠳ ᠦᠨ ᠬᠠᠭᠠᠯᠭ᠎ᠠ ᠳᠡᠭᠡᠷ᠎ᠡ᠃ ᠡᠭᠦᠨ ᠳᠦ᠂ ᠳᠥᠷᠪᠡᠯᠵᠢᠨ ᠦᠰᠦᠭ᠂ ᠯᠠᠨᠵᠠ᠂ ᠲᠥᠪᠡᠳ ᠦᠰᠦᠭ᠂ ᠰᠣᠶᠣᠮᠪᠣ ᠦᠰᠦᠭ᠂ ᠮᠣᠩᠭᠣᠯ ᠪᠢᠴᠢᠭ

ᠣᠯᠠᠨ ᠵᠠᠭᠤᠨ ᠤ ᠲᠤᠷᠰᠢᠳᠠ ᠮᠣᠩᠭᠣᠯ ᠬᠡᠯᠡ ᠵᠢ ᠪᠢᠴᠢᠭ ᠲᠦ ᠪᠠᠭᠤᠯᠭᠠᠬᠤ ᠲᠥᠷᠥᠯ ᠪᠦᠷᠢ ᠶᠢᠨ ᠰᠢᠰᠲ᠋ᠧᠮ ᠦᠳ ᠵᠣᠬᠢᠶᠠᠭᠳᠠᠭᠰᠠᠭᠠᠷ ᠢᠷᠡᠵᠡᠢ᠃

ᠬᠠᠮᠤᠭ ᠤᠨ ᠬᠠᠭᠤᠴᠢᠨ  ᠪᠣᠯᠬᠤ ᠮᠣᠩᠭᠣᠯ ᠪᠢᠴᠢᠭ ᠨᠢ ᠣᠳᠣ ᠬᠦᠷᠲᠡᠯ᠎ᠡ ᠬᠡᠷᠡᠭᠯᠡᠳᠡᠭᠰᠡᠭᠡᠷ ᠪᠠᠢ᠋ᠵᠤ ᠬᠠᠮᠤᠭ ᠤᠨ ᠶᠡᠬᠡ ᠠᠮᠵᠢᠯᠲᠠ ᠣᠯᠤᠭᠰᠠᠨ ᠰᠢᠰᠲ᠋ᠧᠮ ᠪᠤᠯᠵᠠᠢ᠃

ᠶᠡᠬᠡ ᠮᠣᠩᠭᠣᠯ ᠤᠯᠤᠰ ᠤᠨ ᠡᠮᠦᠨ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠢᠳᠠᠨ ᠦᠳ ᠨᠢ ᠶᠡᠬᠡ᠂ ᠪᠠᠭ᠎ᠠ ᠭᠡᠰᠡᠨ ᠬᠣᠶᠠᠷ ᠲᠥᠷᠥᠯ ᠦᠨ ᠪᠢᠴᠢᠭ ᠲᠡᠢ ᠪᠠᠶᠢᠭᠰᠠᠨ᠃ ᠡᠳᠡᠭᠡᠷ ᠨᠢ ᠣᠳᠣ ᠴᠤ ᠭᠡᠰᠡᠨ ᠪᠦᠷᠢᠨ ᠲᠠᠶᠢᠯᠤᠭᠳᠠᠭ᠎ᠠ ᠦᠭᠡᠢ᠃

  • ᠶᠡᠬᠡ ᠪᠢᠴᠢᠭ (ᠬᠢᠲᠠᠳ ᠨᠡᠷ᠎ᠡ)
ᠯᠢᠶᠣᠣ ᠤᠯᠤᠰ ᠪᠤᠶᠤ ᠬᠢᠳᠠᠨ ᠤᠯᠤᠰ ᠤᠨ ᠦᠨᠳᠦᠰᠦᠯᠡᠭᠴᠢ ᠶᠡᠯᠦᠢ ᠠᠪᠤᠵᠢ (ᠠᠮᠪᠠᠭᠢᠨ) 920 ᠣᠨ ᠳᠤ ᠡᠨᠡ ᠦᠰᠦᠭ ᠢ ᠠᠩᠬ᠎ᠠ ᠦᠨᠳᠦᠰᠦᠯᠡᠵᠡᠢ᠃ ᠬᠢᠲᠠᠳ ᠬᠠᠨᠵᠤ ᠠᠴᠠ ᠭᠠᠷᠤᠯ ᠲᠠᠢ᠃
  • ᠪᠠᠭ᠎ᠠ ᠪᠢᠴᠢᠭ (ᠬᠢᠲᠠᠳ ᠨᠡᠷ᠎ᠡ)
ᠶᠡᠯᠦᠢ ᠠᠪᠤᠵᠠᠢᠢᠨ ᠳᠡᠭᠦᠦ ᠳ᠋ᠢᠥᠯ 924 -925 ᠣᠨ ᠤ ᠦᠶ᠎ᠡ ᠳᠦ ᠦᠨᠳᠦᠰᠦᠯᠡᠭᠰᠡᠨ᠃ ᠤᠶᠢᠭᠤᠷ ᠬᠡᠯᠡ ᠪᠢᠴᠢᠭ ᠡᠴᠡ ᠭᠠᠷᠤᠯ ᠲᠠᠢ᠃

ᠮᠣᠩᠭᠣᠯ ᠪᠢᠴᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠮᠣᠩᠭᠣᠯ ᠪᠢᠴᠢᠭ
ᠮᠣᠩᠭᠣᠯ ᠪᠢᠴᠢᠭ

ᠮᠣᠩᠭᠣᠯ ᠬᠡᠯᠡ ᠳᠦ ᠵᠣᠷᠢᠭᠤᠯᠤᠨ ᠪᠦᠲᠦᠭᠡᠭᠳᠡᠭᠰᠡᠨ ᠬᠠᠮᠤᠭ ᠤᠨ ᠠᠩᠬᠠᠨ ᠤ ᠪᠦᠬᠡᠳ ᠬᠠᠮᠤᠭ ᠤᠨ ᠶᠡᠬᠡ ᠠᠮᠵᠢᠯᠲᠠ ᠣᠯᠤᠭᠰᠠᠨ ᠪᠢᠴᠢᠭ᠃ ᠴᠢᠩᠭᠢᠰ ᠬᠠᠭᠠᠨ ᠤ ᠪᠢᠴᠢᠭ ᠦᠨ ᠲᠦᠰᠢᠮᠡᠯ ᠲᠠᠲᠠ-ᠲᠤᠩᠭ᠎ᠠ ᠦᠨᠳᠦᠰᠦᠯᠡᠭᠰᠡᠨ᠃ ᠤᠶᠢᠭᠤᠷ ᠪᠢᠴᠢᠭ ᠡᠴᠡ ᠭᠠᠷᠤᠯ ᠲᠠᠢ᠃

ᠮᠣᠩᠭᠣᠯ ᠪᠢᠴᠢᠭ ᠢ ᠥᠭᠡᠷ᠎ᠡ ᠪᠡᠷ ᠪᠣᠰᠤᠭ᠎ᠠ ᠪᠢᠴᠢᠭ᠂ ᠬᠠᠭᠤᠴᠢᠨ ᠮᠣᠩᠭᠣᠯ ᠪᠢᠴᠢᠭ᠂ ᠬᠤᠳᠤᠮ ᠮᠣᠩᠭᠣᠯ ᠪᠢᠴᠢᠭ᠂ ᠤᠶᠢᠭᠤᠷᠵᠢᠨ ᠪᠢᠴᠢᠭ ᠭᠡᠵᠦ ᠣᠯᠠᠨ ᠶᠠᠩᠵᠤ ᠪᠠᠷ ᠨᠡᠷᠡᠯᠡᠳᠡᠭ᠃

ᠮᠣᠩᠭᠣᠯ ᠶᠡᠬᠡ ᠭᠦᠷᠦᠨ ᠮᠥᠬᠦᠭᠰᠡᠨ ᠦ ᠳᠠᠷᠠᠭᠠᠬᠢ ᠬᠣᠶᠠᠷ ᠵᠠᠭᠤᠨ ᠵᠢᠯ ᠳᠤ ᠮᠣᠩᠭᠣᠯᠴᠤᠳ ᠤᠨ ᠳᠤᠮᠳᠠ ᠤᠳᠬ᠎ᠠ ᠵᠣᠬᠢᠶᠠᠯ᠂ ᠣᠷᠴᠢᠭᠤᠯᠭ᠎ᠠ ᠶᠢᠨ ᠠᠵᠢᠯ ᠲᠠᠰᠤᠯᠳᠠᠵᠤ ᠵᠣᠭᠰᠣᠭᠰᠠᠨ ᠦᠭᠡᠢ᠂ ᠬᠠᠷᠢᠨ ᠪᠠᠭ᠎ᠠ ᠬᠡᠮᠵᠢᠶ᠎ᠡ ᠪᠡᠷ ᠪᠣᠯᠪᠠᠴᠤ ᠦᠷᠭᠦᠯᠵᠢᠯᠡᠨ ᠶᠠᠪᠤᠭᠳᠠᠵᠤ ᠪᠠᠶᠢᠭᠰᠠᠨ ᠢ 1944 ᠣᠨ ᠳᠤ ᠥᠪᠥᠷ ᠮᠣᠩᠭᠣᠯ ᠤᠨ ᠣᠯᠠᠨ ᠰᠦᠮ᠎ᠡ ᠶᠢᠨ ᠨᠤᠷᠠᠩᠬᠠᠢ ᠰᠤᠪᠤᠷᠭᠠᠨ ᠠᠴᠠ ᠣᠯᠳᠠᠭᠰᠠᠨ 211 ᠭᠠᠷ ᠪᠢᠴᠢᠮᠡᠯ ᠲᠠᠰᠤᠷᠬᠠᠢ ᠬᠠᠭᠤᠳᠠᠰᠤᠨ ᠨᠤᠭᠤᠳ ᠤᠨ ᠪᠣᠭᠣᠳᠠᠯ ᠭᠡᠷᠡᠴᠢᠯᠡᠵᠦ ᠪᠠᠶᠢᠭ᠎ᠠ ᠶᠤᠮ᠃

ᠲᠡᠳᠡᠭᠡᠷ ᠦᠨ ᠪᠢᠴᠢᠯᠭᠡ ᠶᠢᠨ ᠬᠡᠯᠪᠡᠷᠢ ᠶᠢᠨ ᠣᠨᠴᠠᠯᠢᠭ᠂ ᠮᠥᠨ ᠪᠢᠴᠢᠭᠰᠡᠨ ᠴᠠᠭᠠᠰᠤ ᠶᠢ ᠬᠢᠮᠢ ᠶᠢᠨ ᠠᠷᠭ᠎ᠠ ᠪᠠᠷ ᠰᠢᠨᠵᠢᠯᠡᠵᠤ  ᠦᠵᠡᠬᠦ ᠳᠦ ᠭᠠᠷ ᠪᠢᠴᠢᠮᠡᠯ ᠲᠠᠰᠤᠷᠬᠠᠢ ᠬᠠᠭᠤᠳᠠᠰᠤᠨ ᠨᠤᠭᠤᠳ ᠨᠢ ᠴᠥᠮ ᠠᠷᠪᠠᠨ ᠲᠠᠪᠤᠳᠤᠭᠠᠷ ᠵᠠᠭᠤᠨ ᠤ ᠡᠴᠦᠰ ᠡᠴᠡ ᠲᠠᠪᠤ ᠵᠢᠷᠭᠤᠳᠤᠭᠠᠷ ᠵᠠᠭᠤᠨ ᠤ ᠦᠶ᠎ᠡ ᠳᠦ ᠬᠠᠮᠢᠶᠠᠷᠤᠭᠳᠠᠵᠤ ᠪᠠᠶᠢᠭ᠎ᠠ ᠠᠵᠢ᠂ 211 ᠲᠠᠰᠤᠷᠬᠠᠢ ᠬᠠᠭᠤᠳᠠᠰᠤᠨ ᠤ ᠳᠠᠪᠠᠭᠤ ᠶᠡᠬᠡᠩᠬᠢ ᠨᠢ ᠪᠤᠳ᠋ᠳ᠋ᠾᠠ ᠶᠢᠨ ᠱᠠᠰᠢᠨ  ᠳᠤ ᠬᠣᠯᠪᠣᠭᠳᠠᠯ ᠲᠠᠢ ᠨᠣᠮ ᠰᠤᠳᠤᠷ ᠤᠨ ᠣᠷᠴᠢᠭᠤᠯᠭ᠎ᠠ᠂ ᠵᠥᠪᠬᠡᠨ ᠳᠥᠷᠪᠡᠨ ᠬᠠᠭᠤᠳᠠᠰᠤ ᠨᠢ ᠱᠠᠰᠢᠨ ᠤ ᠪᠤᠰᠤ ᠢᠷᠭᠡᠨ ᠦ ᠠᠭᠤᠯᠭ᠎ᠠ ᠲᠠᠢ (ᠵᠠᠬᠢᠳᠠᠯ᠂ ᠰᠦᠮ᠎ᠡ ᠳᠦ ᠡᠷᠭᠦᠭᠰᠡᠨ ᠵᠦᠢᠯᠡᠰ  ᠤᠨ ᠵᠢᠭ᠌ᠰᠠᠭᠠᠯᠳᠠ᠂ ᠰᠤᠷᠭᠠᠯ) ᠵᠡᠷᠭᠡ ᠪᠣᠯᠤᠨ᠎ᠠ᠃ ᠵᠢᠷᠭᠤᠳᠤᠭᠠᠷ ᠵᠠᠭᠤᠨ ᠤ ᠡᠴᠦᠰ ᠡᠴᠡ ᠡᠬᠢᠯᠡᠨ ᠪᠤᠳ᠋ᠳ᠋ᠾᠠ ᠶᠢᠨ ᠱᠠᠰᠢᠨ ᠤ ᠨᠣᠮ ᠰᠤᠳᠤᠷ ᠢ ᠮᠣᠩᠭᠣᠯᠴᠢᠯᠠᠬᠤ ᠠᠵᠢᠯ ᠤᠯᠠᠮ ᠬᠦᠴᠦᠲᠡᠢ ᠪᠣᠯᠪᠠ᠃ ᠲᠡᠷᠡ ᠦᠶᠡᠰ ᠪᠢᠴᠢᠭ ᠨᠣᠮ ᠵᠢᠭᠠᠬᠤ ᠠᠵᠢᠯ ᠴᠤ ᠢᠳᠡᠪᠬᠢᠵᠢᠵᠦ ᠢᠷᠡᠭᠰᠡᠨ ᠪᠠᠶᠢᠨ᠎ᠠ᠃ ᠠᠶᠤᠱᠢ ᠭᠦᠦᠰᠢ ᠶᠢᠨ ᠳᠡᠷᠭᠡᠳᠡ ᠨᠡᠯᠢᠶᠡᠳ ᠣᠯᠠᠨ ᠬᠦᠮᠦᠰ ᠱᠠᠪᠢᠯᠠᠨ ᠰᠠᠭᠤᠵᠤ ᠪᠠᠶᠢᠭᠰᠠᠨ ᠲᠤᠬᠠᠢ ᠮᠡᠳᠡᠭᠡ ᠪᠠᠶᠢᠳᠠᠭ᠃ ᠠᠶᠤᠱᠢ ᠭᠦᠦᠰᠢ ᠪᠣᠯ ᠵᠢᠷᠭᠤᠳᠤᠭᠠᠷ ᠵᠠᠭᠤᠨ ᠤ ᠮᠣᠩᠭᠣᠯ ᠤᠨ ᠡᠷᠳᠡᠮ ᠨᠣᠮ ᠲᠠᠢ ᠬᠦᠮᠦᠰ ᠦᠨ ᠨᠢᠭᠡ ᠮᠥᠨ᠃ ᠲᠡᠷᠡ ᠨᠢ ᠢᠯᠠᠩᠭᠤᠶ᠎ᠠ ᠮᠣᠩᠭᠣᠯ ᠤᠨ ᠣᠷᠴᠢᠭᠤᠯᠭ᠎ᠠ ᠶᠢᠨ ᠲᠡᠦᠬᠡᠨ ᠳᠦ ᠶᠡᠬᠡ ᠵᠦᠢᠯ ᠪᠦᠲᠦᠭᠡᠭᠰᠡᠨ ᠡᠴᠡ ᠭᠠᠳᠠᠨ᠎ᠠ ᠡᠨᠡᠳᠬᠡᠭ᠂ ᠲᠦᠪᠡᠳ ᠦᠭᠡ ᠶᠢ ᠮᠣᠩᠭᠣᠯ ᠪᠢᠴᠢᠭ ᠢᠶᠡᠷ ᠭᠠᠯᠢᠭᠯᠠᠬᠤ ᠶᠣᠰᠣ ᠶᠢ 1587 ᠣᠨ ᠳᠤ ᠪᠣᠯᠪᠠᠰᠤᠷᠠᠭᠤᠯᠤᠨ ᠭᠠᠷᠭᠠᠵᠠᠢ᠃

ᠡᠳᠡᠭᠡᠷ ᠱᠠᠪᠢ ᠨᠠᠷ ᠤᠨ ᠳᠣᠲᠣᠷ᠎ᠠ 1621᠂ 1624᠂ 1627 ᠣᠨ ᠨᠤᠭᠤᠳ ᠲᠤ ᠬᠠᠯᠬ᠎ᠠ ᠶᠢᠨ ᠴᠣᠭᠲᠤ ᠲᠠᠶᠢᠵᠢ ᠶᠢᠨ ᠴᠢᠯᠠᠭᠤᠨ ᠤ ᠪᠢᠴᠢᠭᠡᠰᠦ ᠶᠢ ᠰᠡᠶᠢᠯᠦᠯᠴᠡᠭᠰᠡᠨ ᠪᠥᠭᠡᠳ ᠯᠢᠭᠳᠡᠨ ᠬᠠᠭᠠᠨ ᠤ ᠦᠶ᠎ᠡ ᠳᠦ ᠣᠷᠴᠢᠭᠤᠯᠤᠭᠰᠠᠨ ᠮᠣᠩᠭᠣᠯ ᠭᠠᠨᠵᠤᠤᠷ ᠤᠨ ᠳᠣᠲᠣᠷ᠎ᠠ ᠪᠠᠶᠢᠳᠠᠭ 《ᠬᠤᠲᠤᠭᠲᠤ ᠡᠷᠳᠡᠨᠢ ᠭᠠᠷᠬᠤ ᠶᠢᠨ ᠣᠷᠣᠨ》 ᠨᠡᠷᠡᠲᠦ ᠶᠡᠬᠡ ᠬᠥᠯᠭᠡᠨ ᠰᠤᠳᠤᠷ ᠢ ᠪᠢᠴᠢᠭᠰᠡᠨ ᠰᠡᠴᠡᠨ ᠳᠠᠶᠢᠴᠢᠨ ᠬᠡᠮᠡᠬᠦ ᠪᠠᠭᠰᠢ ᠪᠠᠶᠢᠵᠠᠢ᠃ ᠠᠶᠤᠱᠢ ᠭᠦᠦᠰᠢ ᠶᠤᠸᠠᠨ ᠤᠯᠤᠰ ᠤᠨ ᠦᠶ᠎ᠡ ᠳᠦ ᠰᠢᠷᠠᠪᠰᠡᠩᠭᠡ ᠶᠢᠨ ᠮᠣᠩᠭᠣᠯᠴᠢᠯᠠᠭᠰᠠᠨ 《ᠬᠤᠲᠤᠭᠲᠤ ᠪᠠᠨᠽᠠᠷᠠᠭᠴᠢ ᠬᠡᠮᠡᠬᠦ ᠲᠠᠪᠤᠨ ᠰᠠᠬᠢᠶ᠋ ᠡ》 ᠭᠡᠳᠡᠭ ᠶᠡᠬᠡ ᠬᠥᠯᠭᠡᠨ ᠰᠤᠳᠤᠷ ᠢ 1587 ᠣᠨ ᠳᠤ ᠳᠠᠬᠢᠨ ᠵᠠᠰᠠᠵᠤ ᠣᠷᠴᠢᠭᠤᠯᠤᠭᠰᠠᠨ ᠪᠠ ᠮᠥᠨ 《ᠬᠤᠲᠤᠭᠲᠤ ᠴᠠᠭᠠᠨ ᠰᠢᠬᠦᠷᠲᠦ》᠂ 《ᠬᠠᠷ᠎ᠠ ᠬᠡᠯᠡᠨ ᠨᠡᠷᠡᠲᠦ》 ᠵᠡᠷᠭᠡ ᠨᠣᠮ ᠢ ᠵᠢᠷᠭᠤᠳᠤᠭᠠᠷ ᠵᠠᠭᠤᠨ ᠳᠤ ᠮᠣᠩᠭᠣᠯᠴᠢᠯᠠᠭᠰᠠᠨ ᠪᠠᠶᠢᠨ᠎ᠠ᠃ ᠠᠶᠤᠱᠢ ᠭᠦᠦᠰᠢ ᠶᠢᠨ ᠵᠣᠬᠢᠶᠠᠭᠰᠠᠨ ᠭᠠᠯᠢᠭ ᠢ 《ᠠᠯᠢ ᠭᠠᠯᠢ》 ᠦᠰᠦᠭ ᠬᠡᠮᠡᠨ ᠨᠡᠷᠡᠯᠡᠳᠡᠭ ᠨᠢ ᠡᠨᠡᠳᠬᠡᠭ ᠬᠡᠯᠡ ᠪᠡᠷ ᠡᠭᠡᠰᠢᠭ ᠭᠡᠶᠢᠭᠦᠯᠦᠭᠴᠢ ᠶᠢ ᠲᠡᠮᠳᠡᠭᠯᠡᠬᠦ ᠦᠰᠦᠭ ᠭᠡᠰᠡᠨ ᠤᠳᠬ᠎ᠠ ᠲᠠᠢ ᠪᠣᠯᠤᠨ᠎ᠠ᠃

ᠥᠨᠢ ᠡᠷᠲᠡᠨ ᠦ ᠲᠡᠦᠬᠡ ᠲᠡᠢ ᠮᠣᠩᠭᠣᠯ ᠪᠢᠴᠢᠭ ᠮᠠᠨᠢ ᠣᠯᠠᠨ ᠮᠣᠩᠭᠣᠯ ᠬᠡᠯᠡ᠂ ᠠᠶᠠᠯᠭᠤᠨ ᠤ ᠠᠪᠢᠶᠠᠯᠠᠪᠤᠷᠢ᠂ ᠲᠡᠭᠦᠨ ᠦ ᠬᠤᠪᠢᠯᠪᠤᠷᠢ ᠶᠢ ᠨᠢᠭᠡᠳᠬᠡᠨ ᠴᠥᠭᠡᠨ ᠲᠡᠮᠳᠡᠭᠲᠦ ᠪᠡᠷ ᠲᠡᠮᠳᠡᠭᠯᠡᠵᠦ ᠴᠢᠳᠠᠭᠰᠠᠨ ᠪᠣᠯᠪᠠᠰᠤᠷᠠᠭᠰᠠᠨ ᠪᠢᠴᠢᠭ ᠪᠣᠯᠪᠠᠴᠤ ᠬᠠᠷᠢ ᠣᠷᠣᠨ ᠤ ᠦᠭᠡ ᠶᠢ ᠨᠠᠷᠢᠨ ᠲᠣᠳᠣᠷᠬᠠᠢ ᠲᠡᠮᠳᠡᠭᠯᠡᠬᠦ ᠳᠦ ᠦᠰᠦᠭ ᠦᠨ ᠲᠡᠮᠳᠡᠭ ᠳᠤᠲᠠᠭᠳᠠᠬᠤ ᠪᠣᠯᠵᠠᠢ᠃ ᠶᠡᠷᠦ ᠨᠢ ᠶᠠᠮᠠᠷ ᠴᠤ ᠴᠠᠭᠠᠨ ᠲᠣᠯᠣᠭᠠᠢ ᠶᠢᠨ ᠦᠰᠦᠭ ᠦᠨ ᠲᠡᠮᠳᠡᠭ ᠦᠳ ᠡᠨᠡ ᠱᠠᠭᠠᠷᠳᠠᠯᠭ᠎ᠠ ᠶᠢ ᠬᠠᠩᠭᠠᠵᠤ ᠴᠢᠳᠠᠳᠠᠭ ᠦᠭᠡᠢ ᠶᠤᠮ᠃ ᠲᠡᠶᠢᠮᠦ ᠴᠤ ᠤᠴᠢᠷ ᠠᠴᠠ ᠬᠡᠯᠡ᠂ ᠬᠡᠯᠡᠨ ᠦ ᠠᠪᠢᠶ ᠡ ᠵᠢ ᠰᠢᠨᠵᠢᠯᠡᠨ ᠰᠤᠳᠤᠯᠬᠤ᠂ ᠰᠤᠷᠴᠤ ᠮᠡᠳᠡᠬᠦ ᠶᠢᠨ ᠲᠤᠯᠠ ᠲᠤᠰᠬᠠᠢ ᠨᠠᠷᠢᠨ ᠲᠡᠮᠳᠡᠭᠲᠦ ᠦᠰᠦᠭ ᠦᠳ ᠢ ᠵᠣᠬᠢᠶᠠᠳᠠᠭ᠃ ᠡᠶᠢᠮᠦ ᠦᠰᠦᠭ ᠢ ᠭᠠᠯᠢᠭ ᠦᠰᠦᠭ ᠪᠤᠶᠤ ᠲᠷᠠᠨᠰᠺᠷᠢᠫᠼᠢ ᠭᠡᠳᠡᠭ᠃

ᠡᠶᠢᠨᠬᠦᠦ ᠲᠤᠬᠠᠢ ᠶᠢᠨ ᠬᠡᠯᠡᠨ ᠦ ᠪᠦᠬᠦ ᠠᠪᠢᠶ ᠡ ᠵᠢ ᠪᠦᠬᠦ ᠣᠨᠴᠠᠯᠢᠭ ᠲᠠᠢ ᠨᠢ ᠲᠡᠮᠳᠡᠭᠯᠡᠬᠦ ᠭᠠᠯᠢᠭ ᠦᠰᠦᠭ ᠢ ᠠᠪᠢᠶᠠᠨ ᠵᠦᠢ ᠶᠢᠨ ᠭᠠᠯᠢᠭ ᠦᠰᠦᠭ ᠭᠡᠳᠡᠭ᠃ ᠣᠳᠣ ᠳᠡᠯᠡᠬᠡᠢ ᠳᠠᠬᠢᠨ ᠤ ᠣᠯᠠᠨ ᠤᠯᠤᠰ ᠲᠤ ᠭᠠᠯᠢᠭ ᠦᠰᠦᠭ ᠬᠡᠷᠡᠭᠯᠡᠬᠦ ᠳᠦ ᠪᠡᠨ ᠯᠠᠲ᠋ᠢᠨ ᠴᠠᠭᠠᠨ ᠲᠣᠯᠣᠭᠠᠢ ᠪᠡᠷ ᠰᠠᠭᠤᠷᠢ ᠪᠣᠯᠭᠠᠵᠤ ᠲᠡᠭᠦᠨ ᠳᠦ ᠣᠯᠠᠨ ᠨᠡᠮᠡᠯᠲᠡ ᠲᠡᠮᠳᠡᠭ ᠨᠡᠮᠡᠵᠦ ᠬᠡᠷᠡᠭᠯᠡᠬᠦ ᠵᠠᠩᠰᠢᠯ ᠲᠠᠢ ᠪᠣᠯᠵᠠᠢ᠃ ᠲᠤᠬᠠᠢ ᠶᠢᠨ ᠬᠡᠯᠡᠨ ᠦ ᠠᠪᠢᠶᠠᠯᠠᠪᠤᠷᠢ᠂ ᠲᠡᠭᠦᠨ ᠦ ᠬᠤᠪᠢᠯᠪᠤᠷᠢ ᠶᠢ ᠬᠡᠯᠡᠬᠦᠢ ᠶᠢᠨ ᠤᠷᠤᠰᠬᠠᠯ ᠳᠤ ᠨᠢ ᠨᠠᠷᠢᠨ ᠲᠡᠮᠳᠡᠭᠯᠡᠬᠦ ᠶᠢ ᠡᠷᠬᠢᠮᠯᠡᠭᠰᠡᠨ ᠲᠷᠠᠨᠰᠺᠷᠢᠫᠼᠢ ᠪᠤᠶᠤ ᠦᠭᠡᠴᠢᠯᠡᠨ ᠪᠠᠭᠤᠯᠭᠠᠬᠤ ᠠᠪᠢᠶ᠎ᠠ ᠵᠦᠢ ᠶᠢᠨ ᠭᠠᠯᠢᠭ ᠠᠴᠠ ᠭᠠᠳᠠᠨ᠎ᠠ ᠤᠭ ᠬᠡᠯᠡᠨ ᠦ ᠴᠠᠭᠠᠨ ᠲᠣᠯᠣᠭᠠᠢ ᠶᠢᠨ ᠦᠰᠦᠭ ᠪᠦᠷᠢ ᠶᠢ ᠦᠰᠦᠭ ᠦᠨ ᠨᠢᠭᠡᠨ ᠲᠡᠮᠳᠡᠭᠲᠦ ᠪᠡᠷ ᠲᠡᠮᠳᠡᠭᠯᠡᠬᠦ ᠲᠷᠠᠨᠰᠯᠢᠲ᠋ᠧᠷᠠᠼᠢ ᠪᠤᠶᠤ ᠦᠰᠦᠭᠴᠢᠯᠡᠨ ᠪᠠᠭᠤᠯᠭᠠᠬᠤ ᠭᠠᠯᠢᠭ ᠭᠡᠵᠦ ᠪᠠᠶᠢᠳᠠᠭ᠃ ᠪᠢᠳᠡ ᠣᠳᠣ ᠮᠣᠩᠭᠣᠯ ᠪᠢᠴᠢᠭ ᠢᠶᠡᠨ ᠰᠤᠷᠠᠬᠤ ᠳᠤ ᠪᠠᠨ ᠦᠰᠦᠭᠴᠢᠯᠡᠨ ᠪᠠᠭᠤᠯᠭᠠᠬᠤ ᠭᠠᠯᠢᠭ ᠬᠡᠷᠡᠭᠯᠡᠨ ᠠᠭᠤᠯ (ᠠᠭᠤᠯᠠ)᠂ ᠬᠠᠯᠡᠭᠤᠨ (ᠬᠠᠯᠠᠭᠤᠨ)᠂ ᠱᠢᠪᠠᠭᠤ (ᠰᠢᠪᠠᠭᠤ) ᠭᠡᠬᠦ ᠮᠡᠲᠦ ᠪᠡᠷ ᠲᠡᠮᠳᠡᠭᠯᠡᠵᠦ ᠪᠠᠶᠢᠭ᠎ᠠ ᠪᠢᠯᠡ᠃

1587 ᠣᠨ ᠳᠤ ᠬᠠᠷᠠᠴᠢᠨ ᠤ ᠠᠶᠤᠱᠢ ᠭᠦᠦᠰᠢ ᠮᠣᠩᠭᠣᠯ ᠪᠢᠴᠢᠭ ᠦᠨ ᠭᠠᠯᠢᠭ ᠤᠨ ᠲᠣᠭᠲᠠᠯᠴᠠᠭ᠎ᠠ ᠶᠢ ᠵᠣᠬᠢᠶᠠᠨ ᠪᠣᠯᠪᠠᠰᠤᠷᠠᠭᠤᠯᠵᠠᠢ᠃ ᠮᠣᠩᠭᠣᠯ ᠪᠢᠴᠢᠭ ᠦᠨ ᠬᠡᠯᠡᠨ ᠦ ᠲᠡᠦᠬᠡᠨ ᠬᠥᠭᠵᠢᠯ ᠢ ᠮᠣᠩᠭᠣᠯᠴᠢ ᠡᠷᠳᠡᠮᠲᠡᠨ ᠪ᠂ ᠶ᠂ ᠸᠯᠠᠳᠢᠮᠢᠷᠼᠣᠸ ᠭᠤᠷᠪᠠᠨ ᠦᠶ᠎ᠡ ᠲᠡᠢ ᠭᠡᠵᠦ ᠦᠵᠡᠭᠰᠡᠨ ᠪᠥᠭᠡᠳ ᠡᠳᠦᠭᠡ ᠬᠦᠷᠲᠡᠯ᠎ᠡ ᠳᠡᠯᠡᠬᠡᠢ ᠶᠢᠨ ᠮᠣᠩᠭᠣᠯᠴᠢ ᠡᠷᠳᠡᠮᠲᠡᠳ ᠳᠠᠭᠠᠨ ᠪᠠᠷᠢᠮᠲᠠᠯᠠᠵᠤ ᠪᠠᠶᠢᠨ᠎ᠠ᠃ ᠲᠡᠷᠡᠬᠦ ᠬᠥᠭᠵᠢᠯ ᠦᠨ ᠦᠶ᠎ᠡ ᠪᠦᠷᠢ ᠶᠢᠨ ᠣᠨᠴᠠᠯᠢᠭ ᠢ ᠮᠣᠩᠭᠣᠯᠴᠢ ᠡᠷᠳᠡᠮᠲᠡᠨ ᠭ᠂ᠳ᠂ ᠰᠠᠨᠵᠧᠸ 》ᠮᠣᠩᠭᠣᠯ ᠬᠡᠯᠡᠨ ᠨᠦᠭᠦᠳ ᠦᠨ ᠬᠠᠷᠢᠴᠠᠭᠤᠯᠤᠭᠰᠠᠨ ᠬᠡᠯᠡ ᠵᠦᠢ》 ᠬᠡᠮᠡᠬᠦ ᠨᠣᠮ ᠳᠤ ᠪᠠᠨ: 《ᠨᠢᠭᠡᠳᠦᠭᠡᠷ ᠦᠶ᠎ᠡ ᠨᠢ 13 ᠳ᠋ᠤᠭᠠᠷ ᠵᠠᠭᠤᠨ ᠤ ᠡᠴᠦᠰ ᠢᠶᠡᠷ ᠲᠡᠭᠦᠰᠦᠭᠰᠡᠨ ᠪᠥᠭᠡᠳ ᠡᠨᠡ ᠦᠶ᠎ᠡ ᠳᠦ ᠮᠣᠩᠭᠣᠯ ᠪᠢᠴᠢᠭ ᠦᠰᠦᠭ ᠢ ᠭᠣᠣᠯ ᠲᠥᠯᠥᠪ ᠲᠥᠷᠥ ᠶᠢᠨ ᠪᠢᠴᠢᠭ ᠬᠡᠷᠡᠭ ᠲᠦ ᠬᠡᠷᠡᠭᠯᠡᠵᠦ ᠪᠠᠶᠢᠵᠠᠢ᠃ ᠬᠠᠭᠤᠴᠢᠨ ᠮᠣᠩᠭᠣᠯ ᠪᠢᠴᠢᠭ ᠦᠨ ᠬᠡᠯᠡᠨ ᠦ ᠬᠣᠶᠠᠳᠤᠭᠠᠷ ᠦᠶ᠎ᠡ ᠨᠢ 14  ᠳᠦᠭᠡᠷ ᠵᠠᠭᠤᠨ ᠤ ᠡᠬᠢ᠂ 16 ᠳ᠋ᠤᠭᠠᠷ ᠵᠠᠭᠤᠨ ᠤ ᠡᠴᠦᠰ ᠢᠶᠡᠷ ᠲᠣᠬᠢᠶᠠᠯᠳᠣᠬᠤ ᠪᠥᠭᠡᠳ ᠡᠨᠡ ᠦᠶ᠎ᠡ ᠳᠦ ᠮᠣᠩᠭᠣᠯ ᠪᠢᠴᠢᠭ ᠦᠨ ᠬᠡᠯᠡ ᠨᠢ ᠲᠥᠷᠥ ᠶᠢᠨ ᠪᠢᠴᠢᠭ ᠬᠡᠷᠡᠭ ᠲᠦ ᠦᠷᠭᠦᠯᠵᠢᠯᠡᠨ ᠦᠢᠯᠡᠴᠢᠯᠡᠵᠦ ᠮᠥᠨ ᠪᠤᠷᠬᠠᠨ ᠱᠠᠰᠢᠨ ᠤ ᠨᠣᠮ ᠰᠤᠳᠤᠷ ᠢ ᠮᠣᠩᠭᠣᠯ ᠬᠡᠯᠡᠨ ᠳᠦ ᠣᠷᠴᠢᠭᠤᠯᠬᠤ ᠳᠤ ᠥᠷᠭᠡᠨ ᠢᠶᠡᠷ ᠬᠡᠷᠡᠭᠯᠡᠭᠳᠡᠵᠦ ᠡᠬᠢᠯᠡᠵᠡᠢ᠃ ᠴᠤᠬᠤᠮ ᠡᠨᠡ ᠦᠶ᠎ᠡ ᠳᠦ ᠤᠶᠢᠭᠤᠷ᠂ ᠰᠣᠭᠳᠠ᠂ ᠬᠣᠲᠠᠨ᠂ ᠺᠦ᠋ᠴᠠᠷ᠂ ᠺᠠᠷᠠᠰᠢᠷ᠂ ᠫᠧᠷᠰ ᠪᠠ ᠪᠤᠰᠤᠳ ᠬᠡᠯᠡᠨ ᠦ ᠦᠭᠡᠰ ᠬᠠᠭᠤᠴᠢᠨ ᠮᠣᠩᠭᠣᠯ ᠬᠡᠯᠡᠨ ᠳᠦ ᠣᠯᠠᠨ ᠢᠶᠠᠷ ᠨᠡᠪᠲᠡᠷᠡᠨ ᠣᠷᠣᠵᠠᠢ᠃ ᠮᠥᠨ ᠮᠣᠩᠭᠣᠯ ᠬᠡᠯᠡᠨ ᠳᠦ ᠤᠶᠢᠭᠤᠷ᠂ ᠢᠷᠡᠨ ᠦᠭᠡᠰ ᠨᠡᠪᠲᠡᠷᠡᠨ ᠣᠷᠣᠬᠤ ᠶᠢᠨ ᠬᠠᠮᠲᠤ ᠪᠠᠷ ᠨᠡᠯᠢᠶᠡᠳ ᠲᠣᠭᠠᠨ ᠤ ᠠᠷᠠᠪ ᠦᠭᠡᠰ ᠲᠡᠷᠡ ᠴᠤ ᠪᠠᠶᠢᠲᠤᠭᠠᠢ ᠭᠷᠧᠺ ᠦᠭᠡᠰ ᠬᠦᠷᠲᠡᠯ᠎ᠡ ᠣᠷᠣᠭᠰᠠᠨ ᠪᠠᠶᠢᠨ᠎ᠠ᠃ ᠡᠨᠡ ᠦᠶ᠎ᠡ ᠶᠢᠨ ᠲᠤᠷᠰᠢᠳᠠ ᠮᠥᠨ ᠤᠷᠢᠳᠤᠬᠢ ᠦᠶ᠎ᠡ ᠶᠢᠨ ᠨᠢᠭᠡᠨ ᠠᠳᠠᠯᠢ ᠤᠶᠢᠭᠤᠷ ᠦᠰᠦᠭ ᠢ ᠵᠥᠪᠬᠡᠨ ᠪᠢᠴᠢᠬᠦ ᠬᠡᠯᠪᠡᠷᠢ ᠶᠢ ᠪᠢᠴᠢᠬᠠᠨ ᠥᠭᠡᠷᠡᠴᠢᠯᠡᠵᠦ ᠪᠠᠷᠤᠭ ᠬᠡᠪ ᠢᠶᠡᠷ ᠨᠢ ᠬᠡᠷᠡᠭᠯᠡᠭᠰᠡᠭᠡᠷ ᠪᠠᠶᠢᠵᠠᠢ᠃ ᠡᠨᠡ ᠤᠴᠢᠷ ᠠᠴᠠ ᠡᠯ᠎ᠡ ᠬᠣᠶᠠᠷ ᠦᠶ᠎ᠡ ᠶᠢᠨ ᠴᠠᠭᠠᠨ ᠲᠣᠯᠣᠭᠠᠢ ᠶᠢ ᠤᠶᠢᠭᠤᠷᠵᠢᠨ ᠮᠣᠩᠭᠣᠯ ᠦᠰᠦᠭ ᠭᠡᠵᠦ ᠨᠡᠷᠡᠯᠡᠳᠡᠭ ᠪᠠᠶᠢᠨ᠎ᠠ᠃ ᠬᠠᠭᠤᠴᠢᠨ ᠮᠣᠩᠭᠣᠯ ᠪᠢᠴᠢᠭ ᠦᠨ ᠬᠡᠯᠡᠨ ᠦ ᠬᠥᠭᠵᠢᠯ ᠦᠨ ᠭᠤᠷᠪᠠᠳᠤᠭᠠᠷ ᠦᠶ᠎ᠡ ᠨᠢ 16 ᠳ᠋ᠤᠭᠠᠷ ᠵᠠᠭᠤᠨ ᠤ ᠡᠴᠦᠰ 17 ᠳ᠋ᠤᠭᠠᠷ ᠵᠠᠭᠤᠨ ᠤ ᠡᠬᠢᠨ ᠦᠶᠡᠰ ᠡᠬᠢᠯᠡᠭᠰᠡᠨ ᠪᠥᠭᠡᠳ ᠡᠨᠡ ᠦᠶᠡᠰ ᠤᠤᠯ ᠬᠡᠯᠡ ᠪᠠ ᠴᠠᠭᠠᠨ ᠲᠣᠯᠣᠭᠠᠢ ᠶᠢᠨ ᠠᠯᠢ ᠠᠯᠢ ᠨᠢ ᠦᠯᠡᠮᠵᠢᠬᠡᠨ ᠥᠭᠡᠷᠡᠴᠢᠯᠡᠭᠳᠡᠭᠰᠡᠨ ᠪᠠᠶᠢᠨ᠎ᠠ᠃ ᠲᠤᠬᠠᠶᠢᠯᠠᠪᠠᠯ ᠣᠶᠢᠯᠠᠭᠠᠭᠳᠠᠬᠤ ᠦᠭᠡᠢ ᠪᠣᠯᠤᠭᠰᠠᠨ ᠬᠠᠭᠤᠴᠢᠨ ᠦᠭᠡ ᠬᠡᠯᠡᠯᠭᠡ ᠶᠢ ᠨᠢ ᠰᠢᠨ᠎ᠡ ᠦᠭᠡ ᠬᠡᠯᠡᠯᠭᠡ ᠪᠡᠷ ᠰᠤᠯᠢᠵᠤ ᠠᠷᠠᠳ ᠤᠨ ᠨᠤᠲᠤᠭ ᠤᠨ ᠠᠶᠠᠯᠭᠤᠨ ᠤ ᠵᠦᠢᠯ ᠥᠷᠭᠡᠨ ᠢᠶᠡᠷ ᠨᠡᠪᠲᠡᠷᠡᠨ ᠤᠷᠤᠬᠤ ᠵᠠᠮ ᠨᠡᠭᠡᠭᠡᠭᠳᠡᠭᠡᠳ ᠬᠠᠭᠤᠴᠢᠨ ᠤᠶᠢᠭᠤᠷ᠂ ᠢᠷᠡᠨ ᠦᠭᠡᠰ ᠪᠠᠶᠢᠭᠰᠠᠨ ᠤ ᠵᠡᠷᠭᠡᠴᠡᠭᠡ ᠲᠥᠪᠡᠳ ᠦᠭᠡᠰ ᠨᠡᠪᠲᠡᠷᠡᠨ ᠣᠷᠣᠵᠤ ᠡᠬᠢᠯᠡᠵᠡᠢ᠃ ᠮᠥᠨ ᠪᠢᠴᠢᠭ ᠨᠢ ᠬᠤᠪᠢᠷᠠᠨ ᠥᠭᠡᠷᠡᠴᠢᠯᠡᠭᠳᠡᠵᠦ ᠴᠠᠭᠠᠨ ᠲᠣᠯᠣᠭᠠᠢ ᠶᠢᠨ ᠵᠠᠷᠢᠮ ᠦᠰᠦᠭ ᠢ ᠨᠠᠷᠢᠪᠴᠢᠯᠠᠨ ᠲᠣᠳᠣᠳᠬᠠᠵᠤ ᠬᠡᠷᠡᠭᠯᠡᠬᠦ ᠪᠣᠯᠪᠠ᠃ ᠡᠨᠡ ᠪᠦᠭᠦᠳᠡ ᠶᠢᠨ ᠦᠷ᠎ᠡ ᠪᠡᠷ ᠰᠣᠩᠭᠣᠳᠠᠭ ᠮᠣᠩᠭᠣᠯ ᠪᠢᠴᠢᠭ ᠦᠨ ᠬᠡᠯᠡ ᠪᠥᠷᠢᠯᠳᠦᠨ ᠲᠣᠭᠲᠠᠵᠤ ᠡᠨᠡᠬᠦ ᠬᠡᠯᠡ ᠶᠢ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠳᠦ ᠰᠡᠭᠦᠯ ᠦᠨ ᠦᠶ᠎ᠡ ᠬᠦᠷᠲᠡᠯ᠎ᠡ ᠤᠳᠬ᠎ᠠ ᠵᠣᠬᠢᠶᠠᠯ ᠤᠨ ᠬᠡᠯᠡ ᠪᠣᠯᠭᠠᠨ ᠬᠡᠷᠡᠭᠯᠡᠵᠦ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠤᠨ ᠮᠣᠩᠭᠣᠯᠴᠤᠳ ᠣᠳᠣ ᠬᠦᠷᠲᠡᠯ᠎ᠡ ᠬᠡᠷᠡᠭᠯᠡᠭᠰᠡᠭᠡᠷ ᠪᠠᠶᠢᠨ᠎ᠠ》 ᠭᠡᠵᠦ ᠲᠣᠳᠣᠷᠬᠠᠶᠢᠯᠠᠵᠠᠢ᠃

ᠮᠣᠩᠭᠣᠯ ᠪᠢᠴᠢᠭ ᠦᠨ ᠬᠡᠯᠡᠨ ᠦ ᠬᠥᠭᠵᠢᠯ ᠦᠨ ᠰᠢᠨ᠎ᠡ ᠦᠶ᠎ᠡ ᠪᠤᠶᠤ ᠰᠣᠩᠭᠣᠳᠠᠭ ᠪᠢᠴᠢᠭ ᠦᠨ ᠬᠡᠯᠡ ᠪᠤᠢ ᠪᠣᠯᠬᠤ ᠳᠤ ᠮᠣᠩᠭᠣᠯ ᠪᠢᠴᠢᠭ ᠦᠨ ᠭᠠᠯᠢᠭ ᠤᠨ ᠲᠣᠭᠲᠠᠯᠴᠠᠭ᠎ᠠ ᠶᠢ ᠪᠣᠯᠪᠠᠰᠤᠷᠠᠭᠤᠯᠤᠨ ᠵᠣᠬᠢᠶᠠᠭᠰᠠᠨ ᠨᠢ ᠦᠯᠡᠮᠵᠢ ᠨᠥᠯᠥᠭᠡ ᠦᠵᠡᠭᠦᠯᠦᠭᠰᠡᠨ ᠪᠥᠭᠡᠳ ᠠᠺᠠᠳᠧᠮᠢᠴᠢ ᠪ᠂ ᠷᠢᠨᠴᠢᠨ: 《ᠠᠶᠤᠱᠢ ᠭᠦᠦᠰᠢ ᠶᠢᠨ ᠭᠠᠯᠢᠭ ᠦᠰᠦᠭ ᠵᠣᠬᠢᠶᠠᠭᠰᠠᠨ ᠠᠴᠠ ᠬᠣᠶᠢᠰᠢ ᠣᠯᠠᠨ ᠨᠣᠮ ᠰᠤᠳᠤᠷ ᠣᠷᠴᠢᠭᠤᠯᠤᠭᠰᠠᠨ᠂ ᠵᠣᠬᠢᠶᠠᠭᠰᠠᠨ ᠵᠦᠢᠯ ᠳᠦ ᠲᠡᠷᠡ ᠭᠠᠯᠢᠭ ᠢ ᠨᠢ ᠬᠡᠷᠡᠭᠯᠡᠭᠰᠡᠨ ᠴᠠᠭ ᠨᠢ ᠶᠠᠭ ᠮᠣᠩᠭᠣᠯ ᠬᠡᠯᠡᠨ ᠦ ᠰᠢᠨ᠎ᠡ ᠦᠶ᠎ᠡ ᠭᠡᠵᠦ ᠰᠢᠨᠵᠢᠯᠡᠭᠰᠡᠨ ᠦᠶ᠎ᠡ ᠲᠠᠭᠠᠷᠠᠬᠤ ᠲᠤᠯᠠ ᠰᠢᠨ᠎ᠡ ᠦᠶ᠎ᠡ ᠶᠢᠨ ᠡᠬᠢ ᠨᠢ ᠲᠡᠷᠡ ᠭᠠᠯᠢᠭ ᠵᠣᠬᠢᠶᠠᠭᠰᠠᠨ ᠣᠨ ᠠᠴᠠ ᠲᠣᠭᠠᠯᠠᠵᠤ ᠪᠣᠯᠬᠤ ᠮᠠᠭᠠᠳᠯᠠᠯ ᠪᠠᠷᠢᠮᠲᠠ ᠶᠢ ᠨᠢ ᠪᠢᠳᠡ ᠣᠯᠵᠠᠢ》 ᠬᠡᠮᠡᠨ ᠪᠢᠴᠢᠭᠰᠡᠨ ᠪᠤᠢ᠃

ᠠᠶᠤᠱᠢ ᠭᠦᠦᠰᠢ ᠶᠢᠨ ᠭᠠᠯᠢᠭ ᠦᠰᠦᠭ ᠢ 《ᠠᠯᠢ ᠭᠠᠯᠢ》 ᠍ ᠶᠢᠨ ᠦᠰᠦᠭ ᠭᠡᠵᠦ ᠪᠠᠰᠠ ᠨᠡᠷᠡᠯᠡᠬᠦ ᠪᠥᠭᠡᠳ ᠠᠯᠢ- ᠡᠭᠡᠰᠢᠭ᠂ ᠭᠠᠯᠢ ᠭᠡᠶᠢᠭᠦᠯᠦᠭᠴᠢ ᠭᠡᠰᠡᠨ ᠰᠠᠨᠰᠺᠷᠢᠳ᠋ ᠦᠭᠡ ᠠᠵᠢ᠃ ᠭᠠᠯᠢᠭ ᠭᠡᠳᠡᠭ ᠦᠭᠡ ᠮᠠᠨᠢ ᠴᠤ ᠡᠨᠡᠬᠦ ᠭᠠᠯᠢ ᠭᠡᠰᠡᠨ ᠦᠭᠡ ᠲᠡᠢ ᠭᠠᠷᠤᠯ ᠨᠢᠭᠡ ᠪᠤᠢ᠃ ᠠᠶᠤᠱᠢ ᠭᠦᠦᠰᠢ ᠰᠠᠨᠰᠺᠷᠢᠳ᠋ ᠬᠡᠯᠡᠨ ᠦ 16 ᠡᠭᠡᠰᠢᠭ᠂ 34 ᠭᠡᠶᠢᠭᠦᠯᠦᠭᠴᠢ᠂ ᠲᠥᠪᠡᠳ ᠬᠡᠯᠡᠨ ᠦ 4 ᠡᠭᠡᠰᠢᠭ᠂ 30 ᠭᠡᠶᠢᠭᠦᠯᠦᠭᠴᠢ ᠦᠰᠦᠭ ᠢ ᠮᠣᠩᠭᠣᠯ ᠪᠢᠴᠢᠭ ᠢᠶᠡᠷ ᠪᠢᠴᠢᠬᠦ ᠭᠠᠯᠢᠭ ᠢ ᠵᠣᠬᠢᠶᠠᠬᠤ ᠳᠤ ᠪᠠᠨ ᠮᠣᠩᠭᠣᠯ ᠪᠢᠴᠢᠭ ᠦᠨ ᠢᠶᠡᠨ ᠠᠪᠢᠶᠠᠨ ᠵᠦᠢ᠂ ᠦᠰᠦᠭ ᠵᠦᠢ᠂ ᠰᠠᠨᠰᠺᠷᠢᠳ᠋ ᠲᠥᠪᠡᠳ ᠬᠡᠯᠡᠨ ᠦ ᠠᠪᠢᠶᠠᠨ ᠵᠦᠢ  ᠶᠢᠨ ᠣᠨᠴᠠᠯᠢᠭ ᠢ ᠲᠤᠩ ᠨᠠᠷᠢᠨ ᠠᠵᠢᠭᠯᠡᠨ ᠰᠢᠨᠵᠢᠯᠡᠭᠰᠡᠨ ᠪᠠᠶᠢᠳᠠᠭ᠃ ᠠᠶᠤᠱᠢ ᠭᠦᠦᠰᠢ ᠶᠢᠨ ᠭᠠᠯᠢᠭ ᠦᠰᠦᠭ ᠨᠢ ᠭᠠᠳᠠᠭᠠᠳᠤ ᠦᠭᠡ ᠶᠢ ᠦᠭᠡᠴᠢᠯᠡᠨ ᠪᠠᠭᠤᠯᠭᠠᠬᠤ (ᠲᠷᠠᠨᠰᠺᠷᠢᠫᠼᠢ)᠂ ᠦᠰᠦᠭᠴᠢᠯᠡᠨ ᠪᠠᠭᠤᠯᠭᠠᠬᠤ (ᠲᠷᠠᠨᠰᠯᠢᠲ᠋ᠧᠷᠠᠼᠢ) ᠬᠣᠶᠠᠷ ᠵᠦᠢᠯ ᠦᠨ ᠭᠠᠯᠢᠭ ᠢ ᠨᠢᠭᠡᠨ ᠬᠠᠮᠲᠤᠳᠠ ᠭᠦᠢᠴᠡᠳᠭᠡᠵᠦ ᠴᠢᠳᠠᠬᠤ ᠭᠠᠯᠢᠭ ᠦᠰᠦᠭ ᠦᠨ ᠲᠣᠭᠲᠠᠯᠴᠠᠭ᠎ᠠ ᠪᠣᠯᠤᠭᠰᠠᠨ ᠶᠤᠮ᠃ ᠠᠯᠢᠪᠠ ᠦᠰᠦᠭ ᠪᠢᠴᠢᠭ ᠲᠡᠭᠦᠨ ᠳᠦ ᠬᠢᠭᠰᠡᠨ ᠰᠢᠨᠡᠳᠬᠡᠯ ᠬᠢᠷᠢ ᠵᠡᠷᠭᠡ ᠰᠢᠨᠵᠢᠯᠡᠬᠦ ᠤᠬᠠᠭᠠᠨᠴᠢ ᠪᠣᠯᠵᠤ ᠪᠤᠢ ᠭᠡᠳᠡᠭ ᠢ ᠬᠣᠵᠢᠮ ᠶᠠᠭᠠᠬᠢᠵᠤ ᠲᠦᠭᠡᠵᠦ ᠳᠡᠯᠭᠡᠷᠡᠭᠰᠡᠨ ᠢᠶᠡᠷ ᠨᠢ ᠪᠠᠭᠴᠠᠯᠠᠵᠤ ᠪᠣᠯᠬᠤ ᠪᠢᠯᠡ᠃ ᠢᠩᠭᠢᠵᠦ ᠦᠵᠡᠪᠡᠯ ᠠᠶᠤᠱᠢ ᠭᠦᠦᠰᠢ ᠶᠢᠨ ᠭᠠᠯᠢᠭ ᠦᠰᠦᠭ ᠢ ᠵᠣᠬᠢᠶᠠᠭᠰᠠᠨ ᠴᠠᠭ ᠦᠶᠡᠰ ᠨᠢ ᠡᠬᠢᠯᠡᠨ ᠲᠥᠪᠡᠳ᠂ ᠰᠠᠨᠰᠺᠷᠢᠳ᠋ ᠬᠡᠯᠡᠨ ᠡᠴᠡ ᠣᠷᠴᠢᠭᠤᠯᠤᠭᠰᠠᠨ ᠨᠡᠩ ᠠᠷᠪᠢᠨ ᠰᠤᠳᠤᠷ ᠨᠣᠮ ᠳᠤ ᠨᠠᠷᠢᠨ ᠴᠢᠩᠳᠠ ᠮᠥᠷᠳᠡᠨ ᠬᠡᠷᠡᠭᠯᠡᠵᠦ ᠢᠷᠡᠭᠰᠡᠨ ᠪᠢᠯᠡ᠃ ᠣᠳᠣ ᠪᠢᠳᠡᠨ ᠦ ᠬᠡᠷᠡᠭᠯᠡᠵᠦ ᠪᠠᠶᠢᠭ᠎ᠠ ᠮᠣᠩᠭᠣᠯ ᠪᠢᠴᠢᠭ ᠦᠨ ᠴᠠᠭᠠᠨ ᠲᠣᠯᠣᠭᠠᠢ ᠶᠢᠨ ᠭᠠᠳᠠᠭᠠᠳᠤ ᠦᠭᠡ ᠶᠢ ᠲᠡᠮᠳᠡᠭᠯᠡᠳᠡᠭ ᠫ᠂ ᠹ᠂ ᠴ᠂ ᠽ᠂ ᠺ᠂ ᡀᠠᠭᠪᠠ ᠵᠡᠷᠭᠡ ᠦᠰᠦᠭ ᠦᠳ ᠪᠣᠯ ᠮᠥᠨ ᠯᠠ ᠠᠶᠤᠱᠢ ᠭᠦᠦᠰᠢ ᠶᠢᠨ ᠵᠣᠬᠢᠶᠠᠭᠰᠠᠨ ᠭᠠᠯᠢᠭ ᠠᠴᠠ ᠠᠪᠴᠠᠢ᠃ ᠪᠠᠨᠽᠠᠷᠠᠭᠴᠢ ᠪᠤᠶᠤ ᠲᠠᠪᠤᠨ ᠰᠠᠬᠢᠶᠠᠨ ᠬᠡᠮᠡᠬᠦ ᠰᠤᠳᠤᠷ ᠤᠨ ᠳᠣᠲᠣᠷᠠᠬᠢ ᠰᠠᠨᠰᠺᠷᠢᠳ᠋ ᠬᠡᠯᠡᠨ ᠦ ᠲᠠᠷᠨᠢ ᠶᠢᠨ ᠦᠭᠡ ᠶᠢ ᠠᠯᠢ ᠭᠠᠯᠢ ᠵᠢᠨ  ᠦᠰᠦᠭ ᠢᠶᠡᠷ (ᠠᠶᠤᠱᠢ ᠭᠦᠦᠰᠢ ᠶᠢᠨ ᠭᠠᠯᠢᠭ ᠢᠶᠠᠷ) ᠠᠩᠬ᠎ᠠ ᠲᠡᠮᠳᠡᠭᠯᠡᠭᠰᠡᠨ ᠭᠡᠵᠦ ᠠᠺᠠᠳᠧᠮᠢᠴᠢ ᠴ᠃ᠳᠠᠮᠳᠢᠨᠰᠦ᠋ᠷᠦᠩ ᠪᠢᠴᠢᠵᠡᠢ᠃

ᠮᠣᠩᠭᠣᠯᠴᠤᠳ ᠤᠨ ᠳᠤᠮᠳᠠ 《ᠪᠠᠷᠳᠠᠮ ᠪᠠᠨᠳᠢ ᠪᠠᠷ ᠪᠠᠨᠽᠠᠷᠠᠭᠴᠢ ᠤᠩᠰᠢᠭᠤᠯ᠂ ᠪᠠᠷᠳᠠᠮ ᠬᠡᠦᠬᠡᠨ ᠢᠶᠡᠷ ᠫᠠᠩᠰᠠ ᠣᠶᠣᠭᠤᠯ》 ᠭᠡᠰᠡᠨ ᠵᠦᠢᠷ ᠦᠭᠡᠪᠠᠶᠢᠳᠠᠭ᠃ ᠡᠨᠡ ᠨᠢ ᠪᠠᠨᠽᠠᠷᠠᠭᠴᠢ ᠬᠡᠮᠡᠬᠦ ᠰᠤᠳᠤᠷ ᠪᠣᠯ ᠵᠦᠭᠡᠷ ᠲᠥᠪᠡᠳ ᠦᠰᠦᠭ ᠭᠠᠷᠭᠠᠭᠠᠳ ᠤᠩᠰᠢᠳᠠᠭ ᠪᠠᠨᠳᠢ ᠤᠩᠰᠢᠵᠤ ᠴᠢᠳᠠᠬᠤ ᠦᠭᠡᠢ᠂ ᠲᠠᠷᠨᠢ ᠤᠩᠰᠢᠬᠤ ᠠᠷᠭ᠎ᠠ ᠶᠢ ᠮᠡᠳᠡᠳᠡᠭ ᠯᠠᠮᠠ ᠤᠩᠰᠢᠵᠤ ᠴᠢᠳᠠᠬᠤ ᠲᠠᠷᠨᠢ ᠶᠢᠨ ᠦᠭᠡ ᠡᠯᠪᠡᠭ ᠲᠡᠢ ᠰᠤᠳᠤᠷ ᠪᠣᠯᠬᠤ ᠶᠢ ᠬᠡᠯᠡᠵᠦ ᠪᠠᠶᠢᠭ᠎ᠠ ᠪᠢᠯᠡ᠃ ᠨᠢᠭᠤᠴᠠ ᠤᠪᠠᠳᠢᠰ ᠲᠡᠷᠢᠭᠦᠲᠡᠨ ᠲᠡᠢ ᠬᠣᠯᠪᠣᠭ᠎ᠠ ᠲᠠᠢ ᠲᠤᠯᠠ ᠰᠤᠳᠤᠷ ᠤᠨ ᠳᠣᠲᠣᠷᠠᠬᠢ ᠲᠠᠷᠨᠢ ᠶᠢᠨ ᠵᠦᠢᠯ ᠢ ᠶᠡᠷᠦ ᠣᠷᠴᠢᠭᠤᠯᠳᠠᠭ ᠦᠭᠡᠢ ᠲᠡᠷᠡ ᠬᠡᠪ ᠢᠶᠡᠷ ᠨᠢ ᠪᠠᠭᠤᠯᠭᠠᠳᠠᠭ ᠤᠯᠠᠮᠵᠢᠯᠠᠯ ᠲᠠᠢ ᠪᠢᠯᠡ᠃

ᠡᠶᠢᠮᠦ ᠤᠴᠢᠷ ᠲᠥᠪᠡᠳ ᠬᠡᠯᠡᠨ ᠡᠴᠡ ᠡᠳᠦᠢ ᠲᠡᠳᠦᠢ ᠬᠥᠯᠭᠡᠨ ᠰᠤᠳᠤᠷ ᠣᠷᠴᠢᠭᠤᠯᠬᠤ ᠳᠤ ᠪᠠᠨ ᠲᠡᠭᠦᠨ ᠳᠦ ᠭᠠᠷᠬᠤ ᠲᠠᠷᠨᠢ ᠶᠢᠨ ᠵᠦᠢᠯ ᠢ ᠠᠯᠢ ᠭᠠᠯᠢ ᠶᠢᠨ ᠦᠰᠦᠭ ᠢᠶᠡᠷ ᠯᠠ ᠪᠠᠭᠤᠯᠭᠠᠳᠠᠭ ᠵᠢᠷᠤᠮ ᠲᠠᠢ ᠪᠠᠶᠢᠵᠠᠢ᠃ ᠠᠶᠤᠱᠢ ᠭᠦᠦᠰᠢ ᠶᠢᠨ ᠵᠣᠬᠢᠶᠠᠭᠰᠠᠨ ᠭᠠᠯᠢᠭ ᠦᠰᠦᠭ ᠦᠨ ᠲᠣᠭᠲᠠᠯᠴᠠᠭ᠎ᠠ ᠨᠢ ᠬᠣᠵᠢᠮ ᠤᠨ ᠬᠡᠯᠡᠨ ᠦ ᠮᠡᠷᠭᠡᠳ ᠦᠨ ᠪᠦᠲᠦᠭᠡᠯ ᠳᠦ ᠶᠡᠬᠡ ᠨᠥᠯᠥᠭᠡ ᠦᠵᠡᠭᠦᠯᠦᠭᠰᠡᠨ ᠪᠥᠭᠡᠳ ᠲᠤᠬᠠᠶᠢᠯᠠᠪᠠᠯ ᠣᠶᠢᠷᠠᠳ ᠤᠨ ᠬᠣᠱᠤᠳ ᠶᠠᠰᠤᠲᠤ ᠭᠥᠷᠥᠭᠡᠴᠢᠨ ᠣᠲᠣᠭ ᠤᠨ ᠱᠠᠩᠭᠠᠰ ᠣᠪᠣᠭᠲᠤ ᠶᠡᠬᠡ ᠪᠠᠨᠳᠢᠳᠠ ᠣᠭᠲᠠᠷᠭᠤᠢ ᠶᠢᠨ ᠳᠠᠯᠠᠢ ᠪᠤᠶᠤ ᠨᠠᠮᠬᠠᠶᠢᠵᠠᠮᠼᠤ ᠶᠢᠨ ᠲᠣᠳᠣ ᠪᠢᠴᠢᠭ ᠦᠨ ᠭᠠᠯᠢᠭ ᠲᠤ ᠶᠡᠬᠡ ᠲᠣᠳᠣᠷᠬᠠᠢ ᠬᠠᠷᠠᠭᠳᠠᠳᠠᠭ᠃ 1648 ᠣᠨ ᠳᠤ ᠲᠣᠳᠣ ᠪᠢᠴᠢᠭ ᠢ ᠵᠣᠬᠢᠶᠠᠭᠰᠠᠨ ᠣᠶᠢᠷᠠᠳ ᠤᠨ ᠵᠠᠶ ᠡ ᠪᠠᠨᠳᠢᠳᠠ ᠨᠠᠮᠬᠠᠶᠢᠵᠠᠮᠼᠤ ᠡᠨᠡᠳᠬᠡᠭ ᠲᠥᠪᠡᠳ ᠦᠰᠦᠭ ᠢ ᠲᠡᠮᠳᠡᠭᠯᠡᠬᠦ ᠲᠣᠳᠣ ᠪᠢᠴᠢᠭ ᠦᠨ ᠭᠠᠯᠢᠭ ᠦᠰᠦᠭ ᠵᠣᠬᠢᠶᠠᠭᠰᠠᠨ ᠪᠥᠭᠡᠳ ᠣᠯᠠᠩᠬᠢ ᠦᠰᠦᠭ ᠦᠨ ᠬᠡᠯᠪᠡᠷᠢ ᠨᠢ ᠠᠶᠤᠱᠢ ᠭᠦᠦᠰᠢ ᠶᠢᠨ ᠭᠠᠯᠢᠭ ᠦᠰᠦᠭ ᠲᠡᠢ ᠶᠠᠭ ᠲᠣᠬᠢᠷᠠᠳᠠᠭ ᠪᠠᠶᠢᠨ᠎ᠠ᠃ ᠬᠠᠷᠢᠨ ᠵᠠᠷᠢᠮ ᠦᠰᠦᠭ ᠦᠨ ᠬᠡᠯᠪᠡᠷᠢ ᠶᠢ ᠠᠯᠢ ᠪᠣᠯᠬᠣᠷ ᠲᠥᠪᠡᠳ ᠦᠰᠦᠭ ᠦᠨ ᠬᠡᠯᠪᠡᠷᠢ ᠳᠦ ᠣᠶᠢᠷᠠᠲᠤᠭᠤᠯᠬᠤ ᠶᠢ ᠬᠢᠴᠢᠶᠡᠭᠰᠡᠨ ᠲᠠᠯ᠎ᠠ ᠠᠵᠢᠭᠯᠠᠭᠳᠠᠳᠠᠭ ᠶᠤᠮ᠃

ᠡᠶᠢᠨᠬᠦᠦ 1587 ᠣᠨ ᠳᠤ ᠠᠶᠤᠱᠢ ᠭᠦᠦᠰᠢ ᠮᠣᠩᠭᠣᠯ ᠪᠢᠴᠢᠭ ᠦᠨ ᠭᠠᠯᠢᠭ ᠦᠰᠦᠭ ᠦᠨ ᠲᠣᠭᠲᠠᠯᠴᠠᠭ᠎ᠠ ᠶᠢ ᠪᠤᠢ ᠪᠣᠯᠭᠠᠭᠰᠠᠨ ᠢᠶᠠᠷ ᠶᠡᠬᠡ ᠪᠠᠭ᠎ᠠ ᠲᠠᠪᠤᠨ ᠤᠬᠠᠭᠠᠨ ᠤ ᠦᠯᠡᠮᠵᠢ ᠠᠷᠪᠢᠨ ᠨᠣᠮ ᠰᠤᠳᠤᠷ ᠢ ᠲᠥᠪᠡᠳ ᠬᠡᠯᠡᠨ ᠡᠴᠡ ᠮᠣᠩᠭᠣᠯ ᠬᠡᠯᠡᠨ ᠳᠦ ᠰᠠᠭᠠᠳ ᠦᠭᠡᠢ ᠤᠷᠴᠢᠭᠤᠯᠬᠤ ᠨᠥᠬᠥᠴᠡᠯ ᠢ ᠪᠦᠷᠢᠳᠦᠭᠦᠯᠵᠦ᠂ ᠮᠣᠩᠭᠣᠯ ᠪᠢᠴᠢᠭ ᠦᠨ ᠬᠡᠯᠡᠨ ᠦ ᠬᠥᠭᠵᠢᠯ ᠦᠨ ᠰᠢᠨ᠎ᠡ ᠦᠶ᠎ᠡ ᠶᠢ ᠡᠬᠢᠯᠡᠭᠦᠯᠵᠡᠢ᠃ ᠠᠶᠤᠱᠢ ᠭᠦᠦᠰᠢ ᠶᠢᠨ ᠭᠠᠯᠢᠭ ᠦᠰᠦᠭ ᠪᠣᠯᠤᠨ ᠬᠣᠵᠢᠮ ᠮᠠᠨᠵᠤ᠂ ᠬᠢᠲᠠᠳ ᠬᠡᠯᠡᠨ ᠦ ᠵᠠᠷᠢᠮ ᠠᠪᠢᠶ ᠡ ᠵᠢ ᠲᠡᠮᠳᠡᠭᠯᠡᠬᠦ ᠴᠥᠭᠡᠨ ᠦᠰᠦᠭ ᠨᠡᠮᠡᠭᠰᠡᠨ ᠮᠣᠩᠭᠣᠯ ᠦᠰᠦᠭ ᠢ ᠬᠡᠷᠡᠭᠯᠡᠨ ᠭᠠᠳᠠᠭᠠᠳᠤ ᠶᠢᠨ ᠶᠠᠮᠠᠷ ᠴᠤ ᠦᠭᠡ ᠶᠢ ᠲᠡᠮᠳᠡᠭᠯᠡᠬᠦ ᠪᠦᠷᠢᠨ ᠪᠣᠯᠤᠮᠵᠢ ᠲᠠᠢ ᠪᠣᠯᠵᠠᠢ᠃

ᠮᠣᠩᠭᠣᠯ ᠪᠢᠴᠢᠭ ᠦᠨ ᠭᠠᠯᠢᠭ ᠦᠰᠦᠭ ᠨᠢ ᠦᠭᠡᠴᠢᠯᠡᠨ ᠪᠠᠭᠤᠯᠭᠠᠬᠤ᠂ ᠦᠰᠦᠭᠴᠢᠯᠡᠨ ᠪᠠᠭᠤᠯᠭᠠᠬᠤ ᠬᠣᠶᠠᠷ ᠵᠦᠢᠯ ᠦᠨ ᠬᠡᠷᠡᠭ ᠢ ᠬᠠᠮᠲᠤ ᠳᠤ ᠭᠦᠢᠴᠡᠳᠭᠡᠳᠡᠭ ᠪᠠᠶᠢᠭᠰᠠᠨ ᠲᠤᠯᠠ ᠦᠰᠦᠭᠴᠢᠯᠡᠨ ᠪᠠᠭᠤᠯᠭᠠᠭᠰᠠᠨ ᠭᠠᠯᠢᠭ ᠢ ᠵᠥᠪ ᠤᠩᠰᠢᠬᠤ ᠶᠢᠨ ᠤᠴᠢᠷ ᠲᠥᠪᠡᠳ ᠬᠡᠯᠡ ᠶᠢ ᠭᠠᠳᠠᠷᠯᠠᠬᠤ ᠨᠢ ᠴᠢᠬᠤᠯᠠ ᠪᠠᠶᠢᠳᠠᠭ ᠢ ᠳᠤᠷᠠᠳᠬᠤ ᠬᠡᠷᠡᠭᠲᠡᠢ ᠶᠤᠮ᠃ ᠤᠷᠢᠳᠤ ᠡᠮᠦᠨ᠎ᠡ ᠶᠢᠨ ᠪᠢᠴᠢᠭ ᠦᠨ ᠬᠦᠮᠦᠰ ᠲᠥᠪᠡᠳ᠂ ᠮᠠᠨᠵᠤ ᠵᠡᠷᠭᠡ ᠬᠡᠯᠡ ᠶᠢ ᠰᠠᠶᠢᠨ ᠮᠡᠳᠡᠳᠡᠭ ᠪᠠᠶᠢᠭᠰᠠᠨ ᠲᠤᠯᠠ ᠲᠥᠪᠡᠳ ᠢᠶᠡᠷ ᠥᠭᠭᠦᠭᠰᠡᠨ ᠮᠣᠩᠭᠣᠯ ᠬᠦᠮᠦᠨ ᠦ ᠨᠡᠷ᠎ᠡ ᠶᠢ ᠪᠢᠴᠢᠬᠦ ᠳᠦ ᠪᠡᠨ ᠴᠤ ᠲᠥᠪᠡᠳ ᠢᠶᠡᠷ ᠨᠢ ᠶᠠᠭᠠᠬᠢᠵᠤ ᠪᠢᠴᠢᠳᠡᠭ ᠪᠠᠷᠢᠮᠲᠠᠯᠠᠨ ᠪᠢᠴᠢᠳᠡᠭ ᠪᠠᠶᠢᠭᠰᠠᠨ᠃ ᠮᠣᠩᠭᠣᠯᠴᠤᠳ ᠤᠨ ᠬᠡᠷᠡᠭᠯᠡᠵᠦ ᠢᠷᠡᠭᠰᠡᠨ ᠣᠯᠠᠨ ᠵᠦᠢᠯ ᠤᠨ ᠪᠢᠴᠢᠭ ᠦᠰᠦᠭ ᠨᠢ ᠪᠦᠭᠦᠳᠡ ᠯᠠ ᠥᠪᠡᠷ ᠥᠪᠡᠷ ᠦᠨ ᠲᠣᠭᠲᠠᠯᠴᠠᠭᠠᠨ ᠳᠤ ᠪᠠᠨ ᠲᠣᠬᠢᠷᠠᠭᠰᠠᠨ᠂ ᠲᠤᠬᠠᠢ ᠶᠢᠨ ᠵᠣᠷᠢᠯᠭ᠎ᠠ᠂ ᠱᠠᠭᠠᠷᠳᠠᠯᠭ᠎ᠠ ᠬᠠᠩᠭᠠᠭᠰᠠᠨ ᠭᠠᠯᠢᠭ ᠦᠰᠦᠭ ᠲᠡᠢ ᠪᠠᠶᠢᠵᠠᠢ᠃ ᠵᠢᠱᠢᠶᠡᠯᠡᠪᠡᠯ ᠳᠥᠷᠪᠡᠯᠵᠢᠨ ᠪᠢᠴᠢᠭ ᠦᠨ ᠴᠠᠭᠠᠨ ᠲᠣᠯᠣᠭᠠᠢ 41 ᠦᠰᠦᠭ ᠲᠡᠢ ᠪᠠᠶᠢᠭᠰᠠᠨ ᠠᠴᠠ ᠵᠢᠩᠬᠢᠨᠢ ᠦᠭᠡ ᠶᠢ ᠲᠡᠮᠳᠡᠭᠯᠡᠬᠦ ᠳᠦ ᠬᠡᠷᠡᠭᠯᠡᠳᠡᠭ ᠦᠰᠦᠭ ᠨᠢ 28 ᠍ ᠠᠴᠠ ᠬᠡᠲᠦᠷᠬᠦ ᠦᠭᠡᠢ ᠶᠤᠮ᠃

ᠮᠣᠩᠭᠣᠯᠴᠤᠳ ᠥᠪᠡᠷ ᠦᠨ ᠦᠰᠦᠭ ᠪᠢᠴᠢᠭ ᠢᠶᠡᠨ ᠤᠯᠠᠮ ᠪᠣᠯᠪᠠᠰᠤᠷᠠᠩᠭᠤᠢ ᠪᠣᠯᠭᠠᠬᠤ᠂ ᠳᠡᠯᠡᠬᠡᠢ ᠶᠢᠨ ᠣᠯᠠᠨ ᠤᠯᠤᠰ ᠣᠷᠣᠨ ᠤ ᠰᠤᠶᠤᠯ ᠠᠴᠠ ᠬᠦᠷᠲᠡᠵᠦ ᠬᠠᠷᠢᠯᠴᠠᠭ᠎ᠠ ᠬᠣᠯᠪᠣᠭ᠎ᠠ ᠪᠠᠨ ᠥᠷᠭᠡᠳᠬᠡᠬᠦ ᠳᠦ ᠮᠣᠩᠭᠣᠯ ᠭᠠᠯᠢᠭ ᠦᠰᠦᠭ ᠦᠨ ᠲᠣᠭᠲᠠᠯᠴᠠᠭ᠎ᠠ ᠡᠷᠬᠢᠮ ᠡᠭᠦᠷᠭᠡ ᠲᠡᠢ ᠪᠠᠶᠢᠵᠠᠢ᠃

ᠲᠣᠳᠣ ᠪᠢᠴᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠲᠣᠳᠣ ᠪᠢᠴᠢᠭ

ᠣᠶᠢᠷᠠᠳ ᠤᠨ ᠯᠠᠮᠠ ᠵᠠᠶ᠎ᠠ ᠪᠠᠨᠳᠢᠳᠠ ᠨᠠᠮᠬᠠᠶᠢᠵᠠᠮᠼᠤ ᠍ ᠵᠢᠨ 1648 ᠣᠨ ᠳᠤ ᠵᠣᠬᠢᠶᠠᠭᠰᠠᠨ᠃ ᠮᠣᠩᠭᠣᠯ ᠪᠢᠴᠢᠭ ᠢ ᠵᠢᠩᠬᠢᠨᠢ ᠠᠶᠠᠯᠭ᠎ᠠ ᠲᠠᠢ ᠨᠢ ᠣᠶᠢᠷᠠᠲᠤᠭᠤᠯᠬᠤ᠂ ᠮᠥᠨ ᠲᠥᠪᠡᠳ ᠪᠠ ᠰᠠᠨᠰᠺᠷᠢᠳ᠋ ᠬᠡᠯᠡ ᠨᠦᠭᠦᠳ ᠢ ᠬᠢᠯᠪᠠᠷ ᠪᠢᠴᠢᠬᠦ ᠵᠣᠷᠢᠭᠤᠯᠤᠯᠲᠠ ᠪᠠᠷ ᠪᠦᠲᠦᠭᠡᠭᠳᠡᠭᠰᠡᠨ᠃ ᠲᠣᠳᠣ ᠪᠢᠴᠢᠭ ᠬᠡᠮᠡᠨ ᠨᠡᠷᠡᠯᠡᠭᠰᠡᠨ ᠦ ᠤᠴᠢᠷ ᠨᠢ ᠮᠣᠩᠭᠣᠯ ᠪᠢᠴᠢᠭ ᠢ ᠲᠣᠳᠣᠷᠬᠠᠢ ᠨᠠᠷᠢᠨ ᠪᠣᠯᠭᠠᠭᠰᠠᠨ ᠢ ᠦᠭᠦᠯᠡᠵᠦ ᠪᠤᠢ᠃ 1924 ᠣᠨ ᠬᠦᠷᠲᠡᠯ᠎ᠡ ᠣᠷᠣᠰ ᠳᠠᠬᠢ ᠬᠠᠯᠢᠮᠠᠭ ᠦᠳ ᠬᠡᠷᠡᠭᠯᠡᠵᠦ ᠪᠠᠶᠢᠭᠰᠠᠨ᠃ ᠬᠢᠲᠠᠳ ᠍ ᠤᠨ ᠰᠢᠨᠵᠢᠶᠠᠩ  ᠤᠨ ᠦᠪᠡᠷᠳᠡᠬᠡᠨ ᠵᠠᠰᠠᠬᠤ ᠤᠷᠤᠨ  ᠤ ᠣᠶᠢᠷᠠᠳ ᠤᠳ ᠣᠳᠣ ᠪᠣᠯᠲᠠᠯ᠎ᠠ ᠬᠡᠷᠡᠭᠯᠡᠳᠡᠭ᠃

ᠸᠠᠭᠢᠨᠳᠠᠷ᠎ᠠ ᠶᠢᠨ ᠦᠰᠦᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠠᠭᠢᠨᠳᠠᠷ᠎ᠠ ᠶᠢᠨ ᠦᠰᠦᠭ ᠨᠢ 1905 ᠣᠨ ᠤ ᠦᠶ᠎ᠡ ᠳᠦ ᠪᠤᠷᠢᠶᠠᠳ ᠍ ᠤᠨ ᠯᠠᠮᠠ ᠠᠭᠸᠠᠩᠳᠣᠷᠵᠢ ᠮᠣᠩᠭᠣᠯ᠂ ᠲᠣᠳᠣ ᠦᠰᠦᠭ ᠲᠦ ᠲᠤᠯᠭᠠᠭᠤᠷᠢᠯᠠᠨ ᠵᠣᠬᠢᠶᠠᠭᠰᠠᠨ ᠪᠤᠷᠢᠶᠠᠳ ᠤᠨ ᠰᠢᠨ᠎ᠡ ᠦᠰᠦᠭ ᠶᠤᠮ᠃ ᠸᠠᠭᠢᠨᠳᠠᠷ᠎ᠠ ᠦᠰᠦᠭ ᠮᠣᠩᠭᠣᠯ ᠪᠣᠯᠤᠨ ᠲᠣᠳᠣ ᠪᠢᠴᠢᠭ ᠦᠨ ᠠᠯᠢ ᠠᠯᠢᠨ ᠠᠴᠠ ᠢᠯᠭᠠᠷᠠᠬᠤ ᠨᠢᠭᠡ ᠭᠣᠣᠯ ᠢᠯᠭᠠᠭ᠎ᠠ ᠨᠢ ᠦᠭᠡ ᠶᠢᠨ ᠡᠬᠢᠨ᠂ ᠳᠤᠮᠳᠠ᠂ ᠠᠳᠠᠭ ᠲᠤ ᠤᠷᠤᠬᠤ ᠦᠰᠦᠭ ᠦᠨ ᠳᠦᠷᠰᠦ ᠬᠡᠯᠪᠡᠷᠢ ᠬᠤᠪᠢᠷᠠᠬᠤ ᠶᠣᠰᠣ ᠪᠠᠶᠢᠬᠤ ᠦᠭᠡᠢ᠃ ᠡᠨᠡ ᠨᠢ ᠣᠷᠣᠰ (ᠺᠢᠷᠢᠯ)᠂ ᠰᠯᠠᠸᠶᠠᠨ ᠵᠡᠷᠭᠡ ᠥᠷᠥᠨ᠎ᠡ ᠳᠠᠬᠢᠨ ᠤ ᠪᠢᠴᠢᠭ ᠦᠨ ᠲᠣᠭᠲᠠᠯᠴᠠᠭᠠᠨ ᠤ ᠨᠥᠯᠥᠭᠡ ᠶᠤᠮ᠃ ᠸᠠᠭᠢᠨᠳᠠᠷ᠎ᠠ ᠶᠢᠨ ᠦᠰᠦᠭ ᠢᠶᠡᠷ 1905-1910 ᠣᠨ ᠤ ᠬᠣᠭᠣᠷᠣᠨᠳᠣ ᠰᠠᠨᠺᠲ ᠫᠧᠲ᠋ᠧᠷᠪᠦ᠋ᠷᠡᠭ  ᠤᠨ ᠴᠢᠯᠠᠭᠤᠨ ᠪᠠᠷᠰ ᠢᠶᠠᠷ ᠨᠡᠯᠢᠶᠡᠳ ᠬᠡᠳᠦᠨ ᠨᠣᠮ ᠬᠡᠪᠯᠡᠨ ᠭᠠᠷᠭᠠᠵᠠᠢ᠃

ᠳᠥᠷᠪᠡᠯᠵᠢᠨ ᠪᠢᠴᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

(ᠳᠥᠷᠪᠡᠯᠵᠢᠨ ᠦᠰᠦᠭ)

ᠭᠣᠣᠯ ᠥᠭᠦᠯᠡᠯ: ᠳᠥᠷᠪᠡᠯᠵᠢᠨ ᠪᠢᠴᠢᠭ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠳᠥᠷᠪᠡᠯᠵᠢᠨ ᠪᠢᠴᠢᠭ ᠢᠶᠡᠷ "ᠸᠢᠺᠢ" ᠭᠡᠰᠡᠨ ᠦᠭᠡ

ᠳᠥᠷᠪᠡᠯᠵᠢᠨ ᠪᠢᠴᠢᠭ ᠨᠢ ᠬᠤᠪᠢᠯᠠᠢ ᠬᠠᠭᠠᠨ ᠤ ᠵᠠᠷᠯᠢᠭ ᠢᠶᠠᠷ ᠲᠥᠪᠡᠳ ᠦᠨ ᠫᠠᠭᠪᠠ ᠯᠠᠮᠠ ᠯᠣᠳᠣᠶᠢᠵᠠᠯᠼᠠᠨ 1269 ᠣᠨ ᠳᠤ ᠵᠣᠬᠢᠶᠠᠭᠰᠠᠨ ᠪᠢᠴᠢᠭ ᠶᠤᠮ᠃ ᠳᠥᠷᠪᠡᠯᠵᠢᠨ ᠪᠢᠴᠢᠭ ᠬᠡᠯᠪᠡᠷᠢ ᠳᠦᠷᠰᠦ ᠶᠢᠨ ᠬᠤᠪᠢ ᠳᠤ ᠲᠥᠪᠡᠳ ᠦᠰᠦᠭ ᠲᠦ᠂ ᠵᠢᠷᠤᠯᠭ᠎ᠠ ᠪᠢᠴᠢᠯᠭᠡ ᠶᠢᠨ ᠬᠤᠪᠢ ᠳᠤ ᠮᠣᠩᠭᠣᠯ ᠪᠢᠴᠢᠭ ᠲᠦ ᠲᠤᠯᠭᠠᠭᠤᠷᠢᠯᠠᠭᠰᠠᠨ 44 ᠦᠰᠦᠭ ᠪᠦᠬᠦᠢ ᠠᠪᠢᠶᠠᠨ ᠤ ᠴᠠᠭᠠᠨ ᠲᠣᠯᠣᠭᠠᠢ᠋ᠳᠤ ᠪᠢᠴᠢᠭ ᠶᠤᠮ᠃

ᠳᠥᠷᠪᠡᠯᠵᠢᠨ ᠪᠢᠴᠢᠭ ᠨᠢ ᠶᠤᠸᠠᠨ ᠭᠦᠷᠦᠨ ᠢ ᠮᠥᠬᠦᠲᠡᠯ᠎ᠡ ᠠᠯᠪᠠᠨ ᠪᠢᠴᠢᠭ ᠪᠣᠯᠭᠠᠵᠤ (1368 ᠣᠨ ᠬᠦᠷᠲᠡᠯ᠎ᠡ) ᠬᠡᠷᠡᠭᠯᠡᠭᠳᠡᠵᠦ ᠪᠠᠶᠢᠭᠰᠠᠨ ᠭᠡᠬᠦ ᠪᠣᠯᠪᠠᠴᠤ ᠲᠡᠭᠦᠨ ᠡᠴᠡ ᠬᠣᠶᠢᠰᠢ ᠮᠣᠩᠭᠣᠯ ᠪᠢᠴᠢᠭ ᠦᠨ ᠬᠦᠮᠦᠰ ᠦᠨ ᠬᠦᠷᠢᠶᠡᠨ ᠳᠦ ᠲᠡᠳᠦᠢ ᠦᠭᠡᠢ ᠣᠯᠠᠨ᠎ᠠ ᠡᠷᠭᠦᠭᠳᠡᠭᠰᠡᠨ ᠮᠣᠩᠭᠣᠯ ᠤᠯᠤᠰ ᠤᠨ ᠦᠶ᠎ᠡ ᠳᠦ ᠲᠥᠷᠥ ᠶᠢᠨ ᠲᠠᠮᠠᠭ᠎ᠠ ᠶᠢᠨ ᠭᠤᠷᠪᠠᠨ ᠪᠢᠴᠢᠭ ᠦᠨ ᠨᠢᠭᠡ ᠨᠢ ᠪᠣᠯᠵᠤ ᠬᠡᠷᠡᠭᠯᠡᠭᠳᠡᠵᠦ ᠪᠠᠶᠢᠪᠠ᠃ ᠳᠥᠷᠪᠡᠯᠵᠢᠨ ᠦᠰᠦᠭ ᠦᠨ ᠮᠥᠬᠥᠯ ᠦᠨ ᠰᠢᠯᠲᠠᠭᠠᠨ ᠢ ᠰᠤᠳᠤᠯᠤᠭᠠᠴᠢᠳ ᠨᠢᠭᠡ ᠲᠠᠯ᠎ᠠ ᠠᠴᠠ ᠪᠢᠴᠢᠬᠦ ᠳᠦ ᠲᠥᠪᠡᠭᠲᠡᠢ᠂ ᠴᠡᠭ ᠲᠡᠮᠳᠡᠭ ᠲᠠᠯᠪᠢᠳᠠᠭ ᠦᠭᠡᠢ᠂ ᠦᠭᠡ ᠬᠣᠭᠣᠷᠣᠨᠳᠣ ᠶᠢᠨ ᠵᠠᠭᠠᠭ ᠲᠣᠳᠣᠷᠬᠠᠢ ᠦᠭᠡᠢ ᠲᠤᠯᠠ ᠤᠩᠰᠢᠵᠤ ᠪᠢᠴᠢᠬᠦ ᠳᠦ ᠪᠡᠷᠬᠡᠰᠢᠶᠡᠯᠲᠡᠢ ᠪᠠᠶᠢᠭᠰᠠᠨ᠂ ᠨᠥᠭᠥᠭᠡ ᠲᠠᠯ᠎ᠠ ᠠᠴᠠ ᠨᠢᠭᠡᠨ ᠠᠶᠠᠯᠭᠠᠲᠠᠨ ᠤ (ᠳᠣᠷᠣᠨᠠᠲᠤ ᠮᠣᠩᠭᠣᠯ ᠠᠶᠠᠯᠭᠤ) ᠣᠨᠴᠠᠯᠢᠭ ᠢ ᠨᠠᠷᠢᠨ ᠲᠡᠮᠳᠡᠭᠯᠡᠭᠰᠡᠨ ᠤᠴᠢᠷ ᠪᠤᠰᠤᠳ ᠮᠣᠩᠭᠣᠯ ᠠᠶᠠᠯᠭᠤᠲᠠᠨ ᠤ ᠳᠤᠮᠳᠠ ᠲᠦᠭᠡᠬᠡᠬᠦ ᠳᠦ ᠰᠠᠭᠠᠳ ᠤᠴᠠᠷᠠᠭᠰᠠᠨ᠂ ᠮᠥᠨ ᠶᠤᠸᠠᠨ ᠭᠦᠷᠦᠨ ᠦ ᠪᠦᠷᠢᠯᠳᠦᠬᠦᠨ ᠳᠦ ᠪᠠᠭᠳᠠᠵᠣ ᠪᠠᠶᠢᠭᠰᠠᠨ ᠶᠡᠬᠡᠩᠬᠢ ᠦᠨᠳᠦᠰᠦᠲᠡᠨ᠂ ᠶᠠᠰᠤᠲᠠᠨ ᠥᠪᠡᠷᠰᠡᠳ ᠦᠨ ᠪᠢᠴᠢᠭ ᠲᠡᠢ ᠪᠠᠶᠢᠭᠰᠠᠨ ᠲᠤᠯᠠ ᠤᠤᠯ ᠪᠢᠴᠢᠭ ᠢ ᠬᠦᠯᠢᠶᠡᠨ ᠠᠪᠤᠭ᠎ᠠ ᠦᠭᠡᠢ ᠵᠡᠷᠭᠡ ᠨᠢ ᠨᠥᠯᠦᠭᠡᠯᠡᠭᠰᠡᠨ ᠬᠡᠮᠡᠨ ᠲᠠᠶᠢᠯᠪᠤᠷᠢᠯᠠᠳᠠᠭ᠃

ᠰᠣᠶᠣᠮᠪᠣ ᠦᠰᠦᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠰᠣᠶᠣᠮᠪᠣ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠰᠣᠶᠣᠮᠪᠣ ᠦᠰᠦᠭ ᠦᠨ ᠪᠢᠷᠭ᠎ᠠ ᠲᠡᠮᠳᠡᠭ

ᠰᠣᠶᠣᠮᠪᠣ ᠦᠰᠦᠭ ᠨᠢ 1686 ᠣᠨ ᠳᠤ ᠭᠣᠮᠪᠣᠳᠣᠷᠵᠢ ᠶᠢᠨ ᠵᠠᠨᠠᠪᠠᠽᠠᠷ ᠍ ᠤᠨ ᠵᠣᠬᠢᠶᠠᠭᠰᠠᠨ᠂ ᠮᠣᠩᠭᠣᠯᠰᠠᠨᠰᠺᠷᠢᠳ᠋ᠲᠥᠪᠡᠳ ᠦᠭᠡ ᠪᠢᠴᠢᠬᠦ ᠳᠦ ᠵᠣᠷᠢᠭᠤᠯᠤᠭᠳᠠᠭᠰᠠᠨ᠂ ᠡᠨᠡᠳᠬᠡᠭ᠂ ᠯᠠᠨᠵᠠ᠂ ᠨᠠᠭᠠᠷ ᠦᠰᠦᠭ ᠦᠳ ᠡᠴᠡ ᠭᠠᠷᠤᠯᠲᠠᠢ 90 ᠦᠰᠦᠭ ᠪᠦᠬᠦᠢ ᠪᠢᠴᠢᠭ ᠦᠨ ᠬᠡᠯᠡ ᠶᠤᠮ᠃ ᠰᠣᠶᠣᠮᠪᠣ ᠦᠰᠦᠭ ᠢ 200 ᠍ ᠊ᠭᠠᠳ ᠵᠢᠯ ᠭᠣᠣᠯᠳᠠᠭᠤ ᠬᠠᠯᠬ᠎ᠠ ᠶᠢᠨ ᠬᠦᠷᠢᠶ᠎ᠡ ᠬᠡᠶᠢᠳ ᠲᠦ ᠰᠦᠮ᠎ᠡ ᠶᠢᠨ ᠪᠠᠷᠢᠯᠭ᠎ᠠ ᠶᠢᠨ ᠴᠢᠮᠡᠭᠯᠡᠯ ᠳᠦ ᠬᠡᠷᠡᠭᠯᠡᠵᠦ ᠪᠠᠶᠢᠭᠰᠠᠨ᠃

ᠰᠣᠶᠣᠮᠪᠣ ᠭᠡᠵᠦ ᠰᠠᠨᠰᠺᠷᠢᠳ᠋ ᠬᠡᠯᠡ ᠪᠡᠷ "ᠥᠪᠡᠷ ᠢᠶᠡᠨ ᠪᠤᠢ ᠪᠣᠯᠤᠭᠰᠠᠨ ᠭᠡᠭᠡᠨ ᠦᠰᠦᠭ" ᠭᠡᠰᠡᠨ ᠤᠳᠬ᠎ᠠ ᠲᠠᠢ᠃ ᠰᠣᠶᠣᠮᠪᠣ ᠪᠢᠴᠢᠭ ᠦᠨ ᠡᠬᠢᠨ ᠦ ᠲᠡᠮᠳᠡᠭ ᠨᠢ ᠥᠨᠥ  ᠬᠦᠷᠲᠡᠯ᠎ᠡ ᠮᠣᠩᠭᠣᠯ ᠤᠯᠤᠰ ᠤᠨ ᠲᠤᠭ ᠳᠠᠯᠪᠠᠭᠠᠨ ᠳᠡᠭᠡᠷ᠎ᠡ ᠲᠤᠰᠠᠭᠠᠷ ᠲᠣᠭᠲᠠᠨᠢᠯ ᠤᠨ ᠪᠡᠯᠭᠡ ᠲᠡᠮᠳᠡᠭ ᠪᠣᠯᠤᠨ ᠲᠠᠰᠤᠷᠠᠯᠲᠠ ᠦᠭᠡᠢ ᠤᠯᠠᠮᠵᠢᠯᠠᠭᠰᠠᠭᠠᠷ ᠥᠨᠥᠳᠥᠷ ᠢ ᠬᠦᠷᠦᠭᠰᠡᠨ ᠠᠯᠲᠠᠨ ᠰᠣᠶᠣᠮᠪᠣ ᠶᠤᠮ᠃

ᠬᠡᠪᠲᠡᠭᠡ ᠳᠥᠷᠪᠡᠯᠵᠢᠨ ᠦᠰᠦᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠣᠶᠣᠮᠪᠣ ᠦᠰᠦᠭ ᠦᠨ ᠬᠠᠮᠲᠤ ᠪᠠᠷ ᠵᠠᠨᠠᠪᠠᠽᠠᠷ ᠨᠢ ᠬᠡᠪᠲᠡᠭᠡ ᠳᠥᠷᠪᠡᠯᠵᠢᠨ ᠦᠰᠦᠭ ᠵᠣᠬᠢᠶᠠᠵᠠᠢ᠃ ᠡᠨᠡ ᠨᠢ 1801 ᠣᠨ ᠳᠤ ᠳᠠᠬᠢᠨ ᠨᠡᠭᠡᠭᠡᠭᠳᠡᠭᠰᠡᠨ ᠪᠥᠭᠡᠳ ᠣᠳᠣ ᠪᠠᠷ ᠬᠡᠷᠡᠭᠯᠡᠵᠤ ᠪᠤᠢ ᠡᠰᠡᠬᠦ ᠨᠢ ᠲᠣᠳᠣᠷᠬᠠᠢ ᠦᠭᠡᠢ᠃

ᠯᠠᠲ᠋ᠢᠨ ᠦᠰᠦᠭ[ᠵᠠᠰᠠᠪᠤᠷᠢᠯᠠᠬᠤ | ᠺᠣᠳ᠋ ᠢᠶᠠᠷ ᠵᠠᠰᠠᠬᠣ]

1941 ᠣᠨ ᠤ 2 ᠰᠠᠷ᠎ᠠ ᠶᠢᠨ 1 ᠍ ᠳᠦ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠯᠠᠲ᠋ᠢᠨ ᠦᠰᠦᠭ ᠢ ᠠᠯᠪᠠᠨ ᠶᠣᠰᠣᠨ ᠤ  ᠪᠢᠴᠢᠭ  ᠪᠣᠯᠭᠠᠭᠰᠠᠨ ᠪᠣᠯᠪᠠᠴᠤ ᠬᠣᠶᠠᠷᠬᠠᠨ ᠰᠠᠷ᠎ᠠ ᠶᠢᠨ ᠳᠠᠷᠠᠭ᠎ᠠ 3 ᠰᠠᠷ᠎ᠠ ᠶᠢᠨ 25 ᠍ ᠳᠦ ᠡᠨᠡ ᠰᠢᠢᠳᠪᠦᠷᠢ ᠪᠡᠨ ᠪᠤᠴᠠᠭᠠᠵᠠᠢ᠃ ᠠᠯᠪᠠᠨ ᠶᠣᠰᠣᠭᠠᠷ ᠮᠣᠩᠭᠣᠯ ᠬᠡᠯᠡ ᠪᠦᠬᠦ ᠳᠠᠭᠤᠤ ᠠᠪᠢᠶ ᠡ ᠵᠢ ᠲᠡᠮᠳᠡᠭᠯᠡᠵᠦ ᠴᠢᠳᠠᠬᠤ ᠦᠭᠡᠢ ᠪᠠᠶᠢᠭᠰᠠᠨ ᠲᠤᠯᠠ ᠪᠣᠯᠢᠭᠰᠠᠨ ᠭᠡᠰᠡᠨ ᠴᠤ ᠳᠠᠷᠠᠭᠠᠬᠠᠨ ᠨᠢ ᠵᠥᠪᠯᠡᠯᠲᠦ ᠬᠣᠯᠪᠣᠭᠠᠲᠤ ᠤᠯᠤᠰ ᠍ ᠤᠨ ᠪᠦᠷᠢᠯᠳᠦᠬᠦᠨ ᠤᠯᠤᠰ ᠤᠳ ᠲᠠᠢ ᠪᠠᠷᠤᠭ ᠨᠢᠭᠡᠨ ᠵᠡᠷᠭᠡ ᠺᠢᠷᠢᠯ ᠦᠰᠦᠭ ᠢ ᠠᠯᠪᠠᠨ ᠶᠣᠰᠣᠨ ᠤ ᠪᠣᠯᠭᠠᠭᠰᠠᠨ ᠲᠤᠯᠠ ᠡᠨᠡ ᠨᠢ ᠤᠯᠤᠰ ᠲᠥᠷᠥ ᠶᠢᠨ ᠪᠣᠳᠣᠯᠭ᠎ᠠ ᠪᠠᠶᠢᠭᠰᠠᠨ ᠪᠠᠶᠢᠵᠤ ᠮᠠᠭᠠᠳ ᠦᠭᠡᠢ᠃

ᠺᠢᠷᠢᠯ ᠦᠰᠦᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠺᠢᠷᠢᠯ ᠦᠰᠦᠭ

ᠺᠢᠷᠢᠯ ᠢ 1946 ᠣᠨ ᠳᠤ ᠮᠣᠩᠭᠣᠯ ᠤᠨ ᠠᠯᠪᠠᠨ ᠶᠣᠰᠣᠨ ᠤ ᠪᠢᠴᠢᠭ ᠪᠣᠯᠭᠠᠭᠰᠠᠨ᠃ ᠮᠣᠩᠭᠣᠯ ᠳᠤ ᠬᠡᠷᠡᠭᠯᠡᠭᠳᠡᠵᠦ ᠪᠤᠢ ᠺᠢᠷᠢᠯ ᠴᠠᠭᠠᠨ ᠲᠣᠯᠣᠭᠠᠢ ᠨᠢ ᠣᠷᠣᠰ ᠤᠨ ᠬᠢ ᠠᠴᠠ 2 ᠦᠰᠦᠭ ᠢᠶᠡᠷ ᠢᠯᠡᠭᠦᠦ (ᠥ᠂ ᠦ)᠃

ᠺᠢᠷᠢᠯ ᠨᠢ ᠭᠷᠧᠺ ᠦᠰᠦᠭ ᠡᠴᠡ ᠭᠠᠷᠤᠯᠲᠠᠢ ᠪᠥᠭᠡᠳ Iᠲᠠᠪᠤᠳᠤᠭᠠᠷ ᠵᠠᠭᠤᠨ ᠳᠤ ᠠᠮᠢᠳᠤᠷᠠᠵᠤ ᠪᠠᠶᠢᠭᠰᠠᠨ ᠪᠣᠯᠭᠠᠷᠢᠶ᠎ᠠ ᠍ ᠤᠨ ᠺᠢᠷᠢᠯ᠂ ᠮᠧᠹᠣᠳᠢ  ᠨᠦᠭᠦᠳ ᠲᠡᠭᠦᠨ ᠵᠢᠡᠷ ᠰᠠᠭᠤᠷᠢᠯᠠᠭᠰᠠᠨ ᠭᠡᠳᠡᠭ᠃

ᠪᠤᠰᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

1908 ᠣᠨ ᠤ ᠨᠢᠭᠤᠴᠠ ᠲᠣᠪᠴᠢᠶᠠᠨ ᠤ ᠬᠤᠪᠢᠯᠪᠤᠷᠢ

ᠮᠣᠩᠭᠣᠯ ᠬᠡᠯᠡ ᠶᠢ ᠮᠥᠨ ᠬᠢᠲᠠᠳᠠᠷᠠᠪ ᠪᠢᠴᠢᠭ ᠢᠶᠡᠷ ᠲᠡᠮᠳᠡᠭᠯᠡᠵᠦ ᠪᠠᠶᠢᠭᠰᠠᠨ᠃ ᠠᠷᠠᠪ ᠢᠶᠠᠷ ᠪᠢᠴᠢᠭᠳᠡᠭᠰᠡᠨ ᠮᠣᠩᠭᠣᠯ ᠬᠡᠯᠡᠨ ᠦ ᠲᠣᠯᠢ ᠪᠢᠴᠢᠭ ᠪᠠᠶᠢᠳᠠᠭ ᠪᠣᠯ ᠮᠣᠩᠭᠣᠯ ᠤᠨ ᠰᠤᠶᠤᠯ ᠤᠨ ᠠᠩᠬᠠᠨ  ᠳᠤ ᠲᠣᠭᠠᠴᠠᠭᠳᠠᠬᠤ ᠪᠢᠴᠢᠭ ᠦᠨ ᠳᠤᠷᠠᠰᠬᠠᠯ ᠪᠣᠯᠬᠤ "ᠮᠣᠩᠭᠣᠯ ᠤᠨ ᠨᠢᠭᠤᠴᠠ ᠲᠣᠪᠴᠢᠶᠡᠨ" ᠍  ᠢ ᠮᠣᠩᠭᠣᠯ ᠬᠡᠯᠡ ᠶᠢ ᠬᠢᠲᠠᠳ ᠬᠠᠨᠵᠤ ᠢᠶᠠᠷ ᠭᠠᠯᠢᠭᠯᠠᠨ ᠪᠢᠴᠢᠭᠰᠡᠨ ᠬᠤᠪᠢᠯᠪᠤᠷᠢ ᠨᠢ ᠥᠨᠥ ᠶᠢᠨ ᠬᠤᠪᠢᠯᠪᠤᠷᠢ ᠨᠤᠭᠤᠳ ᠤᠨ ᠡᠬᠢ ᠪᠣᠯᠵᠤ ᠪᠠᠶᠢᠨ᠎ᠠ᠃

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«ᠮᠣᠩᠭᠣᠯ ᠲᠡᠦᠬᠡᠨ ᠪᠢᠴᠢᠭ ᠦᠰᠦᠭ ᠦᠳ»

ᠪᠢᠴᠢᠭᠡᠰᠦ