ᠦᠨᠳᠦᠰᠦᠨ ᠦ ᠪᠥᠬᠡ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠮᠣᠩᠭᠣᠯ ᠪᠥᠬᠡ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ
ᠪᠥᠬᠡ ᠪᠠᠷᠢᠯᠳᠤᠭᠠᠨ
ᠤᠯᠤᠰ ᠤᠨ ᠨᠠᠭᠠᠳᠤᠮ ᠢᠶᠠᠷ ᠪᠥᠬᠡ ᠪᠠᠷᠢᠯᠳᠤᠭᠠᠨ ᠤ ᠲᠡᠮᠡᠴᠡᠭᠡᠨ ᠪᠥᠬᠡᠴᠦᠳ ᠦᠨ ᠰᠢᠪᠠᠭ᠎ᠠ᠃

ᠪᠥᠬᠡ ᠨᠢ ᠮᠣᠩᠭᠣᠯ ᠳᠤ ᠣᠯᠠᠨ ᠵᠠᠭᠤᠨ ᠤ ᠲᠤᠷᠰᠢ ᠪᠠᠶᠢᠭᠰᠠᠨ᠂ ᠦᠨᠳᠦᠰᠦᠨ ᠦ ᠰᠫᠣᠷᠲ ᠶᠤᠮ᠃ ᠮᠤᠩᠭᠤᠯ ᠪᠦᠬᠡ ᠨᠢ ᠤᠯᠠᠷᠢᠯ ᠬᠦᠭᠵᠢᠯ  ᠤᠨ ᠶᠠᠪᠤᠴᠠ ᠳ᠋ᠦ ᠪᠠᠨ ᠬᠡᠳᠦᠨ ᠵᠦᠢᠯ  ᠤᠨ ᠰᠠᠯᠪᠤᠷᠢ ᠪᠤᠯᠤᠭᠰᠠᠨ ᠶᠤᠮ᠃ ᠮᠤᠩᠭᠤᠯ ᠤᠯᠤᠰ ᠲᠦ ᠮᠤᠩᠭᠤᠯ ᠪᠦᠬᠡ  ᠶᠢ ᠳᠡᠯᠡᠬᠡᠢ  ᠶᠢᠨ ᠪᠦᠬᠡ  ᠶᠢᠨ ᠴᠢᠭᠯᠡᠯ ᠲᠡᠰᠢ ᠬᠦᠭᠵᠢᠭᠦᠯᠦᠨ ᠦᠨᠳᠦᠰᠦᠲᠠᠨ ᠤ ᠪᠦᠬᠡ ᠭᠡᠵᠦ ᠨᠡᠷᠡᠯᠡᠵᠦ ᠂ ᠦᠪᠦᠷ ᠮᠤᠩᠭᠤᠯ  ᠤᠨ ᠤᠯᠠᠩᠬᠢ ᠭᠠᠵᠠᠷ ᠲᠦ ᠵᠠᠩᠭᠢᠶᠠᠳᠦ ᠪᠦᠭᠡ ᠶᠢ ᠪᠠᠷᠢᠯᠳᠤᠭᠤᠯᠵᠦ᠂ ᠡᠭᠦᠨ ᠡᠴᠡ ᠭᠠᠳᠠᠨ᠎ᠠ ᠪᠠᠰᠠ ᠬᠦᠯᠦᠨ ᠪᠦᠢᠷ ᠲᠦ ᠬᠡᠷᠡᠭᠵᠢᠭᠦᠯᠵᠦ ᠪᠠᠶᠢᠭ᠎ᠠ ᠲᠤᠯᠢᠶᠠᠳᠦ ᠪᠦᠬᠡ ᠪᠠ ᠠᠯᠠᠱᠠ ᠳ᠋ᠦ ᠪᠠᠷᠢᠯᠳᠤᠭᠤᠯᠵᠦ ᠪᠠᠶᠢᠭ᠎ᠠ ᠱᠠᠯᠪᠤᠷ ᠪᠦᠬᠡ ᠭᠡᠵᠦ ᠪᠠᠶᠢᠳᠠᠭ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠤᠮᠳᠠᠭᠤᠪᠢ ᠠᠶᠢᠮᠠᠭ ᠤᠨ ᠥᠯᠵᠡᠶᠢᠲᠦ ᠰᠤᠮᠤ ᠶᠢᠨ ᠳᠡᠯ ᠬᠥᠨᠵᠢᠯᠡ ᠶᠢᠨ ᠠᠭᠤᠯᠠᠨ ᠳᠤ ᠮᠣᠩᠭᠣᠯ ᠪᠥᠬᠡ ᠶᠢᠨ ᠪᠠᠷᠢᠯᠳᠤᠭᠠᠨ ᠢᠶᠠᠷ ᠨᠠᠭᠠᠳᠤᠮ ᠬᠢᠵᠦ ᠪᠠᠶᠢᠭᠰᠠᠨ ᠬᠠᠳᠠᠨ ᠤ ᠵᠢᠷᠤᠭ ᠣᠯᠳᠠᠭᠰᠠᠨ ᠪᠠᠶᠢᠨ᠎ᠠ᠃ ᠡᠨᠡ ᠵᠢᠷᠤᠭ ᠬᠦᠷᠡᠯ ᠵᠡᠪᠰᠡᠭ ᠦᠨ ᠦᠶ᠎ᠡ ᠶᠢᠨ ᠳᠤᠷᠠᠰᠬᠠᠯ ᠳᠤ ᠬᠣᠯᠪᠣᠭᠳᠠᠵᠤ ᠪᠠᠶᠢᠭ᠎ᠠ ᠠᠴᠠ ᠦᠵᠡᠬᠦ ᠳᠦ 7,000- 11,000 ᠵᠢᠯ ᠦᠨ ᠡᠮᠦᠨᠡᠬᠢ ᠦᠶ᠎ᠡ ᠳᠦ ᠬᠠᠮᠢᠶᠠᠷᠬᠤ ᠪᠠ ᠬᠠᠮᠤᠭ ᠤᠨ ᠪᠠᠭ᠎ᠠ ᠪᠠᠷ ᠪᠣᠳᠣᠬᠤ ᠳᠤ 7,000 ᠵᠢᠯ ᠦᠨ ᠡᠮᠦᠨ᠎ᠡ ᠮᠣᠩᠭᠣᠯ ᠪᠥᠬᠡ ᠪᠠᠶᠢᠭᠰᠠᠨ ᠭᠡᠰᠡᠨ ᠦᠭᠡ ᠶᠤᠮ᠃

ᠮᠡᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠪᠥᠬᠡ ᠶᠢᠨ ᠮᠡᠬᠡᠨ ᠦ ᠲᠠᠯ᠎ᠠ ᠪᠠᠷ ᠡᠷᠳᠡᠮᠲᠡᠨ ᠰᠤᠳᠤᠯᠤᠭᠠᠴᠢ ᠨᠠᠷ ᠶᠠᠩᠵᠤ ᠶᠠᠩᠵᠤ ᠪᠠᠷ ᠪᠢᠴᠢᠳᠡᠭ ᠪᠥᠭᠡᠳ ᠬᠠᠮᠤᠭ ᠤᠨ ᠪᠠᠭ᠎ᠠ ᠪᠠᠷ ᠪᠣᠳᠣᠬᠤ ᠳᠤ ᠦᠨᠳᠦᠰᠦᠨ 45 ᠮᠡᠬᠡ ᠲᠡᠢ ᠪᠠᠶᠢᠳᠠᠭ:

  • ᠠᠴᠢᠬᠤ
  • ᠪᠤᠰᠬᠠᠬᠤ
  • ᠭᠤᠳ ᠲᠠᠲᠠᠬᠤ
  • ᠭᠤᠶᠠᠳᠠᠬᠤ
  • ᠳᠤᠭᠲᠤᠷᠬᠤ
  • ᠳᠤᠩᠭᠤᠶᠢᠯᠳᠠᠬᠤ
  • ᠳᠦᠦᠭᠡᠦᠷᠳᠡᠬᠦ
  • ᠳᠡᠭᠡᠭᠡᠳᠡᠬᠦ
  • ᠶᠣᠪᠣᠷᠬᠤ
  • ᠵᠠᠶᠢᠯᠠᠬᠤ
  • ᠮᠣᠷᠳᠠᠬᠤ
  • ᠮᠤᠷᠢᠬᠤ
  • ᠮᠤᠰᠭᠢᠬᠤ
  • ᠤᠷᠤᠬᠤ
  • ᠥᠯᠮᠡᠶᠢᠳᠡᠬᠦ
  • ᠡᠮᠥᠰᠬᠦ
  • ᠥᠰᠥᠭᠡᠶᠢᠳᠡᠬᠦ
  • ᠥᠬᠦᠶᠢᠯᠳᠡᠬᠦ
  • ᠰᠠᠯᠲᠠᠭᠠᠳᠠᠬᠤ
  • ᠰᠤᠪᠢᠬᠤ
  • ᠰᠤᠶᠢᠯᠠᠬᠤ
  • ᠰᠦᠯᠵᠢᠬᠦ
  • ᠲᠠᠪᠠᠬᠠᠶᠢᠳᠠᠬᠤ
  • ᠲᠠᠬᠢᠮᠳᠠᠬᠤ
  • ᠲᠣᠶᠢᠭᠳᠠᠬᠤ
  • ᠲᠣᠮᠣᠬᠤ
  • ᠲᠣᠩᠭᠣᠷᠬᠤ
  • ᠲᠣᠬᠣᠬᠤ
  • ᠲᠤᠮᠪᠠᠷᠠᠶᠢᠳᠠᠬᠤ
  • ᠦᠭᠦᠵᠡᠯ ᠰᠠᠤᠬᠠᠢ
  • ᠡᠭᠦᠷᠬᠦ
  • ᠬᠠᠪᠢᠷᠬᠤ
  • ᠬᠠᠪᠰᠠᠷᠬᠤ
  • ᠬᠠᠶᠢᠴᠢᠯᠠᠬᠤ
  • ᠬᠠᠷᠴᠠᠭᠠᠳᠠᠬᠤ
  • ᠬᠠᠳᠤᠳᠠᠬᠤ
  • ᠬᠠᠰᠤᠶᠢᠳᠠᠬᠤ
  • ᠬᠣᠩᠭᠣᠳᠠᠬᠤ
  • ᠬᠥᠮᠥᠷᠢᠬᠦ
  • ᠬᠥᠨᠲᠥᠷᠬᠦ
  • ᠬᠤᠳᠭᠤᠬᠤ
  • ᠴᠢᠮᠦᠭᠳᠡᠬᠦ
  • ᠡᠭᠡᠮᠳ᠋ᠡᠬᠦ
  • ᠡᠲᠡᠬᠦ
  • ᠬᠥᠯ ᠠᠪᠬᠤ

ᠵᠡᠷᠭᠡ ᠪᠠᠶᠢᠬᠤ ᠪᠠ ᠨᠠᠷᠢᠨ ᠢᠯᠭᠠᠮᠵᠢᠶ᠎ᠠ ᠳᠤ ᠬᠤᠪᠢᠯᠪᠤᠷᠢ ᠶᠢᠨ ᠲᠣᠭ᠎ᠠ ᠭᠡᠪᠡᠯ ᠪᠠᠷᠠᠭᠳᠠᠰᠢ ᠦᠭᠡᠢ ᠣᠯᠠᠨ ᠪᠠᠶᠢᠨ᠎ᠠ᠃ ᠵᠠᠷᠢᠮ ᠪᠠᠷᠢᠮᠲᠠᠨ ᠳᠤ 666 ᠮᠡᠬᠡ ᠲᠡᠢ ᠴᠤ ᠭᠡᠵᠦ ᠳᠤᠷᠠᠳᠳᠠᠭ᠃ ᠮᠡᠬᠡ ᠶᠢ ᠪᠠᠰᠠ ᠋ᠳᠠᠩ ᠮᠡᠬᠡ᠂ ᠳᠠᠪᠬᠤᠷ ᠮᠡᠬᠡ᠂ ᠤᠭᠰᠠᠷᠠᠭ᠎ᠠ ᠮᠡᠬᠡ᠂ ᠬᠠᠷᠢᠭᠤᠯᠲᠠ ᠮᠡᠬᠡ ᠭᠡᠵᠦ ᠠᠩᠭᠢᠯᠠᠳᠠᠭ᠃

ᠴᠣᠯᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠪᠥᠬᠡ ᠶᠢᠨ ᠴᠣᠯᠠ ᠨᠢ ᠣᠳᠣ ᠶᠢᠨ ᠮᠡᠳᠡᠭᠳᠡᠵᠦ ᠪᠠᠶᠢᠭ᠎ᠠ ᠪᠠᠷ ᠣᠶᠢᠷᠠᠯᠴᠠᠭ᠎ᠠ ᠪᠠᠷ 1,600 ᠍ ᠊ᠭᠠᠳ ᠵᠢᠯ ᠦᠨ ᠲᠡᠦᠬᠡ ᠲᠡᠢ ᠠᠵᠢ᠃

11 ᠍ ᠳᠦᠭᠡᠷ ᠵᠠᠭᠤᠨ ᠤ ᠰᠡᠭᠦᠯᠴᠢ ᠡᠴᠡ ᠡᠬᠢᠯᠡᠨ ᠪᠥᠬᠡᠴᠦᠳ ᠲᠦ ᠬᠠᠷᠴᠠᠭᠠᠢ᠂ ᠪᠦᠷᠭᠦᠳ᠂ ᠭᠠᠷᠤᠳᠢ᠂ ᠱᠣᠩᠬᠣᠷ ᠵᠡᠷᠭᠡ ᠵᠢᠭᠦᠷᠲᠡᠨ ᠠᠮᠢᠲᠠᠨ ᠤ ᠨᠡᠷ᠎ᠡ ᠪᠡᠷ᠂ 12 ᠍ ᠳᠦᠭᠠᠷ ᠵᠠᠭᠤᠨ ᠤ ᠳᠤᠮᠳᠠ ᠦᠶᠡᠰ ᠲᠤᠯᠭᠠᠲᠤ᠂ ᠰᠢᠨᠳᠠᠰᠤ ᠭᠡᠳᠡᠭ ᠴᠣᠯᠠ ᠨᠡᠮᠡᠭᠳᠡᠨ ᠣᠯᠭᠣᠭᠳᠠᠵᠤ ᠪᠠᠶᠢᠴᠠᠢ᠃ 13 ᠍ ᠳᠦᠭᠠᠷ ᠵᠠᠭᠤᠨ ᠤ ᠳᠤᠮᠳᠠ ᠠᠴᠠ ᠣᠳᠣ ᠶᠢᠨ ᠬᠡᠷᠡᠭᠯᠡᠵᠦ ᠪᠠᠶᠢᠭ᠎ᠠ ᠨᠠᠴᠢᠨ ᠵᠠᠭᠠᠨ᠂ ᠠᠷᠰᠯᠠᠨ ᠠᠪᠤᠷᠭᠤ ᠵᠡᠷᠭᠡ ᠨᠡᠷ᠎ᠡ ᠪᠡᠷ ᠨᠠᠭᠠᠳᠤᠮ ᠳᠤ ᠰᠢᠪᠦᠭᠡᠷᠡᠭᠰᠡᠨ ᠪᠥᠬᠡᠴᠦᠳ ᠲᠦ ᠴᠣᠯᠠ ᠣᠯᠭᠣᠬᠤ ᠪᠣᠯᠵᠠᠢ᠃

2005 ᠣᠨ ᠳᠤ ᠪᠠᠲᠤᠯᠠᠭᠳᠠᠭᠰᠠᠨ ᠦᠨᠳᠦᠰᠦᠨ ᠦ ᠪᠠᠶᠠᠷ ᠨᠠᠭᠠᠳᠤᠮ ᠤᠨ ᠲᠤᠬᠠᠢ ᠬᠠᠤᠯᠢ ᠪᠠᠷ ᠤᠯᠤᠰ ᠤᠨ ᠨᠠᠭᠠᠳᠤᠮ ᠳᠤ 5 ᠳᠠᠪᠠᠪᠠᠯ ᠤᠯᠤᠰ ᠤᠨ ᠨᠠᠴᠢᠨ᠂ 6 ᠳᠠᠪᠠᠪᠠᠯ ᠤᠯᠤᠰ ᠤᠨ ᠬᠠᠷᠴᠠᠭᠠᠢ ᠂ 7 ᠳᠠᠪᠠᠪᠠᠯ ᠤᠯᠤᠰ ᠤᠨ ᠵᠠᠭᠠᠨ᠂ 8 ᠳᠠᠪᠠᠪᠠᠯ ᠤᠯᠤᠰ ᠤᠨ ᠭᠠᠷᠤᠳᠢ᠂ 9 ᠪᠠ ᠲᠡᠭᠦᠨ ᠡᠴᠡ ᠳᠡᠭᠡᠭᠰᠢ ᠳᠠᠪᠠᠪᠠᠯ ᠤᠯᠤᠰ ᠤᠨ ᠠᠷᠰᠯᠠᠨ᠂ ᠤᠯᠤᠰ ᠤᠨ ᠠᠷᠰᠯᠠᠨ ᠴᠣᠯᠠᠲᠠᠨ ᠲᠦᠷᠦᠭᠦᠯᠡᠪᠡᠯ ᠤᠯᠤᠰ ᠤᠨ ᠠᠪᠤᠷᠭᠤ᠂ ᠤᠯᠤᠰ ᠤᠨ ᠠᠪᠤᠷᠭᠤ ᠴᠣᠯᠠᠲᠠᠨ ᠲᠦᠷᠦᠭᠦᠯᠡᠪᠡᠯ ᠳᠠᠯᠠᠢ ᠠᠪᠤᠷᠭᠤ᠂ ᠤᠯᠤᠰ ᠤᠨ ᠳᠠᠯᠠᠢ ᠠᠪᠤᠷᠭᠤ ᠴᠣᠯᠠᠲᠠᠨ ᠲᠦᠷᠦᠭᠦᠯᠡᠪᠡᠯ ᠳᠠᠶᠠᠩ ᠠᠪᠤᠷᠭᠤ᠂ ᠤᠯᠤᠰ ᠤᠨ ᠳᠠᠶᠠᠩ ᠠᠪᠤᠷᠭᠤ ᠴᠣᠯᠠᠲᠠᠨ ᠲᠦᠷᠦᠭᠦᠯᠡᠪᠡᠯ ᠳᠠᠷᠬᠠᠨ ᠠᠪᠤᠷᠭᠤ ᠴᠣᠯᠠ ᠣᠯᠭᠤᠳᠠᠭ ᠪᠣᠯᠤᠭᠰᠠᠨ᠃ ᠮᠥᠨ ᠠᠶᠢᠮᠠᠭ ᠤᠨ ᠨᠠᠭᠠᠳᠤᠮ ᠳᠤ 5 ᠳᠠᠪᠠᠪᠠᠯ ᠠᠶᠢᠮᠠᠭ ᠤᠨ ᠨᠠᠴᠢᠨ᠂ 6 ᠳᠠᠪᠠᠪᠠᠯ ᠠᠶᠢᠮᠠᠭ  ᠤᠨ ᠬᠠᠷᠴᠠᠭᠠᠢ ᠂ 7 ᠳᠠᠪᠠᠪᠠᠯ ᠠᠶᠢᠮᠠᠭ ᠤᠨ ᠵᠠᠭᠠᠨ᠂ 8 ᠪᠠ ᠲᠡᠭᠦᠨ ᠡᠴᠡ ᠳᠡᠭᠡᠭᠰᠢ ᠳᠠᠪᠠᠪᠠᠯ ᠠᠶᠢᠮᠠᠭ ᠤᠨ ᠠᠷᠰᠯᠠᠨ᠂ ᠠᠶᠢᠮᠠᠭ ᠤᠨ ᠠᠷᠰᠯᠠᠨ ᠴᠣᠯᠠᠲᠠᠨ ᠲᠦᠷᠦᠭᠦᠯᠡᠪᠡᠯ ᠠᠶᠢᠮᠠᠭ ᠤᠨ ᠬᠤᠷᠴᠠ ᠠᠷᠰᠯᠠᠨ ᠴᠣᠯᠠ ᠣᠯᠭᠤᠨ᠎ᠠ᠃

ᠴᠣᠯᠠ ᠶᠢᠨ ᠴᠢᠮᠡᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠪᠥᠬᠡ ᠶᠢᠨ ᠴᠣᠯᠠ ᠶᠢᠨ ᠴᠢᠮᠡᠭ ᠨᠢ 18 ᠍ ᠳᠦᠭᠠᠷ ᠵᠠᠭᠤᠨ ᠤ ᠦᠶ᠎ᠡ ᠳᠦ ᠡᠭᠦᠰᠦᠭᠰᠡᠨ ᠪᠥᠭᠡᠳ ᠮᠣᠩᠭᠣᠯ ᠪᠥᠬᠡ ᠶᠢᠨ ᠬᠥᠭᠵᠢᠯ ᠦᠨ ᠶᠠᠪᠤᠴᠠ ᠳᠤ ᠢᠵᠢᠯ ᠴᠣᠯᠠᠲᠠᠨ ᠨᠤᠭᠤᠳ ᠶᠡᠬᠡᠳᠡ ᠣᠯᠠᠰᠢᠷᠠᠭᠰᠠᠨ ᠢᠶᠠᠷ ᠲᠡᠳᠡᠭᠡᠷ ᠢ ᠬᠣᠭᠣᠷᠣᠨᠳᠣ ᠨᠢ ᠢᠯᠭᠠᠵᠤ ᠬᠥᠭᠵᠢᠯ ᠦᠨ ᠢᠶᠡᠨ ᠡᠬᠢᠨ ᠦ ᠱᠠᠲᠤᠨ ᠳᠤ ᠲᠤᠬᠠᠢ ᠶᠢᠨ ᠪᠥᠬᠡ ᠶᠢᠨ ᠴᠢᠨᠠᠷ ᠤᠳ ᠢ ᠨᠢ ᠬᠠᠷᠠᠭᠠᠯᠵᠠᠨ ᠣᠯᠭᠤᠵᠤ ᠪᠠᠶᠢᠴᠠᠢ᠃

ᠵᠣᠳᠣᠭ ᠱᠤᠳᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠪᠥᠬᠡ ᠶᠢᠨ ᠵᠣᠳᠣᠭ ᠨᠢ ᠴᠡᠩᠬᠡᠷ ᠪᠠᠶᠢᠳᠠᠭ ᠨᠢ ᠥᠩᠭᠡᠨ ᠦ ᠬᠤᠪᠢ ᠳᠤ ᠮᠥᠩᠬᠡ ᠬᠥᠬᠡ ᠲᠩᠷᠢ ᠶᠢ ᠪᠡᠯᠭᠡᠳᠡᠵᠦ ᠤᠯᠠᠭᠠᠨ ᠱᠤᠳᠠᠭ ᠨᠢ ᠮᠣᠩᠭᠣᠯ ᠪᠥᠬᠡ ᠶᠢᠨ ᠭᠠᠯ ᠭᠣᠯᠣᠮᠲᠠ ᠲᠠᠰᠤᠷᠠᠬᠤ ᠦᠭᠡᠢ ᠦᠷᠭᠦᠯᠵᠢᠳᠡ ᠪᠠᠳᠮᠠᠯᠠᠵᠤ ᠪᠠᠶᠢᠬᠤ ᠶᠢ ᠪᠡᠯᠭᠡᠳᠡᠵᠡᠢ᠃ ᠲᠡᠦᠬᠡ ᠶᠢᠨ ᠵᠠᠷᠢᠮ ᠦᠶ᠎ᠡ ᠳᠦ ᠮᠣᠩᠭᠣᠯ ᠪᠥᠬᠡ ᠶᠢᠨ ᠵᠣᠳᠣᠭ ᠱᠤᠳᠠᠭ ᠨᠢ ᠱᠠᠰᠢᠨ ᠤ ᠶᠠᠩᠵᠤ ᠪᠦᠷᠢ ᠶᠢᠨ ᠨᠣᠮᠯᠠᠯ ᠪᠡᠯᠭᠡᠳᠡᠯ ᠦᠨ ᠲᠣᠭᠲᠠᠯᠴᠠᠭᠠᠨ ᠤ ᠥᠭᠡᠷ᠎ᠡ ᠥᠭᠡᠷ᠎ᠡ ᠬᠡᠪ ᠰᠢᠨᠵᠢ ᠡᠴᠡ ᠬᠠᠮᠢᠶᠠᠷᠴᠤ ᠬᠠᠷᠢᠴᠠᠩᠭᠤᠢ ᠣᠨᠳᠣᠣ ᠥᠩᠭᠡ ᠪᠡᠷ ᠬᠢᠭᠳᠡᠵᠦ ᠠᠰᠢᠭᠯᠠᠭᠳᠠᠵᠤ ᠪᠠᠶᠢᠭᠰᠠᠨ ᠪᠠᠶᠢᠨ᠎ᠠ᠃

1921 ᠣᠨ ᠠᠴᠠ ᠤᠯᠠᠭᠠᠨ ᠵᠣᠳᠣᠭ᠂ ᠬᠥᠬᠡ ᠱᠤᠳᠠᠭ ᠢ ᠬᠡᠷᠡᠭᠯᠡᠬᠦ ᠪᠣᠯᠤᠭᠰᠠᠨ ᠨᠢ ᠬᠤᠪᠢᠰᠬᠠᠯᠲᠤ ᠦᠵᠡᠯ ᠰᠠᠨᠠᠭ᠎ᠠ ᠶᠢ ᠳᠡᠭᠡᠳᠦᠯᠡᠬᠦ ᠦᠢᠯᠡ ᠪᠣᠯᠤᠨ ᠲᠠᠶᠢᠯᠪᠤᠷᠢᠯᠠᠭᠳᠠᠵᠤ ᠡᠷᠬᠢᠮᠯᠡᠭᠳᠡᠬᠦ ᠪᠣᠯᠵᠠᠢ᠃

ᠠᠯᠳᠠᠷ ᠴᠣᠯᠠ ᠲᠠᠢ ᠪᠥᠬᠡᠴᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

1921 ᠣᠨ ᠠᠴᠠ ᠬᠣᠶᠢᠰᠢ ᠪᠤᠶᠤ ᠣᠷᠴᠢᠨ ᠴᠠᠭ ᠲᠤ ᠬᠠᠮᠤᠭ ᠤᠨ ᠥᠨᠳᠥᠷ ᠠᠮᠵᠢᠯᠲᠠ ᠦᠵᠡᠭᠦᠯᠦᠭᠰᠡᠨ ᠲᠠᠮᠢᠷᠴᠢᠨ ᠪᠣᠯ ᠳᠠᠷᠬᠠᠨ ᠠᠪᠤᠷᠭᠤ ᠪᠠᠳᠮᠠᠨᠢᠩᠪᠤᠤ ᠶᠢᠨ ᠪᠠᠲᠤ-ᠡᠷᠳᠡᠨᠢ ᠪᠥᠭᠡᠳ ᠤᠯᠤᠰ ᠤᠨ ᠪᠠᠶᠠᠷ ᠨᠠᠭᠠᠳᠤᠮ ᠳᠤ ᠨᠡᠶᠢᠲᠡ 11, ᠮᠥᠨ ᠮᠣᠩᠭᠣᠯ ᠤᠨ ᠨᠢᠭᠤᠴᠠ ᠲᠣᠪᠴᠢᠶᠠᠨ ᠤ 750 ᠵᠢᠯ ᠦᠨ ᠣᠢ ᠶᠢᠨ ᠳᠠᠩᠱᠢᠭ ᠲᠤ ᠲᠡᠷᠢᠭᠦᠯᠡᠭᠰᠡᠨ ᠠᠮᠵᠢᠯᠲᠠ ᠦᠵᠡᠭᠦᠯᠵᠡᠢ᠃ ᠳᠠᠷᠬᠠᠨ ᠠᠪᠣᠷᠭᠣᠴᠣᠳ ᠪᠣᠯᠬᠤ ᠬᠣᠷᠯᠤ᠎ᠠ ᠶᠢᠨ ᠪᠠᠶᠠᠨᠮᠦ᠋ᠩᠬᠡ 10 ᠲᠦᠷᠦᠭᠦᠦ᠂ ᠪᠠᠳᠮᠠᠳᠣᠷᠢᠭ ᠤᠨ ᠲᠦᠪᠳᠡᠨᠳᠣᠷᠵᠢ 7 ᠲᠦᠷᠦᠭᠦᠦ᠂ ᠵᠢᠭᠵᠢᠳ ᠦᠨ ᠮᠥᠩᠬᠡᠪᠠᠲᠤ 6 ᠲᠦᠷᠦᠭᠦᠦ᠂ ᠳ᠋ᠠᠷ᠎ᠠ ᠶᠢᠨ ᠳᠠᠮᠳᠢᠨ 5 ᠲᠦᠷᠦᠭᠦᠦ᠂ ᠳᠠᠰᠢᠳᠣᠷᠵᠢ ᠶᠢᠨ ᠰᠡᠷᠡᠩᠲᠣᠭᠲᠠᠬᠤ ᠨᠠᠷ 4 ᠲᠦᠷᠦᠭᠦᠦ᠂ ᠮᠥᠨ ᠳᠠᠶᠠᠩ ᠠᠪᠤᠷᠭᠤ ᠭᠡᠯᠡᠭᠵᠠᠮᠰᠤ ᠶᠢᠨ ᠥᠰᠥᠬᠡᠪᠠᠶᠠᠷ 4 ᠲᠦᠷᠦᠭᠦᠦ᠂ ᠳᠠᠶᠠᠩ ᠠᠪᠤᠷᠭᠤ ᠠᠭᠸᠠᠩᠰᠮᠠᠳᠤᠩ ᠤᠨ ᠰᠦᠬᠡᠪᠠᠲᠤ 3 ᠲᠡᠷᠢᠭᠦᠯᠡᠭᠰᠡᠨ ᠠᠮᠵᠢᠯᠲᠠ ᠨᠤᠭᠤᠳ ᠢ ᠦᠵᠡᠭᠦᠯᠵᠡᠢ᠃

1990 ᠣᠨ ᠠᠴᠠ ᠬᠣᠶᠢᠰᠢᠬᠢ ᠤᠯᠤᠰ ᠤᠨ ᠨᠠᠭᠠᠳᠤᠮ ᠤᠨ ᠲᠣᠶᠢᠮᠣ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠢᠯ ᠲᠡᠷᠢᠭᠦᠨ ᠦᠵᠦᠭᠦᠷ ᠰᠢᠪᠦᠭᠡ ᠶᠢᠨ ᠳᠥᠷᠪᠡ
2014 ᠨᠠᠮᠰᠠᠷᠠᠶᠢᠵᠠᠪ ᠤᠨ ᠪᠠᠲᠤᠰᠠᠭᠤᠷᠢ ᠰᠢᠷᠪᠠᠽᠠᠷ ᠤᠨ ᠵᠢᠷᠭᠠᠯᠰᠠᠶᠢᠬᠠᠨ ᠴᠢᠮᠡᠳᠡᠷᠡᠭᠵᠢᠩ ᠦᠨ ᠰᠠᠩᠵᠠᠳᠠᠮᠪᠠ
ᠨᠢᠮᠠᠳᠣᠷᠵᠢ ᠶᠢᠨ ᠭᠠᠩᠪᠠᠭᠠᠲᠤᠷ
2013 ᠭᠤᠨᠠᠵᠠᠪ ᠤᠨ ᠡᠷᠬᠢᠮᠪᠠᠶᠠᠷ ᠪᠠᠲᠠᠨᠠᠭᠰᠠᠨᠠᠭ ᠤᠨ ᠭᠣᠨᠴᠣᠭᠳᠠᠮᠪᠠ ᠪᠠᠲᠤᠽᠣᠷᠢᠭ ᠤᠨ ᠪᠠᠲᠤᠮᠦ᠋ᠩᠬᠡ
ᠰᠦᠬᠡᠪᠠᠭᠠᠲᠤᠷ ᠤᠨ ᠮᠥᠩᠬᠡᠪᠠᠲᠤ
2012 ᠫᠦᠷᠪᠦ ᠶᠢᠨ ᠪᠦᠷᠢᠨᠲᠡᠭᠦᠰ ᠳᠠᠮᠪᠠ ᠶᠢᠨ ᠷᠠᠭᠴᠠ ᠬᠠᠳᠪᠠᠭᠠᠲᠤᠷ ᠤᠨ ᠮᠥᠩᠬᠡᠪᠠᠭᠠᠲᠤᠷ
ᠭᠤᠨᠠᠵᠠᠪ ᠤᠨ ᠡᠷᠬᠢᠮᠪᠠᠶᠠᠷ
2011 ᠰᠦᠬᠡᠪᠠᠭᠠᠲᠤᠷ ᠤᠨ ᠮᠥᠩᠬᠡᠪᠠᠲᠤ ᠭᠤᠨᠠᠵᠠᠪ ᠤᠨ ᠡᠷᠬᠢᠮᠪᠠᠶᠠᠷ ᠵᠠᠩᠴᠠᠩ ᠤᠨ ᠪᠠᠲᠤ-ᠡᠷᠳᠡᠨᠢ
ᠮᠠᠬᠠᠭᠠᠯᠠ ᠶᠢᠨ ᠪᠠᠶᠠᠷᠵᠢᠪᠬᠤᠯᠠᠩ
2010 ᠪᠠᠲᠤᠵᠢᠷᠭᠠᠯ ᠤᠨ ᠭᠠᠩᠪᠠᠲᠤ ᠭᠡᠯᠡᠭᠵᠠᠮᠰᠤ ᠶᠢᠨ ᠥᠰᠥᠬᠡᠪᠠᠶᠠᠷ ᠳᠠᠮᠪᠠ ᠶᠢᠨ ᠷᠠᠭᠴᠠ
ᠬᠠᠳᠪᠠᠭᠠᠲᠤᠷ ᠤᠨ ᠮᠥᠩᠬᠡᠪᠠᠭᠠᠲᠤᠷ
2009 ᠭᠡᠯᠡᠭᠵᠠᠮᠰᠤ ᠶᠢᠨ ᠥᠰᠥᠬᠡᠪᠠᠶᠠᠷ ᠳᠣᠷᠵᠢᠫᠠᠯᠠᠮ ᠤᠨ ᠭᠠᠩᠬᠤᠶᠠᠭ ᠬᠠᠳᠪᠠᠭᠠᠲᠤᠷ ᠤᠨ ᠮᠥᠩᠬᠡᠪᠠᠭᠠᠲᠤᠷ
ᠮᠥᠩᠬᠡᠰᠠᠶᠢᠬᠠᠨ ᠤ ᠥᠰᠥᠬᠡᠪᠠᠶᠠᠷ
2008 ᠳᠣᠷᠵᠢᠫᠠᠯᠠᠮ ᠤᠨ ᠭᠠᠩᠬᠤᠶᠠᠭ ᠨᠢᠮᠠᠳᠣᠷᠵᠢ ᠶᠢᠨ ᠭᠠᠩᠪᠠᠭᠠᠲᠤᠷ ᠪᠠᠲᠤᠲᠤᠯᠭ᠎ᠠ ᠶᠢᠨ ᠰᠣᠷᠢᠨᠵᠢᠩᠪᠣᠯᠣᠳ
ᠪᠠᠲᠤᠵᠢᠷᠭᠠᠯ ᠤᠨ ᠭᠠᠩᠪᠠᠲᠤ
2007 ᠬᠠᠳᠪᠠᠭᠠᠲᠤᠷ ᠤᠨ ᠮᠥᠩᠬᠡᠪᠠᠭᠠᠲᠤᠷ ᠢᠰᠢᠳᠣᠷᠵᠢ ᠶᠢᠨ ᠳᠣᠷᠵᠢᠰᠠᠮᠪᠤᠤ ᠪᠣᠯᠣᠳ ᠤᠨ ᠰᠠᠶᠢᠨᠪᠠᠶᠠᠷ
ᠮᠠᠬᠠᠭᠠᠯᠠ ᠶᠢᠨ ᠪᠠᠶᠠᠷᠵᠢᠪᠬᠤᠯᠠᠩ
2006 ᠳᠣᠯᠣᠭᠠᠷᠰᠦ᠋ᠷᠦᠩ ᠦᠨ ᠰᠤᠮᠢᠶᠠᠪᠠᠽᠠᠷ ᠳᠠᠭᠪᠠᠳᠣᠷᠵᠢ ᠶᠢᠨ ᠠᠵᠠᠵᠢᠷᠭᠠᠯ ᠭᠡᠯᠡᠭᠵᠠᠮᠰᠤ ᠶᠢᠨ ᠥᠰᠥᠬᠡᠪᠠᠶᠠᠷ
ᠪᠠᠳᠮᠠᠨᠢᠩᠪᠤᠤ ᠶᠢᠨ ᠪᠠᠲᠤ-ᠡᠷᠳᠡᠨᠢ
2005 ᠭᠡᠯᠡᠭᠵᠠᠮᠰᠤ ᠶᠢᠨ ᠥᠰᠥᠬᠡᠪᠠᠶᠠᠷ ᠳᠣᠯᠣᠭᠠᠷᠰᠦ᠋ᠷᠦᠩ ᠦᠨ ᠰᠤᠮᠢᠶᠠᠪᠠᠽᠠᠷ ᠬᠠᠳᠪᠠᠭᠠᠲᠤᠷ ᠤᠨ ᠮᠥᠩᠬᠡᠪᠠᠭᠠᠲᠤᠷ
ᠼᠧᠳᠡᠪ ᠦᠨ ᠮᠢᠭᠮᠠᠷᠰᠦ᠋ᠷᠦᠩ
2004 ᠠᠭᠸᠠᠩᠰᠮᠠᠳᠤᠩ ᠤᠨ ᠰᠦᠬᠡᠪᠠᠲᠤ ᠪᠠᠶᠠᠩᠮᠦᠩᠬᠡᠢ ᠶᠢᠨ ᠭᠠᠩᠲᠣᠭᠲᠠᠬᠤ ᠳᠣᠯᠣᠭᠠᠷᠰᠦ᠋ᠷᠦᠩ ᠦᠨ ᠰᠤᠮᠢᠶᠠᠪᠠᠽᠠᠷ
ᠼᠡᠳᠡᠨᠳᠠᠮᠪᠠ ᠶᠢᠨ ᠰᠡᠷᠡᠩᠫᠦᠨᠴᠠᠭ
2003 ᠭᠡᠯᠡᠭᠵᠠᠮᠰᠤ ᠶᠢᠨ ᠥᠰᠥᠬᠡᠪᠠᠶᠠᠷ ᠳᠣᠯᠣᠭᠠᠷᠰᠦ᠋ᠷᠦᠩ ᠦᠨ ᠰᠤᠮᠢᠶᠠᠪᠠᠽᠠᠷ ᠪᠠᠳᠮᠠᠨᠢᠩᠪᠤᠤ ᠶᠢᠨ ᠪᠠᠲᠤ-ᠡᠷᠳᠡᠨᠢ
ᠠᠭᠸᠠᠩᠰᠮᠠᠳᠤᠩ ᠤᠨ ᠰᠦᠬᠡᠪᠠᠲᠤ
2002 ᠭᠡᠯᠡᠭᠵᠠᠮᠰᠤ ᠶᠢᠨ ᠥᠰᠥᠬᠡᠪᠠᠶᠠᠷ ᠪᠠᠶᠠᠩᠮᠦᠩᠬᠡᠢ ᠶᠢᠨ ᠭᠠᠩᠲᠣᠭᠲᠠᠬᠤ ᠪᠠᠳᠮᠠᠨᠢᠩᠪᠤᠤ ᠶᠢᠨ ᠪᠠᠲᠤ-ᠡᠷᠳᠡᠨᠢ
ᠠᠭᠸᠠᠩᠰᠮᠠᠳᠤᠩ ᠤᠨ ᠰᠦᠬᠡᠪᠠᠲᠤ
2001 ᠠᠭᠸᠠᠩᠰᠮᠠᠳᠤᠩ ᠤᠨ ᠰᠦᠬᠡᠪᠠᠲᠤ ᠪᠠᠳᠮᠠᠨᠢᠩᠪᠤᠤ ᠶᠢᠨ ᠪᠠᠲᠤ-ᠡᠷᠳᠡᠨᠢ ᠭᠡᠯᠡᠭᠵᠠᠮᠰᠤ ᠶᠢᠨ ᠥᠰᠥᠬᠡᠪᠠᠶᠠᠷ
ᠼᠡᠳᠡᠨᠳᠠᠮᠪᠠ ᠶᠢᠨ ᠰᠡᠷᠡᠩᠫᠦᠨᠴᠠᠭ
2000 ᠠᠭᠸᠠᠩᠰᠮᠠᠳᠤᠩ ᠤᠨ ᠰᠦᠬᠡᠪᠠᠲᠤ ᠪᠠᠶᠠᠩᠮᠦᠩᠬᠡᠢ ᠶᠢᠨ ᠭᠠᠩᠲᠣᠭᠲᠠᠬᠤ ᠪᠠᠳᠮᠠᠨᠢᠩᠪᠤᠤ ᠶᠢᠨ ᠪᠠᠲᠤ-ᠡᠷᠳᠡᠨᠢ
ᠭᠡᠯᠡᠭᠵᠠᠮᠰᠤ ᠶᠢᠨ ᠥᠰᠥᠬᠡᠪᠠᠶᠠᠷ
1999 ᠪᠠᠳᠮᠠᠨᠢᠩᠪᠤᠤ ᠶᠢᠨ ᠪᠠᠲᠤ-ᠡᠷᠳᠡᠨᠢ ᠳᠣᠯᠣᠭᠠᠷᠰᠦ᠋ᠷᠦᠩ ᠦᠨ ᠰᠤᠮᠢᠶᠠᠪᠠᠽᠠᠷ ᠪᠠᠲᠤᠵᠢᠷᠭᠠᠯ ᠤᠨ ᠭᠠᠩᠪᠠᠲᠤ
ᠭᠡᠯᠡᠭᠵᠠᠮᠰᠤ ᠶᠢᠨ ᠥᠰᠥᠬᠡᠪᠠᠶᠠᠷ
1998 ᠪᠠᠳᠮᠠᠨᠢᠩᠪᠤᠤ ᠶᠢᠨ ᠪᠠᠲᠤ-ᠡᠷᠳᠡᠨᠢ ᠳᠣᠯᠣᠭᠠᠷᠰᠦ᠋ᠷᠦᠩ ᠦᠨ ᠰᠤᠮᠢᠶᠠᠪᠠᠽᠠᠷ ᠼᠡᠳᠡᠨᠳᠠᠮᠪᠠ ᠶᠢᠨ ᠰᠡᠷᠡᠩᠫᠦᠨᠴᠠᠭ
ᠣᠳᠪ ᠶᠢᠨ ᠪᠠᠯᠵᠢᠨᠨᠢᠮ᠎ᠠ
1997 ᠪᠠᠳᠮᠠᠨᠢᠩᠪᠤᠤ ᠶᠢᠨ ᠪᠠᠲᠤ-ᠡᠷᠳᠡᠨᠢ ᠳᠤᠯᠮᠠᠵᠠᠪ ᠤᠨ ᠮᠥᠩᠬᠡ-ᠡᠷᠳᠡᠨᠢ ᠠᠭᠸᠠᠩᠰᠮᠠᠳᠤᠩ ᠤᠨ ᠰᠦᠬᠡᠪᠠᠲᠤ
ᠼᠡᠳᠡᠨᠳᠠᠮᠪᠠ ᠶᠢᠨ ᠰᠡᠷᠡᠩᠫᠦᠨᠴᠠᠭ
1996 ᠪᠠᠳᠮᠠᠨᠢᠩᠪᠤᠤ ᠶᠢᠨ ᠪᠠᠲᠤ-ᠡᠷᠳᠡᠨᠢ ᠳᠤᠯᠮᠠᠵᠠᠪ ᠤᠨ ᠮᠥᠩᠬᠡ-ᠡᠷᠳᠡᠨᠢ ᠳᠣᠯᠣᠭᠠᠷᠰᠦ᠋ᠷᠦᠩ ᠦᠨ ᠰᠤᠮᠢᠶᠠᠪᠠᠽᠠᠷ
ᠣᠳᠪ ᠶᠢᠨ ᠪᠠᠯᠵᠢᠨᠨᠢᠮ᠎ᠠ
1995 ᠪᠠᠳᠮᠠᠨᠢᠩᠪᠤᠤ ᠶᠢᠨ ᠪᠠᠲᠤ-ᠡᠷᠳᠡᠨᠢ ᠳᠤᠯᠮᠠᠵᠠᠪ ᠤᠨ ᠮᠥᠩᠬᠡ-ᠡᠷᠳᠡᠨᠢ ᠣᠳᠪ ᠶᠢᠨ ᠪᠠᠯᠵᠢᠨᠨᠢᠮ᠎ᠠ
ᠭᠡᠯᠡᠭᠵᠠᠮᠰᠤ ᠶᠢᠨ ᠥᠰᠥᠬᠡᠪᠠᠶᠠᠷ
1994 ᠪᠠᠳᠮᠠᠨᠢᠩᠪᠤᠤ ᠶᠢᠨ ᠪᠠᠲᠤ-ᠡᠷᠳᠡᠨᠢ ᠣᠳᠪ ᠶᠢᠨ ᠪᠠᠯᠵᠢᠨᠨᠢᠮ᠎ᠠ ᠼᠡᠳᠡᠨᠳᠠᠮᠪᠠ ᠶᠢᠨ ᠰᠡᠷᠡᠩᠫᠦᠨᠴᠠᠭ
1993 ᠪᠠᠳᠮᠠᠨᠢᠩᠪᠤᠤ ᠶᠢᠨ ᠪᠠᠲᠤ-ᠡᠷᠳᠡᠨᠢ ᠳᠤᠯᠮᠠᠵᠠᠪ ᠤᠨ ᠮᠥᠩᠬᠡ-ᠡᠷᠳᠡᠨᠢ ᠣᠳᠪ ᠶᠢᠨ ᠪᠠᠯᠵᠢᠨᠨᠢᠮ᠎ᠠ
ᠼᠡᠳᠡᠨᠳᠠᠮᠪᠠ ᠶᠢᠨ ᠪᠠᠶᠠᠷᠰᠠᠶᠢᠬᠠᠨ
1992 ᠪᠠᠳᠮᠠᠨᠢᠩᠪᠤᠤ ᠶᠢᠨ ᠪᠠᠲᠤ-ᠡᠷᠳᠡᠨᠢ ᠳᠤᠯᠮᠠᠵᠠᠪ ᠤᠨ ᠮᠥᠩᠬᠡ-ᠡᠷᠳᠡᠨᠢ ᠫᠦᠨᠴᠠᠭ ᠤᠨ ᠰᠦᠬᠡᠪᠠᠲᠤ
ᠳᠦᠭᠦᠷᠵᠠᠪ ᠤᠨ ᠬᠡᠰᠢᠭᠳᠣᠷᠵᠢ
1991 ᠣᠳᠪ ᠶᠢᠨ ᠪᠠᠯᠵᠢᠨᠨᠢᠮ᠎ᠠ ᠫᠦᠨᠴᠠᠭ ᠤᠨ ᠰᠦᠬᠡᠪᠠᠲᠤ ᠬᠣᠷᠯᠤ᠎ᠠ ᠶᠢᠨ ᠪᠠᠶᠠᠨᠮᠦ᠋ᠩᠬᠡ
ᠪᠠᠳᠮᠠᠨᠢᠩᠪᠤᠤ ᠶᠢᠨ ᠪᠠᠲᠤ-ᠡᠷᠳᠡᠨᠢ
1990 ᠮᠣᠩᠭᠣᠯ ᠤᠨ ᠨᠢᠭᠤᠴᠠ ᠲᠣᠪᠴᠢᠶ᠎ᠠ 750 ᠵᠢᠯ ᠪᠠᠳᠮᠠᠨᠢᠩᠪᠤᠤ ᠶᠢᠨ ᠪᠠᠲᠤ-ᠡᠷᠳᠡᠨᠢ ᠬᠣᠷᠯᠤ᠎ᠠ ᠶᠢᠨ ᠪᠠᠶᠠᠨᠮᠦ᠋ᠩᠬᠡ ᠳᠠᠮᠳᠢᠨᠡᠭ ᠦᠨ ᠪᠠᠶᠠᠷ ᠢᠶᠠᠨ
1990 ᠪᠠᠳᠮᠠᠨᠢᠩᠪᠤᠤ ᠶᠢᠨ ᠪᠠᠲᠤ-ᠡᠷᠳᠡᠨᠢ ᠳᠠᠰᠢᠳᠣᠷᠵᠢ ᠶᠢᠨ ᠰᠡᠷᠡᠩᠲᠣᠭᠲᠠᠬᠤ ᠵᠠᠮᠪᠠᠯ ᠤᠨ ᠭᠠᠩᠪᠣᠯᠣᠳ
ᠫᠦᠨᠴᠠᠭ ᠤᠨ ᠰᠦᠬᠡᠪᠠᠲᠤ

ᠭᠠᠳᠠᠨ᠎ᠠ ᠶᠢᠨ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ