ᠭᠡᠷ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠮᠣᠩᠭᠣᠯ ᠭᠡᠷ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ


ᠮᠣᠩᠭᠣᠯ ᠭᠡᠷ

ᠭᠡᠷ ᠠᠬᠤᠢ ᠨᠢ ᠲᠥᠪ ᠠᠽᠢᠶ᠎ᠠ ᠶᠢᠨ ᠨᠡᠭᠦᠳᠡᠯᠴᠢᠨ ᠠᠷᠠᠳ ᠲᠦᠮᠡᠨ ᠦ ᠤᠯᠠᠮᠵᠢᠯᠠᠯᠲᠤ ᠭᠡᠷ ᠰᠠᠭᠤᠴᠠ ᠶᠤᠮ᠃ ᠭᠡᠷ ᠨᠢ 3000 ᠣᠷᠴᠢᠮ ᠵᠢᠯ ᠦᠨ ᠲᠡᠷᠲᠡᠭᠡ ᠡᠴᠡ ᠣᠳᠣ ᠶᠢᠨ ᠬᠡᠪ ᠰᠢᠨᠵᠢ ᠨᠢ ᠪᠥᠷᠢᠯᠳᠦᠨ᠂ ᠬᠦᠮᠦᠨ ᠦ ᠠᠮᠢᠳᠤᠷᠠᠯ ᠤᠨ ᠭᠣᠣᠯ ᠬᠡᠷᠡᠭᠴᠡᠭᠡ ᠪᠣᠯᠤᠭᠰᠠᠭᠠᠷ ᠥᠨᠥ ᠴᠠᠭ ᠲᠤ ᠢᠷᠡᠵᠡᠢ᠃ ᠨᠡᠭᠦᠳᠡᠯᠯᠡᠨ ᠠᠵᠤ ᠲᠥᠷᠥᠬᠦ ᠳᠦ ᠬᠠᠮᠤᠭ ᠤᠨ ᠰᠠᠶᠢᠨ ᠵᠣᠬᠢᠴᠠᠭᠰᠠᠨ ᠭᠡᠷ ᠰᠠᠭᠤᠴᠠ ᠨᠢ ᠪᠦᠲᠦᠴᠡ ᠵᠣᠬᠢᠶᠠᠮᠵᠢ ᠶᠢᠨ ᠢᠶᠠᠨ ᠬᠤᠪᠢ ᠳᠤ ᠶᠡᠬᠡᠬᠡᠨ ᠰᠣᠨᠢᠷᠬᠠᠯ ᠲᠠᠲᠠᠳᠠᠭ ᠪᠢᠯᠡ᠃ ᠬᠥᠩᠭᠡᠨ᠂ ᠠᠪᠰᠠᠷᠬᠠᠨ᠂ ᠤᠳᠠᠭᠠᠨ ᠡᠳ᠋ᠯᠡᠵᠦ ᠴᠢᠳᠠᠳᠠᠭ᠂ ᠪᠠᠷᠢᠯᠭ᠎ ᠠ ᠶᠢᠨ ᠣᠨᠴᠠᠭᠠᠢ ᠰᠢᠢᠳᠦᠯ ᠲᠡᠢ ᠭᠡᠬᠦ ᠮᠡᠲᠦ ᠣᠯᠠᠨ ᠲᠣᠳᠣᠳᠬᠠᠯ ᠢ ᠭᠡᠷ ᠲᠦ ᠥᠭᠭᠦᠭᠰᠡᠨ ᠪᠠᠶᠢᠳᠠᠭ᠃

ᠠᠷᠪᠠᠨ ᠭᠤᠷᠪᠠᠳᠤᠭᠠᠷ ᠵᠠᠭᠤᠨ ᠤ ᠮᠣᠩᠭᠣᠯᠴᠤᠳ ᠤᠨ ᠭᠡᠷ ᠲᠡᠷᠭᠡ ᠬᠡᠮᠡᠬᠦ ᠨᠢᠭᠡᠨ ᠰᠠᠭᠤᠴᠠᠨ ᠤ ᠲᠤᠬᠠᠢ ᠳᠤᠮᠳᠠᠳᠤ ᠵᠠᠭᠤᠨ ᠤ ᠵᠢᠭᠤᠯᠴᠢᠳ ᠤᠨ ᠲᠡᠮᠳᠡᠭᠯᠡᠯ ᠳᠦ "ᠭᠡᠷ ᠲᠡᠷᠭᠡ ᠲᠡᠢ ᠨᠡᠭᠦᠳᠡᠯ ᠨᠢ ᠶᠡᠬᠡ ᠬᠣᠲᠠ ᠨᠡᠭᠦᠵᠦ ᠶᠠᠪᠤᠭ᠎ᠠ ᠮᠡᠲᠦ ᠰᠦᠷᠲᠡᠢ" ᠬᠠᠷᠠᠭᠳᠠᠳᠠᠭ ᠲᠤᠬᠠᠢ ᠲᠡᠮᠳᠡᠭᠯᠡᠭᠰᠡᠨ ᠨᠢ ᠪᠤᠢ᠃ ᠪᠠᠶᠢᠩᠭᠤ ᠶᠢᠨ ᠬᠡᠷᠡᠭᠴᠡᠭᠡᠨ ᠦ ᠭᠡᠷ ᠰᠠᠭᠤᠴᠠ ᠶᠢ ᠬᠢᠴᠡ᠂ ᠭᠠᠳᠠᠭᠠᠳᠤ ᠬᠡᠯᠪᠡᠷᠢ ᠪᠡᠷ ᠨᠢ ᠮᠣᠩᠭᠣᠯᠲᠦᠷᠦᠭ ᠭᠡᠷ ᠭᠡᠰᠡᠨ ᠬᠣᠶᠠᠷ ᠦᠨᠳᠦᠰᠦᠨ ᠠᠩᠬᠢᠯᠠᠯ ᠳᠤ ᠬᠠᠮᠤᠷᠤᠭᠤᠯᠤᠨ᠎ᠠ᠃ ᠮᠣᠩᠭᠣᠯ ᠭᠡᠷ ᠢ ᠬᠠᠯᠬ᠎ᠠᠣᠶᠢᠷᠠᠳᠪᠤᠷᠢᠶᠠᠳ ᠭᠡᠵᠦ ᠢᠯᠭᠠᠨ ᠦᠵᠡᠳᠡᠭ᠃

ᠮᠣᠩᠭᠣᠯ ᠭᠡᠷ ᠦᠨ ᠬᠡ ᠤᠭᠠᠯᠵᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠭᠡᠷ ᠦᠨ ᠬᠡ ᠤᠭᠠᠯᠵᠠ ᠴᠢᠮᠡᠭ ᠨᠢ ᠡᠷᠲᠡ ᠦᠶᠡᠰ ᠡᠴᠡ ᠤᠯᠠᠮᠵᠢᠯᠠᠭᠳᠠᠨ ᠢᠷᠡᠵᠡᠢ᠃ ᠮᠣᠩᠭᠣᠯ ᠭᠡᠷ ᠦᠨ ᠬᠠᠨ᠎ᠠ ᠠᠴᠠ ᠪᠤᠰᠤᠳ ᠢ ᠬᠡ ᠴᠢᠮᠡᠭ ᠢᠶᠡᠷ ᠴᠢᠮᠡᠭᠯᠡᠳᠡᠭ᠃ ᠮᠣᠩᠭᠣᠯ ᠭᠡᠷ ᠦᠨ ᠮᠣᠳᠣᠨ ᠬᠡᠰᠡᠭ ᠦᠳ ᠮᠣᠳᠣᠨ ᠬᠡ ᠴᠢᠮᠡᠭ ᠲᠡᠢ᠂ ᠬᠡ ᠴᠢᠮᠡᠭ ᠦᠭᠡᠢ ᠪᠣᠯᠤᠨ ᠪᠤᠳᠤᠭ ᠢᠶᠠᠷ ᠪᠤᠳᠤᠭᠰᠠᠨ᠂ ᠶᠠᠮᠠᠷ ᠴᠤ ᠴᠢᠮᠡᠭ ᠪᠤᠳᠤᠭ ᠦᠭᠡᠢ 3 ᠶᠠᠩᠵᠤ ᠪᠠᠶᠢᠳᠠᠭ᠃ ᠡᠷᠲᠡ ᠳᠡᠭᠡᠷ᠎ᠡ ᠦᠶᠡᠰ ᠮᠣᠩᠭᠣᠯᠴᠤᠳ ᠥᠩᠭᠡᠨ ᠦ ᠨᠥᠯᠥᠭᠡ ᠶᠢ ᠰᠠᠶᠢᠨ ᠰᠤᠳᠤᠯᠵᠤ ᠤᠯᠠᠭᠠᠨ᠂ ᠤᠯᠠᠪᠢᠷ ᠥᠩᠭᠡ ᠪᠣᠯ ᠨᠠᠷᠠᠨ ᠤ ᠳᠤᠯᠠᠭᠠᠨ ᠣᠷᠴᠢᠨ ᠢ ᠭᠡᠷ ᠦᠨ ᠳᠣᠲᠣᠷ᠎ᠠ ᠪᠦᠷᠢᠳᠦᠭᠦᠯᠦᠨ᠎ᠡ ᠭᠡᠵᠦ ᠦᠵᠡᠵᠡᠢ᠃ ᠲᠣᠭᠣᠨᠣ ᠶᠢ ᠤᠯᠠᠭᠠᠨ ᠥᠩᠭᠡ ᠲᠡᠢ ᠬᠣᠯᠢᠯᠳᠤᠭᠰᠠᠨ ᠨᠠᠷᠠᠨ ᠤ ᠭᠡᠷᠡᠯ ᠢ ᠭᠡᠷ ᠦᠨ ᠳᠣᠲᠣᠷ᠎ᠠ ᠬᠡᠲᠦ ᠬᠤᠷᠴᠠ ᠪᠠᠶᠢᠯᠭᠠᠬᠤ ᠦᠭᠡᠢ ᠶᠢᠨ ᠡᠭᠦᠳᠡᠨ ᠡᠴᠡ ᠤᠨᠢᠨ ᠤ ᠴᠡᠭᠡᠵᠢ ᠶᠢ ᠨᠣᠭᠣᠭᠠᠨ ᠥᠩᠭᠡ ᠪᠡᠷ ᠲᠠᠶᠢᠪᠤᠰᠢᠷᠠᠭᠤᠯᠤᠨ ᠭᠡᠷ ᠦᠨ ᠳᠣᠲᠣᠷ᠎ᠠ ᠪᠤᠰᠤᠳ ᠥᠩᠭᠡᠨ ᠦ ᠵᠣᠬᠢᠴᠠᠯ ᠢ ᠪᠦᠷᠢᠳᠦᠭᠦᠯᠳᠡᠭ ᠣᠨᠴᠠᠯᠢᠭ ᠲᠠᠢ᠃ ᠮᠣᠩᠭᠣᠯ ᠬᠡ ᠮᠠᠰᠢ ᠣᠯᠠᠨ ᠶᠠᠩᠵᠤ ᠪᠠᠶᠢᠨ᠎ᠠ᠃ ᠮᠣᠩᠭᠣᠯ ᠭᠡᠷ ᠦᠨ ᠮᠣᠳᠣ ᠶᠢ ᠬᠡ ᠤᠷᠠᠯᠠᠵᠤ ᠴᠢᠮᠡᠭᠯᠡᠬᠦ ᠦᠶ᠎ᠡ ᠳᠦ ᠶᠡᠬᠡᠩᠬᠢ ᠨᠢ ᠤᠯᠠᠭᠠᠨ ᠪᠠ ᠤᠯᠠᠭᠠᠨ ᠬᠦᠷᠢᠨ (ᠲᠣᠭᠣᠨᠣ᠂ ᠪᠠᠭᠠᠨ᠎ᠠ᠂ ᠤᠨᠢ᠂ ᠬᠠᠭᠠᠯᠭ᠎ᠠ)᠂ ᠬᠠᠷᠢᠨ ᠵᠥᠪᠬᠡᠨ ᠤᠨᠢᠨ ᠤ ᠴᠡᠭᠡᠵᠢ ᠵᠡᠷᠭᠡ ᠬᠡᠰᠡᠭ ᠨᠢ ᠨᠣᠭᠣᠭᠠᠨ ᠪᠠᠶᠢᠳᠠᠭ᠃

ᠮᠣᠩᠭᠣᠯ ᠬᠡ ᠳᠦᠷᠰᠦᠯᠡᠯ ᠦᠨ ᠰᠢᠨᠵᠢ ᠴᠢᠨᠠᠷ ᠪᠣᠯ ᠤᠭᠠᠯᠵᠠᠯᠠᠬᠤ᠂ ᠲᠠᠰᠤᠷᠠᠯᠲᠠ ᠦᠭᠡᠢ ᠦᠷᠭᠦᠯᠵᠢᠯᠡᠯ ᠬᠣᠶᠠᠷ ᠪᠠᠶᠢᠳᠠᠭ᠃ ᠤᠭᠠᠯᠵᠠ ᠶᠢᠨ ᠡᠪᠡᠷ ᠡᠴᠡ ᠰᠠᠨᠠᠭ᠎ᠠ ᠠᠪᠤᠭᠰᠠᠨ ᠳᠦᠷᠰᠦ ᠶᠢ ᠤᠭᠠᠯᠵᠠᠷᠠᠭᠤᠯᠤᠨ ᠤᠷᠠᠯᠠᠬᠤ ᠨᠢ ᠮᠣᠩᠭᠣᠯ ᠬᠡ ᠤᠭᠠᠯᠵᠠᠨ ᠤ ᠳᠦᠷᠰᠦᠯᠡᠯ ᠳᠦ ᠬᠠᠮᠤᠭ ᠤᠨ ᠲᠦᠭᠡᠮᠡᠯ ᠲᠣᠬᠢᠶᠠᠯᠳᠤᠳᠠᠭ᠃ ᠡᠳᠡᠭᠡᠷ ᠲᠦ ᠡᠪᠡᠷ ᠤᠭᠠᠯᠵᠠ᠂ ᠳᠠᠩ ᠤᠭᠠᠯᠵᠠ᠂ ᠳᠠᠪᠬᠤᠷ ᠤᠭᠠᠯᠵᠠ᠂ ᠬᠠᠮᠠᠷ ᠤᠭᠠᠯᠵᠠ᠂ ᠪᠤᠭᠤ ᠡᠪᠡᠷ᠂ ᠠᠷᠭᠠᠯᠢ ᠡᠪᠡᠷ᠂ ᠰᠦᠯᠵᠢᠶ᠎ᠡ ᠤᠭᠠᠯᠵᠠ ᠭᠡᠬᠦ ᠮᠡᠲᠦ ᠮᠠᠰᠢ ᠣᠯᠠᠨ ᠠᠩᠬᠢᠯᠠᠯ ᠳᠤ ᠬᠤᠪᠢᠶᠠᠨ᠎ᠠ᠃ ᠪᠠᠶᠢᠭᠠᠯᠢ ᠶᠢᠨ ᠶᠠᠭᠤᠮᠠᠰ᠂ ᠤᠰᠤ᠂ ᠡᠭᠦᠯᠡ᠂ ᠠᠭᠤᠯᠠ᠂ ᠠᠮᠢᠲᠠᠨ ᠵᠡᠷᠭᠡ ᠶᠢ ᠤᠭᠠᠯᠵᠠᠷᠠᠭᠤᠯᠤᠨ ᠳᠦᠷᠰᠦᠯᠡᠵᠦ᠂ ᠡᠭᠦᠯᠡᠨ ᠬᠡ᠂ ᠤᠰᠤᠨ ᠬᠡ ᠭᠡᠬᠦ ᠮᠡᠲᠦ ᠣᠯᠠᠨ ᠬᠡ ᠶᠢ ᠪᠤᠢ ᠪᠣᠯᠭᠠᠭᠰᠠᠨ ᠪᠠᠶᠢᠳᠠᠭ᠃ ᠬᠠᠷᠢᠨ ᠥᠨᠴᠥᠭᠲᠦ ᠬᠡᠯᠪᠡᠷᠢ ᠪᠡᠷ ᠳᠦᠷᠰᠦᠯᠡᠭᠳᠡᠳᠡᠭ ᠬᠡ ᠣᠯᠠᠨ ᠪᠠᠶᠢᠨ᠎ᠠ᠃ ᠮᠣᠩᠭᠣᠯ ᠬᠡ ᠳᠦᠷᠰᠦᠯᠡᠯ ᠦᠨ ᠲᠣᠮᠣ ᠬᠡᠰᠡᠭ ᠪᠣᠯ ᠥᠨᠴᠥᠭᠲᠦ ᠬᠡ ᠶᠤᠮ᠃ ᠮᠣᠩᠭᠣᠯ ᠤᠨ ᠠᠯᠳᠠᠷᠲᠠᠢ ᠥᠯᠵᠡᠢ ᠬᠡ᠂ ᠠᠯᠤᠬᠠᠨ ᠬᠡ᠂ ᠬᠠᠲᠤᠨ ᠰᠦᠢᠬᠡ ᠵᠡᠷᠭᠡ ᠬᠡ ᠨᠦᠭᠦᠳ ᠡᠭᠦᠨ ᠳᠦ ᠣᠷᠣᠨ᠎ᠠ᠃ ᠡᠳᠡᠭᠡᠷ ᠡᠴᠡ ᠭᠠᠳᠠᠨ᠎ᠠ ᠳᠦᠷᠰᠦᠯᠡᠯ᠂ ᠪᠡᠯᠡᠭᠳᠡᠯ᠂ ᠱᠠᠰᠢᠨ ᠵᠡᠷᠭᠡ ᠲᠡᠢ ᠬᠣᠯᠪᠣᠭ᠎ᠠ ᠲᠠᠢ ᠣᠯᠠᠨ ᠵᠠᠭᠤᠨ ᠮᠢᠩᠭᠠᠨ ᠮᠣᠩᠭᠣᠯ ᠬᠡ ᠪᠠᠶᠢᠨ᠎ᠠ᠃

ᠮᠣᠩᠭᠣᠯ ᠭᠡᠷ ᠦᠨ ᠪᠦᠲᠦᠴᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠡᠷ ᠨᠢ ᠶᠠᠰᠤ ᠮᠣᠳᠣ ᠪᠣᠯᠤᠨ ᠪᠦᠷᠢᠶᠡᠰᠦ ᠭᠡᠰᠡᠨ ᠬᠣᠶᠠᠷ ᠦᠨᠳᠦᠰᠦᠨ ᠵᠦᠢᠯ ᠡᠴᠡ ᠪᠥᠷᠢᠳᠦᠨ᠎ᠡ᠃ ᠡᠷᠲᠡ ᠦᠶ᠎ᠡ ᠳᠦ ᠭᠡᠷ ᠰᠠᠭᠤᠴᠠ ᠪᠠᠨ ᠳᠠᠩ ᠮᠣᠳᠣ ᠪᠠᠷ ᠬᠢᠵᠦ ᠪᠠᠶᠢᠭᠰᠠᠨ ᠤ ᠤᠯᠠᠮ ᠠᠴᠠ ᠮᠣᠳᠣᠨ ᠭᠡᠷ ᠭᠡᠵᠦ ᠨᠡᠷᠡᠯᠡᠬᠦ ᠪᠣᠯᠤᠭᠰᠠᠨ ᠶᠤᠮ᠃ ᠬᠣᠵᠢᠮ ᠨᠢ ᠮᠣᠳᠣ᠂ ᠢᠰᠡᠭᠡᠢ ᠪᠦᠷᠢᠶᠠᠰᠦ ᠵᠡᠷᠭᠡ ᠡᠴᠡ ᠪᠦᠲᠦᠭᠰᠡᠨ ᠭᠡᠷ ᠡᠭᠦᠰᠬᠦ ᠳᠦ ᠢᠰᠡᠭᠡᠢ ᠭᠡᠷ ᠪᠤᠶᠤ ᠢᠰᠡᠭᠡᠢ ᠲᠤᠭᠤᠷᠭᠠᠲᠠᠨ ᠨᠤᠭᠤᠳ ᠬᠡᠮᠡᠨ ᠭᠡᠷ ᠰᠠᠭᠤᠴᠠ ᠪᠠᠷ ᠨᠢ ᠣᠨᠴᠠᠭᠠᠶᠢᠯᠠᠨ ᠨᠡᠷᠡᠯᠡᠭᠰᠡᠨ ᠲᠡᠦᠬᠡ ᠲᠡᠢ ᠪᠢᠯᠡ᠃ ᠭᠡᠷ ᠦᠨ ᠮᠣᠳᠣ ᠨᠢ ᠤᠨᠢ᠂ ᠲᠣᠭᠣᠨᠣ᠂ ᠬᠠᠨ᠎ᠠ᠂ ᠬᠠᠭᠠᠯᠭᠠᠨ ᠠᠴᠠ ᠪᠥᠷᠢᠳᠦᠨ᠎ᠡ᠃ ᠢᠰᠡᠭᠡᠢ ᠪᠡᠷ ᠪᠦᠷᠢᠵᠦ᠂ ᠮᠠᠯ ᠤᠨ ᠬᠢᠯᠭᠠᠰᠤ ᠪᠠᠷ ᠲᠠᠮᠤᠭᠰᠠᠨ ᠳᠡᠭᠡᠰᠦ ᠪᠡᠷ ᠣᠭᠣᠰᠣᠷ ᠪᠦᠴᠡ᠂ ᠬᠣᠰᠢᠯᠠᠨ ᠬᠢᠳᠡᠭ ᠪᠥᠭᠡᠳ ᠬᠠᠶᠠᠭᠠᠪᠴᠢ᠂ ᠱᠠᠯᠠ ᠲᠠᠢ ᠡᠰᠡᠪᠡᠯ ᠢᠰᠡᠭᠡᠢ ᠳᠡᠪᠢᠰᠬᠡᠷ ᠲᠡᠢ ᠪᠠᠶᠢᠨ᠎ᠠ᠃ ᠢᠰᠡᠭᠡᠢ ᠪᠦᠷᠢᠶᠡᠰᠦ ᠨᠢ ᠡᠷᠦᠬᠡ᠂ ᠳᠡᠭᠡᠪᠦᠷ᠂ ᠲᠤᠭᠤᠷᠭ᠎ᠠ᠂ ᠡᠭᠦᠳᠡ ᠵᠡᠷᠭᠡ ᠪᠠᠶᠢᠨ᠎ᠠ᠃

ᠮᠣᠩᠭᠣᠯ ᠭᠡᠷ ᠦᠨ ᠪᠦᠲᠦᠴᠡ ᠳᠦ ᠤᠷᠤᠬᠤ ᠬᠢᠴᠡ ᠪᠠ ᠡᠳ᠋ ᠍ ᠦᠳ ᠢ ᠤᠭᠰᠠᠷᠠᠵᠤ ᠪᠠᠶᠢᠵᠤ ᠭᠡᠷ ᠢ ᠪᠠᠷᠢᠳᠠᠭ᠃ ᠲᠡᠳᠡ ᠪᠦᠭᠦᠳᠡ ᠨᠢᠭᠡ ᠨᠢᠭᠡᠨ ᠡᠴᠡ ᠪᠡᠨ ᠰᠠᠯᠤᠩᠬᠢ ᠪᠠᠶᠢᠵᠤ᠂ ᠪᠠᠷᠢᠵᠤ ᠪᠠᠭᠤᠯᠭᠠᠬᠤ ᠳᠤ ᠬᠥᠩᠭᠡᠨ᠂ ᠨᠡᠭᠦᠵᠦ ᠰᠠᠭᠤᠬᠤ ᠳᠤ ᠮᠠᠰᠢ ᠲᠣᠬᠢᠷᠠᠮᠵᠢᠲᠠᠢ ᠪᠠᠶᠢᠳᠠᠭ᠃ ᠶᠠᠮᠠᠷ ᠴᠤ ᠣᠷᠣᠨ ᠰᠠᠭᠤᠴᠠᠨ ᠤ ᠪᠣᠰᠤᠭ᠎ᠠ ᠲᠡᠩᠬᠡᠯᠢᠭ ᠳ᠋ᠡᠬᠢ ᠵᠠᠢ ᠪᠠᠭᠲᠠᠭᠠᠮᠵᠢ ᠨᠢ ᠬᠠᠨᠠᠨ ᠠᠴᠠ ᠬᠠᠮᠢᠶᠠᠷᠤᠯ ᠲᠠᠢ᠃ ᠮᠣᠩᠭᠣᠯ ᠭᠡᠷ ᠦᠨ ᠬᠠᠨ᠎ ᠠ ᠶᠢ ᠪᠠᠶᠢᠰᠢᠩ ᠤᠨ ᠬᠢ ᠰᠢᠭ ᠪᠦᠬᠦᠯᠢ ᠬᠠᠪᠲᠠᠭᠠᠢ ᠬᠢᠪᠡᠯ ᠨᠡᠭᠦᠳᠡᠯ ᠬᠢᠬᠦ ᠶᠠᠮᠠᠷ ᠴᠤ ᠪᠣᠯᠤᠮᠵᠢ ᠦᠭᠡᠢ᠃ ᠨᠡᠭᠦᠳᠡᠯ ᠬᠢᠬᠦ ᠦᠶ᠎ᠡ ᠳᠦ ᠵᠢᠵᠢᠭ᠍ᠭᠡᠨ ᠪᠣᠯᠴᠢᠬᠠᠳᠠᠭ᠂ ᠬᠠᠷᠢᠨ ᠭᠡᠷ ᠦᠨ ᠬᠠᠨ᠎ᠠ ᠪᠣᠯᠤᠨ ᠵᠣᠭᠰᠣᠬᠤ ᠳᠤ ᠪᠠᠨ ᠬᠡᠳᠦ ᠳᠠᠬᠢᠨ ᠲᠣᠮᠣ ᠪᠣᠯᠳᠠᠭ ᠵᠦᠢᠯ ᠢ ᠡᠷᠲᠡᠨ ᠦ ᠬᠦᠮᠦᠰ ᠰᠠᠳᠬᠢᠵᠦ ᠤᠯᠤᠭᠰᠠᠨ ᠪᠠᠶᠢᠨ᠎ᠠ᠃ ᠡᠭᠦᠨ ᠡᠴᠡ ᠡᠪᠬᠡᠳᠡᠭ ᠰᠠᠷᠠᠯᠵᠢ ᠰᠢᠭ ᠠᠷᠭ᠎ᠠ ᠪᠠᠷ ᠭᠡᠷ ᠦᠨ ᠬᠠᠨ ᠢ ᠪᠤᠢ ᠪᠣᠯᠭᠠᠨ ᠴᠢᠨᠠᠭᠰᠢᠳᠠ ᠣᠯᠠᠨ ᠦᠶ᠎ᠡ ᠶᠢᠨ ᠬᠢᠨ ᠳᠦ ᠤᠯᠠᠮᠵᠢᠯᠠᠵᠠᠢ᠃ ᠭᠡᠷ ᠦᠨ ᠬᠡᠮᠵᠢᠶ᠎ᠡ ᠲᠣᠮᠣ᠂ ᠵᠢᠵᠢᠭ ᠪᠠᠶᠢᠬᠤ ᠠᠴᠠ ᠬᠠᠮᠢᠶᠠᠷᠴᠤ᠂ ᠪᠦᠲᠦᠴᠡ ᠶᠢᠨ ᠬᠡᠮᠵᠢᠶ᠎ᠡ ᠨᠦᠭᠦᠳ ᠥᠭᠡᠷᠡᠴᠢᠯᠡᠭᠳᠡᠨ᠎ᠡ᠃ ᠵᠢᠷ ᠦᠨ ᠭᠡᠷ ᠢ ᠬᠡᠳᠦᠬᠡᠨ ᠮᠢᠨᠦ᠋ᠲ ᠳᠤ ᠪᠠᠷᠢᠵᠤ ᠪᠣᠯᠤᠨ᠎ᠠ᠃ ᠬᠠᠷᠢᠨ ᠬᠠᠭᠠᠳ ᠨᠣᠶᠠᠳ ᠤᠨ ᠲᠣᠮᠣ ᠭᠡᠷ ᠢ ᠨᠢᠭᠡ ᠡᠴᠡ ᠬᠣᠶᠠᠷ ᠴᠠᠭ ᠤᠨ ᠳᠣᠲᠣᠷ᠎ᠠ ᠪᠠᠷᠢᠳᠠᠭ ᠪᠠᠶᠢᠭᠰᠠᠨ ᠪᠠᠶᠢᠨ᠎ᠠ᠃ ᠮᠣᠩᠭᠣᠯ ᠭᠡᠷ ᠦᠨ ᠪᠦᠲᠦᠴᠡ ᠨᠢ ᠭᠡᠷ ᠦᠨ ᠬᠡᠯᠪᠡᠷᠢ ᠶᠢ ᠪᠤᠢ ᠪᠣᠯᠭᠠᠬᠤ ᠭᠡᠷ ᠦᠨ ᠮᠣᠳᠣ ᠪᠠ ᠪᠦᠷᠢᠵᠦ ᠪᠢᠲᠡᠭᠦᠯᠬᠦ ᠵᠥᠭᠡᠯᠡᠨ ᠡᠳ᠋ ᠪᠦᠷᠢᠶᠡᠰᠦ ᠭᠡᠰᠡᠨ ᠬᠣᠶᠠᠷ ᠬᠡᠰᠡᠭ ᠪᠣᠯᠤᠨ ᠠᠩᠭᠢᠯᠠᠭᠳᠠᠨ᠎ᠠ᠃

ᠡᠭᠦᠨ ᠡᠴᠡ ᠭᠠᠳᠠᠨ᠎ᠠ ᠡᠳᠡᠭᠡᠷ ᠬᠡᠰᠡᠭ ᠦᠳ ᠢ ᠬᠣᠭᠣᠷᠣᠨᠳᠣ ᠨᠢ ᠤᠶᠠᠵᠤ ᠪᠡᠬᠢᠯᠡᠳᠡᠭ ᠪᠦᠳᠦᠭᠦᠨ ᠨᠠᠷᠢᠨ᠂ ᠤᠷᠲᠤ ᠪᠣᠭᠣᠨᠢ ᠣᠭᠣᠰᠣᠷ ᠪᠦᠴᠡ ᠨᠦᠭᠦᠳ ᠨᠡᠮᠡᠭᠳᠡᠨ᠎ᠡ᠃ ᠭᠡᠷ ᠪᠣᠯ ᠭᠧᠣᠮᠸᠲ᠋ᠷ ᠦᠨ ᠣᠭᠲᠣᠯᠤᠯᠴᠠᠯ ᠪᠦᠬᠦᠢ ᠱᠠᠲᠤᠯᠵᠢᠨ ᠬᠡᠯᠪᠡᠷᠢ ᠲᠡᠢ᠃ ᠭᠡᠷ ᠦᠨ ᠪᠦᠲᠦᠴᠡ ᠳ᠋ᠡᠬᠢ ᠬᠡᠰᠡᠭ ᠦᠳ ᠬᠣᠭᠣᠷᠣᠨᠳᠣ ᠪᠠᠨ ᠤᠭᠰᠠᠷᠠᠯᠲᠠ ᠶᠢᠨ ᠨᠠᠷᠢᠨ ᠳᠦᠷᠢᠮ ᠲᠡᠢ ᠪᠠᠶᠢᠨ᠎ᠠ᠃ ᠲᠤᠬᠠᠢ ᠶᠢᠨ ᠭᠡᠷ ᠦᠨ ᠬᠡᠮᠵᠢᠶᠡᠨ ᠡᠴᠡ ᠬᠠᠮᠢᠶᠠᠷᠬᠤ ᠬᠡᠰᠡᠭ ᠦᠳ ᠢ ᠬᠢᠬᠦ ᠲᠣᠭᠲᠠᠭᠰᠠᠨ ᠬᠡᠮᠵᠢᠶ᠎ᠡ ᠥᠭᠭᠦᠭᠳᠡᠭᠰᠡᠨ ᠪᠠᠶᠢᠳᠠᠭ᠃ ᠡᠨᠡ ᠬᠡᠮᠵᠢᠶ᠎ᠡ ᠪᠡᠷ ᠬᠢᠭᠳᠡᠭᠰᠡᠨ ᠬᠡᠰᠡᠭ ᠦᠳ ᠢ ᠬᠣᠭᠣᠷᠣᠨᠳᠣ ᠨᠢ ᠵᠥᠪ ᠤᠭᠰᠠᠷᠠᠵᠤ ᠭᠡᠷ ᠢ ᠪᠠᠷᠢᠵᠤ ᠪᠣᠰᠬᠠᠨ᠎ᠠ᠃ ᠤᠭᠰᠠᠷᠠᠯᠲᠠ ᠶᠢᠨ ᠦᠶ᠎ᠡ ᠳᠦ ᠬᠠᠨ᠎ᠠ ᠶᠢᠨ ᠲᠣᠯᠣᠭᠠᠢ ᠶᠢ ᠪᠤᠷᠤᠭᠤ (ᠳᠣᠭᠣᠭᠰᠢ) ᠬᠠᠷᠠᠭᠤᠯᠵᠤ᠂ ᠭᠡᠷ ᠦᠨ ᠲᠣᠭᠤᠨᠤ ᠶᠢ ᠪᠤᠷᠤᠭᠤ ᠬᠠᠷᠠᠭᠤᠯᠤᠨ ᠪᠠᠷᠢᠬᠤ ᠭᠡᠬᠦ ᠮᠡᠲᠦ ᠶᠠᠪᠤᠳᠠᠯ ᠭᠠᠳᠠᠭᠠᠳᠤ ᠶᠢᠨ ᠬᠦᠮᠦᠰ ᠲᠦ ᠪᠣᠯᠤᠨ ᠮᠣᠩᠭᠣᠯ ᠬᠦᠮᠦᠰ ᠲᠦ ᠴᠤ ᠲᠣᠬᠢᠶᠠᠯᠳᠤᠨ᠎ᠠ᠃

ᠭᠡᠷ ᠦᠨ ᠮᠣᠳᠣ
  1. ᠬᠠᠨ᠎ᠠ
  2. ᠬᠠᠭᠠᠯᠭ᠎ᠠ
  3. ᠲᠣᠭᠣᠨᠣ
  4. ᠪᠠᠭᠠᠨ᠎ᠠ
  5. ᠤᠨᠢ
  6. ᠱᠠᠯᠠ
ᠭᠡᠷ ᠦᠨ ᠪᠦᠷᠢᠶᠡᠰᠦ
  1. ᠴᠠᠪᠤᠭ
  2. ᠳᠡᠭᠡᠪᠦᠷ
  3. ᠲᠤᠭᠤᠷᠭ᠎ᠠ
  4. ᠭᠡᠷ ᠦᠨ ᠭᠠᠳᠠᠭᠤᠷ ᠴᠠᠭᠠᠨ ᠪᠦᠷᠢᠶᠡᠰᠦ
  5. ᠡᠷᠦᠬᠡ

ᠲᠡᠷᠡᠮ (ᠬᠠᠨ᠎ᠠ)[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠡᠷ ᠦᠨ ᠲᠣᠮᠣ ᠵᠢᠵᠢᠭ᠂ ᠳᠤᠭᠤᠢ ᠬᠡᠯᠪᠡᠷᠢᠲᠡᠢ ᠪᠠᠶᠢᠬᠤ ᠶᠢ ᠭᠡᠷ ᠦᠨ ᠬᠠᠨ᠎ᠠ ᠭᠦᠢᠴᠡᠳᠭᠡᠨ᠎ᠡ᠃ ᠭᠡᠷ ᠦᠨ ᠬᠡᠮᠵᠢᠶ᠎ᠡ ᠶᠠᠩᠵᠤ ᠪᠦᠷᠢ ᠪᠠᠶᠢᠨ᠎ᠠ᠃ ᠮᠣᠩᠭᠣᠯ ᠭᠡᠷ ᠬᠠᠨ᠎ᠠ ᠶᠢᠨ ᠲᠣᠭ᠎ᠠ (4᠂ 5᠂ 6᠂ 8᠂ 10) ᠪᠡᠷ ᠨᠡᠷᠡᠯᠡᠭᠳᠡᠨ᠎ᠡ᠃ ᠵᠢᠱᠢᠶᠡᠯᠡᠪᠡᠯ᠂ ᠲᠠᠪᠤᠨ ᠬᠠᠨ᠎ᠠ ᠲᠠᠢ ᠭᠡᠷ᠂ ᠨᠠᠶᠢᠮᠠᠨ ᠬᠠᠨ᠎ᠠ ᠲᠠᠢ ᠭᠡᠷ᠂ ᠶᠡᠬᠡ ᠲᠠᠪᠤᠨ ᠬᠠᠨ᠎ᠠ ᠲᠠᠢ ᠭᠡᠷ᠂ ᠪᠠᠭ᠎ᠠ ᠲᠠᠪᠤᠨ ᠬᠠᠨᠠᠲᠤ ᠭᠡᠷ ᠭᠡᠬᠦ ᠮᠡᠲᠦ᠃ ᠮᠣᠩᠭᠣᠯ ᠭᠡᠷ ᠲᠦ ᠬᠠᠲᠠᠪᠴᠢᠨ ᠤ ᠬᠠᠨ᠎ᠠ ᠪᠠ ᠬᠠᠲᠠᠪᠴᠢᠨ ᠤ ᠪᠢᠰᠢ ᠭᠡᠵᠦ ᠪᠠᠶᠢᠨ᠎ᠠ᠃ ᠨᠢᠭᠡ ᠬᠠᠨ᠎ᠠ ᠬᠣᠶᠠᠷ ᠵᠠᠬ᠎ᠠ ᠪᠠᠷ ᠢᠶᠠᠨ ᠨᠥᠭᠥᠭᠡ ᠬᠠᠨ᠎ᠠ ᠨᠤᠭᠤᠳ ᠲᠠᠢ ᠬᠣᠯᠪᠣᠭᠳᠠᠳᠠᠭ ᠬᠠᠨ᠎ᠠ ᠶᠢ ᠬᠠᠲᠠᠪᠴᠢᠨ ᠤ ᠪᠢᠰᠢ ᠬᠠᠨ᠎ᠠ ᠭᠡᠨ᠎ᠡ᠃ ᠬᠠᠷᠢᠨ ᠨᠢᠭᠡ ᠵᠠᠬ᠎ᠠ ᠪᠠᠷ ᠢᠶᠠᠨ ᠬᠠᠨ᠎ᠠ ᠲᠠᠢ ᠨᠥᠭᠥᠭᠡ ᠵᠠᠬ᠎ᠠ ᠪᠠᠷ ᠢᠶᠠᠨ ᠬᠠᠭᠠᠯᠭ᠎ᠠ ᠲᠠᠢ ᠬᠣᠯᠪᠣᠭᠳᠠᠳᠠᠭ ᠬᠠᠨ᠎ᠠ ᠶᠢ ᠬᠠᠲᠠᠪᠴᠢᠨ ᠤ ᠬᠠᠨ᠎ᠠ ᠭᠡᠨ᠎ᠡ᠃ ᠭᠡᠷ ᠦᠨ ᠬᠠᠨ᠎ᠠ ᠲᠠᠢ ᠬᠣᠯᠪᠣᠭᠳᠠᠳᠠᠭ ᠬᠠᠲᠠᠪᠴᠢᠨ ᠤ ᠬᠠᠨ᠎ᠠ ᠨᠢ ᠬᠠᠲᠠᠪᠴᠢᠨ ᠤ ᠪᠢᠰᠢ ᠬᠠᠨ᠎ᠠ ᠠᠴᠠ ᠪᠠᠨ ᠠᠷᠠᠢ ᠪᠣᠭᠣᠨᠢ ᠪᠠᠶᠢᠨ᠎ᠠ᠃ ᠬᠠᠨ᠎ᠠ ᠶᠢᠨ ᠲᠣᠯᠣᠭᠠᠢ ᠳᠤ ᠨᠢ ᠤᠨᠢ ᠡᠯᠭᠥᠬᠦ᠂ ᠳᠡᠭᠡᠪᠦᠷ ᠲᠤᠭᠤᠷᠭ᠎ᠠ ᠵᠡᠷᠭᠡ ᠶᠢᠨ ᠠᠭᠤᠯᠵᠠᠪᠤᠷᠢ ᠲᠣᠬᠣᠢ ᠪᠣᠯᠳᠠᠭ ᠤᠴᠢᠷ ᠰᠠᠶᠢᠬᠠᠨ ᠦᠵᠦᠭᠦᠷᠯᠡᠭᠰᠡᠨ ᠪᠠᠶᠢᠳᠠᠭ᠃

ᠬᠠᠭᠠᠯᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠷᠲᠡᠨ ᠡᠴᠡ ᠢᠰᠡᠭᠡᠢ ᠭᠡᠷ ᠲᠦ ᠬᠦᠮᠦᠨ ᠣᠷᠣᠵᠤ ᠭᠠᠷᠬᠤ ᠳᠤ ᠪᠠᠨ ᠰᠢᠷᠢᠮᠡᠯ ᠢᠰᠡᠭᠡᠢ ᠬᠠᠭᠠᠯᠲᠠ ᠶᠢ ᠳᠡᠭᠡᠭᠰᠢ ᠰᠡᠬᠦᠵᠦ ᠣᠷᠣᠵᠤ ᠭᠠᠷᠳᠠᠭ ᠪᠠᠶᠢᠭᠰᠠᠨ ᠪᠥᠭᠡᠳ ᠡᠨᠡ ᠨᠢ ᠭᠡᠷ ᠦᠨ ᠡᠭᠦᠳᠡ ᠶᠤᠮ᠃ ᠣᠷᠴᠢᠨ ᠦᠶ᠎ᠡ ᠳᠦ ᠮᠣᠳᠣᠨ ᠬᠠᠭᠠᠯᠭ᠎ᠠ ᠬᠡᠷᠡᠭᠯᠡᠬᠦ ᠪᠣᠯᠵᠠᠢ᠃ ᠭᠡᠷ ᠦᠨ ᠮᠣᠳᠣᠨ ᠬᠠᠭᠠᠯᠭ᠎ᠠ ᠬᠠᠨ᠎ᠠ ᠲᠠᠢ ᠠᠳᠠᠯᠢ ᠭᠡᠷ ᠦᠨ ᠳᠡᠭᠡᠳᠦ ᠬᠡᠰᠡᠭ ᠡᠴᠡ ᠢᠷᠡᠬᠦ ᠠᠴᠢᠶᠠᠯᠠᠯ ᠢ ᠳᠠᠭᠠᠭᠠᠵᠤ ᠪᠠᠶᠢᠳᠠᠭ᠃ ᠪᠠᠰᠠ ᠬᠠᠭᠠᠯᠭ᠎ᠠ ᠪᠠᠶᠢᠩᠭᠤ ᠶᠢᠨ ᠣᠩᠭᠣᠶᠢᠵᠤ ᠬᠠᠭᠠᠭᠳᠠᠬᠤ ᠬᠥᠳᠡᠯᠭᠡᠭᠡᠨ ᠡᠴᠡ ᠡᠭᠦᠰᠬᠦ ᠬᠦᠴᠦᠨ ᠦ ᠦᠢᠯᠡᠳᠦᠯ ᠳᠦ ᠣᠷᠣᠰᠢᠨ᠎ᠠ᠃ ᠡᠶᠢᠮᠦ ᠡᠴᠡ ᠬᠠᠭᠠᠯᠭ᠎ᠠ ᠶᠢ ᠪᠠᠲᠤ ᠪᠥᠬᠡ ᠬᠢᠳᠡᠭ ᠪᠠ ᠵᠢᠩ ᠬᠦᠨᠳᠦᠪᠲᠦᠷ ᠪᠣᠯᠳᠠᠭ᠃ ᠭᠡᠷ ᠦᠨ ᠮᠣᠳᠣᠨ ᠬᠡᠰᠡᠭ ᠦᠳ ᠡᠴᠡ ᠬᠠᠮᠤᠭ ᠤᠨ ᠬᠦᠨᠳᠦ ᠵᠢᠩᠲᠡᠢ ᠳᠦ ᠬᠠᠭᠠᠯᠭ᠎ᠠ ᠲᠣᠭᠠᠴᠠᠭᠳᠠᠵᠤ ᠪᠣᠯᠤᠨ᠎ᠠ᠃ ᠬᠠᠭᠠᠯᠭᠠᠨ ᠤ ᠬᠢᠴᠡ ᠶᠢᠨ ᠬᠤᠪᠢ ᠳᠤ ᠳᠠᠩ ᠪᠠ ᠳᠠᠪᠬᠤᠷ ᠶᠠᠰᠤ ᠲᠠᠢ ᠬᠢᠨ᠎ᠡ᠃ ᠳᠠᠪᠬᠤᠷ ᠬᠢᠭᠳᠡᠳᠡᠭ ᠤᠴᠢᠷ ᠪᠣᠯ ᠬᠦᠢᠲᠡᠨ ᠦ ᠤᠯᠠᠷᠢᠯ ᠳᠤ ᠬᠦᠢᠲᠡᠨ ᠡᠴᠡ ᠢᠳᠡᠪᠬᠢᠲᠡᠢ ᠲᠤᠰᠠᠭᠠᠷᠯᠠᠬᠤ ᠵᠣᠷᠢᠭᠤᠯᠤᠯᠲᠠᠢ᠃ ᠮᠣᠩᠭᠣᠯ ᠭᠡᠷ ᠦᠨ ᠬᠠᠭᠠᠯᠭ᠎ᠠ ᠣᠯᠠᠨ ᠶᠠᠩᠵᠤ ᠶᠢᠨ ᠭᠣᠶᠣᠯ ᠴᠢᠮᠡᠭᠯᠡᠯ ᠲᠡᠢ ᠪᠠᠶᠢᠳᠠᠭ᠃ ᠮᠣᠩᠭᠣᠯ ᠬᠡ ᠤᠭᠠᠯᠵᠠ ᠶᠢ ᠵᠢᠷᠤᠬᠤ ᠪᠤᠶᠤ ᠰᠡᠶᠢᠪᠦᠷᠢᠳᠡᠵᠦ ᠦᠵᠡᠭᠦᠯᠳᠡᠭ᠃

ᠮᠣᠩᠭᠣᠯ ᠭᠡᠷ ᠦᠨ ᠬᠡᠮᠵᠢᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠭᠡᠷ ᠦᠨ ᠲᠣᠮᠣ ᠪᠠᠭ᠎ᠠ ᠶᠢ ᠬᠠᠨ᠎ᠠ ᠪᠠᠷ ᠨᠢ ᠬᠡᠮᠵᠢᠶᠡᠯᠡᠬᠦ ᠪᠦᠭᠡᠳ ᠮᠠᠯᠴᠢᠨ ᠠᠷᠠᠳ ᠤᠨ ᠳᠤᠮᠳᠠ ᠣᠳᠣ ᠬᠠᠮᠤᠭ ᠤᠨ ᠥᠷᠭᠡᠨ ᠳᠡᠯᠭᠡᠷ ᠬᠡᠷᠡᠭᠯᠡᠭᠳᠡᠳᠡᠭ ᠨᠢ 5᠂ 6 ᠬᠠᠨᠠᠲᠤ ᠭᠡᠷ ᠪᠣᠯᠤᠨ᠎ᠠ᠃ ᠲᠡᠭᠡᠬᠦ ᠳᠦ ᠪᠡᠨ ᠨᠢᠭᠡ ᠬᠡᠮᠵᠢᠶᠡᠨ ᠦ ᠭᠡᠷ ᠳᠣᠲᠣᠷ᠎ᠠ ᠪᠠᠨ ᠭᠤᠷᠪᠠᠨ ᠶᠠᠩᠵᠤ ᠪᠠᠶᠢᠳᠠᠭ ᠪᠠ ᠪᠠᠭ᠎ᠠ᠂ ᠳᠤᠮᠳᠠ᠂ ᠶᠡᠬᠡ ᠲᠠᠪᠤᠨ ᠬᠠᠨᠠᠲᠤ ᠭᠡᠬᠦ ᠮᠡᠲᠦ ᠪᠠᠶᠢᠬᠤ ᠪᠥᠭᠡᠳ ᠪᠠᠭ᠎ᠠ ᠲᠠᠪᠤᠨ ᠬᠠᠨᠠᠲᠤ ᠨᠢ ᠶᠡᠬᠡ ᠡᠴᠡ ᠪᠡᠨ ᠠᠷᠪᠠᠭᠠᠳ ᠤᠨᠢ ᠴᠥᠭᠡᠨ ᠪᠠᠶᠢᠳᠠᠭ᠃ 19 ᠳ᠋ᠦᠭᠡᠷ ᠵᠠᠭᠤᠨ ᠤ ᠡᠴᠦᠰ ᠦᠶ᠎ᠡ ᠳᠦ ᠵᠢᠷ ᠦᠨ ᠮᠠᠯᠴᠢᠨ ᠤ ᠭᠡᠷ ᠨᠢ ᠳᠥᠷᠪᠡᠨ ᠬᠠᠨ᠎ᠠ ᠲᠠᠢ᠂ ᠴᠢᠨᠡᠭᠡᠯᠢᠭ ᠪᠠᠶᠠᠴᠤᠳ ᠤᠨ ᠭᠡᠷ ᠨᠢ ᠲᠠᠪᠤᠨ ᠬᠠᠨ᠎ᠠ ᠲᠠᠢ᠂ ᠮᠥᠨ 8-10 ᠬᠠᠨ᠎ᠠ ᠲᠠᠢ ᠭᠡᠷ ᠢ ᠠᠶᠢᠮᠠᠭ ᠤᠨ ᠬᠠᠨ᠂ ᠬᠣᠰᠢᠭᠤ ᠲᠠᠮᠠᠭ᠎ᠠ ᠶᠢᠨ ᠭᠠᠵᠠᠷ ᠪᠠᠷᠢᠵᠤ ᠪᠠᠶᠢᠵᠠᠢ᠃

ᠮᠣᠩᠭᠣᠯ ᠭᠡᠷ ᠴᠠᠭ ᠤᠨ ᠡᠭᠦᠷᠭᠡ ᠭᠦᠢᠴᠡᠳᠭᠡᠬᠦ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠯᠴᠢᠳ ᠦᠨᠢᠶ᠎ᠡ ᠮᠠᠯ ᠢᠶᠠᠨ ᠰᠠᠭᠠᠬᠤ᠂ ᠬᠣᠨᠢ ᠪᠡᠯᠴᠢᠭᠡᠬᠦ᠂ ᠬᠣᠲᠠᠯᠠᠭᠤᠯᠬᠤ ᠵᠡᠷᠭᠡ ᠳᠦ ᠭᠡᠷ ᠦᠨ ᠢᠶᠡᠨ ᠲᠣᠭᠣᠨᠣ ᠪᠠᠷ ᠲᠤᠰᠠᠭᠰᠠᠨ ᠨᠠᠷᠠᠨ ᠤ ᠲᠤᠰᠠᠬᠠᠯ ᠶᠢᠡᠷ ᠴᠠᠭ ᠢ ᠪᠠᠷᠢᠮᠵᠢᠶᠠᠯᠠᠳᠠᠭ ᠵᠠᠩᠰᠢᠯ ᠲᠠᠢ ᠶᠤᠮ᠃ ᠭᠧᠣᠮᠸᠲ᠋ᠷ ᠦᠨ ᠬᠠᠷᠢᠴᠠᠭ᠎ᠠ ᠶᠢ ᠲᠤᠷᠰᠢᠯᠭ᠎ᠠ ᠪᠡᠷ ᠰᠠᠶᠢᠨ ᠮᠡᠳᠡᠳᠡᠭ ᠠᠷᠠᠳ ᠤᠨ ᠭᠠᠷ ᠤᠷᠠᠴᠤᠳ ᠤᠭᠰᠠᠷᠠᠬᠤ ᠳᠤ ᠲᠣᠬᠢᠷᠠᠬᠤ ᠨᠠᠷᠢᠨ ᠲᠣᠭᠲᠠᠭᠠᠭᠰᠠᠨ ᠬᠡᠮᠵᠢᠶ᠎ᠡ ᠲᠡᠢ ᠪᠡᠷ ᠭᠡᠷ ᠦᠨ ᠮᠣᠳᠣ ᠵᠣᠬᠢᠶᠠᠨ ᠬᠢᠳᠡᠭ᠃ ᠭᠡᠷ ᠦᠨ ᠲᠣᠭᠣᠨᠣᠨ ᠤ ᠤᠭᠯᠠᠭᠤᠷᠭ᠎ᠠ ᠶᠢᠨ ᠲᠡᠩᠬᠡᠯᠢᠭ ᠦᠨ ᠬᠣᠭᠣᠷᠣᠨᠳᠣᠬᠢ ᠵᠠᠢ ᠲᠣᠭᠲᠠᠮᠠᠯ ᠪᠠᠶᠢᠬᠤ ᠤᠴᠢᠷ ᠠᠴᠠ ᠪᠦᠷᠢᠶᠠᠰᠤ ᠲᠠᠢ ᠭᠡᠷ ᠦᠨ ᠬᠠᠨᠠᠨ ᠤ ᠲᠣᠯᠣᠭᠠᠢ ᠶᠢᠨ ᠬᠣᠭᠣᠷᠣᠨᠳᠣᠬᠢ ᠵᠠᠢ᠂ ᠲᠣᠯᠣᠭᠠᠢ ᠶᠢᠨ ᠲᠡᠩᠬᠡᠯᠢᠭ ᠦᠨ ᠬᠣᠭᠣᠷᠣᠨᠳᠣᠬᠢ ᠨᠤᠮᠤᠨ ᠤ ᠤᠷᠲᠤ᠂ ᠲᠡᠭᠦᠨ ᠳᠦ ᠬᠠᠷᠢᠴᠠᠩᠭᠤᠢ ᠲᠣᠭᠲᠠᠮᠠᠯ ᠪᠠᠶᠢᠳᠠᠭ ᠪᠠᠶᠢᠨ᠎ᠠ᠃ ᠶᠡᠷᠦ ᠨᠢ ᠭᠡᠷ ᠦᠨ ᠭᠣᠣᠯ ᠢ ᠲᠣᠭᠣᠨᠣᠨ ᠤ ᠭᠣᠣᠯ ᠳᠤ᠂ ᠤᠨᠢᠨ ᠤ ᠤᠷᠲᠤ ᠶᠢ ᠲᠣᠭᠣᠨᠣᠨ ᠤ ᠷᠠᠳᠢᠦ᠋ᠰ ᠲᠤ᠂ ᠪᠠᠭᠠᠨ ᠤ ᠥᠨᠳᠥᠷ ᠢ ᠬᠠᠭᠠᠯᠭᠠᠨ ᠤ ᠥᠨᠳᠥᠷ ᠲᠦ ᠬᠠᠷᠢᠴᠠᠭᠤᠯᠤᠭᠰᠠᠨ ᠬᠠᠷᠢᠴᠠᠭ᠎ᠠ ᠪᠠᠷ ᠭᠡᠷ ᠦᠨ ᠬᠡᠯᠪᠡᠷᠢ ᠶᠢ ᠵᠣᠬᠢᠴᠠᠭᠤᠯᠳᠠᠭ᠃

ᠵᠡᠭᠦᠨ ᠤᠷᠤᠭᠰᠢ ᠬᠠᠨᠳᠤᠭᠤᠯᠤᠨ ᠪᠠᠷᠢᠭᠰᠠᠨ ᠳᠥᠷᠪᠡᠨ ᠬᠠᠨ᠎ᠠ ᠲᠠᠢ (ᠲᠣᠲᠣᠭᠣᠨ ᠳᠡᠭᠡᠷ᠎ᠡ ᠪᠡᠨ ᠳᠥᠷᠪᠡᠨ ᠤᠨᠢ ᠲᠠᠢ)᠂ 60 ᠤᠨᠢ ᠲᠠᠢ ᠭᠡᠷ ᠦᠨ ᠬᠣᠶᠠᠷ ᠤᠨᠢᠨ ᠤ ᠬᠣᠭᠣᠷᠣᠨᠳᠣᠬᠢ ᠵᠠᠢ ᠵᠢᠷᠭᠤᠭᠠᠨ ᠬᠡᠮ ᠦᠨ ᠥᠨᠴᠥᠭ ᠲᠡᠢ ᠨᠢ ᠣᠷᠴᠢᠨ ᠦᠶ᠎ᠡ ᠶᠢᠨ ᠴᠠᠭ ᠤᠨ ᠬᠤᠪᠢᠶᠠᠷᠢ ᠲᠠᠢ ᠨᠢ ᠶᠠᠭ ᠲᠣᠬᠢᠷᠠᠳᠠᠭ ᠭᠡᠵᠦ ᠡᠷᠳᠡᠮᠲᠡᠳ ᠦᠵᠡᠳᠡᠭ᠃

ᠭᠡᠷ ᠦᠨ ᠬᠠᠨᠠᠨ ᠤ ᠲᠣᠯᠣᠭᠠᠢ᠂ ᠤᠨᠢ᠂ ᠲᠣᠭᠣᠨᠣᠨ ᠤ ᠬᠦᠷᠢᠶᠡᠨ ᠳᠦ ᠭᠠᠷᠭᠠᠭᠰᠠᠨ ᠨᠦᠬᠡ ᠪᠦᠷᠢ ᠶᠢ 60 ᠵᠦᠢᠯ ᠦᠨ ᠨᠡᠷ᠎ᠡ ᠪᠡᠷ ᠨᠡᠷᠡᠯᠡᠵᠦ᠂ ᠭᠡᠷ ᠢ ᠳᠥᠷᠪᠡᠨ ᠵᠦᠭ᠂ ᠨᠠᠶᠢᠮᠠᠨ ᠵᠣᠪᠬᠢᠰ ᠢᠶᠠᠷ ᠲᠡᠩᠴᠡᠭᠦᠦ ᠬᠡᠰᠡᠭ ᠲᠦ ᠬᠤᠪᠢᠶᠠᠨ᠂ ᠴᠠᠭ ᠤᠨ ᠵᠡᠭᠦᠨ ᠦ ᠡᠷᠭᠢᠯᠲᠡ ᠶᠢᠨ ᠳᠠᠭᠠᠤ ᠬᠤᠯᠤᠭᠠᠨ᠎ᠠ᠂ ᠦᠬᠡᠷ᠂ ᠪᠠᠷᠰ᠂ ᠲᠠᠤᠯᠠᠢ᠂ ᠯᠤᠤ᠂ ᠮᠣᠭᠠᠢ᠂ ᠮᠣᠷᠢ᠂ ᠬᠣᠨᠢ᠂ ᠪᠢᠴᠢ᠂ ᠲᠠᠬᠢᠶ᠎ᠠ᠂ ᠨᠣᠬᠠᠢ᠂ ᠭᠠᠬᠠᠢ ᠭᠡᠰᠡᠨ 12 ᠴᠠᠭ ᠢᠶᠠᠷ ᠲᠡᠮᠳᠡᠭᠯᠡᠳᠡᠭ᠃ ᠡᠨᠡ ᠮᠡᠲᠦ ᠪᠡᠷ ᠮᠠᠯᠴᠢᠨ ᠮᠣᠩᠭᠣᠯᠴᠤᠳ ᠨᠠᠷᠠ᠂ ᠰᠠᠷᠠ᠂ ᠣᠳᠣ ᠭᠠᠷᠠᠭ ᠤᠨ ᠦᠵᠡᠭᠳᠡᠯ  ᠦᠨ ᠵᠦᠢ ᠲᠣᠭᠲᠠᠯ ᠤᠨ ᠲᠠᠯ᠎ᠠ ᠪᠠᠷ ᠬᠤᠷᠠᠮᠲᠤᠯᠠᠭᠤᠯᠤᠭᠰᠠᠨ ᠲᠤᠷᠰᠢᠯᠭ᠎ᠠ ᠪᠠᠨ ᠣᠷᠣᠨ ᠰᠠᠭᠤᠴᠠᠨ ᠳᠤ ᠪᠠᠨ ᠲᠤᠰᠬᠠᠵᠠᠢ᠃

ᠮᠣᠩᠭᠣᠯ ᠭᠡᠷ ᠦᠨ ᠳᠣᠲᠣᠷᠠᠬᠢ ᠭᠣᠷᠢᠮ ᠶᠣᠰᠣ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠡᠷ ᠦᠨ ᠳᠣᠲᠣᠷᠠᠬᠢ ᠵᠠᠢ ᠶᠢ ᠬᠣᠶᠢᠮᠣᠷ ᠲᠠᠯ᠎ᠠ᠂ ᠡᠭᠦᠳᠡᠨ ᠲᠠᠯ᠎ᠠ᠂ ᠭᠡᠷ ᠦᠨ ᠡᠵᠡᠭᠲᠡᠢ ᠶᠢᠨ ᠲᠠᠯ᠎ᠠ᠂ ᠭᠡᠷ ᠦᠨ ᠡᠵᠡᠨ ᠦ ᠲᠠᠯ᠎ᠠ ᠭᠡᠵᠦ ᠢᠯᠭᠠᠬᠤ ᠨᠢ ᠭᠡᠷ ᠦᠨ ᠳᠣᠲᠣᠷ᠎ᠠ ᠪᠠᠷᠢᠮᠲᠠᠯᠠᠬᠤ ᠶᠣᠰᠣ ᠪᠠ ᠵᠠᠢ ᠲᠠᠯᠠᠪᠠᠢ ᠶᠢᠨ ᠵᠢᠷᠤᠮ ᠢ ᠲᠣᠭᠲᠠᠭᠠᠭᠰᠠᠨ ᠬᠡᠪ ᠶᠣᠰᠣ ᠪᠠᠶᠢᠵᠠᠢ᠃ ᠮᠣᠩᠭᠣᠯᠴᠤᠳ ᠭᠡᠷ ᠦᠨ ᠢᠶᠡᠨ ᠭᠣᠣᠯ ᠳᠤᠮᠳᠠ ᠭᠠᠯ ᠭᠣᠯᠣᠮᠲᠠ ᠲᠤᠯᠭ᠎ᠠ ᠪᠠᠨ ᠪᠠᠶᠢᠷᠢᠯᠠᠭᠤᠯᠳᠠᠭ᠃ ᠲᠡᠭᠦᠨ ᠢ ᠲᠣᠭᠣᠷᠢᠭᠰᠠᠨ ᠣᠷᠣᠨ ᠵᠠᠢ ᠶᠢᠨ ᠪᠠᠷᠠᠭᠤᠨ ᠲᠠᠯ᠎ᠠ ᠨᠢ ᠡᠷᠡᠭᠲᠡᠢ ᠬᠦᠮᠦᠨ ᠦ ᠡᠳ᠋ ᠵᠦᠢᠯ᠂ ᠵᠡᠭᠦᠨ ᠲᠠᠯ᠎ᠠ ᠳᠤ ᠡᠮᠡᠭᠲᠡᠢ ᠬᠦᠮᠦᠨ ᠦ ᠡᠳ᠋ ᠵᠦᠢᠯ ᠢ ᠪᠠᠶᠢᠷᠢᠯᠠᠭᠤᠯᠳᠠᠭ ᠠᠴᠠ ᠤᠯᠠᠮᠵᠢᠯᠠᠨ ᠡᠵᠡᠭᠲᠡᠢ ᠲᠠᠯ᠎ᠠ᠂ ᠡᠷᠡᠭᠲᠡᠢ ᠬᠦᠮᠦᠨ ᠦ ᠲᠠᠯ᠎ᠠ ᠬᠡᠮᠡᠬᠦ ᠪᠣᠯᠤᠭᠰᠠᠨ ᠶᠤᠮ᠃ ᠭᠡᠷ ᠦᠨ ᠳᠣᠲᠣᠷᠠᠬᠢ ᠣᠷᠣᠨ ᠵᠠᠢ ᠶᠢ 12 ᠵᠢᠯ ᠢᠶᠡᠷ ᠬᠤᠪᠢᠶᠠᠨ ᠨᠡᠷᠡᠯᠡᠬᠦ᠂ ᠵᠦᠭ ᠴᠢᠭ ᠵᠢᠭᠠᠬᠤ᠂ ᠥᠩᠭᠡ ᠪᠡᠷ ᠢᠯᠭᠠᠨ ᠭᠡᠷ ᠦᠨ ᠨᠠᠷᠠᠨ ᠴᠠᠭ ᠤᠨ ᠬᠤᠪᠢᠶᠠᠷᠢ ᠶᠢ ᠪᠤᠢ ᠪᠣᠯᠭᠠᠭᠰᠠᠨ ᠨᠢ ᠭᠡᠷ᠎ ᠲᠡᠢ ᠬᠣᠯᠪᠣᠭᠠᠲᠠᠢ ᠠᠷᠠᠳ ᠤᠨ ᠮᠡᠳᠡᠯᠭᠡ ᠶᠢᠨ ᠨᠢᠭᠡᠨ ᠥᠪ ᠪᠠᠶᠢᠪᠠ᠃

ᠮᠣᠩᠭᠣᠯ ᠭᠡᠷ ᠢ ᠪᠠᠷᠢᠬᠤ᠂ ᠪᠠᠭᠤᠯᠭᠠᠬᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠭᠡᠷ ᠢ ᠪᠠᠷᠢᠬᠤ᠂ ᠪᠠᠭᠤᠯᠭᠠᠬᠤ ᠨᠢ ᠨᠠᠷᠢᠨ ᠳᠡᠰ ᠳᠠᠷᠠᠭᠠᠯᠠᠯ ᠲᠠᠢ᠃ ᠲᠤᠬᠠᠶᠢᠯᠠᠪᠠᠯ᠂ ᠱᠠᠯᠠ ᠲᠠᠯᠪᠢᠬᠤ᠂ ᠬᠠᠭᠠᠯᠭ᠎ᠠ ᠪᠣᠰᠬᠠᠬᠤ᠂ ᠬᠠᠨ᠎ᠠ ᠳᠤᠭᠤᠶᠢᠯᠠᠬᠤ᠂ ᠳᠣᠲᠣᠭᠤᠷ ᠪᠦᠰᠡᠯᠡᠭᠦᠷ ᠲᠠᠲᠠᠬᠤ᠂ ᠲᠣᠭᠣᠨᠣ᠂ ᠪᠠᠭᠠᠨ᠎ᠠ ᠪᠣᠰᠬᠠᠬᠤ᠂ ᠤᠨᠢ ᠡᠯᠭᠥᠬᠦ᠂ ᠳᠣᠲᠣᠭᠤᠷ ᠪᠦᠷᠢᠶᠠᠰᠦ ᠲᠠᠯᠪᠢᠬᠤ᠂ ᠲᠤᠭᠤᠷᠭ᠎ᠠ ᠨᠥᠮᠦᠷᠭᠡᠬᠦ᠂ ᠴᠠᠪᠤᠭ ᠲᠠᠯᠪᠢᠬᠤ᠂ ᠳᠡᠭᠡᠪᠦᠷ ᠲᠠᠯᠪᠢᠬᠤ᠂ ᠭᠠᠳᠠᠭᠤᠷ ᠪᠦᠷᠢᠶᠡᠰᠦ ᠨᠥᠮᠦᠷᠭᠡᠬᠦ᠂ ᠪᠦᠰᠡᠯᠡᠭᠦᠷ ᠲᠠᠲᠠᠬᠤ᠂ ᠡᠷᠦᠬᠡ ᠲᠠᠯᠪᠢᠬᠤ᠂ ᠬᠠᠲᠠᠪᠴᠢ ᠲᠠᠲᠠᠬᠤ᠂ ᠣᠭᠣᠰᠣᠷ ᠪᠦᠴᠡ ᠪᠡᠬᠢᠯᠡᠬᠦ ᠵᠡᠷᠭᠡ ᠳᠠᠷᠠᠭᠠᠯᠠᠯ ᠲᠠᠢ᠃


ᠸᠢᠭᠮᠧᠳᠢᠶᠠ ᠵᠢᠷᠤᠭ ᠤᠨ ᠰᠠᠩ:
«ᠭᠡᠷ»
http://wiki.uhaan.com/index.php?title=ᠭᠡᠷ&oldid=479357》 ᠍  ᠡᠴᠡ ᠠᠪᠤᠭᠰᠠᠨ

ᠪᠢᠴᠢᠭᠡᠰᠦ