ᠮᠣᠩᠭᠣᠯ ᠬᠡᠯᠡᠨ ᠦ ᠪᠦᠯᠦᠭ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠣᠩᠭᠣᠯ ᠪᠦᠯᠦᠭ ᠦᠨ ᠬᠡᠯᠡᠨ ᠦ ᠲᠠᠷᠬᠠᠯᠲᠠ
Atlas Mongolica.jpg
Mongol atlas.jpg
MongolianLanguages.jpg

ᠮᠣᠩᠭᠣᠯ ᠬᠡᠯᠡᠨ ᠦ ᠪᠦᠯᠦᠭ ᠭᠡᠳᠡᠭ ᠨᠢ ᠵᠡᠭᠦᠨ ᠪᠣᠯᠤᠨ ᠲᠥᠪ ᠠᠽᠢᠶ᠎ᠠ ᠳᠤ᠂ ᠲᠣᠳᠣᠷᠠᠭᠤᠯᠪᠠᠯ ᠮᠣᠩᠭᠣᠯ ᠤᠯᠤᠰ᠂ ᠵᠠᠯᠭᠠᠨ ᠤᠷᠤᠰᠢᠬᠤ ᠣᠷᠣᠰ ᠬᠣᠯᠪᠣᠭᠠᠨ ᠤ ᠤᠯᠤᠰᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠳᠠᠬᠢ ᠥᠪᠡᠷᠲᠡᠭᠡᠨ ᠵᠠᠰᠠᠬᠤ ᠣᠷᠣᠨ ᠨᠤᠭᠤᠳ ᠲᠤ ᠰᠠᠭᠤᠬᠤ ᠢᠵᠠᠭᠤᠷ ᠭᠠᠷᠪᠠᠯ ᠨᠢᠭᠡᠲᠡᠢ ᠠᠷᠠᠳ ᠲᠦᠮᠡᠨ ᠨᠦᠭᠦᠳ ᠦᠨ ᠬᠠᠷᠢᠯᠴᠠᠬᠤ ᠬᠡᠯᠡ ᠨᠦᠭᠦᠳ ᠦᠨ ᠪᠦᠯᠦᠭ ᠶᠤᠮ᠃ ᠡᠳᠡᠭᠡᠷ ᠬᠡᠯᠡᠨ ᠨᠦᠭᠦᠳ ᠳᠦᠷᠢᠮᠦᠭᠡᠠᠪᠢᠶ᠎ᠠ ᠵᠡᠷᠭᠡ ᠲᠠᠯ᠎ᠠ ᠪᠠᠷ ᠨᠢᠭᠲᠠᠴᠠ ᠬᠣᠯᠪᠣᠭ᠎ᠠ ᠲᠠᠢ ᠪᠥᠭᠡᠳ ᠡᠳᠡᠭᠡᠷ ᠬᠡᠯᠡ ᠪᠡᠷ ᠶᠠᠷᠢᠯᠴᠠᠭᠴᠢᠳ ᠢ ᠮᠣᠩᠭᠣᠯ ᠬᠡᠯᠡᠲᠡᠨ ᠦᠳ ᠭᠡᠵᠦ ᠨᠡᠷᠡᠯᠡᠬᠦ ᠨᠢ ᠴᠤ ᠪᠤᠢ᠃

ᠡᠨᠡ ᠪᠦᠯᠦᠭ ᠦᠨ ᠬᠡᠯᠡ ᠨᠦᠭᠦᠳ ᠨᠢ ᠡᠭᠡᠰᠢᠭ ᠵᠣᠬᠢᠴᠠᠬᠤ ᠶᠣᠰᠣ᠂ ᠦᠭᠡ ᠶᠢᠨ ᠲᠡᠭᠦᠰᠬᠡᠯ ᠳᠦ ᠨᠥᠬᠥᠴᠡᠯ᠂ ᠳᠠᠭᠠᠪᠤᠷᠢ ᠵᠠᠯᠭᠠᠵᠤ ᠤᠳᠬ᠎ᠠ ᠪᠦᠷᠢᠯᠳᠦᠭᠦᠯᠳᠡᠭ ᠵᠡᠷᠭᠡ ᠴᠢᠨᠠᠷ ᠢᠶᠠᠷ ᠢᠶᠠᠨ ᠲᠦᠷᠦᠭ ᠬᠡᠯᠡᠨ ᠦ ᠪᠦᠯᠦᠭ ᠪᠣᠯᠤᠨ ᠲ᠋ᠦᠩᠬᠦᠰ ᠬᠡᠯᠡᠨ ᠦ ᠪᠦᠯᠦᠭᠲᠡᠢ ᠲᠤᠩ ᠲᠥᠰᠲᠡᠢ ᠤᠴᠢᠷ ᠠᠴᠠ ᠡᠳᠡᠭᠡᠷ ᠢ ᠶᠡᠷᠦᠩᠬᠡᠢ ᠳᠤ ᠨᠢ ᠠᠯᠲᠠᠢ ᠬᠡᠯᠡᠨ ᠦ ᠢᠵᠠᠭᠤᠷ ᠲᠤ ᠪᠠᠭᠲᠠᠭᠠᠳᠠᠭ᠃

ᠠᠩᠬᠢᠯᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠬᠡᠯᠡᠨ ᠦ ᠪᠦᠯᠦᠭ ᠦᠨ ᠬᠡᠯᠡ ᠨᠦᠭᠦᠳ ᠳᠡᠯᠡᠬᠡᠢ ᠶᠢᠨ ᠪᠤᠰᠤᠳ ᠬᠡᠯᠡᠨ ᠨᠦᠭᠦᠳ ᠲᠡᠢ ᠬᠠᠷᠢᠴᠠᠭᠤᠯᠬᠤ ᠳᠤ ᠶᠠᠷᠢᠯᠴᠠᠭᠴᠢᠳ ᠤᠨ ᠲᠣᠭ᠎ᠠ ᠴᠥᠭᠡᠨ ᠤᠴᠢᠷ ᠬᠡᠯᠡ ᠵᠦᠢ ᠶᠢᠨ ᠡᠭᠦᠳᠡᠨ ᠡᠴᠡ ᠪᠠᠭ᠎ᠠ ᠰᠤᠳᠤᠯᠤᠭᠳᠠᠭᠰᠠᠨ ᠬᠡᠯᠡ ᠣᠯᠠᠨ ᠪᠠᠶᠢᠬᠤ ᠪᠥᠭᠡᠳ ᠲᠣᠭᠲᠠᠭᠰᠠᠨ ᠠᠩᠬᠢᠯᠠᠯ ᠪᠠᠶᠢᠬᠤ ᠦᠭᠡᠢ᠃ ᠨᠡᠯᠢᠶᠡᠳ ᠦᠨᠡᠮᠰᠢᠯᠲᠡᠢ ᠠᠩᠬᠢᠯᠠᠯ ᠢ ᠳᠣᠣᠷ᠎ᠠ ᠵᠢᠭᠠᠪᠠ᠃

ᠵᠠᠷᠢᠮ ᠳᠤ ᠪᠠᠨ ᠮᠣᠩᠭᠣᠯ ᠤᠯᠤᠰ ᠤᠨ ᠵᠡᠭᠦᠨ ᠬᠡᠰᠡᠭ ᠪᠡᠷ ᠪᠠᠶᠢᠬᠤ ᠮᠣᠩᠭᠣᠯ ᠲᠦᠩᠭᠦᠰ ᠤᠭᠰᠠᠭᠠᠲᠠᠨ ᠤ ᠬᠠᠮᠨᠢᠭᠠᠨᠴᠤᠳ ᠤᠨ ᠬᠡᠯᠡ ᠶᠢ ᠴᠤ ᠠᠰ ᠲᠤ ᠨᠢᠭᠡ ᠬᠡᠯᠡ ᠪᠡᠷ ᠦᠵᠡᠳᠡᠭ᠃

ᠲᠥᠪ ᠪᠤᠶᠤ ᠮᠣᠩᠭᠣᠯ ᠬᠡᠯᠡ ᠭᠡᠬᠦ ᠠᠩᠬᠢᠯᠠᠯ ᠳᠤ ᠪᠤᠷᠢᠶᠠᠳ ᠠᠶᠠᠯᠭᠤ᠂ ᠮᠣᠩᠭᠣᠯ ᠤᠯᠤᠰ ᠤᠨ ᠠᠶᠠᠯᠭᠤ ᠳᠤ᠂ ᠥᠪᠥᠷ ᠮᠣᠩᠭᠣᠯ ᠍ ᠤᠨ ᠠᠶᠠᠯᠭᠤ ᠳᠤ᠂ ᠬᠠᠯᠢᠮᠠᠭ ᠢ ᠪᠠᠭᠲᠠᠭᠠᠭ᠎ᠠ ᠦᠭᠡᠢ ᠣᠶᠢᠷᠠᠳ ᠠᠶᠠᠯᠭᠤ ᠶᠢ ᠪᠠᠭᠲᠠᠭᠠᠨ ᠤᠶᠢᠯᠠᠭᠠᠬᠤ ᠨᠢ ᠲᠦᠭᠡᠮᠡᠯ᠃

ᠮᠣᠩᠭᠣᠯᠴᠤᠳ ᠤᠨ ᠪᠠᠷᠠᠭᠤᠨ ᠠᠩᠭᠢ ᠪᠣᠯᠬᠤ ᠣᠶᠢᠷᠠᠳ ᠠᠷᠠᠳ ᠤᠳ (ᠮᠣᠩᠭᠣᠯ ᠤᠯᠤᠰ ᠤᠨ ᠪᠠᠷᠠᠭᠤᠨ ᠠᠶᠢᠮᠠᠭ ᠤᠳ᠂ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠬᠥᠬᠡᠨᠠᠭᠤᠷ᠂ ᠰᠢᠨᠵᠢᠶᠠᠩ᠂ ᠣᠷᠣᠰ ᠬᠣᠯᠪᠣᠭᠠᠨ ᠤ ᠤᠯᠤᠰ ᠤᠨ ᠬᠠᠯᠢᠮᠠᠭ ᠲᠤ ᠪᠠᠶᠢᠬᠤ) ᠨᠢ ᠲᠡᠦᠬᠡᠨ ᠦᠢᠯᠡ ᠶᠠᠪᠤᠳᠠᠯ ᠤᠳ ᠢᠶᠠᠷ ᠪᠤᠰᠤᠳ ᠮᠣᠩᠭᠣᠯᠴᠤᠳ ᠠᠴᠠ ᠠᠯᠤᠰᠯᠠᠨ ᠬᠣᠯᠠᠳᠠᠭᠰᠠᠨ ᠠᠴᠠ ᠬᠡᠯᠡᠨ ᠦ ᠵᠠᠷᠢᠮ ᠢᠯᠭᠠᠭ᠎ᠠ ᠨᠤᠭᠤᠳ ᠲᠠᠢ ᠤᠴᠢᠷ ᠣᠶᠢᠷᠠᠳ ᠬᠡᠯᠡ ᠬᠡᠮᠡᠨ ᠦᠵᠡᠬᠦ ᠰᠤᠳᠤᠯᠤᠭᠠᠴᠢᠳ ᠪᠠᠰᠠ ᠪᠤᠢ᠃ ᠣᠶᠢᠷᠠᠳ ᠨᠢ ᠮᠣᠩᠭᠣᠯ ᠪᠢᠴᠢᠭ ᠢ ᠳᠡᠯᠭᠡᠷᠡᠭᠦᠯᠦᠭᠰᠡᠨ ᠲᠣᠳᠣ ᠪᠢᠴᠢᠭ ᠬᠡᠷᠡᠭᠯᠡᠭᠰᠡᠨ ᠤᠯᠠᠮᠵᠢᠯᠠᠯ ᠲᠠᠢ᠃ ᠭᠡᠬᠦ ᠳᠦ ᠪᠡᠨ ᠲᠡᠳᠡ ᠪᠣᠯ ᠮᠣᠩᠭᠣᠯ ᠦᠨᠳᠦᠰᠦᠲᠡᠨ ᠪᠠᠶᠢᠵᠤ᠂ ᠮᠣᠩᠭᠣᠯ ᠬᠡᠯᠡᠨ ᠦ ᠨᠢᠭᠡᠨ ᠠᠶᠠᠯᠭᠤ ᠶᠤᠮ᠃

ᠲᠠᠷᠬᠠᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠬᠡᠯᠡ ᠪᠡᠷ ᠶᠠᠷᠢᠯᠴᠠᠭᠴᠢᠳ ᠭᠣᠣᠯᠳᠠᠭᠤ ᠮᠣᠩᠭᠣᠯ ᠤᠯᠤᠰ; ᠲᠤᠮᠳᠠᠳᠤ ᠤᠯᠤᠰ ᠤᠨ ᠥᠪᠥᠷ ᠮᠣᠩᠭᠣᠯ ᠵᠢᠴᠢ ᠲᠡᠭᠦᠨ ᠢ ᠲᠣᠭᠣᠷᠢᠭᠰᠠᠨ ᠬᠡᠳᠦᠨ ᠮᠤᠵᠢ᠂ ᠰᠢᠨᠵᠢᠶᠠᠩ᠂ ᠬᠦᠬᠡᠨᠠᠭᠤᠷ ; ᠣᠷᠣᠰ ᠤᠨ ᠪᠤᠷᠢᠶᠠᠳ ᠂ ᠬᠠᠯᠢᠮᠠᠭ ᠵᠡᠷᠭᠡ ᠤᠯᠤᠰ ᠤᠳ ᠢᠶᠠᠷ ᠲᠠᠷᠬᠠᠨ᠎ᠠ᠃

ᠵᠡᠭᠦᠨ ᠰᠠᠯᠠᠭ᠎ᠠ ᠪᠣᠯᠬᠤ ᠳᠠᠭᠤᠷ ᠬᠡᠯᠡᠲᠡᠨ ᠭᠣᠣᠯᠳᠠᠭᠤ ᠲᠤᠮᠳᠠᠳᠤ ᠤᠯᠤᠰ ᠤᠨ ᠬᠠᠷᠠᠮᠥ᠋ᠷᠡᠨ ᠮᠤᠵᠢ ᠵᠢᠴᠢ ᠥᠪᠥᠷ ᠮᠣᠩᠭᠣᠯ ᠤᠨ ᠬᠦᠯᠦᠨ ᠪᠤᠶᠢᠷ ᠢᠶᠡᠷ ᠲᠠᠷᠬᠠᠨ᠎ᠠ᠃

ᠵᠡᠭᠦᠨ ᠶᠤᠭᠤᠷ᠂ ᠳ᠋ᠦᠩᠰᠢᠶᠠᠩ᠂ ᠪᠣᠨᠠᠨ᠂ ᠮᠣᠩᠭᠣᠷ(ᠴᠠᠭᠠᠨ ᠮᠣᠩᠭᠣᠯ) ᠬᠡᠯᠡᠲᠡᠨ ᠤᠳ ᠨᠢ ᠲᠤᠮᠳᠠᠳᠤ ᠤᠯᠤᠰ ᠤᠨ ᠭᠠᠨᠰᠤ ᠮᠤᠵᠢ ᠪᠣᠯᠣᠨ ᠬᠥᠬᠡᠨᠠᠭᠤᠷ ᠮᠤᠵᠢ ᠪᠡᠷ ᠲᠠᠷᠬᠠᠨ᠎ᠠ᠃

ᠮᠣᠭᠣᠯ ᠬᠡᠯᠡᠲᠡᠨ ᠤᠳ ᠠᠹᠭᠠᠨᠢᠰᠲ᠋ᠠᠨ ᠤ ᠾᠧᠷᠠᠲ ᠮᠤᠵᠢ ᠶᠢᠨ ᠭᠠᠵᠠᠷ ᠤᠳ ᠢᠶᠠᠷ ᠲᠠᠷᠬᠠᠵᠤ ᠪᠠᠶᠢᠨ᠎ᠠ᠃

ᠦᠰᠦᠭ ᠪᠢᠴᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠦᠨᠳᠦᠰᠦᠲᠡᠨ ᠪᠢᠴᠢᠭ ᠦᠰᠦᠭ ᠲᠡᠢ ᠪᠣᠯᠤᠭᠰᠠᠨ ᠲᠤᠬᠠᠢ ᠨᠢᠭᠤᠴᠠ ᠲᠣᠪᠴᠢᠶᠠᠨ ᠳᠤ ᠳᠤᠷᠠᠳᠤᠭᠰᠠᠨ ᠢᠶᠠᠷ 1204 ᠤᠨ ᠳᠤ ᠴᠢᠩᠭᠢᠰ ᠬᠠᠭᠠᠨ ᠨᠠᠶᠢᠮᠠᠨ ᠠᠶᠢᠮᠠᠭ ᠢ ᠪᠤᠲᠠ ᠴᠣᠬᠢᠬᠤ ᠳᠤ ᠲᠠᠲᠠᠲᠤᠩᠭ᠎ᠠ ᠬᠡᠮᠡᠬᠦ ᠤᠶᠢᠭᠤᠷ ᠬᠡᠯᠡ ᠲᠡᠢ ᠪᠢᠴᠢᠭ ᠦᠨ ᠬᠦᠮᠦᠨ ᠣᠯᠵᠠᠯᠠᠭᠳᠠᠵᠤ᠂ ᠮᠣᠩᠭᠣᠯᠴᠤᠳ ᠲᠤ ᠪᠢᠴᠢᠭ ᠦᠰᠦᠭ ᠦᠨ ᠴᠢᠬᠤᠯᠠ ᠶᠢ ᠣᠶᠢᠯᠠᠭᠠᠭᠤᠯᠤᠭᠰᠠᠨ ᠢᠶᠠᠷ ᠦᠷ᠎ᠡ ᠠᠴᠢ ᠨᠠᠷ ᠲᠤ ᠪᠠᠨ ᠲᠡᠷᠡ ᠬᠦ ᠤᠶᠢᠭᠤᠷ ᠪᠢᠴᠢᠭ ᠢ ᠰᠤᠷᠭᠠᠭᠰᠠᠨ ᠠᠴᠠ ᠡᠬᠢᠯᠡᠯ ᠲᠡᠢ ᠭᠡᠵᠦ ᠪᠠᠶᠢᠳᠠᠭ᠃ ᠭᠡᠬᠦ ᠳᠦ ᠪᠡᠨ ᠲᠡᠭᠦᠨ ᠡᠴᠡ ᠡᠮᠦᠨ᠎ᠡ ᠴᠤ ᠪᠢᠴᠢᠭ ᠦᠰᠦᠭ ᠲᠡᠢ ᠪᠣᠯᠤᠭᠰᠠᠨ ᠪᠠᠶᠢᠬᠤ ᠮᠠᠭᠠᠳᠯᠠᠯ ᠪᠤᠢ᠃ ᠶᠠᠮᠠᠷ ᠲᠠᠢ ᠴᠤ ᠣᠳᠣ ᠪᠠᠷ ᠣᠯᠳᠠᠭᠰᠠᠨ ᠮᠣᠩᠭᠣᠯ ᠬᠡᠯᠡ ᠳᠡᠭᠡᠷᠡᠬᠢ ᠬᠠᠮᠤᠭ ᠤᠨ ᠡᠷᠲᠡᠨ ᠦ ᠪᠢᠴᠢᠭ ᠦᠨ ᠳᠤᠷᠠᠰᠬᠠᠯ ᠪᠣᠯ 1224 ᠤᠨ ᠳᠤ ᠪᠣᠰᠬᠠᠭᠰᠠᠨ ᠴᠢᠩᠭᠢᠰ ᠦᠨ ᠴᠢᠯᠠᠭᠤᠨ ᠪᠢᠴᠢᠭ ᠶᠤᠮ᠃

ᠭᠡᠪᠡᠴᠦ ᠬᠢᠲᠠᠳ ᠤᠨ ᠡᠳ᠋ ᠥᠯᠥᠭ ᠦᠨ ᠵᠦᠢᠯ ᠳᠤᠮᠳᠠ ᠬᠢᠳᠠᠨ ᠪᠢᠴᠢᠭ ᠦᠨ ᠳᠤᠷᠠᠰᠬᠠᠯ ᠪᠠᠶᠢᠬᠤ ᠪᠥᠭᠡᠳ ᠬᠢᠳᠠᠨ ᠬᠡᠯᠡ ᠶᠢ ᠡᠪᠦᠭᠡ ᠮᠣᠩᠭᠣᠯ ᠬᠡᠯᠡᠨ ᠦ ᠨᠢᠭᠡ ᠬᠡᠮᠡᠨ ᠬᠠᠮᠢᠶᠠᠷᠤᠭᠤᠯᠳᠠᠭ ᠲᠤᠯᠠ ᠬᠢᠳᠠᠨ ᠤ ᠴᠢᠯᠠᠭᠤᠨ ᠪᠢᠴᠢᠭᠡᠰᠦ ᠨᠦᠭᠦᠳ ᠣᠳᠣ ᠪᠠᠷ ᠣᠯᠳᠠᠭᠰᠠᠨ ᠮᠣᠩᠭᠣᠯ ᠬᠡᠯᠡᠲᠡᠨ ᠦ ᠬᠠᠮᠤᠭ ᠤᠨ ᠡᠷᠲᠡᠨ ᠦ ᠪᠢᠴᠢᠭ ᠦᠰᠦᠭ ᠦᠨ ᠳᠤᠷᠠᠰᠬᠠᠯ ᠪᠣᠯᠬᠤ ᠶᠤᠮ᠃

13 ᠍ ᠳᠦᠭᠡᠷ ᠵᠠᠭᠤᠨ ᠤ ᠰᠡᠭᠦᠯ ᠦᠨ ᠬᠠᠭᠠᠰ ᠲᠤ ᠴᠢᠩᠭᠢᠰ ᠬᠠᠭᠠᠨ ᠤ ᠠᠴᠢ ᠬᠤᠪᠢᠯᠠᠢ ᠶᠢᠨ ᠵᠠᠷᠯᠢᠭ ᠢᠶᠠᠷ ᠤᠯᠠᠭᠠᠨ ᠤ ᠱᠠᠰᠢᠨ ᠤ ᠮᠢᠨᠳᠠᠭᠲᠠᠨ ᠫᠠᠭᠪᠠ ᠯᠠᠮᠠ ᠲᠥᠪᠡᠳ ᠦᠰᠦᠭ ᠲᠦ ᠦᠨᠳᠦᠰᠦᠯᠡᠨ ᠳᠥᠷᠪᠡᠯᠵᠢᠨ ᠪᠢᠴᠢᠭ ᠵᠣᠬᠢᠶᠠᠨ ᠶᠤᠸᠠᠨ ᠭᠦᠷᠦᠨ ᠳᠠᠶᠠᠭᠠᠷ ᠬᠡᠷᠡᠭᠯᠡᠵᠦ ᠪᠠᠶᠢᠭᠰᠠᠨ ᠴᠤ ᠲᠡᠭᠦᠨ ᠦ ᠤᠨᠠᠯᠲᠠ ᠲᠠᠢ ᠴᠤᠭ ᠮᠠᠷᠲᠠᠭᠳᠠᠵᠠᠢ᠃ ᠡᠳᠦᠭᠡ ᠥᠪᠥᠷ ᠮᠣᠩᠭᠣᠯ ᠳᠤ ᠬᠡᠷᠡᠭᠯᠡᠭᠳᠡᠳᠡᠭ ᠮᠣᠩᠭᠣᠯ ᠪᠢᠴᠢᠭ ᠨᠢ ᠴᠢᠩᠭᠢᠰ ᠬᠠᠭᠠᠨ ᠤ ᠦᠶ᠎ᠡ ᠡᠴᠡ ᠬᠣᠶᠢᠰᠢ ᠬᠡᠷᠡᠭᠯᠡᠵᠦ ᠢᠷᠡᠭᠰᠡᠨ ᠤᠶᠢᠭᠤᠷᠵᠢᠨ ᠪᠢᠴᠢᠭ ᠪᠣᠯᠤᠨ᠎ᠠ᠃

17 ᠍ ᠳᠦᠭᠡᠷ ᠵᠠᠭᠤᠨ ᠳᠤ ᠣᠶᠢᠷᠠᠳ ᠤᠨ ᠵᠠᠶ᠎ᠠ ᠪᠠᠨᠳᠢᠳᠠ ᠣᠶᠢᠷᠠᠳ ᠠᠶᠠᠯᠭᠤ ᠳᠤ ᠲᠣᠬᠢᠷᠠᠭᠤᠯᠤᠨ ᠮᠣᠩᠭᠣᠯ ᠪᠢᠴᠢᠭ ᠢ ᠥᠭᠡᠷᠡᠴᠢᠯᠡᠨ᠂ ᠲᠣᠳᠣ ᠦᠰᠦᠭ ᠢ ᠪᠦᠲᠦᠭᠡᠨ ᠣᠶᠢᠷᠠᠳ ᠤᠨ ᠪᠢᠴᠢᠭ ᠦᠰᠦᠭ ᠦᠨ ᠰᠤᠶᠤᠯ ᠢ ᠦᠨᠳᠦᠰᠦᠯᠡᠵᠡᠢ᠃ ᠡᠨᠡ ᠨᠢ ᠣᠳᠣ ᠴᠤ ᠬᠢᠲᠠᠳ ᠤᠨ ᠪᠠᠷᠠᠭᠤᠨ ᠬᠡᠰᠡᠭ ᠢᠶᠡᠷ ᠪᠠᠶᠢᠬᠤ ᠣᠶᠢᠷᠠᠳ ᠮᠣᠩᠭᠣᠯᠴᠤᠳ ᠤᠨ ᠳᠤᠮᠳᠠ ᠬᠡᠷᠡᠭᠯᠡᠭᠳᠡᠭᠰᠡᠭᠡᠷ ᠪᠤᠢ᠃ ᠬᠠᠯᠢᠮᠠᠭ ᠤᠳ ᠴᠤ ᠮᠥᠨ ᠡᠨᠡ ᠦᠰᠦᠭ ᠢ ᠬᠡᠷᠡᠭᠯᠡᠵᠦ ᠪᠠᠶᠢᠭᠰᠠᠨ ᠪᠣᠯᠪᠠᠴᠤ ᠣᠷᠣᠰ ᠬᠡᠯᠡ ᠳᠦ ᠬᠡᠷᠡᠭᠯᠡᠭᠳᠡᠬᠦ ᠺᠢᠷᠢᠯ ᠪᠢᠴᠢᠭ ᠳᠡᠭᠡᠷ᠎ᠡ 6 ᠦᠰᠦᠭ ᠨᠡᠮᠡᠭᠰᠡᠨ ᠴᠠᠭᠠᠨ ᠲᠣᠯᠣᠭᠠᠢ ᠪᠣᠯᠤᠨ ᠵᠥᠪ ᠪᠢᠴᠢᠭ ᠦᠨ ᠳᠦᠷᠢᠮ ᠵᠥᠪᠯᠡᠯᠲᠦ ᠬᠣᠯᠪᠣᠭᠠᠲᠤ ᠤᠯᠤᠰ ᠤᠨ ᠦᠶᠡᠰ ᠬᠡᠷᠡᠭᠯᠡᠬᠦ ᠪᠣᠯᠵᠠᠢ᠃ ᠮᠥᠨ ᠣᠳᠣ ᠶᠢᠨ ᠬᠠᠯᠢᠮᠠᠭ ᠬᠡᠯᠡᠨ ᠳᠦ ᠣᠷᠣᠰ ᠬᠡᠯᠡᠨ ᠦ ᠦᠭᠡ ᠶᠡᠬᠡ ᠪᠡᠷ ᠣᠷᠣᠵᠤ ᠢᠷᠡᠭᠰᠡᠨ ᠲᠤᠯᠠ ᠶᠠᠷᠢᠶᠠᠨ ᠤ ᠬᠡᠯᠡ ᠨᠢ ᠲᠥᠰᠲᠡᠢ ᠣᠶᠢᠷᠠᠳ ᠠᠶᠠᠯᠭᠤ ᠠᠴᠠ ᠪᠢᠴᠢᠭ ᠦᠨ ᠬᠡᠯᠡ ᠨᠢ ᠮᠠᠰᠢ ᠶᠡᠬᠡ ᠪᠡᠷ ᠢᠯᠭᠠᠭ᠎ᠠ ᠲᠠᠢ ᠪᠣᠯᠵᠠᠢ᠃

ᠪᠤᠷᠢᠶᠠᠳ ᠬᠡᠯᠡ ᠪᠣᠯᠤᠨ ᠮᠣᠩᠭᠣᠯ ᠤᠯᠤᠰ ᠤᠨ ᠬᠠᠯᠬ᠎ᠠ ᠮᠣᠩᠭᠣᠯ ᠬᠡᠯᠡ ᠨᠢ ᠮᠥᠨ ᠵᠥᠪᠯᠡᠯᠲᠦ ᠬᠣᠯᠪᠣᠭᠠᠲᠤ ᠤᠯᠤᠰ ᠤᠨ ᠨᠥᠯᠥᠭᠡ ᠪᠡᠷ ᠺᠢᠷᠢᠯ ᠪᠢᠴᠢᠭ ᠲᠦ ᠦᠨᠳᠦᠰᠦᠯᠡᠭᠰᠡᠨ ᠵᠥᠪ ᠪᠢᠴᠢᠭ ᠦᠨ ᠳᠦᠷᠢᠮ ᠲᠡᠢ ᠪᠣᠯᠤᠭᠰᠠᠨ ᠪᠥᠭᠡᠳ ᠪᠤᠷᠢᠶᠠᠳ ᠬᠡᠯᠡ ᠨᠢ 36, ᠮᠣᠩᠭᠣᠯ ᠬᠡᠯᠡ ᠨᠢ 35 ᠦᠰᠦᠭ ᠲᠡᠢ᠃

ᠮᠣᠩᠭᠣᠯ ᠠᠴᠠ ᠪᠤᠰᠤᠳ ᠳᠠᠭᠤᠷ ᠂ ᠮᠣᠭᠣᠯ᠂ ᠪᠣᠨᠠᠨ ᠵᠡᠷᠭᠡ ᠬᠡᠯᠡ ᠨᠤᠭᠤᠳ ᠦᠩᠭᠡᠷᠡᠭᠰᠡᠨ ᠳᠦ ᠮᠠᠨᠵᠤ ᠂ ᠠᠷᠠᠪ ᠪᠢᠴᠢᠭ ᠢ ᠬᠡᠷᠡᠭᠯᠡᠵᠦ ᠪᠠᠶᠢᠭᠰᠠᠨ ᠲᠡᠦᠬᠡ ᠲᠡᠢ᠃

ᠴᠠᠭᠠᠨ ᠮᠣᠩᠭᠣᠯ᠂ ᠳ᠋ᠦ᠋ᠩᠰᠢᠶᠠᠩ ᠬᠡᠯᠡᠨ ᠳᠦ ᠳᠤᠮᠳᠠᠳᠤ ᠤᠯᠤᠰ ᠤᠨ ᠡᠷᠳᠡᠮᠲᠡᠳ ᠯᠠᠲ᠋ᠢᠨ ᠴᠠᠭᠠᠨ ᠲᠣᠯᠣᠭᠠᠢ ᠪᠠᠷ ᠦᠰᠦᠭ ᠪᠢᠴᠢᠭ ᠵᠣᠬᠢᠶᠠᠵᠤ ᠥᠭᠭᠦᠭᠰᠡᠨ ᠪᠣᠯᠪᠠᠴᠤ ᠦᠷᠭᠡᠨ ᠢᠶᠡᠷ ᠬᠡᠷᠡᠭᠯᠡᠭᠳᠡᠭᠰᠡᠨ ᠦᠭᠡᠢ᠃

ᠪᠢᠴᠢᠭᠡᠰᠦ