ᠮᠣᠩᠭᠣᠯ ᠤᠯᠤᠰ ᠪᠥᠬᠡ ᠶᠢᠨ ᠲᠥᠷᠥᠯ ᠦᠳ ᠦᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠮᠣᠩᠭᠣᠯ ᠤᠯᠤᠰ ᠪᠥᠬᠡ ᠶᠢᠨ ᠲᠥᠷᠥᠯ ᠦᠳ ᠦᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠡᠴᠡ 4 ᠠᠯᠲᠠ᠂ 17 ᠮᠥᠩᠭᠥ᠂ 24 ᠬᠦᠷᠡᠯ᠂ ᠨᠡᠶᠢᠲᠡ 45 ᠮᠧᠳᠠᠯ ᠬᠦᠷᠢᠲᠦᠭᠡᠳ ᠪᠤᠢ᠃ ᠮᠥᠨ ᠪᠠᠭ ᠤᠨ ᠳᠦᠩᠭᠡ ᠪᠡᠷ ᠡᠷᠡᠭᠲᠡᠢ ᠪᠠᠭ 1 ᠤᠳᠠᠭ᠎ᠠ 3 ᠍ ᠳᠦᠭᠡᠷ ᠪᠠᠶᠢᠷᠢ᠂ ᠡᠮᠡᠭᠲᠡᠢ ᠪᠠᠭ 1 ᠤᠳᠠᠭ᠎ᠠ 2, 1 ᠤᠳᠠᠭ᠎ᠠ 3 ᠍ ᠳᠦᠭᠡᠷ ᠪᠠᠶᠢᠷᠢ ᠲᠤᠰ ᠲᠤᠰ ᠡᠵᠡᠯᠡᠭᠰᠡᠨ᠃ 1982 ᠣᠨ ᠳᠤ ᠤᠳᠤᠷᠢᠳᠬᠤ ᠠᠯᠪᠠᠨ ᠲᠤᠰᠢᠶᠠᠯᠲᠠᠨ ᠨᠤᠭᠤᠳ ᠤᠨ ᠬᠣᠭᠣᠷᠣᠨᠳᠣ ᠶᠢᠨ ᠵᠥᠷᠢᠴᠡᠯ ᠦᠨ ᠤᠯᠠᠮ ᠠᠴᠠ ᠣᠷᠣᠯᠴᠠᠭ᠎ᠠ ᠦᠭᠡᠢ᠃[1] ᠴᠢᠯᠦᠭᠡᠲᠦ ᠪᠥᠬᠡ ᠶᠢᠨ ᠲᠡᠮᠡᠴᠡᠭᠡᠨ ᠳᠦ ᠣᠷᠣᠯᠴᠠᠵᠤ ᠪᠤᠢ ᠤᠯᠤᠰ ᠤᠳ ᠢ ᠮᠧᠳᠠᠯ ᠤᠨ ᠴᠢᠨᠠᠷ ᠢᠶᠠᠷ ᠪᠠᠶᠢᠷᠢ ᠡᠵᠡᠯᠡᠭᠦᠯᠬᠦ ᠡᠴᠡ ᠭᠠᠳᠠᠨ᠎ᠠ ᠠᠪᠤᠭᠰᠠᠨ ᠮᠧᠳᠠᠯ᠂ ᠮᠧᠳᠠᠯ ᠡᠵᠡᠯᠡᠭᠡ ᠦᠭᠡᠢ ᠪᠠᠶᠢᠷᠢ ᠲᠤᠰ ᠪᠦᠷᠢ ᠳᠦ ᠣᠨᠣᠭ᠎ᠠ ᠥᠭᠴᠦ ᠣᠨᠣᠭᠣᠨ ᠤ ᠴᠢᠨᠠᠷ ᠢᠶᠠᠷ ᠪᠠᠭ ᠤᠳ ᠢ ᠵᠢᠭ᠌ᠰᠠᠭᠠᠨ ᠪᠠᠶᠢᠷᠢ ᠡᠵᠡᠯᠡᠭᠦᠯᠳᠡᠭ᠃ ᠢᠩᠭᠢᠬᠦ ᠳᠦ ᠪᠡᠨ ᠡᠷᠡᠭᠲᠡᠢ᠂ ᠡᠮᠡᠭᠲᠡᠢ ᠪᠠᠭ ᠤᠳ ᠢ ᠣᠨᠣᠭᠣᠨ ᠤ ᠴᠢᠨᠠᠷ ᠢᠶᠠᠷ ᠲᠤᠰ ᠲᠤ ᠨᠢ ᠵᠢᠭ᠌ᠰᠠᠭᠠᠳᠠᠭ ᠪᠠ ᠡᠨᠡ ᠨᠢ ᠲᠤᠬᠠᠢ ᠶᠢᠨ ᠤᠯᠤᠰ ᠤᠨ ᠲᠠᠮᠢᠷᠴᠢᠳ ᠲᠡᠮᠡᠴᠡᠭᠡᠨ ᠳᠦ ᠬᠡᠷ ᠵᠢᠭᠳᠡ ᠠᠮᠵᠢᠯᠲᠠ ᠲᠠᠢ ᠣᠷᠣᠯᠴᠠᠭᠰᠠᠨ ᠢ ᠲᠣᠳᠣᠷᠬᠠᠶᠢᠯᠠᠳᠠᠭ ᠢᠶᠠᠷ ᠢᠶᠠᠨ ᠵᠢᠦ᠋ᠳᠣ᠋ ᠍ ᠶᠢᠨ ᠲᠡᠮᠡᠴᠡᠭᠡᠨ ᠡᠴᠡ ᠢᠯᠭᠠᠭ᠎ᠠ ᠲᠠᠢ᠃ 2014 ᠣᠨ ᠤ ᠪᠠᠶᠢᠳᠠᠯ ᠢᠶᠠᠷ ᠠᠯᠲᠠᠨ ᠮᠧᠳᠠᠯ ᠳᠤ 10, ᠮᠥᠩᠭᠥ ᠳᠦ 9, ᠬᠦᠷᠡᠯ ᠳᠦ 8 ᠣᠨᠣᠭ᠎ᠠ ᠥᠭᠴᠦ ᠪᠠᠶᠢᠨ᠎ᠠ᠃

ᠮᠧᠳᠠᠯ ᠬᠦᠷᠲᠡᠭᠰᠡᠨ ᠲᠠᠮᠢᠷᠴᠢᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠧᠳᠠᠯ ᠪᠠᠶᠢᠷᠢ ᠣᠨᠣᠭ᠎ᠠ ᠨᠡᠷ᠎ᠡ ᠣᠨ ᠤᠯᠤᠰ ᠵᠢᠩ
3Bronze medal icon.svg ᠬᠦᠷᠡᠯ 13 ᠵᠢᠭᠵᠢᠳ ᠦᠨ ᠮᠥᠩᠬᠡᠪᠠᠲᠤ 1967 Flag of India.svg ᠡᠨᠡᠳᠬᠡᠭ, ᠰᠢᠨ᠌ ᠡ ᠳ᠋ᠧᠯᠢ ᠴᠢᠯᠦᠭᠡᠲᠦ ᠪᠥᠬᠡ -87 ᠺᠢᠯᠣᠭ᠍ᠷᠠᠮ
3Bronze medal icon.svg ᠬᠦᠷᠡᠯ 14 ᠳᠠᠨᠵᠠᠨᠳᠠᠷᠵᠢᠶ᠎ᠠ ᠶᠢᠨ ᠰᠡᠷᠡᠲᠦᠷ 1970 Flag of Canada.svg ᠺᠠᠨᠠᠳᠠ, ᠡᠳ᠋ᠮᠣᠨᠲ᠋ᠣᠨ ᠴᠢᠯᠦᠭᠡᠲᠦ ᠪᠥᠬᠡ -74 ᠺᠢᠯᠣᠭ᠍ᠷᠠᠮ
2Silver medal icon.svg ᠮᠥᠩᠭᠥ 10 5 (19.5) ᠪᠠᠽᠠᠷᠷᠠᠭᠴᠠ ᠶᠢᠨ ᠵᠠᠮᠰᠠᠷᠠᠨ 1971 Flag of Bulgaria (1971-1990).svg ᠪᠣᠯᠭᠠᠷᠢᠶ᠎ᠠ, ᠰᠣᠹᠢ ᠴᠢᠯᠦᠭᠡᠲᠦ ᠪᠥᠬᠡ -48 ᠺᠢᠯᠣᠭ᠍ᠷᠠᠮ
3Bronze medal icon.svg ᠬᠦᠷᠡᠯ 10 5 ᠮᠡᠭᠡᠳ ᠦᠨ ᠬᠣᠶᠢᠯᠣᠭᠳᠣᠷᠵᠢ 1971 Flag of Bulgaria (1971-1990).svg ᠪᠣᠯᠭᠠᠷᠢᠶ᠎ᠠ, ᠰᠣᠹᠢ ᠴᠢᠯᠦᠭᠡᠲᠦ ᠪᠥᠬᠡ -74 ᠺᠢᠯᠣᠭ᠍ᠷᠠᠮ
2Silver medal icon.svg ᠮᠥᠩᠭᠥ 10 5 ᠬᠣᠷᠯᠤ᠎ᠠ ᠶᠢᠨ ᠪᠠᠶᠠᠨᠮᠦ᠋ᠩᠬᠡ 1971 Flag of Bulgaria (1971-1990).svg ᠪᠣᠯᠭᠠᠷᠢᠶ᠎ᠠ, ᠰᠣᠹᠢ ᠴᠢᠯᠦᠭᠡᠲᠦ ᠪᠥᠬᠡ -100 ᠺᠢᠯᠣᠭ᠍ᠷᠠᠮ
3Bronze medal icon.svg ᠬᠦᠷᠡᠯ 10 4 (18) ᠣᠴᠢᠷᠳᠣᠯᠭᠣᠷ ᠤᠨ ᠡᠩᠬᠡᠲᠠᠶᠢᠪᠤᠩ 1973 Lionflag.svg ᠢᠷᠡᠨ, ᠲᠧᠭᠧᠷᠠᠨ ᠴᠢᠯᠦᠭᠡᠲᠦ ᠪᠥᠬᠡ -48 ᠺᠢᠯᠣᠭ᠍ᠷᠠᠮ
2Silver medal icon.svg ᠮᠥᠩᠭᠥ 10 4 (18) ᠮᠡᠭᠡᠳ ᠦᠨ ᠬᠣᠶᠢᠯᠣᠭᠳᠣᠷᠵᠢ 1973 Lionflag.svg ᠢᠷᠡᠨ, ᠲᠧᠭᠧᠷᠠᠨ ᠴᠢᠯᠦᠭᠡᠲᠦ ᠪᠥᠬᠡ -57 ᠺᠢᠯᠣᠭ᠍ᠷᠠᠮ
1Gold medal icon.svg ᠠᠯᠲᠠ 4 4 (18) ᠵᠢᠪᠡᠭᠡ ᠶᠢᠨ ᠣᠶᠢᠳᠣᠪ 1974 Flag of Turkey.svg ᠲᠦᠷᠺ, ᠰᠲ᠋ᠠᠮᠪᠤᠯ ᠴᠢᠯᠦᠭᠡᠲᠦ ᠪᠥᠬᠡ -62 ᠺᠢᠯᠣᠭ᠍ᠷᠠᠮ
3Bronze medal icon.svg ᠬᠦᠷᠡᠯ 4 4 (18) ᠼᠡᠳᠡᠨᠳᠠᠮᠪᠠ ᠶᠢᠨ ᠨᠠᠴᠤᠭᠳᠣᠷᠵᠢ 1974 Flag of Turkey.svg ᠲᠦᠷᠺ, ᠰᠲ᠋ᠠᠮᠪᠤᠯ ᠴᠢᠯᠦᠭᠡᠲᠦ ᠪᠥᠬᠡ -68 ᠺᠢᠯᠣᠭ᠍ᠷᠠᠮ
2Silver medal icon.svg ᠮᠥᠩᠭᠥ 4 4 (18) ᠬᠣᠷᠯᠤ᠎ᠠ ᠶᠢᠨ ᠪᠠᠶᠠᠨᠮᠦ᠋ᠩᠬᠡ 1974 Flag of Turkey.svg ᠲᠦᠷᠺ, ᠰᠲ᠋ᠠᠮᠪᠤᠯ ᠴᠢᠯᠦᠭᠡᠲᠦ ᠪᠥᠬᠡ -100 ᠺᠢᠯᠣᠭ᠍ᠷᠠᠮ
1Gold medal icon.svg ᠠᠯᠲᠠ 3 4 (19) ᠵᠢᠪᠡᠭᠡ ᠶᠢᠨ ᠣᠶᠢᠳᠣᠪ 1975 Flag of the Soviet Union.svg ᠵᠥᠪᠯᠡᠯᠲᠦ ᠬᠣᠯᠪᠣᠭᠠᠲᠤ ᠤᠯᠤᠰ, ᠮᠢᠨᠰᠺ ᠴᠢᠯᠦᠭᠡᠲᠦ ᠪᠥᠬᠡ -62 ᠺᠢᠯᠣᠭ᠍ᠷᠠᠮ
2Silver medal icon.svg ᠮᠥᠩᠭᠥ 3 4 (19) ᠼᠡᠳᠡᠨᠳᠠᠮᠪᠠ ᠶᠢᠨ ᠨᠠᠴᠤᠭᠳᠣᠷᠵᠢ 1975 Flag of the Soviet Union.svg ᠵᠥᠪᠯᠡᠯᠲᠦ ᠬᠣᠯᠪᠣᠭᠠᠲᠤ ᠤᠯᠤᠰ, ᠮᠢᠨᠰᠺ ᠴᠢᠯᠦᠭᠡᠲᠦ ᠪᠥᠬᠡ -68 ᠺᠢᠯᠣᠭ᠍ᠷᠠᠮ
1Gold medal icon.svg ᠠᠯᠲᠠ 3 4 (19) ᠬᠣᠷᠯᠤ᠎ᠠ ᠶᠢᠨ ᠪᠠᠶᠠᠨᠮᠦ᠋ᠩᠬᠡ 1975 Flag of the Soviet Union.svg ᠵᠥᠪᠯᠡᠯᠲᠦ ᠬᠣᠯᠪᠣᠭᠠᠲᠤ ᠤᠯᠤᠰ, ᠮᠢᠨᠰᠺ ᠴᠢᠯᠦᠭᠡᠲᠦ ᠪᠥᠬᠡ -100 ᠺᠢᠯᠣᠭ᠍ᠷᠠᠮ
3Bronze medal icon.svg ᠬᠦᠷᠡᠯ 16 ᠵᠢᠪᠡᠭᠡ ᠶᠢᠨ ᠣᠶᠢᠳᠣᠪ 1977 ᠰᠸᠢᠰ ᠰᠸᠢᠰ , ᠯᠣᠽᠠᠨ ᠴᠢᠯᠦᠭᠡᠲᠦ ᠪᠥᠬᠡ -68 ᠺᠢᠯᠣᠭ᠍ᠷᠠᠮ
3Bronze medal icon.svg ᠬᠦᠷᠡᠯ 15 ᠳᠤᠤᠭᠠᠷᠰᠦ᠋ᠷᠦᠩ ᠦᠨ ᠣᠶᠤᠨᠪᠣᠯ ᠳᠤ 1978 Flag of Mexico.svg ᠮᠸᠺᠰᠢᠺᠣ, ᠮᠧᠬᠢᠺᠣ ᠴᠢᠯᠦᠭᠡᠲᠦ ᠪᠥᠬᠡ -57 ᠺᠢᠯᠣᠭ᠍ᠷᠠᠮ
3Bronze medal icon.svg ᠬᠦᠷᠡᠯ 17 ᠨᠠᠩᠵᠠᠳ ᠤᠨ ᠪᠦᠷᠭᠦᠳᠠ 1981[2] Flag of SFR Yugoslavia.svg ᠶᠣᠭᠣᠰᠯᠠᠪ, ᠰᠺᠣᠫᠢᠶ᠎ᠡ ᠴᠢᠯᠦᠭᠡᠲᠦ ᠪᠥᠬᠡ -52 ᠺᠢᠯᠣᠭ᠍ᠷᠠᠮ
2Silver medal icon.svg ᠮᠥᠩᠭᠥ 8 5 (15) ᠪᠤᠶᠠᠨᠳᠡᠯᠭᠡᠷ ᠦᠨ ᠪᠣᠯᠣᠳ 1983 Flag of the Soviet Union.svg ᠵᠥᠪᠯᠡᠯᠲᠦ ᠬᠣᠯᠪᠣᠭᠠᠲᠤ ᠤᠯᠤᠰ, ᠺᠢᠶᠠᠪ ᠴᠢᠯᠦᠭᠡᠲᠦ ᠪᠥᠬᠡ -68 ᠺᠢᠯᠣᠭ᠍ᠷᠠᠮ
2Silver medal icon.svg ᠮᠥᠩᠭᠥ 8 5 (15) ᠵᠢᠪᠡᠭᠡ ᠶᠢᠨ ᠳᠦᠪᠴᠢᠩ 1983 Flag of the Soviet Union.svg ᠵᠥᠪᠯᠡᠯᠲᠦ ᠬᠣᠯᠪᠣᠭᠠᠲᠤ ᠤᠯᠤᠰ, ᠺᠢᠶᠠᠪ ᠴᠢᠯᠦᠭᠡᠲᠦ ᠪᠥᠬᠡ -82 ᠺᠢᠯᠣᠭ᠍ᠷᠠᠮ
2Silver medal icon.svg ᠮᠥᠩᠭᠥ 9 4 (18) ᠠᠪᠤᠷᠢᠮᠡᠳ ᠦᠨ ᠡᠩᠬᠡ ᠪᠡᠨ 1985 Flag of Hungary.svg ᠬᠠᠩᠭᠠᠷᠢ, ᠪᠤᠲᠠᠫᠧᠱᠲ ᠴᠢᠯᠦᠭᠡᠲᠦ ᠪᠥᠬᠡ -62 ᠺᠢᠯᠣᠭ᠍ᠷᠠᠮ
2Silver medal icon.svg ᠮᠥᠩᠭᠥ 9 4 (18) ᠪᠤᠶᠠᠨᠳᠡᠯᠭᠡᠷ ᠦᠨ ᠪᠣᠯᠣᠳ 1985 Flag of Hungary.svg ᠬᠠᠩᠭᠠᠷᠢ, ᠪᠤᠲᠠᠫᠧᠱᠲ ᠴᠢᠯᠦᠭᠡᠲᠦ ᠪᠥᠬᠡ -68 ᠺᠢᠯᠣᠭ᠍ᠷᠠᠮ
3Bronze medal icon.svg ᠬᠦᠷᠡᠯ 9 4 (18) ᠯᠤᠪᠰᠠᠩ ᠤᠨ ᠡᠩᠬᠡᠪᠠᠶᠠᠷ 1985 Flag of Hungary.svg ᠬᠠᠩᠭᠠᠷᠢ, ᠪᠤᠲᠠᠫᠧᠱᠲ ᠴᠢᠯᠦᠭᠡᠲᠦ ᠪᠥᠬᠡ -74 ᠺᠢᠯᠣᠭ᠍ᠷᠠᠮ
3Bronze medal icon.svg ᠬᠦᠷᠡᠯ 15 ᠠᠪᠤᠷᠢᠮᠡᠳ ᠦᠨ ᠡᠩᠬᠡ ᠪᠡᠨ 1986 Flag of Hungary.svg ᠬᠠᠩᠭᠠᠷᠢ, ᠪᠤᠲᠠᠫᠧᠱᠲ ᠴᠢᠯᠦᠭᠡᠲᠦ ᠪᠥᠬᠡ -62 ᠺᠢᠯᠣᠭ᠍ᠷᠠᠮ
3Bronze medal icon.svg ᠬᠦᠷᠡᠯ 18 ᠯᠣᠳᠣᠶᠢᠨ ᠡᠷᠬᠡᠪᠠᠶᠠᠷ 1989 ᠰᠸᠢᠰ ᠰᠸᠢᠰ , ᠮᠠᠷᠲ᠋ᠢᠨᠢ ᠴᠢᠯᠦᠭᠡᠲᠦ ᠪᠥᠬᠡ -74 ᠺᠢᠯᠣᠭ᠍ᠷᠠᠮ
3Bronze medal icon.svg ᠬᠦᠷᠡᠯ 20 ᠫᠦᠨᠴᠠᠭ ᠤᠨ ᠰᠦᠬᠡᠪᠠᠲᠤ 1990 ᠶᠠᠫᠣᠨ ᠶᠠᠫᠣᠨ, ᠲᠣᠤᠺᠢᠣ᠋ ᠴᠢᠯᠦᠭᠡᠲᠦ ᠪᠥᠬᠡ -82 ᠺᠢᠯᠣᠭ᠍ᠷᠠᠮ
3Bronze medal icon.svg ᠬᠦᠷᠡᠯ 27 ᠰᠡᠷᠡᠩᠪᠠᠭᠠᠲᠤᠷ ᠤᠨ ᠴᠣᠭᠲᠤᠪᠠᠶᠠᠷ 1993 Flag of Canada.svg ᠺᠠᠨᠠᠳᠠ, ᠲᠣᠷᠣᠨᠲ᠋ᠣ ᠴᠢᠯᠦᠭᠡᠲᠦ ᠪᠥᠬᠡ -57 ᠺᠢᠯᠣᠭ᠍ᠷᠠᠮ
2Silver medal icon.svg ᠮᠥᠩᠭᠥ 17 ᠣᠶᠤᠨᠪᠢᠯᠢᠭ ᠤᠨ ᠫᠦᠷᠪᠦᠪᠠᠭᠠᠲᠤᠷ 2001 Flag of Bulgaria.svg ᠪᠣᠯᠭᠠᠷᠢᠶ᠎ᠠ, ᠰᠣᠹᠢ ᠴᠢᠯᠦᠭᠡᠲᠦ ᠪᠥᠬᠡ -58 ᠺᠢᠯᠣᠭ᠍ᠷᠠᠮ
2Silver medal icon.svg ᠮᠥᠩᠭᠥ 17 ᠣᠶᠤᠨᠪᠢᠯᠢᠭ ᠤᠨ ᠫᠦᠷᠪᠦᠪᠠᠭᠠᠲᠤᠷ 2002 ᠢᠷᠡᠨ ᠢᠷᠡᠨ, ᠲᠧᠭᠧᠷᠠᠨ ᠴᠢᠯᠦᠭᠡᠲᠦ ᠪᠥᠬᠡ -60 ᠺᠢᠯᠣᠭ᠍ᠷᠠᠮ
3Bronze medal icon.svg ᠬᠦᠷᠡᠯ 18 9 (18) ᠪᠠᠶᠠᠷ᠎ᠠ ᠶᠢᠨ ᠨᠠᠷᠠᠨᠪᠠᠭᠠᠲᠤᠷ 2005 Flag of Hungary.svg ᠬᠠᠩᠭᠠᠷᠢ, ᠪᠤᠲᠠᠫᠧᠱᠲ ᠴᠢᠯᠦᠭᠡᠲᠦ ᠪᠥᠬᠡ -55 ᠺᠢᠯᠣᠭ᠍ᠷᠠᠮ
3Bronze medal icon.svg ᠬᠦᠷᠡᠯ 18 7 (17) ᠴᠣᠭᠲᠤᠪᠠᠽᠠᠷ ᠤᠨ ᠡᠩᠬᠡᠵᠢᠷᠭᠠᠯ 2005 Flag of Hungary.svg ᠬᠠᠩᠭᠠᠷᠢ, ᠪᠤᠲᠠᠫᠧᠱᠲ ᠡᠮᠡᠭᠲᠡᠢ ᠴᠢᠯᠦᠭᠡᠲᠦ ᠪᠥᠬᠡ -48 ᠺᠢᠯᠣᠭ᠍ᠷᠠᠮ
2Silver medal icon.svg ᠮᠥᠩᠭᠥ 14 10 (12) ᠪᠠᠶᠠᠷ᠎ᠠ ᠶᠢᠨ ᠨᠠᠷᠠᠨᠪᠠᠭᠠᠲᠤᠷ 2007 ᠠᠽᠧᠷᠪᠠᠶᠢᠵᠠᠨ ᠠᠽᠧᠷᠪᠠᠶᠢᠵᠠᠨ, ᠪᠠᠺᠦ᠋ ᠴᠢᠯᠦᠭᠡᠲᠦ ᠪᠥᠬᠡ -55 ᠺᠢᠯᠣᠭ᠍ᠷᠠᠮ
3Bronze medal icon.svg ᠬᠦᠷᠡᠯ ᠳᠣᠷᠵᠢ ᠶᠢᠨ ᠨᠠᠷᠮᠠᠨᠳᠠᠬᠤ 2007 ᠠᠽᠧᠷᠪᠠᠶᠢᠵᠠᠨ ᠠᠽᠧᠷᠪᠠᠶᠢᠵᠠᠨ, ᠪᠠᠺᠦ᠋ ᠡᠮᠡᠭᠲᠡᠢ ᠴᠢᠯᠦᠭᠡᠲᠦ ᠪᠥᠬᠡ -59 ᠺᠢᠯᠣᠭ᠍ᠷᠠᠮ
3Bronze medal icon.svg ᠬᠦᠷᠡᠯ 11 7 (23) ᠸᠴᠢᠷᠪᠠᠲᠤ ᠶᠢᠨ ᠨᠠᠰᠤᠨᠪᠦᠷᠮ᠎ᠠ 2008 ᠶᠠᠫᠣᠨ ᠶᠠᠫᠣᠨ, ᠲᠣᠤᠺᠢᠣ᠋ ᠡᠮᠡᠭᠲᠡᠢ ᠴᠢᠯᠦᠭᠡᠲᠦ ᠪᠥᠬᠡ -67 ᠺᠢᠯᠣᠭ᠍ᠷᠠᠮ
3Bronze medal icon.svg ᠬᠦᠷᠡᠯ 14 7 (19) ᠪᠠᠳᠠᠷᠠᠬᠤ ᠶᠢᠨ ᠣᠳᠣᠨᠴᠢᠮᠡᠭ 2009 Flag of Denmark.svg ᠳ᠋ᠠᠨᠮᠠᠷᠺ, ᠬᠧᠷᠨᠢᠨ ᠢ ᠡᠮᠡᠭᠲᠡᠢ ᠴᠢᠯᠦᠭᠡᠲᠦ ᠪᠥᠬᠡ -67 ᠺᠢᠯᠣᠭ᠍ᠷᠠᠮ
2Silver medal icon.svg ᠮᠥᠩᠭᠥ 14 7 (19) ᠸᠴᠢᠷᠪᠠᠲᠤ ᠶᠢᠨ ᠪᠤᠷᠠᠮ ᠢᠶᠠᠨ 2009 Flag of Denmark.svg ᠳ᠋ᠠᠨᠮᠠᠷᠺ, ᠬᠧᠷᠨᠢᠨ ᠢ ᠡᠮᠡᠭᠲᠡᠢ ᠴᠢᠯᠦᠭᠡᠲᠦ ᠪᠥᠬᠡ -72 ᠺᠢᠯᠣᠭ᠍ᠷᠠᠮ
1Gold medal icon.svg ᠠᠯᠲᠠ 10 8 (22) ᠰᠣᠷᠢᠨᠵᠢᠩᠪᠣᠯᠣᠳ ᠤᠨ ᠪᠠᠲᠤᠴᠡᠴᠡᠭ 2010 ᠣᠷᠣᠰ ᠣᠷᠣᠰ, ᠮᠣᠰᠺᠸᠠ ᠡᠮᠡᠭᠲᠡᠢ ᠴᠢᠯᠦᠭᠡᠲᠦ ᠪᠥᠬᠡ -59 ᠺᠢᠯᠣᠭ᠍ᠷᠠᠮ
2Silver medal icon.svg ᠮᠥᠩᠭᠥ 11 3 (32) ᠳᠠᠸᠠᠰᠦ᠋ᠬᠡ ᠶᠢᠨ ᠣᠳᠬᠣᠨᠴᠡᠴᠡᠭ 2011 Flag of Turkey.svg ᠲᠦᠷᠺ, ᠢᠰᠲᠠᠨᠪᠤᠯ ᠡᠮᠡᠭᠲᠡᠢ ᠴᠢᠯᠦᠭᠡᠲᠦ ᠪᠥᠬᠡ -51 ᠺᠢᠯᠣᠭ᠍ᠷᠠᠮ[3]
2Silver medal icon.svg ᠮᠥᠩᠭᠥ 11 3 (32) ᠪᠠᠨᠽᠠᠷᠠᠭᠴᠢ ᠶᠢᠨ ᠣᠶᠤᠨᠰᠦ᠋ᠷᠦᠩ 2011 Flag of Turkey.svg ᠲᠦᠷᠺ, ᠢᠰᠲᠠᠨᠪᠤᠯ ᠡᠮᠡᠭᠲᠡᠢ ᠴᠢᠯᠦᠭᠡᠲᠦ ᠪᠥᠬᠡ -67 ᠺᠢᠯᠣᠭ᠍ᠷᠠᠮ
3Bronze medal icon.svg ᠬᠦᠷᠡᠯ 11 3 (32) ᠸᠴᠢᠷᠪᠠᠲᠤ ᠶᠢᠨ ᠨᠠᠰᠤᠨᠪᠦᠷᠮ᠎ᠠ 2011 Flag of Turkey.svg ᠲᠦᠷᠺ, ᠢᠰᠲᠠᠨᠪᠤᠯ ᠡᠮᠡᠭᠲᠡᠢ ᠴᠢᠯᠦᠭᠡᠲᠦ ᠪᠥᠬᠡ -63 ᠺᠢᠯᠣᠭ᠍ᠷᠠᠮ[4]
3Bronze medal icon.svg ᠬᠦᠷᠡᠯ 10 ᠲᠤᠩᠭᠠᠯᠠᠭ ᠤᠨ ᠮᠥᠩᠬᠡᠲᠤᠶᠠᠭ᠎ᠠ 2012 Flag of Canada.svg ᠺᠠᠨᠠᠳᠠ, ᠰᠲᠷᠠᠲ᠋ᠺᠣᠨᠠ ᠡᠮᠡᠭᠲᠡᠢ ᠴᠢᠯᠦᠭᠡᠲᠦ ᠪᠥᠬᠡ -59 ᠺᠢᠯᠣᠭ᠍ᠷᠠᠮ
3Bronze medal icon.svg ᠬᠦᠷᠡᠯ 12 8 (19) ᠭᠠᠩᠵᠣᠷᠢᠭ ᠤᠨ ᠮᠠᠨᠳᠤᠬᠤᠨᠠᠷᠠᠨ 2013 Flag of Hungary.svg ᠬᠠᠩᠭᠠᠷᠢ, ᠪᠤᠲᠠᠫᠧᠱᠲ ᠴᠢᠯᠦᠭᠡᠲᠦ ᠪᠥᠬᠡ -66 ᠺᠢᠯᠣᠭ᠍ᠷᠠᠮ[5]
2Silver medal icon.svg ᠮᠥᠩᠭᠥ 12 2 (47) ᠡᠷᠳᠡᠨᠢᠴᠢᠮᠡᠭ ᠦᠨ ᠰᠤᠮᠢᠶ᠎ᠠ 2013 Flag of Hungary.svg ᠬᠠᠩᠭᠠᠷᠢ, ᠪᠤᠲᠠᠫᠧᠱᠲ ᠡᠮᠡᠭᠲᠡᠢ ᠴᠢᠯᠦᠭᠡᠲᠦ ᠪᠥᠬᠡ -51 ᠺᠢᠯᠣᠭ᠍ᠷᠠᠮ[6]
3Bronze medal icon.svg ᠬᠦᠷᠡᠯ 12 2 (47) ᠲᠤᠩᠭᠠᠯᠠᠭ ᠤᠨ ᠮᠥᠩᠬᠡᠲᠤᠶᠠᠭ᠎ᠠ 2013 Flag of Hungary.svg ᠬᠠᠩᠭᠠᠷᠢ, ᠪᠤᠲᠠᠫᠧᠱᠲ ᠡᠮᠡᠭᠲᠡᠢ ᠴᠢᠯᠦᠭᠡᠲᠦ ᠪᠥᠬᠡ -59 ᠺᠢᠯᠣᠭ᠍ᠷᠠᠮ
2Silver medal icon.svg ᠮᠥᠩᠭᠥ 12 2 (47) ᠰᠣᠷᠢᠨᠵᠢᠩᠪᠣᠯᠣᠳ ᠤᠨ ᠪᠠᠲᠤᠴᠡᠴᠡᠭ 2013 Flag of Hungary.svg ᠬᠠᠩᠭᠠᠷᠢ, ᠪᠤᠲᠠᠫᠧᠱᠲ ᠡᠮᠡᠭᠲᠡᠢ ᠴᠢᠯᠦᠭᠡᠲᠦ ᠪᠥᠬᠡ -63 ᠺᠢᠯᠣᠭ᠍ᠷᠠᠮ[7]
3Bronze medal icon.svg ᠬᠦᠷᠡᠯ 12 2 (47) ᠸᠴᠢᠷᠪᠠᠲᠤ ᠶᠢᠨ ᠨᠠᠰᠤᠨᠪᠦᠷᠮ᠎ᠠ 2013 Flag of Hungary.svg ᠬᠠᠩᠭᠠᠷᠢ, ᠪᠤᠲᠠᠫᠧᠱᠲ ᠡᠮᠡᠭᠲᠡᠢ ᠴᠢᠯᠦᠭᠡᠲᠦ ᠪᠥᠬᠡ -67 ᠺᠢᠯᠣᠭ᠍ᠷᠠᠮ[8]
3Bronze medal icon.svg ᠬᠦᠷᠡᠯ 12 2 (47) ᠸᠴᠢᠷᠪᠠᠲᠤ ᠶᠢᠨ ᠪᠤᠷᠠᠮ ᠢᠶᠠᠨ 2013 Flag of Hungary.svg ᠬᠠᠩᠭᠠᠷᠢ, ᠪᠤᠲᠠᠫᠧᠱᠲ ᠡᠮᠡᠭᠲᠡᠢ ᠴᠢᠯᠦᠭᠡᠲᠦ ᠪᠥᠬᠡ -72 ᠺᠢᠯᠣᠭ᠍ᠷᠠᠮ
3Bronze medal icon.svg ᠬᠦᠷᠡᠯ 10 6 (29) ᠡᠩᠰᠠᠶᠢᠬᠠᠨ ᠤ ᠨᠢᠮ᠎ᠠ-ᠣᠴᠢᠷ 2014 ᠦᠽᠡᠪᠸᠺᠢᠰᠲᠠᠨ ᠤᠯᠤᠰ ᠦᠽᠡᠪᠸᠺᠢᠰᠲᠠᠨ, ᠲᠠᠱᠺᠧᠨᠲ ᠡᠷᠡᠭᠲᠡᠢ ᠴᠢᠯᠦᠭᠡᠲᠦ ᠪᠥᠬᠡ -61 ᠺᠢᠯᠣᠭ᠍ᠷᠠᠮ
3Bronze medal icon.svg ᠬᠦᠷᠡᠯ 10 6 (29) ᠭᠠᠩᠵᠣᠷᠢᠭ ᠤᠨ ᠮᠠᠨᠳᠤᠬᠤᠨᠠᠷᠠᠨ 2014 ᠦᠽᠡᠪᠸᠺᠢᠰᠲᠠᠨ ᠤᠯᠤᠰ ᠦᠽᠡᠪᠸᠺᠢᠰᠲᠠᠨ, ᠲᠠᠱᠺᠧᠨᠲ ᠡᠷᠡᠭᠲᠡᠢ ᠴᠢᠯᠦᠭᠡᠲᠦ ᠪᠥᠬᠡ -65 ᠺᠢᠯᠣᠭ᠍ᠷᠠᠮ
1Gold medal icon.svg ᠠᠯᠲᠠ 10 6 (24) ᠰᠦᠬᠡᠭᠡᠭ ᠦᠨ ᠰᠡᠷᠡᠩᠴᠢᠮᠡᠳ 2014 ᠦᠽᠡᠪᠸᠺᠢᠰᠲᠠᠨ ᠤᠯᠤᠰ ᠦᠽᠡᠪᠸᠺᠢᠰᠲᠠᠨ, ᠲᠠᠱᠺᠧᠨᠲ ᠡᠮᠡᠭᠲᠡᠢ ᠴᠢᠯᠦᠭᠡᠲᠦ ᠪᠥᠬᠡ -60 ᠺᠢᠯᠣᠭ᠍ᠷᠠᠮ
3Bronze medal icon.svg ᠬᠦᠷᠡᠯ 10 6 (24) ᠸᠴᠢᠷᠪᠠᠲᠤ ᠶᠢᠨ ᠪᠤᠷᠠᠮ ᠢᠶᠠᠨ 2014 ᠦᠽᠡᠪᠸᠺᠢᠰᠲᠠᠨ ᠤᠯᠤᠰ ᠦᠽᠡᠪᠸᠺᠢᠰᠲᠠᠨ, ᠲᠠᠱᠺᠧᠨᠲ ᠡᠮᠡᠭᠲᠡᠢ ᠴᠢᠯᠦᠭᠡᠲᠦ ᠪᠥᠬᠡ -75 ᠺᠢᠯᠣᠭ᠍ᠷᠠᠮ

ᠳᠡᠯᠡᠬᠡᠢ ᠶᠢᠨ ᠪᠠᠭ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠡᠯᠡᠬᠡᠢ ᠶᠢᠨ ᠴᠣᠮᠣ ᠶᠢᠨ ᠲᠡᠮᠡᠴᠡᠭᠡᠨ ᠪᠤᠶᠤ ᠳᠡᠯᠡᠬᠡᠢ ᠶᠢᠨ ᠪᠠᠭ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠨᠢ ᠲᠤᠬᠠᠢ ᠶᠢᠨ ᠵᠢᠯ ᠳᠤ ᠪᠡᠨ ᠲᠢᠪ ᠲᠦ ᠪᠡᠨ 1 ᠍ ᠳᠦ ᠣᠷᠣᠭᠰᠠᠨ ᠪᠠᠭ ᠤᠳ ᠢ ᠣᠷᠤᠯᠴᠠᠭᠤᠯᠳᠠᠭ ᠪᠠᠶᠢᠭᠰᠠᠨ ᠪᠣᠯ ᠰᠡᠭᠦᠯ ᠦᠨ ᠦᠶ᠎ᠡ ᠳᠦ ᠲᠤᠬᠠᠢ ᠶᠢᠨ ᠵᠢᠯ ᠦᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠦᠨ ᠡᠬᠢᠨ ᠦ 10 ᠡᠷᠡᠭᠲᠡᠢ ᠪᠠᠭ᠂ ᠡᠬᠢᠨ ᠦ 8 ᠡᠮᠡᠭᠲᠡᠢ ᠪᠠᠭ ᠢ ᠣᠷᠤᠯᠴᠠᠭᠤᠯᠬᠤ ᠪᠣᠯᠵᠠᠢ᠃

ᠪᠠᠶᠢᠷᠢ ᠣᠨ ᠲᠥᠷᠥᠯ ᠭᠡᠰᠢᠭᠦᠳ
2Silver medal icon.svg ᠮᠥᠩᠭᠥ 1975 ᠡᠷᠡᠭᠲᠡᠢ ᠪᠠᠭ
3Bronze medal icon.svg ᠬᠦᠷᠡᠯ 1981 ᠡᠷᠡᠭᠲᠡᠢ ᠪᠠᠭ
2Silver medal icon.svg ᠮᠥᠩᠭᠥ 1987 ᠡᠷᠡᠭᠲᠡᠢ ᠪᠠᠭ
2Silver medal icon.svg ᠮᠥᠩᠭᠥ 2013 ᠮᠣᠩᠭᠣᠯ[9] ᠡᠮᠡᠭᠲᠡᠢ ᠪᠠᠭ 48 kg ᠴᠣᠭᠲᠤᠪᠠᠽᠠᠷ ᠤᠨ ᠡᠩᠬᠡᠵᠢᠷᠭᠠᠯ
48 kg ᠴᠣᠭᠲᠤᠪᠠᠭᠠᠲᠤᠷ ᠤᠨ ᠼᠧᠩᠳᠵᠠᠪ
51 kg ᠡᠷᠬᠢᠮᠪᠠᠶᠠᠷ ᠤᠨ ᠳᠠᠪᠠᠴᠢᠮᠡᠭ
51 kg ᠫᠦᠷᠪᠦᠳᠣᠷᠵᠢ ᠶᠢᠨ ᠴᠣᠯᠮᠣᠨ
55 kg ᠰᠦᠨᠳᠦᠪ ᠦᠨ ᠪᠢᠮᠪᠠᠰᠡᠷᠡᠩ
55 kg ᠫᠦᠷᠪᠦᠳᠣᠷᠵᠢ ᠶᠢᠨ ᠣᠷᠬᠣᠨ
59 kg ᠲᠤᠩᠭᠠᠯᠠᠭ ᠤᠨ ᠮᠥᠩᠬᠡᠲᠤᠶᠠᠭ᠎ᠠ
59 kg ᠰᠦᠬᠡᠭᠡᠭ ᠦᠨ ᠰᠡᠷᠡᠩᠴᠢᠮᠡᠳ
63 kg ᠰᠣᠷᠢᠨᠵᠢᠩᠪᠣᠯᠣᠳ ᠤᠨ ᠪᠠᠲᠤᠴᠡᠴᠡᠭ
63 kg ᠴᠡᠶ ᠡᠩᠫᠢᠯ ᠦᠨ ᠰᠢᠨᠡᠬᠡᠭᠦᠬᠡᠨ
67 kg ᠸᠴᠢᠷᠪᠠᠲᠤ ᠶᠢᠨ ᠨᠠᠰᠤᠨᠪᠦᠷᠮ᠎ᠠ
67 kg ᠰᠢᠷᠠᠬᠦᠦ ᠶᠢᠨ ᠲᠦᠮᠡᠨᠴᠡᠴᠡᠭ
72 kg ᠸᠴᠢᠷᠪᠠᠲᠤ ᠶᠢᠨ ᠪᠤᠷᠠᠮ ᠢᠶᠠᠨ
72 kg ᠪᠠᠳᠠᠷᠠᠬᠤ ᠶᠢᠨ ᠣᠳᠣᠨᠴᠢᠮᠡᠭ

1958 ᠣᠨ ᠳᠤ ᠵᠥᠪᠯᠡᠯᠲᠦ ᠬᠣᠯᠪᠣᠭᠠᠲᠤ ᠤᠯᠤᠰ ᠤᠨ ᠳᠨᠧᠫᠷᠣᠫᠧᠲ᠋ᠷᠣᠪᠰᠺ ᠬᠣᠲᠠ ᠶᠢᠨ ᠲᠡᠮᠦᠷ ᠵᠠᠮ ᠤᠨ ᠳᠡᠭᠡᠳᠦ ᠰᠤᠷᠭᠠᠭᠤᠯᠢ ᠲᠡᠭᠦᠰᠬᠡᠵᠦ ᠢᠷᠡᠭᠰᠡᠨ ᠢᠨᠵᠧᠨᠧᠷ ᠳᠠᠮᠪᠠ ᠶᠢᠨ ᠳᠠᠮᠳᠢᠨᠰᠦ᠋ᠷᠦᠩ 1960 ᠣᠨ ᠤ ᠰᠡᠭᠦᠯᠴᠢ ᠪᠡᠷ ᠲᠡᠮᠦᠷ ᠵᠠᠮ ᠤᠨ ᠲᠧᠭᠨᠢᠭᠺᠦ᠋ᠮ ᠤᠨ ᠰᠤᠷᠤᠭᠴᠢᠳ ᠭᠣᠣᠯᠯᠠᠭᠰᠠᠨ 16 ᠬᠦᠮᠦᠨ ᠲᠡᠢ ᠴᠢᠯᠦᠭᠡᠲᠦ ᠪᠥᠬᠡ ᠶᠢᠨ ᠰᠢᠨ᠎ᠡ ᠰᠧᠺᠼ ᠢ ᠲᠡᠮᠦᠷ ᠵᠠᠮᠴᠢᠳ ᠤᠨ ᠰᠤᠶᠤᠯ ᠤᠨ ᠣᠷᠳᠣᠨ ᠤ ᠰᠫᠣᠷᠲ ᠤᠨ ᠲᠡᠩᠬᠢᠮ ᠳᠦ ᠠᠩᠬᠠᠨ ᠤ ᠪᠠᠨ ᠬᠢᠴᠢᠶᠡᠯ ᠢ ᠬᠢᠭᠰᠡᠨ ᠢᠶᠡᠷ ᠮᠣᠩᠭᠣᠯ ᠤᠨ ᠴᠢᠯᠦᠭᠡᠲᠦ ᠪᠥᠬᠡ ᠶᠢᠨ ᠲᠡᠦᠬᠡ ᠡᠬᠢᠯᠡᠭᠰᠡᠨ ᠶᠤᠮ᠃ 1961 ᠣᠨ ᠤ ᠨᠠᠮᠤᠷ ᠡᠨᠡ ᠰᠧᠺᠼ ᠡᠴᠡ ᠰᠢᠯᠭᠠᠷᠠᠭᠰᠠᠨ ᠬᠡᠰᠡᠭ ᠲᠠᠮᠢᠷᠴᠢᠳ ᠪᠣᠯᠤᠨ ᠦᠨᠳᠦᠰᠦᠨ ᠦ ᠪᠥᠬᠡ ᠪᠡᠷ ᠥᠰᠴᠢ ᠶᠠᠪᠤᠭᠰᠠᠨ ᠪᠥᠬᠡᠴᠦᠳ ᠢ ᠪᠣᠯᠭᠠᠷᠢᠶ᠎ᠠ ᠤᠯᠤᠰ ᠲᠤ ᠪᠥᠬᠡ ᠶᠢᠨ ᠬᠠᠮᠲᠤᠷᠠᠭᠰᠠᠨ ᠪᠡᠯᠡᠳᠬᠡᠯ ᠳᠦ ᠶᠠᠪᠤᠭᠤᠯᠪᠠ᠃

ᠤᠭ ᠪᠠᠭᠰᠢ ᠳᠠᠰᠬᠠᠯᠵᠢᠭᠤᠯᠤᠭᠴᠢ ᠪᠠᠷ ᠴ᠃ᠳᠠᠮᠳᠢᠨ᠂ ᠲᠠᠮᠢᠷᠴᠢᠨ ᠢᠶᠠᠷ ᠪ᠃ᠰᠦᠬᠡᠪᠠᠭᠠᠲᠤᠷ᠂ ᠣ᠃ᠰᠡᠷᠡᠩᠳᠠᠭᠪᠠ᠂ ᠵ᠃ᠮᠥᠩᠬᠡᠪᠠᠲᠤ᠂ ᠴᠤ᠃ᠪᠡᠭᠡᠵᠢᠩ᠂ ᠰ᠃ᠰᠡᠷᠡᠩ᠂ ᠥ᠃ᠡᠷᠳᠡᠨᠢ-ᠣᠴᠢᠷ᠂ ᠴ᠃ᠰᠠᠨᠵᠢ ᠪᠠᠨ ᠨᠠᠷ ᠣᠷᠣᠯᠴᠠᠵᠤ ᠴᠢᠯᠦᠭᠡᠲᠦ ᠪᠥᠬᠡ ᠶᠢᠨ ᠠᠩᠬᠠᠨ ᠤ ᠴᠠᠭᠠᠨ ᠲᠣᠯᠣᠭᠠᠢ ᠶᠢ ᠵᠢᠭᠠᠯᠭᠠᠭᠰᠠᠨ ᠲᠡᠦᠬᠡ ᠲᠡᠢ᠃ 1961 ᠣᠨ ᠤ 05 ᠍ ᠳᠦᠭᠡᠷ ᠰᠠᠷ᠎ᠠ ᠳᠤ ᠮᠣᠩᠭᠣᠯ ᠤᠨ ᠪᠡᠶ᠎ᠡ ᠶᠢᠨ ᠲᠠᠮᠢᠷ ᠰᠫᠣᠷᠲ ᠤᠨ ᠡᠪᠯᠡᠯ ᠦᠨ ᠲᠥᠪ ᠵᠥᠪᠯᠡᠯ ᠦᠨ ᠲᠣᠭᠲᠠᠭᠠᠯ ᠢᠶᠠᠷ ᠤᠯᠤᠰ ᠤᠨ ᠰᠢᠭᠰᠢᠭᠡ ᠪᠠᠭ ᠪᠠᠶᠢᠭᠤᠯᠤᠭᠳᠠᠨ ᠠᠩᠬᠠᠨ ᠤ ᠰᠢᠭᠰᠢᠭᠡ ᠪᠠᠭ ᠤᠨ ᠠᠬᠠᠯᠠᠭᠴᠢ ᠳᠠᠰᠬᠠᠯᠵᠢᠭᠤᠯᠤᠭᠴᠢ ᠪᠠᠷ ᠴ᠃ᠳᠠᠮᠳᠢᠨ ᠢ ᠲᠣᠮᠢᠯᠠᠨ 16 ᠬᠦᠮᠦᠨ ᠦ ᠪᠦᠷᠢᠯᠳᠦᠬᠦᠨ ᠲᠡᠢ 1, 2 ᠍ ᠳᠦᠭᠡᠷ ᠰᠢᠭᠰᠢᠭᠡ ᠪᠠᠭ ᠪᠠᠶᠢᠭᠤᠯᠤᠭᠰᠠᠨ᠃ 1962 ᠣᠨ ᠤ ᠮᠣᠩᠭᠣᠯ ᠤᠨ ᠪᠦᠬᠦ ᠠᠷᠠᠳ ᠲᠦᠮᠡᠨ ᠦ 2 ᠍ ᠳᠦᠭᠡᠷ ᠰᠫᠠᠷᠲ᠋ᠠᠬᠢᠶᠠᠳ᠋ ᠍ ᠤᠨ ᠬᠥᠲᠥᠯᠪᠦᠷᠢ ᠳᠦ ᠪᠥᠬᠡ ᠶᠢᠨ ᠴᠢᠯᠦᠭᠡᠲᠦ ᠪᠠᠷᠢᠯᠳᠤᠭᠠᠨ ᠤ ᠲᠥᠷᠥᠯ ᠠᠩᠬ᠎ᠠ ᠣᠷᠣᠵᠤ ᠬᠣᠵᠢᠮ ᠢᠶᠠᠨ ᠵᠢᠯ ᠪᠦᠷᠢ ᠶᠢᠨ ᠤᠯᠤᠰ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠲᠣᠭᠲᠠᠮᠠᠯᠵᠢᠭ᠌ᠰᠠᠨ᠃

1962 ᠣᠨ ᠤ 04 ᠍ ᠳᠦᠭᠡᠷ ᠰᠠᠷ᠎ᠠ ᠳᠤ ᠤᠯᠠᠭᠠᠨᠪᠠᠭᠠᠲᠤᠷ ᠬᠣᠲᠣᠩ ᠢᠶᠠᠨ ᠬᠠᠰᠠᠭᠰᠲ᠋ᠠᠨ ССР-ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠶᠢᠨ ᠠᠩᠬᠠᠨ ᠤ ᠨᠥᠬᠥᠷᠰᠡᠭ ᠠᠭᠤᠯᠵᠠᠯᠲᠠ ᠲᠡᠮᠡᠴᠡᠭᠡᠨ ᠵᠣᠬᠢᠶᠠᠭᠳᠠᠭᠰᠠᠨ ᠢᠶᠠᠷ ᠪᠥᠬᠡ ᠰᠣᠨᠢᠷᠬᠠᠭᠴᠢᠳ ᠤᠨ ᠳᠤᠮᠳᠠ ᠴᠢᠯᠦᠭᠡᠲᠦ ᠪᠥᠬᠡ ᠶᠢᠨ ᠪᠠᠷᠢᠯᠳᠤᠭᠠᠨ ᠲᠠᠢ ᠲᠠᠨᠢᠯᠴᠠᠬᠤ ᠥᠷᠭᠡᠨ ᠪᠣᠯᠤᠮᠵᠢ ᠶᠢ ᠣᠯᠭᠤᠪᠠ᠃ 1963 ᠣᠨ ᠳᠤ ᠪᠤᠲᠠᠫᠧᠱᠲ ᠬᠣᠲᠣᠩ ᠢᠶᠠᠨ ᠵᠣᠬᠢᠶᠠᠭᠳᠠᠭᠰᠠᠨ ᠠᠬ᠎ᠠ ᠳᠡᠭᠦᠦ ᠨᠠᠶᠢᠷᠠᠮᠳᠠᠯᠲᠤ ᠠᠷᠮᠢ ᠨᠤᠭᠤᠳ ᠤᠨ ᠣᠯᠠᠨ ᠤᠯᠤᠰ ᠤᠨ ᠲᠡᠮᠡᠴᠡᠭᠡᠨ ᠳᠦ ᠰ᠃ᠰᠡᠷᠡᠩ᠂ ᠴ᠃ᠰᠠᠨᠵᠢ ᠪᠠᠨ ᠨᠠᠷ ᠬᠦᠷᠡᠯ ᠮᠧᠳᠠᠯ ᠠᠪᠤᠭᠰᠠᠨ ᠨᠢ ᠮᠠᠨ ᠤ ᠲᠡᠦᠬᠡᠨ ᠳᠦ ᠠᠩᠬᠠᠨ ᠤ ᠣᠯᠠᠨ ᠤᠯᠤᠰ ᠤᠨ ᠮᠧᠳᠠᠯ ᠶᠤᠮ᠃ 1963 ᠣᠨ ᠳᠤ ᠳᠡᠯᠡᠬᠡᠢ ᠶᠢᠨ ᠠᠪᠤᠷᠭᠤ ᠰᠢᠯᠭᠠᠷᠠᠭᠤᠯᠬᠤ 7 ᠍ ᠳᠦᠭᠡᠷ ᠲᠡᠮᠡᠴᠡᠭᠡᠨ ᠪᠣᠯᠭᠠᠷᠢᠶ᠎ᠠ ᠶᠢᠨ ᠰᠣᠹᠢ ᠬᠣᠲᠣᠩ ᠢᠶᠠᠨ ᠵᠣᠬᠢᠶᠠᠭᠳᠠᠨ ᠮᠠᠨᠠᠶᠢᠬᠢᠨ ᠠᠩᠬ᠎ᠠ ᠤᠳᠠᠭ᠎ᠠ ᠳᠠᠰᠬᠠᠯᠵᠢᠭᠤᠯᠤᠭᠴᠢ ᠪᠠᠷ ᠣ᠃ᠰᠡᠷᠡᠩᠳᠠᠭᠪᠠ᠂ ᠲᠠᠮᠢᠷᠴᠢᠨ ᠢᠶᠠᠷ ᠳ᠃ᠬᠠᠰᠢᠪᠠᠲ᠂ ᠳ᠃ᠯᠣᠳᠤᠶᠢ᠂ ᠪ᠃ᠰᠦᠬᠡᠪᠠᠭᠠᠲᠤᠷ᠂ ᠪ᠃ᠰᠠᠨᠵᠢ ᠪᠠᠨ᠂ ᠳ᠃ᠰᠡᠷᠡᠲᠦᠷ᠂ ᠳ᠃ᠡᠰᠢᠨᠢᠮ᠎ᠠ᠂ ᠵ᠃ᠮᠥᠩᠬᠡᠪᠠᠲᠤ᠂ ᠰ᠃ᠰᠡᠷᠡᠩ᠂ ᠥ᠃ᠡᠷᠳᠡᠨᠢ-ᠣᠴᠢᠷ᠂ ᠴ᠃ᠰᠠᠨᠵᠢ ᠪᠠᠨ᠂ ᠡᠮᠴᠢ ᠪᠡᠷ ᠨ᠃ᠲᠠᠷᠪᠠ ᠨᠠᠷ ᠣᠷᠣᠯᠴᠠᠭᠰᠠᠨ ᠴ᠃ᠰᠠᠨᠵᠢ ᠪᠠᠨ ᠵᠢᠩ ᠳᠦ ᠪᠡᠨ 8 ᠍ ᠳᠦᠭᠡᠷ ᠪᠠᠶᠢᠷᠢ ᠡᠵᠡᠯᠡᠭᠰᠡᠨ ᠲᠡᠦᠬᠡ ᠲᠡᠢ᠃ ᠮᠠᠨ ᠤ ᠪᠥᠬᠡᠴᠦᠳ 1963 ᠣᠨ ᠳᠤ БНБАУ ᠍ ᠤᠨ ᠰᠣᠹᠢ ᠬᠣᠲᠣᠩ ᠢᠶᠠᠨ ᠵᠣᠬᠢᠶᠠᠭᠳᠠᠭᠰᠠᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ 7 ᠍ ᠳᠦᠭᠡᠷ ᠤᠳᠠᠭ᠎ᠠ ᠶᠢᠨ ᠲᠡᠮᠡᠴᠡᠭᠡᠨ ᠳᠦ ᠠᠩᠬ᠎ᠠ ᠤᠳᠠᠭ᠎ᠠ ᠣᠷᠣᠯᠴᠠᠭᠰᠠᠨ ᠶᠤᠮ᠃ ᠪᠠᠭ ᠤᠨ ᠪᠦᠷᠢᠯᠳᠦᠬᠦᠨ ᠳᠦ ᠳᠠᠰᠬᠠᠯᠵᠢᠭᠤᠯᠤᠭᠴᠢ ᠪᠠᠷ ᠣ᠃ᠰᠡᠷᠡᠩᠳᠠᠭᠪᠠ᠂ ᠳ᠃ᠬᠠᠰᠢᠪᠠᠲ᠂ ᠳ᠃ᠯᠣᠳᠤᠶᠢ᠂ ᠪ᠃ᠰᠦᠬᠡᠪᠠᠭᠠᠲᠤᠷ᠂ ᠪ᠃ᠰᠠᠨᠵᠢ ᠪᠠᠨ᠂ ᠳ᠃ᠰᠡᠷᠡᠲᠦᠷ᠂ ᠳ᠃ᠡᠰᠢᠨᠢᠮ᠎ᠠ᠂ ᠱ᠃ᠮᠥᠩᠬᠡᠪᠠᠲᠤ᠂ ᠰ᠃ᠰᠡᠷᠡᠩ᠂ ᠥ᠃ᠡᠷᠳᠡᠨᠢ-ᠣᠴᠢᠷ᠂ ᠴ᠃ᠰᠠᠨᠵᠢ ᠪᠠᠨ᠂ ᠡᠮᠴᠢ ᠪᠡᠷ ᠨ᠃ᠲᠥᠷᠥᠪᠠ᠂ ᠪᠠᠭ ᠤᠨ ᠠᠬᠠᠯᠠᠭᠴᠢ ᠪᠠᠷ ᠰ᠃ᠰᠢᠷᠬᠡᠦ ᠨᠠᠷ ᠣᠷᠣᠯᠴᠠᠵᠤ ᠠᠩᠬᠠᠨ ᠤ ᠰᠠᠯᠬᠢ ᠶᠢ ᠬᠠᠭᠠᠯᠤᠭᠰᠠᠨ ᠠᠯᠳᠠᠷᠲᠠᠨᠤᠭ ᠤᠳ ᠪᠠᠶᠢᠯ᠎ᠠ᠃ ᠡᠭᠦᠨ ᠡᠴᠡ ᠬᠣᠶᠢᠰᠢ ᠤᠳᠠᠭ᠎ᠠ ᠳᠠᠷᠠᠭ᠎ᠠ ᠶᠢᠨ ᠪᠦᠬᠦ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠨᠦᠭᠦᠳ ᠲᠦ ᠮᠠᠨᠠᠶᠢᠬᠢᠨ ᠣᠳᠣ ᠶᠢ ᠬᠦᠷᠲᠡᠯ᠎ᠡ 33 ᠤᠳᠠᠭ᠎ᠠ ᠲᠠᠰᠤᠷᠠᠯᠲᠠ ᠦᠭᠡᠢ ᠣᠷᠣᠯᠴᠠᠭᠰᠠᠨ᠃ /1982 ᠣᠨ ᠳᠤ ᠣᠷᠣᠯᠴᠠᠭ᠎ᠠ ᠦᠭᠡᠢ/ 1964 ᠣᠨ ᠤ ᠲᠣᠤᠺᠢᠣ᠋ ᠍ ᠶᠢᠨ ᠵᠤᠨ ᠤ ᠣᠯᠢᠮᠫᠢᠺ ᠤᠨ ᠨᠠᠭᠠᠳᠤᠮ ᠳᠤ ᠣ᠃ᠰᠡᠷᠡᠩᠳᠠᠪᠠ ᠳᠠᠰᠬᠠᠯᠵᠢᠭᠤᠯᠤᠭᠴᠢ ᠲᠠᠢ ᠴᠤ᠃ᠳᠠᠮᠳᠢᠨᠰᠢᠷᠠᠪ᠂ ᠪ᠃ᠰᠦᠬᠡᠪᠠᠭᠠᠲᠤᠷ᠂ ᠪ᠃ᠰᠠᠨᠵᠢ ᠪᠠᠨ᠂ ᠳ᠃ᠰᠡᠷᠡᠲᠦᠷ᠂ ᠵ᠃ᠮᠥᠩᠬᠡᠪᠠᠲᠤ᠂ ᠬ᠃ᠪᠠᠶᠠᠩᠮᠥᠶᠢᠩᠬᠡ᠂ ᠥ᠃ᠡᠷᠳᠡᠨᠢ-ᠣᠴᠢᠷ᠂ ᠴᠤ᠃ᠰᠠᠨᠵᠢ ᠪᠠᠨ ᠨᠠᠷ ᠣᠯᠢᠮᠫᠢᠺ ᠤᠨ ᠨᠠᠭᠠᠳᠤᠮ ᠳᠤ ᠣᠷᠣᠯᠴᠠᠭᠰᠠᠨ ᠠᠩᠬᠠᠨ ᠤ ᠲᠠᠮᠢᠷᠴᠢᠳ ᠪᠠᠶᠢᠯ᠎ᠠ᠃

1973 ᠣᠨ ᠤ ᠤᠯᠠᠭᠠᠨᠪᠠᠭᠠᠲᠤᠷ ᠬᠣᠲᠣᠩ ᠢᠶᠠᠨ ᠵᠣᠬᠢᠶᠠᠭᠳᠠᠭᠰᠠᠨ ᠠᠽᠢᠶ᠎ᠠ ᠲᠢᠪ ᠦᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠪᠥᠬᠡ ᠶᠢᠨ ᠴᠢᠯᠦᠭᠡᠲᠦ ᠪᠠᠷᠢᠯᠳᠤᠭᠠᠨ ᠤ ᠲᠥᠷᠥᠯ ᠢᠶᠡᠷ ᠣ᠃ᠡᠩᠬᠡᠲᠠᠶᠢᠪᠤᠩ᠂ ᠳ᠃ᠭᠠᠩᠪᠠᠲᠤ᠂ ᠮ᠃ᠬᠣᠶᠢᠯᠣᠭᠳᠣᠷᠵᠢ᠂ ᠽ᠃ᠣᠶᠢᠳᠣᠪ᠂ ᠴᠤ᠃ᠨᠠᠴᠤᠭᠳᠣᠷᠵᠢ᠂ ᠮ᠃ᠪᠠᠲᠤ-ᠠᠮᠤᠭᠤᠯᠠᠩ᠂ ᠲ᠃ᠠᠷᠲᠠᠭ᠂ ᠵ᠃ᠮᠥᠩᠬᠡᠪᠠᠲᠤ᠂ ᠬ᠃ᠪᠠᠶᠠᠩᠮᠥᠶᠢᠩᠬᠡ᠂ ᠳ᠃ᠠᠳ᠋ᠢᠶᠠᠲᠡᠮᠦᠷ ᠨᠠᠷ ᠰᠣᠩᠭᠣᠮᠠᠯ ᠪᠠᠷᠢᠯᠳᠤᠭᠠᠨ ᠤ ᠲᠥᠷᠥᠯ ᠢᠶᠡᠷ ᠳᠤᠭᠠᠷᠰᠦ᠋ᠷᠦᠩ᠂ ᠵ᠃ᠮᠥᠩᠬᠡ-ᠣᠴᠢᠷ᠂᠎ᠠ᠃ᠪᠠᠰᠬᠦ᠂ ᠲ᠃ᠪᠠᠲᠤᠴᠢᠯᠠᠭᠤᠨ᠂ ᠫ᠃ᠳᠠᠸᠠᠰᠦ᠋ᠷᠦᠩ᠂ ᠬ᠃ᠪᠠᠶᠠᠩᠮᠥᠶᠢᠩᠬᠡ᠂ ᠥ᠃ᠡᠷᠳᠡᠨᠢ-ᠣᠴᠢᠷ ᠨᠠᠷᠠ ᠠᠪᠤᠷᠭᠤ ᠪᠣᠯᠴᠣᠭᠤᠪᠠ᠃ ᠪᠥᠬᠡ ᠶᠢᠨ ᠴᠢᠯᠦᠭᠡᠲᠦ ᠪᠠᠷᠢᠯᠳᠤᠭᠠᠨ ᠤ ᠪᠠᠭ ᠤᠨ ᠳᠦᠩᠭᠡ ᠪᠡᠷ ᠠᠩᠬ᠎ᠠ ᠤᠳᠠᠭ᠎ᠠ ᠮᠠᠨᠠᠶᠢᠬᠢᠨ 10 ᠍ ᠶᠢᠨ ᠵᠢᠩ ᠣᠷᠣᠯᠴᠠᠵᠤ ᠠᠪᠤᠷᠭᠤ ᠪᠣᠯᠴᠣᠭᠤᠪᠠ᠃

1974 ᠣᠨ ᠳᠤ ᠲᠧᠭᠧᠷᠠᠨ ᠳᠤ ᠵᠣᠬᠢᠶᠠᠭᠳᠠᠭᠰᠠᠨ ᠠᠽᠢᠶ᠎ᠠ ᠶᠢᠨ 7 ᠍ ᠳᠦᠭᠡᠷ ᠨᠠᠭᠠᠳᠤᠮ ᠳᠤ ᠳ᠃ᠰᠡᠷᠡᠩᠲᠣᠭᠲᠠᠬᠤ᠂ ᠬ᠃ᠪᠠᠶᠠᠨᠮᠦ᠋ᠩᠬᠡ ᠨᠠᠷᠠ 2 ᠮᠥᠩᠭᠥ᠂ 6 ᠬᠦᠷᠡᠯ ᠮᠧᠳᠠᠯ ᠠᠪᠤᠭᠰᠠᠨ ᠲᠡᠦᠬᠡ ᠲᠡᠢ᠃ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ 1967 ᠣᠨ ᠡᠨᠡᠳᠬᠡᠭ ᠠᠩᠬᠠᠨ ᠤ ᠬᠦᠷᠡᠯ ᠮᠠᠳᠯ ᠵ᠃ᠮᠥᠩᠬᠡᠪᠠᠲᠤ ᠠᠪᠤᠭᠰᠠᠨ ᠪᠣᠯ 1971 ᠣᠨ ᠠᠩᠬᠠᠨ ᠤ ᠮᠥᠩᠭᠥᠨ ᠮᠧᠳᠠᠯ ᠢ ᠪ᠃ᠵᠠᠮᠰᠠᠷᠠᠨ ᠬ᠃ᠪᠠᠶᠠᠨᠮᠦ᠋ᠩᠬᠡ ᠨᠠᠷ ᠠᠪᠴᠤ ᠠᠩᠬᠠᠨ ᠤ ᠠᠯᠲᠠᠨ ᠮᠧᠳᠠᠯ ᠢ ᠽ᠃ᠣᠶᠢᠳᠣᠪ 1974, 1975 ᠣᠨ ᠨᠤᠭᠤᠳ ᠲᠤ ᠠᠪᠤᠯ᠎ᠠ᠃ᠳᠡᠯᠡᠬᠡᠢ ᠶᠢᠨ ᠴᠣᠮᠣ ᠶᠢᠨ ᠠᠩᠬᠠᠨ ᠤ ᠠᠯᠲᠠᠨ ᠮᠧᠳᠠᠯ ᠢ ᠭ᠃ᠬᠡᠰᠢᠭᠤᠪᠠᠭᠠᠲᠤᠷ 1975 ᠣᠨ ᠳᠤ ᠬᠦᠷᠢᠲᠦᠵᠦ ᠮᠣᠩᠭᠣᠯ ᠤᠨ ᠪᠠᠭ 2 ᠍ ᠳᠦᠭᠡᠷ ᠪᠠᠶᠢᠷᠢ ᠡᠵᠡᠯᠡᠭᠰᠡᠨ ᠶᠤᠮ᠃1964 ᠣᠨ ᠲᠣᠤᠺᠢᠣ᠋ ᠍ ᠶᠢᠨ ᠵᠤᠨ ᠤ 18 ᠍ ᠳᠦᠭᠡᠷ ᠣᠯᠢᠮᠫᠢᠺ ᠤᠨ ᠨᠠᠭᠠᠳᠤᠮ ᠳᠤ ᠣ᠃ᠰᠡᠷᠡᠩᠳᠠᠭᠪᠠ /ᠳᠠᠰᠬᠠᠯᠵᠢᠭᠤᠯᠤᠭᠴᠢ/, ᠴᠤ᠃ᠳᠠᠮᠳᠢᠨᠰᠢᠷᠠᠪ᠂ ᠪ᠃ᠰᠦᠬᠡᠪᠠᠭᠠᠲᠤᠷ᠂ ᠪ᠃ᠰᠠᠨᠵᠢ ᠪᠠᠨ᠂ ᠳ᠃ᠰᠡᠷᠡᠲᠦᠷ᠂ ᠵ᠃ᠮᠥᠩᠬᠡᠪᠠᠲᠤ᠂ ᠬ᠃ᠪᠠᠶᠠᠩᠮᠥᠶᠢᠩᠬᠡ᠂ ᠥ᠃ᠡᠷᠳᠡᠨᠢ-ᠣᠴᠢᠷ᠂ ᠴ᠃ᠰᠠᠨᠵᠢ ᠪᠠᠨ ᠨᠠᠷ ᠠᠩᠬ᠎ᠠ ᠤᠳᠠᠭ᠎ᠠ ᠣᠷᠣᠯᠴᠠᠵᠤ ᠵ᠃ᠮᠥᠩᠬᠡᠪᠠᠲᠤ 7 ᠍ ᠳᠦᠭᠡᠷ ᠪᠠᠶᠢᠷᠢᠨ ᠳᠤ ᠰᠢᠯᠭᠠᠷᠠᠭᠰᠠᠨ᠃1968 ᠣᠨ ᠮᠸᠺᠰᠢᠺᠣ ᠤᠨ ᠵᠤᠨ ᠤ 19 ᠍ ᠳᠦᠭᠡᠷ ᠣᠯᠢᠮᠫᠢᠺ ᠤᠨ ᠨᠠᠭᠠᠳᠤᠮ ᠵ᠃ᠮᠥᠩᠬᠡᠪᠠᠲᠤ /ᠮᠥᠩᠭᠥ/, ᠴᠤ᠃ᠳᠠᠮᠳᠢᠨᠰᠢᠷᠠᠪ᠂ ᠳ᠃ᠰᠡᠷᠡᠲᠦᠷ᠂ ᠥ᠃ᠡᠷᠳᠡᠨᠢ-ᠣᠴᠢᠷ 6 ᠍ ᠳᠦᠭᠡᠷ ᠪᠠᠶᠢᠷᠢᠨ ᠳᠤ᠂ 41 ᠣᠷᠣᠨ ᠠᠴᠠ ᠮᠠᠨ ᠤ ᠪᠠᠭ 4 ᠍ ᠳᠦᠭᠡᠷ ᠪᠠᠶᠢᠷᠢᠨ ᠳᠤ ᠲᠤᠰ ᠲᠤᠰ ᠰᠢᠯᠭᠠᠷᠴᠢ ᠮᠧᠳᠠᠯ ᠤᠨ ᠴᠢᠨᠠᠷ ᠢᠶᠠᠷ ᠪᠣᠯᠭᠠᠷᠢᠶ᠎ᠠ ᠶᠢᠨ ᠳᠠᠷᠠᠭ᠎ᠠ ᠬᠣᠶᠠᠷ ᠲᠤ ᠣᠷᠣᠭᠰᠠᠨ ᠲᠡᠦᠬᠡ ᠲᠡᠢ᠃ ᠬ᠃ᠪᠠᠶᠠᠨᠮᠦ᠋ᠩᠬᠡ /1972/, ᠽ᠃ᠣᠶᠢᠳᠣᠪ /1976/ ᠵ᠃ᠳᠠᠸᠠᠵᠠᠪ /1980/ ᠣᠨ ᠨᠤᠭᠤᠳ ᠲᠤ ᠮᠥᠩᠭᠥ᠂ ᠳ᠃ᠣᠶᠤᠨᠪᠣᠯ ᠳᠤ /1980/, ᠰ᠃ᠪᠠᠲᠤᠴᠡᠴᠡᠭ /2012/ ᠬᠦᠷᠡᠯ ᠮᠧᠳᠠᠯ ᠠᠪᠤᠭᠰᠠᠨ ᠮᠠᠨ ᠤ ᠣᠯᠢᠮᠫᠢᠺ ᠤᠨ ᠮᠧᠳᠠᠯᠲ᠋ᠠᠩᠭ᠎ᠠ ᠨᠤᠭᠤᠳ ᠶᠤᠮ᠃

ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠨᠦᠭᠦᠳ ᠡᠴᠡ ᠠᠩᠬᠠᠨ ᠤ ᠮᠧᠳᠠᠯ ᠢ ᠵ᠃ᠮᠥᠩᠬᠡᠪᠠᠲᠤ 1967 ᠣᠨ ᠳᠤ ᠬᠦᠷᠡᠯ ᠮᠧᠳᠠᠯ ᠢ ᠠᠪᠤᠨ ᠠᠩᠬᠠᠨ ᠤ ᠮᠥᠩᠭᠥᠨ ᠮᠧᠳᠠᠯ ᠢ ᠪ᠃ᠵᠠᠮᠰᠠᠷᠠᠨ᠂ ᠬ᠃ᠪᠠᠶᠠᠨᠮᠦ᠋ᠩᠬᠡ /1971/ ᠨᠠᠷ ᠠᠪᠴᠤ ᠠᠩᠬᠠᠨ ᠤ ᠠᠯᠲᠠᠨ ᠮᠧᠳᠠᠯ ᠢ ᠽ᠃ᠣᠶᠢᠳᠣᠪ /1974, 1975/ ᠬᠦᠷᠲᠡᠭᠰᠡᠨ ᠳᠡᠯᠡᠬᠡᠢ ᠶᠢᠨ ᠬᠣᠱᠣᠢ ᠠᠪᠤᠷᠭᠤ ᠪᠣᠯᠤᠭᠰᠠᠨ᠃ 1975 ᠣᠨ ᠳᠤ ᠳᠡᠯᠡᠬᠡᠢ ᠶᠢᠨ ᠴᠣᠮᠣ ᠶᠢᠨ ᠠᠩᠬᠠᠨ ᠤ ᠠᠪᠤᠷᠭᠤ ᠪᠠᠷ ᠭ᠃ᠬᠡᠰᠢᠭᠤᠪᠠᠭᠠᠲᠤᠷ᠂ 1973 ᠣᠨ ᠳᠤ ᠠᠽᠢᠶ᠎ᠠ ᠲᠢᠪ ᠦᠨ ᠠᠪᠤᠷᠭᠤ ᠪᠠᠷ ᠮᠠᠨ ᠤ 10 ᠪᠥᠬᠡ ᠠᠩᠬ᠎ᠠ ᠤᠳᠠᠭ᠎ᠠ ᠲᠣᠳᠣᠷᠠᠵᠤ᠂ ᠠᠽᠢᠶ᠎ᠠ ᠲᠢᠪ ᠦᠨ ᠨᠠᠭᠠᠳᠤᠮ ᠤᠨ ᠠᠩᠬᠠᠨ ᠤ ᠠᠪᠤᠷᠭᠤ ᠪᠠᠷ 1974 ᠣᠨ ᠳᠤ ᠳ᠃ᠰᠡᠷᠡᠩᠲᠣᠭᠲᠠᠬᠤ᠂ ᠬ᠃ᠪᠠᠶᠠᠨᠮᠦ᠋ᠩᠬᠡ ᠨᠠᠷ ᠠᠩᠬ᠎ᠠ ᠤᠳᠠᠭ᠎ᠠ ᠠᠪᠤᠷᠭᠤ ᠪᠣᠯᠪᠠ᠃ ᠮᠣᠩᠭᠣᠯ ᠤᠨ ᠪᠥᠬᠡ ᠶᠢᠨ ᠬᠣᠯᠪᠣᠭ᠎ᠠ 1960 ᠣᠨ ᠳᠤ ᠡᠭᠦᠰᠬᠡᠨ ᠪᠠᠶᠢᠭᠤᠯᠤᠭᠳᠠᠵᠤ 1966 ᠣᠨ ᠪᠡᠶ᠎ᠡ ᠪᠡᠨ ᠳᠠᠭᠠᠭᠰᠠᠨ ᠮᠣᠩᠭᠣᠯ ᠤᠨ ᠴᠢᠯᠦᠭᠡᠲᠦ ᠪᠥᠬᠡ ᠶᠢᠨ ᠬᠣᠯᠪᠣᠭ᠎ᠠ ᠪᠣᠯᠵᠤ ᠠᠩᠬᠠᠨ ᠤ ᠶᠡᠷᠦᠩᠬᠡᠶᠢᠯᠡᠭᠴᠢ ᠪᠡᠷ ᠭᠧᠨᠧᠷᠠᠯ ᠪ᠃ᠵᠠᠮᠢᠶᠠᠨ ᠭᠤᠸᠠᠢ ᠠᠵᠢᠯᠯᠠᠭᠰᠠᠨ᠃ ᠦᠶ᠎ᠡ ᠦᠶ᠎ᠡ ᠶᠢᠨ ᠶᠡᠷᠦᠩᠬᠡᠶᠢᠯᠡᠭᠴᠢ ᠪᠡᠷ ᠳᠠᠸᠠᠰᠠᠮᠪᠤᠤ᠂ ᠪᠢᠮᠪᠠᠵᠠᠪ᠂ ᠭᠦᠷᠦᠷᠠᠭᠴᠠ᠂ ᠰ᠃ᠪᠠᠲᠤᠪᠠᠯ ᠳᠤ᠂ ᠲ᠃ᠪᠠᠳᠮᠠᠵᠢᠨᠠᠢ᠂ ᠴᠤ᠃ᠭᠠᠩᠵᠣᠷᠢᠭ᠂ 《ᠭᠠᠴᠤᠤᠷ ᠲᠤ》 ХХК ᠍ ᠤ ᠵᠠᠬᠢᠷᠤᠯ ᠯᠠ᠃ᠴᠢᠨᠪᠠᠲ ᠨᠠᠷ ᠰᠢᠯᠭᠠᠷᠠᠨ ᠠᠵᠢᠯᠯᠠᠵᠤ ᠪᠠᠶᠢᠪᠠ᠃ 2013 ᠣᠨ ᠤ 5 ᠰᠠᠷ᠎ᠠ ᠠᠴᠠ ᠮᠣᠩᠭᠣᠯ ᠤᠯᠤᠰ ᠤᠨ ᠬᠥᠳᠡᠯᠮᠦᠷᠢ ᠶᠢᠨ ᠪᠠᠭᠠᠲᠤᠷ᠂ ᠶᠠᠫᠣᠨ ᠤ ᠰᠦᠮᠣ᠋ ᠪᠥᠬᠡ ᠶᠢᠨ ᠶᠡᠬᠡ ᠠᠪᠤᠷᠭᠤ ᠳ᠃ᠳᠠᠭᠪᠠᠳᠣᠷᠵᠢ ᠰᠣᠩᠭᠣᠭᠳᠠᠨ ᠠᠵᠢᠯᠯᠠᠵᠤ ᠪᠠᠶᠢᠨ᠎ᠠ᠃


ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠭᠠᠳᠤ ᠯᠢᠨ᠋ᠺ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ